ᠴᠠᠭ - ᠴᠣ ᠂ ᠣᠷᠱᠤᠨ Цаг – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ - ᠴᠣ ᠂ ᠣᠷᠱᠤᠨ Цаг – Чо ᠂ Оршин

ᠴᠠᠭ - ᠴᠣ ᠂ ᠣᠷᠱᠤᠨ Цаг – Чо ᠂ Оршин

2024-05-15

270

ᠴᠠᠭ


 ᠥᠷᠯᠥᠭᠡ ᠦᠳᠡᠰᠢ ᠶ᠋ᠢ ᠵᠤᠨᠰᠠᠭ ᠤᠭᠲᠤᠭᠠᠳ 
 ᠡᠳᠦᠷ ᠰᠥᠨᠢ ᠶ᠋ᠢ ᠰᠣᠯᠢᠨ ᠠᠪᠴᠢᠷᠠᠭᠰᠠᠭᠠᠷ  
 ᠦᠷ ᠪᠦᠷᠦᠢ ᠶ᠋ᠢ ᠵᠣᠴᠢᠨᠰᠠᠭ ᠦᠳᠡᠭᠡᠳ 
 ᠨᠠᠷᠠ ᠰᠠᠷᠠ ᠲᠠᠢ ᠮᠡᠨᠳᠦᠴᠢᠯᠡᠨ ᠵᠣᠯᠭᠠᠭᠰᠠᠭᠠᠷ 

 ᠠᠯᠲᠠᠨ ᠠ᠋ᠴᠠ ᠦᠨᠡᠲᠡᠢ ᠴᠠᠭ ᠠᠪᠤᠭᠠᠢ  
 ᠠᠯᠵᠢᠶᠠᠯ ᠦᠭᠡᠢ ᠵᠦᠩ ᠢ᠋ᠶ᠋ᠡᠨ ᠴᠣᠬᠢᠨ᠎ᠠ  
 ᠠᠮᠢᠳᠤᠷᠠᠯ ᠠ᠋ᠴᠠ ᠡᠬᠢ ᠲᠡᠢ ᠬᠥᠮᠦᠨ ᠲᠥᠷᠥᠯᠬᠢᠲᠡᠨ 
 ᠠᠰᠢᠳᠠ ᠶ᠋ᠢᠨ ᠰᠠᠢᠬᠠᠨ ᠤ᠋ ᠲᠥᠯᠥᠭᠡ ᠲᠡᠮᠡᠴᠡᠨ᠎ᠡ 

 ᠴᠠᠭ ᠲᠡᠭᠦᠨ ᠲᠡᠢ ᠨᠠᠢᠵᠠᠯᠠᠬᠤ ᠳ᠋ᠤ᠌ 
 ᠴᠢᠷᠮᠠᠢᠯᠭ᠎ᠠ ᠬᠥᠮᠦᠨ ᠳ᠋ᠦ᠍ ᠬᠡᠷᠡᠭ ᠲᠡᠢ ᠭᠡᠪᠡᠦ⁈  
 ᠴᠠᠭ ᠲᠡᠭᠦᠨ ᠲᠡᠢ ᠨᠥᠬᠥᠷᠯᠡᠬᠦ ᠳ᠋ᠦ᠍  
 ᠰᠢᠮᠳᠠᠯᠭ᠎ᠠ ᠮᠠᠨ ᠳ᠋ᠤ᠌ ᠴᠢᠬᠤᠯᠠ ᠭᠡᠪᠡᠦ⁈

  ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 05 07