ᠭᠠᠭᠴᠠ ᠳᠡᠪᠡᠯ ᠦ᠋ᠨ ᠲᠣᠷᠭ᠎ᠠ-ᠴᠤᠤᠳᠠᠯ ᠤ᠋ᠨ ᠬᠤᠯᠠᠨГагц дээлийн торго-Цуудалын Хулан
— ᠴᠤᠤᠳᠠᠯ ᠤ᠋ᠨ ᠬᠤᠯᠠᠨ
ᠡᠮᠡᠭᠡᠨ ᠪᠤᠭᠤᠷᠤᠯ᠂ ᠡᠮᠡᠭᠡᠨ ᠪᠤᠭᠤᠷᠤᠯ ᠡᠵᠢ ᠶ᠋ᠢ ᠪᠡᠨ
ᠡᠯᠡᠭᠳᠡᠭᠰᠡᠨ ᠳᠡᠪᠡᠯ ᠲᠡᠢ᠂ ᠬᠠᠭᠤᠴᠢᠨ ᠳᠡᠪᠡᠯ ᠲᠡᠢ ᠨᠢ ᠵᠡᠭᠦᠳᠦᠯᠡᠯ᠎ᠡ
ᠡᠷᠡᠬᠡᠭᠡᠨ ᠪᠠᠭ᠎ᠠ᠂ ᠡᠷᠡᠬᠡᠭᠡᠨ ᠪᠠᠭ᠎ᠠ ᠯᠠ ᠨᠠᠰᠤᠨ ᠳ᠋ᠠᠭᠠᠨ
ᠡᠩᠭᠡᠷ ᠢ᠋ ᠨᠢ ᠬᠠᠯᠲᠠᠷᠲᠤᠭᠤᠯᠵᠤ ᠪᠢ ᠬᠣᠷᠮᠣᠢᠳᠠᠨ ᠳᠠᠭᠠᠭᠰᠠᠨ ᠤ᠋ ᠬᠢ ᠤᠤ
ᠡᠯᠡᠭᠳᠡᠭᠰᠡᠨ ᠳᠡᠪᠡᠯ ᠲᠡᠢ ᠨᠢ᠂ ᠬᠠᠭᠤᠴᠢᠨ ᠳᠡᠪᠡᠯ ᠲᠡᠢ ᠨᠢ ᠵᠡᠭᠦᠳᠦᠯᠡᠯ᠎ᠡ
ᠠᠯᠳᠠᠩᠬᠠᠨ ᠭᠠᠪᠠᠷ ᠵᠡᠭᠦᠳᠦᠨ ᠳᠤᠮᠳᠠ ᠮᠢᠨᠢ
ᠠᠯᠢᠶᠠᠯᠠᠩᠬᠠᠨ ᠬᠠᠭᠤᠷᠤᠭᠰᠠᠭᠠᠷ ᠪᠠᠢᠭᠠᠳ ᠠᠴᠢᠲᠠᠢᠬᠠᠨ ᠪᠤᠭᠤᠷᠤᠯ᠂
ᠠᠵᠠᠢᠬᠠᠨ ᠪᠤᠭᠤᠷᠤᠯ ᠡᠵᠢ ᠶ᠋ᠢ ᠮᠢᠨᠢ
ᠠᠲᠤᠷᠢᠶ᠎ᠠ ᠲᠠᠢ ᠬᠠᠭᠤᠴᠢᠩᠬᠠᠨ ᠳᠡᠪᠡᠯ ᠲᠡᠢ ᠨᠢ
ᠠᠪᠤᠭᠠᠳ ᠬᠣᠯᠠ ᠶᠠᠪᠤᠴᠢᠬᠠᠭᠰᠠᠨ ᠢ᠋ ᠠᠯᠳᠠᠷᠠᠢᠬᠠᠨ ᠪᠠᠭ᠎ᠠ᠂
ᠠᠩᠭᠠᠷᠠᠢᠬᠠᠨ ᠪᠠᠭ᠎ᠠ ᠯᠠ ᠨᠠᠰᠤᠨ ᠳ᠋ᠠᠭᠠᠨ
ᠠᠩᠵᠠᠭᠠᠷᠠᠭᠰᠠᠨ ᠦᠭᠡᠢ ᠶᠠᠪᠤᠵᠤ ᠤᠤ ᠪᠢ᠁
ᠳᠡᠯᠡᠬᠡᠢ ᠶ᠋ᠢᠨ ᠡᠪᠡᠰᠦ ᠪᠡᠷ ᠨᠠᠮᠠᠶ᠋ᠢ ᠥᠯᠥᠭᠡᠢᠳᠡᠵᠦ
ᠳᠡᠷᠡᠨ ᠦ᠌ ᠮᠢᠨᠢ ᠣᠷᠣᠨ ᠳ᠋ᠤ᠌ ᠴᠢᠯᠠᠭᠤ ᠢᠪᠡᠬᠦ ᠶ᠋ᠢᠨ ᠴᠠᠭ ᠲᠤ᠌
ᠳᠡᠭᠡᠷ᠎ᠡ ᠮᠢᠨᠢ ᠶᠣᠰᠣ ᠪᠣᠳᠣᠵᠤ ᠬᠠᠳᠠᠭ ᠪᠤᠤ ᠲᠠᠯᠪᠢᠭᠠᠷᠠᠢ
ᠳᠡᠪᠡᠯ ᠦ᠋ᠨ ᠭᠠᠭᠴᠠ ᠲᠣᠷᠭ᠎ᠠ ᠯᠠ ᠥᠭᠴᠦ ᠶᠠᠪᠤᠭᠤᠯᠤᠭᠠᠷᠠᠢ
ᠡᠯᠡᠭᠳᠡᠭᠰᠡᠨ ᠳᠡᠪᠡᠯ ᠲᠡᠢ᠂ ᠬᠠᠭᠤᠴᠢᠨ ᠳᠡᠪᠡᠯ ᠲᠡᠢ ᠡᠮᠡᠭᠡᠩᠬᠡᠨ ᠪᠤᠭᠤᠷᠤᠯ ᠡᠵᠢ ᠳ᠋ᠡᠭᠡᠨ
ᠡᠷᠭᠢᠭᠡᠳ ᠣᠴᠢᠬᠤ ᠳ᠋ᠠᠭᠠᠨ ᠥᠭᠭᠦᠶ᠎ᠡ ᠭᠡᠰᠡᠨ ᠶᠦᠮ ᠪᠢ᠁
1998 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠤ᠎ᠡ
