ᠬᠠᠮᠲᠤ ᠶ᠋ᠢᠨ ᠭᠡᠵᠦ ᠬᠠᠮᠠᠭᠠᠯᠠᠭᠠᠷᠠᠢ ᠥᠪ ᠰᠣᠶᠣᠯ ᠢ᠋ᠶ᠋ᠠᠨ ᠮᠣᠩᠭᠣᠯᠴᠤᠳ ᠠ᠋-ᠵᠠ᠊· ᠤᠷᠭᠤᠮᠠᠯ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠲᠤ ᠶ᠋ᠢᠨ ᠭᠡᠵᠦ ᠬᠠᠮᠠᠭᠠᠯᠠᠭᠠᠷᠠᠢ ᠥᠪ ᠰᠣᠶᠣᠯ ᠢ᠋ᠶ᠋ᠠᠨ ᠮᠣᠩᠭᠣᠯᠴᠤᠳ ᠠ᠋-ᠵᠠ᠊· ᠤᠷᠭᠤᠮᠠᠯ

ᠬᠠᠮᠲᠤ ᠶ᠋ᠢᠨ ᠭᠡᠵᠦ ᠬᠠᠮᠠᠭᠠᠯᠠᠭᠠᠷᠠᠢ ᠥᠪ ᠰᠣᠶᠣᠯ ᠢ᠋ᠶ᠋ᠠᠨ ᠮᠣᠩᠭᠣᠯᠴᠤᠳ ᠠ᠋-ᠵᠠ᠊· ᠤᠷᠭᠤᠮᠠᠯ

2024-05-14

465

       ᠵᠠ᠊· ᠤᠷᠭᠤᠮᠠᠯ᠂( ᠰᠢᠨᠵᠢᠶᠠᠩ ᠪᠣᠷᠣᠳᠠᠯ᠎ᠠ) 
ᠠᠯᠠᠭ ᠳᠡᠯᠡᠬᠡᠢ ᠶ᠋ᠢᠨ ᠠᠯᠲᠠᠨ ᠨᠠᠷᠠᠨ ᠤ᠋ ᠳᠣᠣᠷ᠎ᠠ 
ᠠᠶᠠᠯᠭᠤ ᠨᠢᠭᠡᠲᠡᠢ ᠥᠨᠢᠷ ᠤᠭᠰᠠᠭ᠎ᠠ ᠶᠠᠰᠤᠲᠠᠨ ᠮᠢᠨᠢ 
ᠠᠵᠠ ᠶ᠋ᠢᠨ ᠵᠢᠷᠭᠠᠯ ᠲᠠᠢ ᠡᠨᠡᠬᠡᠨ ᠬᠣᠷᠸ᠎ᠠ ᠳ᠋ᠤ᠌ 
ᠡᠶ᠎ᠡ ᠨᠠᠢᠷ ᠲᠠᠢ ᠠᠮᠢᠳᠤᠷᠠᠬᠤ ᠤᠳᠤᠮ ᠴᠡᠪᠡᠷ ᠣᠯᠠᠨ ᠮᠢᠨᠢ 

ᠲᠩᠷᠢ ᠶ᠋ᠢᠨ ᠪᠣᠱᠣᠭ ᠲᠠᠢ ᠵᠠᠷᠯᠢᠭ ᠢ᠋ ᠲᠣᠰᠴᠤ 
ᠳᠡᠭᠡᠳᠦᠰ ᠡᠴᠡ ᠥᠪᠯᠡᠭᠦᠯᠦᠭᠰᠡᠨ ᠥᠪ ᠲᠡᠢ ᠪᠢᠯᠡ ᠪᠢᠳᠡ 
ᠲᠦᠮᠡᠨ ᠮᠢᠩᠭᠠᠨ ᠭᠣᠣᠯ ᠤ᠋ᠨ ᠤᠷᠤᠰᠬᠠᠯ ᠳ᠋ᠤ᠌ ᠨᠡᠢᠯᠡᠬᠦ 
ᠳᠦᠭᠦᠷᠡᠩ ᠣᠮᠣᠭᠣᠯᠠᠩ ᠰᠥᠰᠥ ᠲᠡᠢ ᠦᠨᠳᠦᠰᠦᠲᠡᠨ ᠪᠢᠯᠡ ᠪᠢᠳᠡ 

ᠠᠽᠢᠶ᠎ᠠ ᠧᠦ᠋ᠷᠣᠫᠠ ᠠᠯᠲᠠᠢ ᠬᠠᠩᠭᠠᠢ ᠬᠡᠨᠲᠡᠢ ᠶ᠋ᠢ ᠰᠤᠨᠳᠠᠯᠠᠭᠰᠠᠨ
ᠠᠤᠭ᠎ᠠ ᠬᠦᠴᠦᠷᠬᠡᠭ ᠠᠪᠤᠷᠭᠤ ᠪᠠᠭᠠᠲᠤᠷᠴᠤᠳ ᠪᠢᠯᠡ ᠪᠢᠳᠡ
ᠠᠭᠤᠯᠠ ᠤᠰᠤ ᠠᠭᠤᠳᠠᠮ ᠲᠠᠯ᠎ᠠ ᠶ᠋ᠢ ᠳᠠᠪᠠᠭᠤᠯᠤᠨ ᠴᠤᠤᠷᠢᠶᠠᠳᠤᠭᠰᠠᠨ
ᠤᠷᠲᠤ ᠶ᠋ᠢᠨ ᠰᠢᠷᠤᠩᠬᠠᠢ ᠲᠠᠢ ᠨᠡᠭᠦᠳᠡᠯᠴᠢᠳ ᠪᠢᠯᠡ ᠪᠢᠳᠡ

ᠨᠠᠷᠠᠨ ᠰᠠᠷᠠᠨ ᠤ᠋ ᠡᠭᠡᠯᠵᠢᠶᠡᠨ ᠲᠡᠢ ᠬᠣᠷᠸ᠎ᠠ ᠳ᠋ᠤ᠌
ᠳᠡᠯᠭᠡᠷ ᠵᠠᠶᠠᠭ᠎ᠠ ᠲᠠᠢ ᠲᠩᠷᠢᠯᠢᠭ ᠤᠭᠰᠠᠭᠠᠲᠠᠨ ᠪᠢᠯᠡ ᠪᠢᠳᠡ
ᠨᠠᠰᠤᠨ ᠲᠤᠷᠰᠢ ᠳ᠋ᠤ᠌ ᠪᠠᠨ ᠳᠡᠭᠡᠳᠦᠯᠡᠬᠦ ᠰᠢᠲᠦᠭᠡᠨ ᠲᠡᠢ
ᠲᠡᠦᠬᠡ ᠰᠤᠳᠤᠷ ᠦᠯᠢᠭᠡᠷ ᠳᠠᠭᠤᠯᠠᠯ ᠴᠠᠳᠢᠭ ᠲᠠᠢ ᠪᠢᠯᠡ ᠪᠢᠳᠡ

ᠬᠣᠯᠠ ᠶ᠋ᠢᠨ ᠡᠷᠬᠡ ᠪᠡᠷ ᠬᠣᠯᠠᠳᠬᠤ ᠦᠭᠡᠢ
ᠬᠣᠪᠣᠷᠬᠠᠨ ᠪᠠᠢᠳᠠᠭ ᠡᠷᠳᠡᠨᠢ ᠰᠢᠭ ᠮᠣᠩᠭᠣᠯᠴᠤᠳ ᠮᠢᠨᠢ
ᠬᠣᠨᠣᠭ ᠤ᠋ᠨ ᠵᠡᠭᠦᠳᠦᠨ ᠳ᠋ᠦ᠍ ᠬᠣᠷᠭᠣᠳᠠᠨ ᠰᠠᠨᠠᠭᠳᠠᠳᠠᠭ
ᠬᠣᠯᠪᠣᠭ᠎ᠠ ᠨᠢᠭᠡᠲᠡᠢ ᠢᠰᠡᠭᠡᠢ ᠲᠣᠭᠣᠷᠭᠠᠲᠠᠳ ᠮᠢᠨᠢ

ᠥᠨᠢᠳᠡ ᠮᠥᠩᠬᠡ ᠶ᠋ᠢᠨ ᠨᠥᠮᠥᠷᠢ ᠲᠦᠰᠢᠭ ᠪᠣᠯᠤᠭᠰᠠᠨ
ᠥᠷᠯᠥᠭ ᠶᠡᠬᠡ ᠥᠨᠳᠥᠷᠯᠢᠭ ᠦ᠋ᠨ ᠬᠠᠯᠠᠭᠤᠨ ᠣᠷᠣᠨ ᠮᠢᠨᠢ
ᠥᠪᠥᠷ ᠠᠷᠤ ᠪᠠᠷᠠᠭᠤᠨ ᠵᠡᠭᠦᠨᠰᠢ ᠪᠡᠨ ᠰᠠᠴᠤᠭᠳᠠᠭᠰᠠᠨ
ᠥᠩᠭᠡ ᠰᠣᠯᠣᠩᠭᠠᠷᠠᠭᠰᠠᠨ ᠳᠠᠯᠠᠯᠭ᠎ᠠ ᠲᠠᠢ ᠮᠣᠩᠭᠣᠯᠴᠤᠳ ᠮᠢᠨᠢ

ᠡᠪ ᠦ᠋ᠨ ᠳᠡᠯᠡᠬᠡᠢ ᠳ᠋ᠦ᠍ ᠭᠠᠯ ᠰᠢᠭ᠋ ᠢ᠋ᠶ᠋ᠡᠨ ᠳᠦᠷᠡᠯᠵᠡᠵᠦ
ᠡᠶ᠎ᠡ ᠪᠠᠲᠤ ᠵᠢᠷᠭᠠᠯ ᠳᠦᠭᠦᠷᠡᠩ ᠢ᠋ᠶ᠋ᠡᠷ ᠪᠢᠯᠬᠠᠭᠠᠷᠠᠢ
ᠡᠬᠡ ᠪᠠᠢᠭᠠᠯᠢ ᠶ᠋ᠢᠨ ᠲᠣᠷᠭᠠᠨ ᠡᠩᠭᠡᠷ ᠳᠡᠭᠡᠷ᠎ᠡ
ᠡᠩᠬᠡᠵᠢᠨ ᠪᠡᠶ᠎ᠡ ᠪᠡᠶ᠎ᠡ ᠪᠡᠨ ᠬᠠᠢᠷᠠᠯᠠᠨ ᠶᠠᠪᠤᠭᠠᠷᠠᠢ

ᠤᠬᠠᠭᠠᠨ ᠪᠣᠳᠣᠯ ᠢ᠋ ᠠᠷᠢᠭᠤᠰᠬᠠᠨ ᠴᠢᠮᠡᠭᠯᠡᠭᠰᠡᠨ
ᠣᠷᠴᠢᠯᠠᠩ ᠤ᠋ᠨ ᠭᠠᠭᠴᠠᠬᠠᠨ ᠪᠣᠰᠤᠭ᠎ᠠ ᠪᠢᠴᠢᠭ ᠲᠡᠢ ᠪᠢᠯᠡ ᠪᠢᠳᠡ
ᠥᠭᠡᠷ᠎ᠡ ᠬᠡᠨ ᠳ᠋ᠦ᠍ ᠴᠤ ᠪᠠᠢᠬᠤ ᠦᠭᠡᠢ ᠣᠬᠢ ᠰᠣᠶᠣᠯ
ᠣᠨᠴᠠᠭᠠᠢ ᠭᠠᠢᠬᠠᠮᠰᠢᠭ ᠰᠣᠳᠣᠨ ᠰᠤᠷᠭᠠᠯ ᠲᠠᠢ ᠪᠢᠯᠡ ᠪᠢᠳᠡ

ᠬᠠᠢᠷᠠᠲᠠᠢ ᠭᠡᠵᠦ ᠬᠠᠢᠷᠠᠯᠠᠭᠠᠷᠠᠢ ᠪᠡᠶ᠎ᠡ ᠪᠡᠶ᠎ᠡ ᠪᠡᠨ
ᠬᠠᠨᠠᠭᠠᠷ ᠭᠡᠵᠦ ᠣᠮᠣᠭᠰᠢᠭᠠᠷᠠᠢ ᠨᠤᠲᠤᠭ ᠤᠰᠤ ᠪᠠᠨ
ᠬᠠᠯᠠᠭᠤᠨ ᠭᠡᠵᠦ ᠲᠡᠪᠡᠷᠢᠭᠡᠷᠡᠢ ᠡᠬᠡ ᠣᠷᠣᠨ ᠢ᠋ᠶ᠋ᠠᠨ
ᠬᠠᠮᠲᠤ ᠶ᠋ᠢᠨ ᠭᠡᠵᠦ ᠬᠠᠮᠠᠭᠠᠯᠠᠭᠠᠷᠠᠢ ᠥᠪ ᠰᠣᠶᠣᠯ ᠢ᠋ᠶ᠋ᠠᠨ ᠮᠣᠩᠭᠣᠯᠴᠤᠳ ᠠ᠋!

        2023.12.26
   ᠦᠰᠦᠭ ᠠᠮᠢᠯᠠᠭᠤᠯᠤᠭᠴᠢ᠄ ᠣᠶᠤᠨᠪᠠᠲᠤ
   ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠨᠠᠷᠠᠨᠮᠠᠨᠳᠠ