ᠠᠷᠢᠬᠢ - ᠴᠣ ᠂ ᠣᠷᠱᠤᠨ Архи – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠢᠬᠢ - ᠴᠣ ᠂ ᠣᠷᠱᠤᠨ Архи – Чо ᠂ Оршин

ᠠᠷᠢᠬᠢ - ᠴᠣ ᠂ ᠣᠷᠱᠤᠨ Архи – Чо ᠂ Оршин

2024-05-16

299

ᠠᠷᠢᠬᠢ


 ᠠᠮᠲᠠᠲᠤ ᠢᠳᠡᠭᠡᠨ ᠦ᠌ ᠳᠡᠭᠡᠳᠦ ᠪᠣᠯᠤᠭᠰᠠᠨ 
 ᠠᠷᠢᠬᠢ ᠨᠡᠷᠡᠲᠦ ᠳᠡᠭᠡᠵᠢ ᠲᠠᠨ ᠤ᠋ 
 ᠠᠮᠲᠠᠯᠢᠭ ᠭᠠᠰᠢᠭᠤᠨ ᠬᠦᠴᠢᠯ ᠴᠢᠨᠠᠷ ᠲᠤ 
 ᠠᠶᠠᠯᠭᠤ ᠰᠢᠯᠦᠭ ᠴᠤ᠌ ᠴᠠᠯᠭᠢᠯᠠᠭᠠᠳ ᠪᠠᠢᠳᠠᠭ ᠨᠢ  
      ᠠᠷᠢᠬᠢ ᠨᠡᠷᠡᠲᠦ —   
      ᠳᠡᠭᠡᠵᠢ ᠲᠠᠨ ᠳ᠋ᠤ᠌   
      ᠠᠯᠢᠪᠠ ᠬᠦᠰᠡᠯᠡᠩ    
      ᠪᠠᠢᠨ᠎ᠠ ᠭᠡᠵᠦ ᠪᠣᠯᠤᠮᠠᠷ᠃  
 ᠵᠤᠭ᠎ᠠ ᠲᠠᠭᠠᠷᠠᠵᠤ ᠶᠠᠷᠢᠶ᠎ᠠ ᠬᠥᠭᠰᠡᠭᠰᠡᠨ  
 ᠵᠣᠴᠢᠨᠰᠠᠭ ᠨᠠᠢᠷ ᠤ᠋ᠨ ᠰᠡᠳᠬᠢᠯ ᠢ᠋ ᠪᠣᠳᠣᠵᠤ 
 ᠵᠦᠩᠵᠡ ᠲᠡᠢ ᠠᠷᠢᠬᠢ ᠶ᠋ᠢ ᠰᠢᠮᠡᠨ ᠰᠣᠷᠣᠬᠤ ᠳ᠋ᠤ᠌ 
 ᠵᠦᠭᠡᠷ ᠯᠡ ᠠᠶᠠᠲᠠᠢ ᠰᠠᠨᠠᠭᠳᠠᠭᠠᠳ ᠪᠠᠢᠳᠠᠭ ᠨᠢ   
      ᠠᠷᠢᠬᠢ ᠨᠡᠷᠡᠲᠦ —     
      ᠳᠡᠭᠡᠵᠢ ᠲᠠᠨ ᠢ᠋    
      ᠠᠮᠲᠠᠯᠠᠵᠤ ᠰᠠᠭᠤᠬᠤ ᠳ᠋ᠤ᠌ 
      ᠪᠠᠰᠠ ᠪᠣᠯᠤᠮᠠᠷ᠃ 
 ᠪᠠᠭ᠎ᠠ ᠯᠠ ᠬᠠᠯᠠᠰᠠᠪᠠᠯ ᠬᠣᠷᠣᠬᠠᠢ ᠬᠥᠳᠡᠯᠦᠭᠡᠳ 
 ᠪᠠᠯᠭᠤ ᠪᠠᠯᠭᠤ ᠪᠠᠷ ᠬᠥᠨᠲᠥᠷᠴᠦ ᠪᠠᠢᠪᠠᠯ 
 ᠪᠠᠷᠰ ᠤ᠋ᠨ ᠰᠥᠰᠥ ᠴᠡᠭᠡᠵᠢᠨ ᠳ᠋ᠦ᠍ ᠳᠦᠭᠦᠷᠴᠦ 
 ᠪᠠᠰᠠ ᠯᠠ ᠵᠢᠭᠲᠡᠢ ᠪᠣᠳᠣᠭᠳᠠᠭᠠᠳ ᠪᠠᠢᠳᠠᠭ    
      ᠠᠷᠢᠬᠢ ᠨᠡᠷᠡᠲᠦ —   
      ᠳᠡᠭᠡᠵᠢ ᠲᠠᠨ ᠢ᠋   
      ᠠᠷᠠᠢ ᠬᠡᠲᠦᠷᠡᠪᠡᠯ   
      ᠬᠡᠴᠡᠭᠦᠦ ᠪᠣᠯᠤᠮᠠᠷ᠃ 
 ᠤᠰᠤ ᠵᠠᠯᠭᠢᠭᠰᠠᠨ ᠰᠢᠭ᠋ ᠬᠥᠨᠲᠥᠷᠴᠦ ᠲᠣᠩᠭᠣᠢᠯᠭᠠᠨ  
 ᠤᠯᠠᠭᠠᠨ ᠵᠡᠭᠡᠷᠳᠡ ᠪᠡᠷ ᠤᠬᠠᠭᠠᠨ ᠪᠠᠯᠠᠷᠳᠠᠭᠠᠳ᠂ 
 ᠤᠷᠰᠢᠭ ᠲᠠᠲᠠᠭᠰᠠᠨ ᠪᠣᠯᠠᠢ ᠶᠠᠪᠤᠳᠠᠯ ᠢ᠋ᠶ᠋ᠠᠨ 
 ᠤᠬᠠᠭᠠᠷᠠᠭᠰᠠᠨ ᠬᠣᠢᠨ᠎ᠠ ᠡᠭᠳᠡᠭᠦᠴᠡᠭᠡᠳ ᠪᠠᠢᠳᠠᠭ ᠨᠢ   
      ᠠᠷᠢᠬᠢ ᠨᠡᠷᠡᠲᠦ —   
      ᠳᠡᠭᠡᠵᠢ ᠲᠠᠨ ᠢ᠋  
      ᠠᠬᠠᠳᠠᠲᠠᠯ᠎ᠠ ᠲᠠᠲᠠᠪᠠᠯ   
      ᠠᠳᠠ ᠪᠣᠯᠤᠮᠠᠷ᠃ 
 ᠪᠣᠳᠠᠰ᠂ ᠬᠥᠮᠦᠨ ᠣᠨᠳᠣᠣ ᠪᠣᠯᠬᠣᠷ  
 ᠪᠤᠷᠤᠭᠤ ᠵᠥᠪ ᠬᠡᠨ ᠦ᠌ ᠪᠣᠯᠤᠨᠠᠮ᠂  
 ᠪᠣᠳᠣᠯ ᠡᠷᠡᠭᠦᠯ ᠳ᠋ᠦ᠍ ᠬᠥᠮᠦᠨ ᠰᠡᠷᠭᠦᠯᠡᠩ 
 ᠪᠣᠳᠣᠩ ᠳ᠋ᠤ᠌ ᠪᠠᠢᠪᠠᠯ ᠠᠷᠢᠬᠢ ᠨᠣᠮᠣᠬᠠᠨ   
      ᠠᠷᠢᠬᠢ ᠨᠡᠷᠡᠲᠦ —   
      ᠳᠡᠭᠡᠵᠢ ᠲᠠᠨ ᠢ᠋   
      ᠠᠢᠬᠤᠪᠲᠤᠷ ᠮᠠᠭᠤᠯᠠᠪᠠᠯ 
      ᠬᠢᠯᠢᠰ ᠪᠣᠯᠤᠮᠠᠷ᠃  

  ᠢᠷᠡᠯᠲᠡ᠄ ᠴᠣ · ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 05 08