ᠪᠣᠭᠳᠠ ᠴᠢᠩᠬᠢᠰ ᠮᠢᠨᠢ ᠬᠤᠷᠤᠢ ᠬᠤᠷᠤᠢ ᠬᠤᠷᠤᠢ ᠂᠂᠂ - ᠶᠣᠨᠳᠣᠨ ᠤ ᠪᠢᠯᠢᠭ᠌ - ᠪᠠᠭᠠᠲᠤᠷ Богд чинхис минь Хуруй хуруй хуруй ᠂᠂᠂ - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠴᠢᠩᠬᠢᠰ ᠮᠢᠨᠢ ᠬᠤᠷᠤᠢ ᠬᠤᠷᠤᠢ ᠬᠤᠷᠤᠢ ᠂᠂᠂ - ᠶᠣᠨᠳᠣᠨ ᠤ ᠪᠢᠯᠢᠭ᠌ - ᠪᠠᠭᠠᠲᠤᠷ Богд чинхис минь Хуруй хуруй хуруй ᠂᠂᠂ - Ёндоны Билиг - Баатар

ᠪᠣᠭᠳᠠ ᠴᠢᠩᠬᠢᠰ ᠮᠢᠨᠢ ᠬᠤᠷᠤᠢ ᠬᠤᠷᠤᠢ ᠬᠤᠷᠤᠢ ᠂᠂᠂ - ᠶᠣᠨᠳᠣᠨ ᠤ ᠪᠢᠯᠢᠭ᠌ - ᠪᠠᠭᠠᠲᠤᠷ Богд чинхис минь Хуруй хуруй хуруй ᠂᠂᠂ - Ёндоны Билиг - Баатар

2024-05-15

295

ᠪᠣᠭᠳᠠ ᠴᠢᠩᠬᠢᠰ ᠮᠢᠨᠢ ᠬᠤᠷᠤᠢ ᠬᠤᠷᠤᠢ ᠬᠤᠷᠤᠢ ᠂᠂᠂


 ᠵᠧ! 
 ᠡᠩᠬᠡ ᠰᠠᠢᠨ ᠵᠢᠷᠭᠠᠯᠠᠩ ᠪᠣᠯᠲᠤᠭᠠᠢ 
 ᠮᠥᠩᠬᠡ ᠰᠠᠢᠬᠠᠨ ᠠᠮᠤᠭᠤᠯᠠᠩ ᠪᠣᠯᠲᠤᠭᠠᠢ 
 ᠲᠡᠭᠦᠰ ᠤᠶᠠᠬᠠᠨ ᠪᠠᠶᠠᠰᠬᠤᠯᠠᠩ ᠪᠣᠯᠲᠤᠭᠠᠢ  
 ᠲᠠᠩᠰᠤᠭ ᠵᠥᠭᠡᠯᠡᠨ ᠰᠣᠨᠣᠰᠬᠤᠯᠠᠩ ᠪᠣᠯᠲᠤᠭᠠᠢ  
 ᠲᠦᠮᠡᠨ ᠦᠶ᠎ᠡ ᠶ᠋ᠢᠨ ᠳᠠᠭᠤᠷᠢᠰᠬᠤᠯᠠᠩ ᠪᠣᠯᠲᠤᠭᠠᠢ 
 ᠳᠡᠯᠡᠬᠡᠢ ᠶ᠋ᠢᠨ ᠬᠣᠶᠠᠷ ᠵᠠᠭᠤᠭᠠᠳ ᠤᠯᠤᠰ ᠤ᠋ᠨ 
 ᠪᠥᠮᠪᠥᠷᠴᠡᠭ ᠦ᠋ᠨ ᠬᠣᠶᠠᠷ ᠮᠢᠩᠭᠠᠳ ᠬᠡᠯᠡᠨ ᠦ᠌ 
 ᠬᠡᠴᠦᠨᠡᠨ ᠲᠦᠮᠡᠨ ᠵᠢᠯ ᠦ᠋ᠨ ᠲᠡᠦᠬᠡᠨ ᠳ᠋ᠡᠬᠢ 
 ᠬᠡᠳᠦᠬᠡᠨ ᠲᠣᠮᠣ ᠱᠠᠰᠢᠨ ᠢ᠋ ᠪᠦᠬᠦᠨ ᠢ᠋ ᠯᠡ  
 ᠠᠯᠲᠠᠨ ᠬᠣᠷᠮᠣᠢ ᠳ᠋ᠠᠭᠠᠨ ᠬᠤᠮᠢᠨ ᠪᠠᠭᠲᠠᠭᠠᠵᠤ 
 ᠠᠯᠢ ᠨᠢᠭᠡ ᠨᠢ ᠴᠤ᠌ ᠲᠡᠭᠰᠢ ᠪᠡᠷ ᠦᠵᠡᠵᠦ 
 ᠠᠯᠢᠪᠠ ᠦᠵᠡᠯ ᠦᠢᠯᠡ ᠶ᠋ᠢ ᠨᠢ ᠣᠢᠯᠠᠭᠠᠵᠤ 
 ᠠᠰᠢᠳᠠ ᠥᠭᠡᠳᠡᠯᠡᠬᠦ ᠵᠠᠮ ᠢ᠋ ᠨᠢ ᠳᠡᠪᠢᠰᠴᠦ 
 ᠠᠷᠢᠭᠤᠨ ᠭᠡᠭᠡᠨ ᠵᠦᠭ ᠢ᠋ ᠨᠢ ᠴᠤ᠌ ᠵᠢᠭᠠᠵᠤ 
 ᠠᠮᠤᠭᠤᠯᠠᠩ ᠴᠠᠭᠠᠨ ᠰᠦᠯᠲᠠᠨ ᠳ᠋ᠤ᠌ ᠵᠠᠯᠠᠵᠤ 
 ᠠᠪᠤᠷᠠᠯ ᠤ᠋ᠨ ᠬᠠᠷ᠎ᠠ ᠰᠦᠯᠲᠠᠨ ᠳ᠋ᠤ᠌ ᠭᠠᠮᠨᠠᠵᠤ 
 ᠠᠭᠤᠤ ᠯᠤᠲᠤ ᠢᠪᠡᠭᠡᠯ ᠬᠠᠢᠷᠠᠯᠠᠭᠰᠠᠨ ᠬᠥᠮᠦᠨ 
 ᠢᠯᠠᠭᠤᠭᠰᠠᠨ ᠶᠡᠬᠡ ᠪᠣᠭᠳᠠ ᠴᠢᠩᠭᠢᠰ ᠶᠦᠮ 
 ᠢᠷᠡᠭᠡᠳᠦᠢ ᠳ᠋ᠦ᠍ ᠴᠤ᠌ ᠬᠠᠮᠠᠭᠠᠯᠠᠬᠤ ᠴᠢᠩᠭᠢᠰ ᠶᠦᠮ 
 ᠱᠠᠭᠵᠠᠮᠤᠨᠢ ᠪᠤᠷᠬᠠᠨ ᠴᠤ᠌ ᠴᠢᠩᠭᠢᠰ ᠲᠦ᠍ ᠮᠥᠷᠭᠥᠮᠦ 
 ᠮᠣᠬᠠᠮᠣᠳ᠋ ᠢᠰᠦ᠋ᠰ ᠠᠯᠯᠠ ᠪᠦᠭᠦᠳᠡ ᠮᠥᠷᠭᠥᠮᠦ 
 ᠬᠥᠮᠦᠨ ᠲᠥᠷᠥᠯᠬᠢᠲᠡᠨ ᠦ᠌ ᠭᠠᠭᠴᠠ ᠬᠠᠭᠠᠨ 
 ᠬᠥᠬᠡ ᠮᠥᠩᠬᠡ ᠲᠡᠭᠷᠢ ᠶ᠋ᠢᠨ ᠬᠥᠪᠡᠭᠦᠨ  
 ᠮᠣᠩᠭᠣᠯᠴᠤᠳ ᠪᠢᠳᠡᠨ ᠦ᠌ ᠥᠨᠳᠥᠷ ᠡᠯᠦᠨᠴᠡ 
 ᠮᠤᠩᠳᠠᠰᠢ ᠦᠭᠡᠢ ᠥᠷᠯᠥᠭ ᠪᠣᠭᠳᠠ ᠮᠢᠨᠦ 
 ᠲᠠ ᠮᠢᠨᠢ ᠮᠡᠨᠳᠦᠯᠡᠭᠡ ᠦᠭᠡᠢ ᠰᠠᠨ ᠪᠣᠯ 
 ᠲᠠᠨ ᠤ᠋ ᠬᠥᠮᠦᠨ ᠲᠥᠷᠥᠯᠬᠢᠲᠡᠨ ᠪᠠᠢᠭ᠎ᠠ ᠤᠤ  
 ᠬᠥᠮᠦᠨ ᠲᠥᠷᠥᠯᠬᠢᠲᠡᠨ ᠢ᠋ ᠠᠪᠤᠷᠠᠭᠰᠠᠨ ᠲᠠ 
 ᠬᠦᠢ ᠣᠷᠴᠢᠯᠠᠩ ᠤ᠋ᠨ ᠬᠠᠮᠢᠭ᠎ᠠ ᠵᠠᠯᠠᠷᠠᠨᠠᠮ ᠪᠣᠢ 
 ᠬᠠᠷᠢᠭᠠᠳ ᠢᠷᠡᠭᠡᠴᠢ ᠠ᠋᠂ ᠳᠡᠯᠡᠬᠡᠢ ᠳ᠋ᠡᠭᠡᠨ 
 ᠬᠠᠮᠤᠭ ᠠᠮᠢᠲᠠᠳ ᠬᠢᠰᠠᠯᠠᠩ ᠳ᠋ᠤᠷ ᠭᠠᠰᠠᠯᠠᠨᠠᠮ 
 ᠲᠡᠪᠡᠷᠢᠵᠦ ᠪᠦᠪᠡᠢᠯᠡᠭᠰᠡᠨ ᠪᠥᠮᠪᠥᠷᠴᠡᠭ ᠴᠢᠨᠢ 
 ᠲᠡᠭᠷᠢ ᠶ᠋ᠢᠨ ᠳᠣᠣᠷ᠎ᠠ ᠤᠬᠢᠯᠠᠭᠠᠳ ᠪᠠᠢᠨᠠᠮ 
 ᠮᠣᠩᠭᠣᠯ ᠤ᠋ᠨ ᠥᠨᠳᠥᠷᠯᠢᠭ ᠲᠡᠭᠡᠨ ᠪᠤᠴᠠᠬᠤᠢ 
 ᠮᠤᠩᠬᠠᠭ ᠢ᠋ ᠠᠷᠢᠯᠭᠠᠬᠤᠢ ᠮᠥᠴᠡ ᠲᠠᠨᠢ ᠪᠣᠯᠵᠠᠢ 
 ᠮᠥᠯᠬᠥᠵᠦ ᠭᠤᠳᠤᠷᠠᠭᠰᠠᠨ ᠪᠤᠮᠠᠨ ᠣᠪᠣᠭᠲᠠᠨ 
 ᠮᠥᠷᠥᠭᠡᠳᠦᠭᠡᠳ ᠲᠠᠨ ᠳ᠋ᠤ᠌ ᠯᠠ ᠳᠠᠭᠠᠳᠬᠠᠨᠠᠮ 
 ᠮᠠᠷᠲᠠᠭᠳᠠᠰᠢ ᠦᠭᠡᠢ ᠴᠣᠷ ᠭᠠᠭᠴᠠ ᠬᠥᠮᠦᠨ 
 ᠮᠣᠬᠣᠰᠢ ᠦᠭᠡᠢ ᠲᠠᠰᠤᠷᠬᠠᠢ ᠪᠠᠭᠠᠲᠤᠷ ᠲᠠ 
 ᠮᠥᠩᠬᠡ ᠲᠡᠭᠷᠢ ᠡᠴᠡ ᠪᠡᠨ ᠰᠠᠭᠠᠲᠠᠭᠠᠴᠢ 
 ᠮᠥᠳᠬᠡᠨ ᠠᠮᠤᠭᠤᠯᠠᠩ ᠢ᠋ ᠲᠣᠭᠲᠠᠭᠠᠭᠠᠴᠢ ᠠ᠋ 
 ᠭᠤᠶᠤᠵᠤ ᠪᠠᠢᠭ᠎ᠠ᠂ ᠬᠥᠮᠦᠨ ᠢᠷᠭᠡᠳ ᠴᠢᠨᠢ 
 ᠨᠠᠶᠠᠨ ᠳ᠋ᠦᠩᠰᠢᠭᠤᠷᠲᠠᠳ ᠮᠥᠷᠭᠥᠵᠦ ᠪᠠᠢᠭ᠎ᠠ 
 ᠪᠣᠭᠳᠠ ᠴᠢᠩᠭᠢᠰ ᠬᠤᠷᠤᠢ ᠬᠤᠷᠤᠢ ᠬᠤᠷᠤᠢ 
 ᠪᠣᠭᠳᠠ ᠴᠢᠩᠭᠢᠰ ᠬᠤᠷᠤᠢ ᠬᠤᠷᠤᠢ ᠬᠤᠷᠤᠢ 
 ᠪᠣᠭᠳᠠ ᠴᠢᠩᠭᠢᠰ ᠬᠤᠷᠤᠢ ᠬᠤᠷᠤᠢ ᠬᠤᠷᠤᠢ 
 ᠪᠤᠷᠬᠠᠨ ᠬᠠᠯᠳᠤᠨ ᠬᠤᠷᠤᠢ ᠬᠤᠷᠤᠢ ᠬᠤᠷᠤᠢ  
 ᠪᠤᠷᠬᠠᠨ ᠬᠠᠯᠳᠤᠨ ᠬᠤᠷᠤᠢ ᠬᠤᠷᠤᠢ ᠬᠤᠷᠤᠢ  
 ᠪᠤᠷᠬᠠᠨ ᠬᠠᠯᠳᠤᠨ ᠬᠤᠷᠤᠢ ᠬᠤᠷᠤᠢ ᠬᠤᠷᠤᠢ  
 ᠪᠣᠭᠳᠠ ᠡᠵᠡᠨ ᠴᠢᠩᠭᠢᠰ ᠮᠢᠨᠢ  
 ᠬᠤᠷᠤᠢ ᠬᠤᠷᠤᠢ ᠬᠤᠷᠤᠢ  
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ  
 ᠪᠤᠷᠬᠠᠨ ᠬᠠᠯᠳᠤᠨ ᠥᠯᠥᠭᠡᠢ ᠮᠢᠨᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ  
 ᠪᠣᠭᠳᠠ ᠡᠵᠡᠨ ᠴᠢᠩᠭᠢᠰ ᠮᠢᠨᠢ  
 ᠪᠤᠷᠬᠠᠨ ᠬᠠᠯᠳᠤᠨ ᠥᠯᠥᠭᠡᠢ ᠮᠢᠨᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ  
 ᠬᠤᠷᠤᠢ ᠬᠤᠷᠤᠢ ᠬᠤᠷᠤᠢ  
 ᠪᠦᠭᠦᠳᠡ ᠮᠣᠩᠭᠣᠯ ᠤ᠋ᠨ ᠮᠢᠨᠢ 
 ᠳᠠᠶᠠᠭᠠᠷ ᠬᠥᠮᠦᠨ ᠲᠥᠷᠥᠯᠬᠢᠲᠡᠨ ᠦ᠌ ᠮᠢᠨᠢ 
 ᠪᠣᠭᠳᠠ ᠡᠵᠡᠨ ᠴᠢᠩᠭᠢᠰ 
 ᠪᠤᠷᠬᠠᠨ ᠬᠠᠯᠳᠤᠨ ᠥᠯᠥᠭᠡᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ   
 ᠨᠠᠷᠮᠠᠢ ᠮᠣᠩᠭᠣᠯ ᠲᠦᠮᠡᠨ ᠦ᠌ ᠮᠢᠨᠢ 
 ᠨᠠᠷᠠᠨ ᠬᠥᠮᠦᠨ ᠲᠥᠷᠥᠯᠬᠢᠲᠡᠨ ᠦ᠌ ᠮᠢᠨᠢ 
 ᠬᠡᠢᠮᠣᠷᠢ ᠬᠡᠢᠮᠣᠷᠢ ᠬᠡᠢᠮᠣᠷᠢ 
 ᠬᠡᠢᠮᠣᠷᠢ ᠬᠡᠢᠮᠣᠷᠢ ᠬᠡᠢᠮᠣᠷᠢ 
 ᠬᠡᠢᠮᠣᠷᠢ ᠬᠡᠢᠮᠣᠷᠢ ᠬᠡᠢᠮᠣᠷᠢ  
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ  
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ  
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ 
 ᠬᠤᠷᠤᠢ ᠬᠤᠷᠤᠢ ᠬᠤᠷᠤᠢ    

       2024᠂ 5᠂7 ᠃  ᠥᠯᠵᠡᠢᠲᠦ ᠮᠥᠴᠡ᠃   

            ᠵᠢᠩ ᠦᠳᠡ ᠶ᠋ᠢᠨ ᠨᠠᠷᠠᠨ ᠳᠣᠣᠷ᠎ᠠ 
       ᠰᠢᠷᠭᠠᠯ ᠬᠠᠳᠠᠨ ᠪᠢᠴᠢᠭ ᠦ᠋ᠨ ᠰᠢᠷᠡᠭᠡᠨ ᠳ᠋ᠦ᠍    

     ᠠᠯᠲᠠᠨ ᠬᠠᠭᠠᠨ ᠤ᠋ ᠤᠤᠭᠠᠨ ᠨᠡᠢᠰᠯᠡᠯ ᠳ᠋ᠦ᠍ 
           ᠬᠥᠬᠡᠬᠣᠲᠠᠨ᠎ᠠ ᠲᠤᠩᠭᠠᠨ ᠪᠢᠰᠢᠯᠭᠠᠭᠠᠳ 
     ᠬᠢᠴᠢᠶᠡᠩᠭᠦᠢᠯᠡᠨ ᠬᠦᠨᠳᠦᠯᠡᠵᠦ ᠪᠦᠲᠦᠭᠡᠪᠡᠢ᠃