ᠨᠠᠴᠤᠭᠳᠣᠷᠵᠢ ᠶᠢᠨ ᠣᠳᠣᠳ - ᠶᠣᠨᠳᠣᠨ ᠤ ᠪᠢᠯᠢᠭ᠌ - ᠪᠠᠭᠠᠲᠤᠷ Нацагдоржийн одод - Ёндоны Билиг - Баатар
ᠨᠠᠴᠤᠭᠳᠣᠷᠵᠢ ᠶᠢᠨ ᠣᠳᠣᠳ
ᠢᠵᠠᠭᠤᠷᠲᠠᠨ ᠲᠠᠢᠵᠢ
ᠭᠦᠨ ᠭᠠᠯᠠᠭᠤᠲᠠᠢ ᠶᠢᠨ ᠨᠠᠴᠤᠭᠳᠣᠷᠵᠢ
ᠢᠷᠠᠭᠤ ᠨᠠᠢᠷᠠᠭ ᠤᠨ
ᠭᠦᠨ ᠤᠳᠬᠠᠲᠠᠢ ᠨᠠᠴᠤᠭᠳᠣᠷᠵᠢ
ᠣᠳᠣᠳ ᠲᠡᠭᠦᠬᠦ ᠪᠡᠷ ᠶᠠᠪᠤᠭᠠᠳ
ᠬᠠᠷᠢᠵᠤ ᠢᠷᠡᠭᠡ ᠦᠭᠡᠢ
ᠣᠳᠣ ᠬᠠᠮᠢᠭ᠎ᠠ ᠶᠠᠪᠤᠭ᠎ᠠ ᠶᠢ
ᠣᠷᠴᠢᠯᠠᠩ ᠴᠤ᠌ ᠮᠡᠳᠡᠬᠦ ᠦᠭᠡᠢ
ᠠᠷᠤᠭ ᠰᠠᠪᠠᠷ ᠢᠶᠠᠨ
ᠬᠠᠯᠬ᠎ᠠ ᠶᠢᠨ ᠲᠠᠯ᠎ᠠ ᠳᠠᠭᠠᠨ
ᠣᠷᠬᠢᠭᠠᠳ ᠶᠠᠪᠤᠵᠠᠢ
ᠠᠯᠢᠶ᠎ᠠ ᠬᠡᠦᠬᠡᠳ ᠦᠳ
ᠰᠠᠪᠠᠷ ᠢ ᠨᠢ ᠤᠨᠤᠭᠠᠳ
ᠳᠠᠪᠬᠢᠵᠤ ᠤᠷᠤᠯᠳᠤᠵᠠᠢ
ᠰᠣᠷ ᠮᠣᠳᠣᠨ
ᠠᠷᠤᠭ ᠢ ᠨᠢ ᠰᠡᠯᠪᠢᠭᠡᠳ
ᠣᠯᠠᠨ ᠬᠥᠮᠥᠨ ᠪᠤᠭᠤᠷᠤᠯᠳᠤᠵᠠᠢ
ᠰᠤᠤᠲᠤ ᠲᠡᠭᠦᠨ ᠦ
ᠣᠶᠣᠨ ᠪᠢᠯᠢᠭ ᠦᠨ ᠣᠳᠣᠳ
ᠣᠭᠲᠠᠷᠭᠤᠢ ᠳᠤ ᠲᠦᠭᠡᠵᠡᠢ
ᠮᠢᠩᠭᠠᠨ ᠪᠤᠷᠬᠠᠨ ᠤ ᠮᠡᠯᠮᠡᠢ ᠳᠦ
ᠰᠢᠭᠦᠳᠡᠷᠢ ᠲᠡᠭᠦᠭᠡᠳ ᠮᠦᠰᠢᠶᠡᠵᠡᠢ
ᠲᠦᠮᠡᠨ ᠪᠤᠭᠤᠷᠤᠯ ᠤᠨ ᠵᠢᠷᠦᠬᠡᠨ ᠳᠦ
ᠨᠠᠷᠠ ᠮᠠᠨᠠᠭᠠᠳ ᠮᠣᠷᠳᠠᠵᠠᠢ
ᠥᠯᠥᠭᠡᠢ ᠨᠤᠲᠤᠭ ᠤᠨ ᠢᠶᠠᠨ ᠨᠠᠭᠤᠷ ᠲᠤ
ᠬᠤᠨ ᠬᠤᠪᠢᠯᠤᠭᠠᠳ ᠬᠣᠷᠭᠣᠳᠠᠵᠠᠢ
ᠲᠥᠷᠥᠯᠬᠢ ᠬᠡᠯᠡᠨ ᠦ ᠪᠡᠨ ᠬᠣᠢᠮᠤᠷ ᠲᠤ
ᠬᠠᠭᠠᠨ ᠰᠠᠭᠤᠭᠠᠳ ᠬᠠᠩᠬᠠᠢᠵᠠᠢ
ᠠᠷᠭᠠᠯ ᠲᠡᠭᠦᠭᠰᠡᠨ ᠡᠵᠢ ᠶᠢᠨ ᠬᠦᠦ
ᠮᠣᠩᠭᠣᠯ ᠤᠨ ᠨᠠᠴᠤᠭᠳᠣᠷᠵᠢ
ᠣᠳᠣᠳ ᠲᠦᠭᠡᠭᠡᠭᠰᠡᠨ ᠣᠭᠲᠠᠷᠭᠤᠢ ᠶᠢᠨ ᠬᠦᠦ
ᠳᠡᠯᠡᠬᠡᠢ ᠶᠢᠨ ᠨᠠᠴᠤᠭᠳᠣᠷᠵᠢ


