ᠪᠣᠳᠣᠯ ᠤᠨ ᠭᠣᠭᠴᠣᠭ᠎ᠠ - ᠴᠣ ᠂ ᠣᠷᠱᠤᠨ Бодлын гогцоо – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠤᠨ ᠭᠣᠭᠴᠣᠭ᠎ᠠ - ᠴᠣ ᠂ ᠣᠷᠱᠤᠨ Бодлын гогцоо – Чо ᠂ Оршин

ᠪᠣᠳᠣᠯ ᠤᠨ ᠭᠣᠭᠴᠣᠭ᠎ᠠ - ᠴᠣ ᠂ ᠣᠷᠱᠤᠨ Бодлын гогцоо – Чо ᠂ Оршин

2024-05-14

237

ᠪᠣᠳᠣᠯ ᠤᠨ ᠭᠣᠭᠴᠣᠭ᠎ᠠ


          ᠪᠣᠳᠣᠯ 

 ᠪᠣᠳᠣᠯ ᠭᠡᠳᠡᠭ ᠬᠡᠴᠡᠭᠦᠦ ᠵᠤᠭᠠᠴᠠᠯ  
 ᠪᠣᠯᠢᠭᠤᠯᠵᠤ ᠪᠣᠯᠣᠰᠢ ᠦᠭᠡᠢ ᠭᠣᠭᠴᠣᠭ᠎ᠠ᠂ 
 ᠪᠣᠳᠣᠨ᠎ᠠ ᠭᠡᠭᠴᠢ ᠲᠠᠭᠠᠲᠠᠢ ᠦᠵᠡᠮᠵᠢ  
 ᠪᠣᠷᠣ ᠵᠢᠷᠦᠬᠡᠨ ᠳ᠋ᠦ᠍ ᠰᠢᠯᠦᠭ ᠦ᠋ᠨ ᠰᠦᠯᠳᠡ᠃ 

 ᠰᠠᠨᠠᠨ᠎ᠠ ᠭᠡᠳᠡᠭ ᠬᠡᠴᠡᠭᠦᠦ ᠰᠡᠬᠡᠭᠡᠷᠡᠯ  
 ᠰᠠᠭᠠᠲᠠᠭᠠᠵᠤ ᠪᠣᠯᠳᠠᠭ ᠦᠭᠡᠢ ᠭᠣᠭᠴᠣᠭ᠎ᠠ᠂ 
 ᠰᠠᠨᠠᠭᠳᠠᠨ᠎ᠠ ᠭᠡᠭᠴᠢ ᠠᠶᠠᠲᠠᠢ ᠵᠤᠭ᠎ᠠ  
 ᠰᠠᠳᠠᠷᠠᠬᠤ ᠤᠶᠠᠩᠭ᠎ᠠ ᠰᠢᠨᠡᠬᠡᠨ ᠶᠢᠷᠲᠢᠨᠴᠦ᠃       

          ᠭᠠᠷ  

 ᠬᠥᠳᠡᠯᠮᠦᠷᠢ ᠲᠡᠮᠡᠴᠡᠯ ᠳ᠋ᠦ᠍ ᠬᠦᠳᠡᠷᠰᠢᠭᠰᠡᠨ ᠭᠠᠷ 
 ᠬᠥᠩᠭᠡᠨ ᠭᠡᠷ ᠲᠦ᠍ ᠳᠠᠳᠤᠯᠭᠠᠰᠢᠷᠠᠭᠰᠠᠨ ᠭᠠᠷ 
 ᠮᠠᠰᠢᠨ ᠵᠢᠯᠣᠭᠣᠳᠤᠭᠰᠠᠨ ᠮᠡᠷᠭᠡᠵᠢᠯ ᠦ᠋ᠨ ᠭᠠᠷ 
 ᠮᠠᠯ ᠬᠠᠷᠢᠭᠤᠯᠤᠭᠰᠠᠨ ᠤᠷᠭ᠎ᠠ ᠶ᠋ᠢᠨ ᠭᠠᠷ 
    ᠠᠯᠢᠨ ᠨᠢ ᠪᠣᠯᠪᠠᠴᠤ ᠪᠦᠷ ᠠᠳᠠᠯᠢᠬᠠᠨ ᠶᠤᠮ 
    ᠠᠮᠢᠳᠤ ᠬᠥᠮᠦᠨ ᠳ᠋ᠦ᠍ ᠪᠠᠢᠳᠠᠭ ᠯᠠ ᠭᠠᠷ  
    ᠠᠰᠢᠭᠦᠢ ᠮᠠᠨ ᠤ᠋ ᠬᠡᠷᠡᠭ ᠲᠡᠢ ᠭᠠᠷ᠃ 
 ᠬᠣᠮᠣᠬᠠᠢ ᠪᠣᠳᠣᠯ ᠢ᠋ᠶ᠋ᠠᠷ ᠰᠠᠷᠪᠠᠢᠳᠠᠭ ᠭᠠᠷ  
 ᠬᠣᠪᠢᠨ ᠤ᠋ ᠲᠥᠯᠥᠭᠡ ᠰᠢᠨᠤᠳᠠᠭ ᠭᠠᠷ 
 ᠬᠢᠮᠤᠰᠤ ᠬᠤᠷᠤᠭᠤ ᠬᠥᠳᠡᠯᠭᠡᠳᠡᠭ ᠭᠠᠷ 
 ᠬᠣᠨᠵᠢᠯ ᠥᠰᠢᠯ ᠡᠭᠦᠰᠬᠡᠳᠡᠭ ᠭᠠᠷ 
    ᠠᠯᠢᠨ ᠴᠤ᠌ ᠪᠦᠷ ᠢᠵᠢᠯᠬᠡᠨ 
    ᠠᠮᠢᠳᠤᠷᠠᠵᠤ ᠶᠠᠪᠤᠭ᠎ᠠ ᠭᠠᠷ ᠪᠣᠯᠪᠠᠴᠤ 
    ᠠᠰ ᠤ᠋ᠨ ᠪᠡᠶ᠎ᠡ ᠳ᠋ᠦ᠍ ᠢᠯᠡᠭᠦᠦ ᠭᠠᠷ!           
 
         ᠭᠠᠯ 

 ᠬᠥᠷᠥᠰᠥᠲᠦ ᠳᠡᠯᠡᠬᠡᠢ ᠣᠷᠣᠰᠢᠳᠠᠭ ᠪᠣᠯ  
 ᠬᠥᠮᠦᠨ ᠲᠥᠷᠥᠯᠬᠢᠲᠡᠨ ᠠᠮᠢᠳᠤᠷᠠᠳᠠᠭ ᠪᠣᠯ  
 ᠡᠬᠡ ᠣᠷᠣᠨ ᠳ᠋ᠠᠭᠠᠨ ᠴᠣᠭ ᠢ᠋ ᠪᠠᠳᠠᠷᠠᠭᠤᠯᠤᠭᠴᠢ  
 ᠡᠷᠡᠨ ᠦᠶ᠎ᠡ ᠶ᠋ᠢᠨ ᠭᠠᠯ ᠨᠢ ᠪᠣᠯ 
 ᠬᠦᠰᠡᠯᠡᠩ ᠢ᠋ᠶ᠋ᠡᠷ ᠡᠷᠴᠢᠮ ᠨᠡᠢᠳᠬᠡᠭᠰᠡᠨ  
 ᠬᠥᠳᠡᠯᠮᠦᠷᠢ ᠪᠡᠷ ᠠᠮᠢᠰᠬᠤᠯ ᠠᠪᠤᠭᠰᠠᠨ 
 ᠠᠮᠢᠳᠤᠷᠠᠯ ᠲᠡᠮᠡᠴᠡᠯ ᠦ᠋ᠨ ᠵᠠᠮ ᠳ᠋ᠠᠬᠢ  
 ᠠᠭᠠᠭᠢᠮ᠎ᠠ ᠵᠠᠯᠠᠭᠤ ᠨᠠᠰᠤ ᠮᠥᠨ᠃  
 ᠬᠥᠷᠥᠰᠥ ᠦᠨᠳᠦᠰᠦ ᠪᠠᠢᠳᠠᠭ ᠪᠣᠯ  
 ᠬᠥᠮᠦᠨ ᠠᠮᠢᠳᠤᠷᠠᠯ ᠪᠠᠢᠭ᠎ᠠ ᠪᠣᠯ  
 ᠠᠭᠤᠤ ᠣᠷᠣᠨ ᠤ᠋ ᠲᠤᠯᠭ᠎ᠠ ᠳ᠋ᠠᠬᠢ  
 ᠠᠷᠠᠳ ᠲᠦᠮᠡᠨ ᠦ᠌ ᠭᠠᠯ ᠨᠢ ᠪᠣᠯ  
 ᠰᠤᠷᠤᠯᠭ᠎ᠠ ᠪᠠᠷ ᠣᠶᠤᠨ ᠢ᠋ᠶ᠋ᠠᠨ ᠰᠢᠮᠡᠳᠬᠡᠭᠰᠡᠨ 
 ᠰᠤᠳᠤᠯᠬᠤ ᠪᠠᠷ ᠲᠠᠷᠢᠬᠢ ᠪᠠᠨ ᠵᠡᠪᠰᠡᠭᠯᠡᠭᠰᠡᠨ 
 ᠳᠠᠭᠠᠷᠢᠵᠤ ᠥᠩᠭᠡᠷᠡᠳᠡᠭ ᠨᠠᠰᠤᠨ ᠤ᠋ ᠮᠢᠨᠢ  
 ᠳᠠᠬᠢᠵᠤ ᠢᠷᠡᠳᠡᠭ ᠦᠭᠡᠢ ᠵᠠᠯᠠᠭᠤ ᠦᠶ᠎ᠡ ᠠ᠋᠃ 

    ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 05 07