ᠲᠩᠷᠢ ᠶᠢᠨ ᠬᠤᠷ᠎ᠠ - ᠶᠣᠨᠳᠣᠨ ᠤ ᠪᠢᠯᠢᠭ᠌ - ᠪᠠᠭᠠᠲᠤᠷ Тэнгэрийн хур - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠩᠷᠢ ᠶᠢᠨ ᠬᠤᠷ᠎ᠠ - ᠶᠣᠨᠳᠣᠨ ᠤ ᠪᠢᠯᠢᠭ᠌ - ᠪᠠᠭᠠᠲᠤᠷ Тэнгэрийн хур - Ёндоны Билиг - Баатар

ᠲᠩᠷᠢ ᠶᠢᠨ ᠬᠤᠷ᠎ᠠ - ᠶᠣᠨᠳᠣᠨ ᠤ ᠪᠢᠯᠢᠭ᠌ - ᠪᠠᠭᠠᠲᠤᠷ Тэнгэрийн хур - Ёндоны Билиг - Баатар

2024-05-14

281

ᠲᠩᠷᠢ ᠶᠢᠨ ᠬᠤᠷ᠎ᠠ

  
 ᠠᠮᠢ ᠠᠮᠢᠳᠤᠷᠠᠯ ᠤ᠋ᠨ ᠮᠢᠨᠢ 
    ᠮᠠᠰᠢᠳᠠ ᠴᠢᠬᠤᠯᠠ ᠮᠥᠴᠡ ᠪᠦᠬᠦᠨ ᠳ᠋ᠦ᠍ 
 ᠠᠯᠢ ᠭᠠᠷᠴᠠ ᠪᠠᠷ ᠨᠢ ᠭᠠᠷᠬᠤ 
    ᠰᠣᠩᠭᠣᠯᠲᠠ ᠶ᠋ᠢᠨ ᠬᠡᠴᠡᠭᠦᠦ ᠬᠣᠷᠣᠮ ᠳ᠋ᠤ᠌ 
ᠲᠩᠷᠢ ᠶ᠋ᠢᠨ ᠪᠢᠯᠢᠭᠦᠨ ᠬᠤᠷ᠎ᠠ ᠯᠠ 
    ᠨᠠᠮ᠎ᠠ ᠶ᠋ᠢ ᠲᠡᠳᠬᠦᠳᠡᠭ ᠢ᠋ ᠪᠢ ᠪᠦᠷ 
 ᠲᠤᠢᠯᠪᠤᠷᠢᠲᠠᠢ ᠲᠤᠩᠭᠠᠯᠠᠭ ᠮᠡᠳᠡᠷᠡᠳᠡᠭ ᠡᠴᠡ 
    ᠠᠰᠤᠷᠤ ᠢᠯᠭᠤᠭᠰᠠᠨ ᠢᠯᠠᠯᠲᠠ ᠣᠯᠳᠠᠭ 
 ᠨᠠᠷᠠ ᠬᠤᠷ᠎ᠠ ᠨᠢ ᠳᠡᠩᠳᠡᠭᠦᠦ ᠲᠡᠩᠴᠡᠭᠰᠡᠨ 
    ᠪᠠᠢᠭᠠᠯᠢ ᠳᠡᠯᠡᠬᠡᠢ ᠶ᠋ᠢᠨ ᠢᠪᠡᠭᠡᠯ ᠢ᠋ᠶ᠋ᠡᠷ ᠯᠡ 
 ᠨᠢᠮᠪᠠᠢ ᠬᠣᠯᠠᠴᠢ ᠤᠬᠠᠭᠠᠨ ᠨᠢ ᠵᠦᠰᠡᠷᠡᠭᠰᠡᠨ 
    ᠪᠤᠶᠠᠨᠲᠤ ᠳᠡᠭᠡᠳᠦᠰ ᠦ᠋ᠨ ᠵᠥᠩᠨᠡᠯ ᠢ᠋ᠶ᠋ᠡᠷ ᠯᠡ 
 ᠨᠢᠭᠤᠴᠠᠭᠠᠢ ᠰᠣᠶᠣᠯ ᠮᠣᠷᠠᠯ ᠨᠢ ᠬᠣᠣᠰᠯᠠᠭᠰᠠᠨ 
    ᠲᠩᠷᠢᠯᠢᠭ ᠰᠢᠲᠦᠭᠡᠨ ᠦ᠌ ᠪᠡᠨ ᠠᠴᠢ ᠪᠠᠷ  
 ᠨᠠᠢᠭᠠᠯ ᠰᠢᠷᠭᠠᠯ ᠣᠷᠴᠢᠯᠠᠩ ᠶᠢᠷᠲᠢᠨᠴᠦ ᠳ᠋ᠦ᠍ 
    ᠨᠢᠴᠤᠰᠢ ᠦᠭᠡᠢ ᠦᠷᠡᠳᠡᠰ ᠨᠢ ᠬᠢᠯᠠᠯᠵᠠᠨᠠᠮ 
 ᠮᠠᠯᠴᠢᠨ ᠠᠷᠠᠳ ᠤ᠋ᠨ ᠡᠩᠬᠦᠷᠡᠢ ᠬᠦᠦ ᠪᠢ ᠪᠡᠷ 
    ᠰᠠᠮᠠᠭᠤᠨ ᠵᠠᠷᠯᠢᠭ ᠢ᠋ ᠡᠷᠡᠰ ᠳᠠᠭᠠᠳᠠᠭ ᠦᠭᠡᠢ 
 ᠮᠥᠩᠬᠡ ᠲᠩᠷᠢ ᠶ᠋ᠢᠨ ᠲᠠᠩᠭᠠᠷᠢᠭ ᠢ᠋ ᠯᠡ 
    ᠵᠢᠷᠦᠬᠡ ᠲᠠᠷᠢᠬᠢᠨ ᠳ᠋ᠠᠭᠠᠨ ᠮᠠᠨᠠᠵᠤ ᠶᠠᠪᠤᠨᠠᠮ 
 ᠶᠡᠷᠡᠨ ᠳᠣᠯᠣᠭᠠᠨ ᠣᠨ ᠤ᠋ ᠳᠤᠯᠠᠭᠠᠨ ᠰᠠᠷ᠎ᠠ 
    ᠶᠡᠬᠡ ᠸᠠᠩᠲᠠᠨ ᠤ᠋ ᠨᠤᠲᠤᠭ ᠪᠣᠷᠣᠭᠠᠨ ᠲᠠᠢ 
 ᠶᠢᠰᠦᠨ ᠵᠢᠯ ᠭᠠᠩᠳᠠᠭᠰᠠᠨ ᠪᠠᠷᠠᠭᠤᠨ ᠰᠥᠨᠢᠳ 
    ᠪᠦᠬᠦᠯᠢ ᠲᠠᠪᠤᠨ ᠡᠳᠦᠷ ᠰᠥᠨᠢ ᠪᠣᠷᠣᠭᠠᠯᠠᠪᠠᠢ 
 ᠰᠠᠢᠬᠠᠨᠲᠠᠯ᠎ᠠ ᠬᠣᠲᠠᠬᠠᠨ ᠪᠢᠲᠡᠭᠦᠦ ᠡᠭᠦᠯᠡᠨ ᠳ᠋ᠦ᠍ 
    ᠪᠢᠯᠢᠭ ᠨᠢ ᠴᠤᠭᠤᠷᠠᠭᠰᠠᠨ ᠮᠡᠲᠦ ᠮᠡᠯᠳᠠᠷᠠᠪᠠᠢ 
 ᠰᠠᠢᠬᠠᠨ ᠥᠬᠢᠨ ᠦ᠌ ᠪᠡᠨ ᠡᠵᠢ ᠲᠡᠢ ᠡᠷᠬᠡᠯᠡᠨ 
    ᠮᠡᠬᠦᠰ ᠬᠥᠮᠦᠨ ᠲᠩᠷᠢ ᠳ᠋ᠦ᠍ ᠢᠪᠡᠭᠡᠭᠳᠡᠪᠡᠢ
   ᠁    ᠁    ᠁
 ᠪᠢ ᠣᠯᠳᠣᠢ ᠥᠴᠦᠬᠡᠨ ᠨᠥᠬᠥᠷ ᠠᠲᠠᠯ᠎ᠠ 
 ᠪᠦᠲᠦᠬᠦ ᠶ᠋ᠢᠨ ᠪᠢᠯᠢᠭᠦᠨ ᠬᠤᠷ᠎ᠠ ᠳᠠᠭᠠᠭᠤᠯᠳᠠᠭ 
 ᠨᠠᠮ᠎ᠠ ᠶ᠋ᠢ ᠬᠤᠷᠤᠢᠯᠠᠭᠰᠠᠨ ᠨᠤᠲᠤᠭ ᠲᠤ᠌ ᠯᠠ 
 ᠨᠠᠷᠠ ᠲᠠᠢ ᠪᠣᠷᠣᠭᠠᠨ ᠲᠠᠢ ᠪᠢ ᠯᠡ ᠣᠴᠢᠳᠠᠭ 
 ᠦᠭᠡᠢ ᠶᠡᠷᠦᠨᠢ ᠪᠠᠰᠠ ᠬᠠᠴᠢᠨ ᠰᠣᠨᠢᠨ ᠰᠢᠦ 
 ᠦᠬᠡᠷ ᠲᠡᠢ ᠪᠢ ᠪᠣᠷᠣᠭ᠎ᠠ ᠲᠠᠢ ᠪᠣᠯᠵᠣᠭᠠᠲᠠᠢ 
 ᠣᠯᠠᠨ ᠵᠢᠯ ᠦ᠋ᠨ ᠲᠡᠷᠲᠡᠭᠡ ᠠᠪᠠᠭ᠎ᠠ ᠳ᠋ᠤ᠌ 
 ᠤᠷᠠᠨ ᠨᠠᠢᠷᠠᠭ ᠤ᠋ᠨ ᠬᠢᠴᠢᠶᠡᠯᠡᠯᠭᠡ ᠬᠢᠬᠦ ᠳ᠋ᠦ᠍ 
 ᠣᠷᠣᠨ ᠬᠡᠪᠴᠢᠶᠡᠨ ᠦ᠌ ᠨᠠᠢᠷᠠᠭᠴᠢ ᠴᠤᠭᠯᠠᠪᠠᠢ 
 ᠣᠨᠴᠠ ᠬᠥᠭᠡᠷᠦᠬᠦᠨ ᠲᠡᠭᠦᠨ ᠲᠡᠢ ᠬᠠᠷᠭᠤᠪᠠᠢ 
 ᠰᠥᠨᠢᠵᠢᠨ ᠲᠩᠷᠢ ᠶ᠋ᠢᠨ ᠬᠤᠷ᠎ᠠ ᠠᠰᠬᠠᠷᠠᠨ 
 ᠰᠦᠮᠡᠨ ᠬᠥᠰᠢᠭᠡ ᠭᠡᠭᠡᠪᠴᠡᠨ᠎ᠡ ᠨᠡᠪᠴᠢᠵᠦ 
 ᠰᠦᠨᠡᠰᠦ ᠵᠦᠰᠡᠷᠡᠭᠦᠯᠦᠭᠰᠡᠨ ᠢᠨᠠᠭ ᠤ᠋ᠨ ᠭᠠᠯ 
 ᠪᠢᠯᠭᠦᠳᠡᠢ ᠶ᠋ᠢᠨ ᠢᠪᠡᠭᠡᠯ ᠳ᠋ᠦ᠍ ᠯᠡ ᠴᠡᠴᠡᠭᠯᠡᠪᠡᠢ 
 ᠬᠡᠨ ᠦ᠌ ᠰᠠᠨᠠᠭ᠎ᠠ ᠪᠣᠢ᠂ ᠲᠩᠷᠢ ᠶ᠋ᠢᠨ ᠰᠠᠨᠠᠭ᠎ᠠ 
 ᠬᠡᠨ ᠦ᠌ ᠬᠡᠰᠢᠭ ᠪᠣᠢ᠂ ᠡᠵᠡᠨ ᠪᠣᠭᠳᠠ ᠬᠡᠰᠢᠭ 
 ᠮᠤᠩᠬᠠᠭ ᠪᠢ ᠳᠠᠩᠴᠤ ᠦᠨᠡᠨ ᠢ᠋ ᠢᠲᠡᠭᠡᠨᠡᠮ 
 ᠮᠤᠬᠤᠷ ᠭᠤᠳᠤᠮᠵᠢ ᠨᠠᠳᠠᠳᠤ ᠪᠠᠢᠭ᠎ᠠ ᠦᠭᠡᠢ 
 ᠲᠡᠭᠡᠭᠡᠳ ᠳᠡᠯᠢᠭᠦᠨ ᠪᠣᠯᠳᠠᠭ ᠢ᠋ ᠵᠡᠭᠦᠳᠦᠯᠡᠪᠡᠢ 
 ᠴᠡᠩᠭᠡᠯ ᠪᠠᠭᠤᠳᠠᠯ ᠤ᠋ᠨ ᠴᠣᠩᠬᠣ ᠪᠠᠷ ᠬᠠᠷᠠᠪᠠᠰᠤ 
 ᠴᠢᠳᠬᠤᠯᠠᠭᠰᠠᠨ ᠦᠶᠡᠷ ᠵᠡᠭᠡᠯᠢ ᠶ᠋ᠢ ᠮᠢᠯᠢᠶᠠᠪᠠᠢ 
 ᠨᠢᠳᠤᠨᠤᠨ ᠵᠢᠯ ᠤᠨ ᠠᠯᠲᠠᠨ ᠨᠠᠮᠤᠷ ᠢ᠋ᠶ᠋ᠠᠷ 
 ᠠᠯᠳᠠᠷᠲᠤ ᠬᠠᠢᠯᠠᠷ ᠬᠣᠲᠠᠨ᠎ᠠ ᠣᠴᠢᠯᠤᠭ᠎ᠠ 
 ᠬᠥᠯᠥᠨ ᠪᠤᠢᠷ ᠲᠤ᠌ ᠪᠠᠢᠳᠠᠭ ᠰᠤᠷᠤᠭᠴᠢᠳ ᠮᠢᠨᠢ
 ᠬᠥᠭᠡᠷᠦᠬᠦᠢ ᠰᠠᠢᠬᠠᠨ ᠬᠦᠨᠳᠦᠯᠡᠩᠬᠡᠨ ᠲᠡᠢᠯᠡᠪᠡᠢ 
 ᠬᠠᠰᠠᠷ ᠬᠥᠭᠥᠷᠭᠡ ᠳᠠᠪᠠᠮᠠᠷ ᠦᠶᠡᠷ ᠪᠣᠷᠣᠭ᠎ᠠ 
 ᠬᠠᠰᠢᠷᠠᠲᠠᠯ᠎ᠠ ᠱᠤᠤᠭᠢᠨ ᠡᠳᠦᠷᠵᠢᠨ ᠪᠠᠭᠤᠪᠠᠢ 
 ᠰᠢᠷᠦᠭᠦᠨ ᠪᠣᠷᠣᠭᠠᠨ ᠢ᠋ᠶ᠋ᠠᠷ ᠨᠠᠷᠭᠢᠯᠳᠤᠬᠤ ᠭᠣᠶᠣ 
 ᠰᠡᠷᠡᠭᠦᠨ ᠤᠨᠲᠠᠭ᠎ᠠ ᠪᠠᠷ ᠠᠷᠢᠬᠢᠳᠠᠬᠤ ᠭᠣᠶᠣ 
 ᠡᠷᠭᠦᠨ᠎ᠡ ᠬᠤᠨ ᠤ᠋ ᠳᠣᠮᠣᠭᠲᠤ ᠪᠣᠷᠣᠭᠠᠨ ᠢ᠋ᠶ᠋ᠠᠷ 
 ᠥᠷᠥᠴᠡᠨ ᠦᠭᠡᠰ ᠢ᠋ ᠱᠠᠪᠢᠨᠠᠷ ᠲᠤ᠌ ᠵᠠᠬᠢᠪᠠᠢ 
 ᠬᠣᠷᠢᠨ ᠭᠤᠷᠪᠠᠨ ᠣᠨ ᠤ᠋ ᠬᠠᠬᠢᠷᠬᠠᠨ ᠡᠪᠦᠯ 
 ᠬᠠᠢᠷᠠᠲᠠᠢ ᠭᠡᠷᠭᠡᠢ ᠪᠡᠨ ᠠᠩᠬ᠎ᠠ ᠡᠷᠭᠢᠬᠦ ᠪᠡᠷ 
 ᠬᠠᠷᠠᠩᠭᠤᠢ ᠳᠤᠮᠳᠠ ᠠᠯᠤᠰ ᠢ᠋ ᠵᠣᠷᠢᠬᠤᠢ ᠳ᠋ᠤᠷ 
 ᠰᠥᠨᠢ ᠶ᠋ᠢ ᠰᠦᠯᠡᠲᠡᠯ᠎ᠡ ᠴᠠᠰᠤᠨ ᠯᠠᠪᠰᠠᠯᠠᠪᠠᠢ 
 ᠮᠥᠩᠭᠥᠨ ᠴᠠᠰᠤ ᠪᠣᠯ ᠭᠡᠷᠡᠯᠲᠦᠭᠰᠡᠨ ᠬᠤᠷ᠎ᠠ 
 ᠮᠥᠮᠥ ᠶ᠋ᠢᠨ ᠰᠦᠨ ᠠᠳᠠᠯᠢ ᠰᠢᠮᠡᠲᠡᠢ ᠬᠤᠷ᠎ᠠ 
 ᠲᠩᠷᠢ ᠨᠠᠮ᠎ᠠ ᠶ᠋ᠢ ᠴᠣᠬᠣᠮ ᠶᠠᠭᠤᠨ ᠤᠴᠢᠷ 
 ᠲᠡᠭᠡᠲᠡᠯ᠎ᠡ ᠪᠡᠨ ᠳᠠᠩᠳᠠ ᠲᠡᠳᠬᠦᠳᠡᠭ ᠪᠣᠢ 
 ᠮᠣᠩᠭᠣᠯ ᠤ᠋ᠨ ᠢ᠋ᠶ᠋ᠠᠨ ᠲᠥᠯᠥᠭᠡᠨ᠎ᠡ  
 ᠳᠡᠩᠳᠡᠭᠦᠦ ᠵᠢᠷᠤᠮ ᠵᠣᠷᠢᠭ ᠲᠠᠢ 
 ᠮᠣᠬᠣᠵᠤ ᠴᠣᠴᠢᠭ᠎ᠠ ᠨᠢ ᠦᠭᠡᠢ 
 ᠵᠢᠳᠬᠦᠭᠰᠡᠨ ᠦ᠌ ᠰᠢᠯᠲᠠᠭᠠᠨ ᠤᠤ  
 ᠮᠢᠷᠠᠯᠵᠠᠭᠰᠠᠨ ᠤᠷᠠᠯᠢᠭ ᠰᠣᠶᠣᠯ ᠳ᠋ᠠᠭᠠᠨ 
 ᠮᠢᠨᠳᠠᠰᠤᠨ ᠴᠠᠭᠠᠨ ᠰᠡᠳᠬᠢᠯ ᠢ᠋ᠶ᠋ᠡᠨ 
 ᠮᠢᠲᠠᠷᠠᠰᠢ ᠦᠭᠡᠢ ᠰᠢᠭᠤᠷᠬᠠᠢ 
 ᠵᠣᠷᠢᠭᠤᠯᠤᠭᠰᠠᠨ ᠤ᠋ ᠬᠢᠨᠢ ᠬᠠᠷᠢᠭᠤ ᠤᠤ  
 ᠶᠠᠭᠤ ᠴᠤ᠌ ᠯᠠ ᠭᠡᠰᠡᠨ ᠨᠠᠢᠷᠠᠭᠴᠢ ᠪᠢ 
 ᠶᠡᠷᠦᠨᠢ ᠮᠥᠩᠬᠡ ᠲᠩᠷᠢ ᠳ᠋ᠦ᠍ ᠪᠡᠨ 
 ᠪᠤᠷᠤᠭᠤ ᠦᠵᠡᠭᠳᠡᠭᠡ ᠨᠢ ᠦᠭᠡᠢ 
 ᠪᠤᠷᠬᠠᠨ ᠤ᠋ ᠢᠪᠡᠭᠡᠯ ᠳ᠋ᠦ᠍ ᠪᠠᠭᠲᠠᠭᠰᠠᠨ ᠬᠥᠮᠦᠨ  

         2024᠂ 5᠂ 6 ᠃  ᠰᠥᠨᠢ ᠶ᠋ᠢᠨ ᠭᠦᠨ ᠃  
 
       ᠬᠥᠬᠡᠬᠣᠲᠠᠨ᠎ᠠ ᠪᠦᠲᠦᠭᠡᠪᠡᠢ᠃