ᠫᠣᠷᠣᠷᠣ᠋ ᠨᠢᠭᠡᠳᠦᠭᠡᠷ ᠪᠦᠯᠦᠭ08 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ08 ᠠᠩᠭᠢ ПоророPororo

ᠫᠣᠷᠣᠷᠣ᠋ ᠨᠢᠭᠡᠳᠦᠭᠡᠷ ᠪᠦᠯᠦᠭ08 ᠠᠩᠭᠢ ПоророPororo

2024-05-15

726

ᠴᠠᠰᠤᠨ ᠬᠥᠮᠦᠨ ᠬᠢᠭᠰᠡᠨ ᠨᠢ

    ᠪᠢᠴᠢᠬᠠᠨ ᠣᠴᠣᠩ ᠰᠢᠪᠠᠭᠤ ᠫᠣᠷᠣᠷᠣ᠋ 
    ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ ᠪᠣᠯᠳᠠᠭ ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 

ᠬᠠ ᠬᠠ ᠬᠢ ᠬᠢ
ᠴᠠᠰᠤᠨ ᠬᠥᠮᠦᠨ ᠬᠢᠭᠰᠡᠨ ᠨᠢ

ᠫᠣᠷᠣᠷᠣ᠋᠄ ᠠᠢᠳᠢ ᠬᠡᠨ ᠨᠢ ᠭᠣᠶᠣ ᠴᠠᠰᠤᠨ ᠬᠥᠮᠦᠨ ᠬᠢᠬᠦ ᠪᠠᠨ ᠬᠠᠷᠠᠬᠤ ᠤᠤ?
ᠠᠢᠳᠢ᠄ ᠲᠡᠭᠡᠶ᠎ᠡ᠂ ᠶᠠᠭᠠᠬᠢᠵᠤ ᠬᠢᠳᠡᠭ ᠢ᠋ᠶ᠋ᠡᠨ ᠬᠠᠷᠠᠭᠤᠯᠤᠨ᠎ᠠ 
—— ᠫᠣᠷᠣᠷᠣ᠋ ᠂ ᠠᠢᠳᠢ ᠬᠣᠶᠠᠷ ᠴᠠᠰᠤᠨ ᠬᠥᠮᠦᠨ ᠬᠢᠵᠦ ᠪᠠᠢᠨ᠎ᠠ
ᠠᠢᠳᠢ᠄ ᠬᠥᠯ ᠢ᠋ ᠨᠢ ᠬᠢᠭᠡᠳ᠂ ᠭᠠᠷ ᠢ᠋ ᠨᠢ ᠬᠢᠭᠡᠳ᠂ᠲᠡᠭᠦᠰᠬᠡᠯ ᠳ᠋ᠦ᠍ ᠨᠢ ᠰᠡᠭᠦᠯ 
 ᠬᠡ ᠬᠡ ᠁ ᠵᠠ᠂ ᠬᠠᠷᠠᠶ᠎ᠠ᠂ ᠣᠳᠣ ᠨᠢᠭᠤᠷ ᠢ᠋ ᠨᠢ ᠬᠢᠨ᠎ᠡ᠃ ᠬᠣᠶᠠᠷ ᠨᠢᠳᠦ᠂ ᠠᠮᠠ᠂ ᠬᠠᠮᠠᠷ
 ᠵᠠ ᠵᠠ᠂ ᠨᠥᠬᠥᠳ ᠦ᠋ᠳ ᠠ᠋᠂ ᠢᠩᠭᠢᠭᠡᠳ ᠪᠢ ᠴᠠᠰᠤᠨ ᠬᠥᠮᠦᠨ ᠬᠢᠭᠡᠳ ᠳᠠᠭᠤᠰᠬᠠᠴᠢᠬᠠᠯ᠎ᠠ
ᠫᠣᠷᠣᠷᠣ᠋᠄ ᠬᠠ ᠬᠠ ᠬᠢ᠁ ᠲᠡᠭᠡᠪᠡᠯ ᠪᠢ ᠴᠦ᠍ ᠭᠡᠰᠡᠨ ᠬᠥᠯ ᠢ᠋ ᠨᠢ ᠬᠢᠭᠡᠳ ᠳᠠᠷᠠᠭ᠎ᠠ ᠨᠢ ᠬᠢᠨᠢ ᠭᠠᠷ᠂ ᠨᠢᠳᠦᠨ ᠦ᠌ ᠰᠢᠯ᠂ ᠬᠠᠮᠠᠷ᠂ ᠨᠢᠳᠦ ᠵᠢ ᠨᠢ ᠨᠠᠭᠠᠴᠢᠬᠠᠪᠠᠯ ᠫᠣᠷᠣᠷᠣ᠋ ᠴᠠᠰᠤᠨ ᠬᠥᠮᠦᠨ ᠳᠠᠭᠤᠰᠤᠯ᠎ᠠ
ᠠᠢᠳᠢ᠄ ᠪᠦᠪᠢ ᠠ᠋ 
ᠪᠦᠪᠢ ᠄ ᠰᠠᠢᠨ ᠤᠤ? ᠠᠢᠳᠢ᠂ ᠫᠣᠷᠣᠷᠣ᠋ ᠠ᠋ ᠂ ᠬᠡ ᠬᠡ ᠁
ᠴᠠᠰᠤᠨ ᠬᠥᠮᠦᠨ ᠬᠢᠵᠦ ᠪᠠᠢᠭ᠎ᠠ ᠶᠤᠮ ᠤᠤ ᠳᠠ
ᠪᠢ ᠨᠢᠭᠡ ᠬᠠᠷᠠᠭᠠᠳ ᠲᠡᠭᠡᠶ᠎ᠡ
ᠠᠢᠳᠢ᠄ ᠬᠡ ᠬᠡ᠁
ᠪᠦᠪᠢ ᠄ ᠭᠦᠦᠭ᠂ ᠰᠠᠢᠨ ᠬᠢᠭᠰᠡᠨ ᠪᠠᠢᠨ᠎ᠠ ᠰᠢᠦ!
ᠨᠢᠳᠦ᠂ ᠬᠠᠮᠠᠷ᠂ ᠠᠮᠠ᠂ ᠴᠢᠬᠢ ᠠᠢᠳᠢ ᠲᠠᠢ ᠶᠠᠭ ᠠᠳᠠᠯᠢᠬᠠᠨ ᠪᠣᠯᠤᠭᠰᠠᠨ ᠪᠠᠢᠨ᠎ᠠ
ᠠᠢᠳᠢ᠄ ᠬᠡ ᠬᠡ᠂ ᠡᠨᠡ ᠪᠣᠯ ᠶᠠᠭᠤ ᠴᠤ᠌ ᠪᠢᠰᠢ
ᠪᠦᠪᠢ ᠄ ᠣᠳᠣ ᠲᠡᠭᠡᠪᠡᠯ ᠫᠣᠷᠣᠷᠣ᠋ ᠵᠢᠨ ᠴᠠᠰᠤᠨ ᠬᠥᠮᠦᠨ ᠢ᠋ ᠬᠠᠷᠠᠶ᠎ᠠ᠂ ᠫᠣᠷᠣᠷᠣ᠋ ᠲᠠᠢ ᠦᠨᠡᠬᠡᠷ ᠠᠳᠠᠯᠢᠬᠠᠨ ᠪᠣᠯᠤᠭᠰᠠᠨ ᠪᠠᠢᠨ᠎ᠠ ᠰᠢᠦ! ᠮᠤᠨᠳᠠᠭ ᠬᠢᠭᠰᠡᠨ ᠪᠠᠢᠨ᠎ᠠ ᠴᠢ
ᠠᠢᠳᠢ᠄ ᠲᠡᠭᠡᠭᠰᠡᠨ ᠴᠦ᠍ ᠮᠢᠨᠦ ᠢᠯᠡᠭᠦᠦ ᠰᠠᠢᠨ ᠪᠣᠯᠤᠭᠰᠠᠨ 
ᠫᠣᠷᠣᠷᠣ᠋ ᠄ ᠮᠢᠨᠦᠬᠢ ᠢᠯᠡᠭᠦᠦ ᠰᠠᠢᠨ ᠪᠣᠯᠤᠭᠰᠠᠨ
ᠪᠦᠪᠢ ᠄ ᠨᠠᠢᠵᠠ ᠨᠤᠭᠤᠳ ᠠ᠋ ᠪᠤᠯᠢᠵᠠᠭ᠎ᠠ 
ᠠᠢᠳᠢ ᠄ ᠸᠠ᠂ ᠡᠨᠡ ᠶᠠᠭᠤ ᠪᠣᠢ? ᠸᠠ᠂ ᠬᠡᠨ ᠢᠩᠭᠢᠴᠢᠬᠡᠨ᠎ᠡ ᠪᠣᠢ? ᠫᠣᠷᠣᠷᠣ᠋ ᠴᠢ ᠢᠩᠭᠢᠭᠰᠡᠨ ᠤᠤ?
ᠫᠣᠷᠣᠷᠣ᠋ ᠄ ᠮᠢᠨᠦ ᠴᠠᠰᠤᠨ ᠬᠥᠮᠦᠨ! ᠴᠢ ᠢᠩᠭᠢᠭᠰᠡᠨ ᠤᠤ?
 ᠪᠣᠯᠬᠤ ᠦᠭᠡᠢ 
ᠠᠢᠳᠢ ᠄ ᠤᠨᠲᠠᠵᠤ ᠴᠢᠳᠠᠬᠤ ᠦᠭᠡᠢ ᠶᠤᠮ ᠪᠠᠢᠨ᠎ᠠ 
ᠫᠣᠷᠣᠷᠣ᠋ ᠄ ᠬᠡᠨ?
ᠠᠢᠳᠢ ᠄ ᠠᠢᠳᠢ 
ᠬᠣᠶᠠᠭᠤᠯᠠ ᠄ ᠢᠩᠭᠢᠬᠦ ᠭᠡᠵᠦ ᠮᠡᠳᠡᠭᠰᠡᠨ ᠶᠤᠮ ᠠ᠋ 
- ᠬᠣᠶᠠᠷ ᠨᠠᠢᠵᠠ ᠳᠠᠬᠢᠭᠠᠳ ᠯᠠ ᠮᠠᠭᠤᠳᠠᠭᠠᠳ ᠡᠬᠢᠯᠡᠯ᠎ᠡ 
ᠫᠣᠷᠣᠷᠣ᠋᠄ ᠰᠠᠯᠬᠢ ᠳᠡᠭᠳᠡᠭᠰᠡᠨ ᠪᠠᠢᠵᠠᠢ ᠠᠢᠳᠢ ᠴᠢ ᠨᠠᠮ᠎ᠠ ᠶ᠋ᠢ ᠰᠡᠵᠢᠭᠯᠡᠵᠦ ᠪᠠᠢᠭᠰᠠᠨ ᠳ᠋ᠤ᠌ ᠠᠭᠤᠴᠢᠯᠠᠭᠠᠷᠠᠢ!
ᠠᠢᠳᠢ᠄ ᠨᠠᠮ᠎ᠠ ᠶ᠋ᠢ ᠴᠦ᠍ ᠭᠡᠰᠡᠨ ᠠᠭᠤᠴᠢᠯᠠᠭᠠᠷᠠᠢ!
- ᠠᠨᠳᠠᠭᠤᠷᠠᠯ ᠨᠢ ᠲᠠᠢᠯᠤᠭᠳᠠᠵᠤ ᠰᠠᠢᠨ ᠶᠠᠭᠤᠮ᠎ᠠ ᠪᠣᠯᠤᠯ᠎ᠠ
- ᠫᠣᠷᠣᠷᠣ᠋ ᠠᠢᠳᠢ ᠬᠣᠶᠠᠷ ᠪᠡᠶ᠎ᠡ ᠪᠠᠶᠠᠨ ᠢ᠋ᠶ᠋ᠠᠨ ᠰᠡᠵᠢᠭᠯᠡᠬᠦ ᠪᠡᠨ ᠪᠠᠢᠵᠤ ᠡᠷᠭᠢᠨ ᠰᠠᠢᠨ ᠨᠠᠢᠵᠠ ᠨᠤᠭᠤᠳ ᠪᠣᠯᠤᠯ᠎ᠠ᠃



  ᠲᠡᠭᠦᠰᠬᠡᠯ ᠦ᠋ᠨ ᠳᠠᠭᠤᠤ 
    ᠯᠠ ᠯᠠ᠁ ᠯᠠ᠁ ᠺᠣᠷᠠ 
    ᠯᠠ ᠯᠠ᠁ ᠯᠠ᠁ ᠺᠣᠷᠠ 
    ᠯᠠ ᠯᠠ᠁ ᠯᠠ ᠯᠠ᠁ ᠯᠠ ᠺᠣᠷᠠ 
    ᠮᠥᠰᠥᠨ ᠦ᠌ ᠴᠠᠭᠠᠨ ᠪᠠᠭᠠᠪᠠᠭᠠᠢ ᠪᠦᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠠᠢᠳᠢ 
    ᠰᠠᠢᠬᠠᠨ ᠰᠡᠳᠬᠢᠯᠲᠦ ᠮᠢᠨᠵᠢ ᠥᠬᠢᠨ ᠷᠥᠪᠢ 
    ᠳ᠋ᠢᠨᠰᠠᠪᠤᠤᠷ ᠤ᠋ᠨ ᠵᠤᠯᠵᠠᠭ᠎ᠠ ᠺᠣᠷᠣᠮ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ 
    ᠪᠢᠳᠡ ᠰᠠᠢᠨ ᠨᠠᠢᠵᠠ ᠨᠤᠭᠤᠳ ᠪᠢᠯᠡ 
    ᠶᠠ ᠶᠠ ᠁ ᠶᠠ ᠺᠣᠷᠠ ᠺᠣᠷᠠ 

     ᠦᠰᠦᠭ ᠠᠮᠢᠯᠠᠭᠤᠯᠤᠭᠰᠠᠨ ᠨᠢ ᠄ ᠳᠡᠭᠵᠢᠨ 
     ᠦᠰᠦᠭ ᠬᠠᠲᠠᠭᠰᠠᠨ ᠨᠢ ᠄ ᠳᠡᠭᠵᠢᠨ 
     ᠬᠢᠨᠠᠭᠰᠠᠨ ᠨᠢ ᠄ᠾᠤᠩ ᠸᠧᠢ᠂ ᠮᠥᠴᠢᠷ