ᠪᠤᠷᠬᠠᠨ ᠤ ᠳᠤᠰᠠ - ᠶᠣᠨᠳᠣᠨ ᠤ ᠪᠢᠯᠢᠭ᠌ - ᠪᠠᠭᠠᠲᠤᠷ Бурхны тус - Ёндоны Билиг - Баатар
ᠪᠤᠷᠬᠠᠨ ᠤ ᠳᠤᠰᠠ
ᠲᠤᠰᠠ ᠶᠠᠮᠠᠷᠴᠤ ᠬᠡᠷᠡᠭ ᠦᠭᠡᠢ
ᠵᠠᠯᠢᠬᠠᠢ ᠪᠠᠶᠠᠳ᠂ ᠲᠠᠩᠬᠠᠢ ᠨᠣᠶᠠᠳ ᠤ᠋ᠨ
ᠲᠤᠰᠠ ᠶᠣᠰᠣᠲᠠᠢ ᠬᠡᠷᠡᠭ ᠦᠭᠡᠢ
ᠵᠤᠯᠠᠢ ᠢᠯᠪᠢᠭᠴᠢ ᠲᠠᠷᠢᠬᠢ ᠰᠤᠷᠤᠭᠴᠢ ᠶ᠋ᠢᠨ
ᠲᠤᠰᠠ ᠱᠠᠯ ᠬᠡᠷᠡᠭ ᠦᠭᠡᠢ
ᠵᠣᠯᠪᠢᠩ ᠪᠠᠷᠳᠠᠮ ᠵᠣᠳᠣᠭᠠᠴᠢ ᠬᠡᠷᠡᠭᠦᠯᠴᠢ ᠶ᠋ᠢᠨ
ᠲᠤᠰᠠ ᠶᠡᠷᠦ ᠡᠴᠡ ᠬᠡᠷᠡᠭ ᠦᠭᠡᠢ
ᠵᠥᠪᠬᠡᠨ ᠵᠢᠪ ᠵᠢᠩᠬᠢᠨᠢ ᠪᠤᠷᠬᠠᠨ ᠤ᠋ ᠯᠠ
ᠲᠤᠰᠠ ᠲᠠᠨᠤᠰ ᠲᠤ᠌ ᠯᠠᠪ ᠬᠡᠷᠡᠭ ᠲᠡᠢ
ᠵᠣᠪᠠᠯᠠᠩ ᠠ᠋ᠴᠠ ᠲᠤᠢᠯᠪᠤᠷᠢᠲᠠᠢ ᠬᠡᠲᠦᠯᠡᠭᠴᠢ ᠨᠢ
ᠵᠠᠢᠯᠠᠰᠢ ᠦᠭᠡᠢ ᠪᠤᠷᠬᠠᠨ ᠤ᠋ ᠲᠤᠰᠠ
᠁ ᠁ ᠁
ᠵᠥᠷᠢᠭᠦᠳ ᠣᠮᠣᠷᠬᠠᠭ ᠬᠠᠷᠠᠩᠭᠤᠢ ᠮᠤᠩᠬᠠᠭ!
ᠴᠢᠮ᠎ᠠ ᠶ᠋ᠢ ᠵᠠᠢᠯᠠᠰᠢ ᠦᠭᠡᠢ ᠪᠤᠯᠠᠰᠢᠯᠠᠨᠠ
ᠵᠥᠪ ᠲᠥᠪ ᠦᠨᠡᠨ ᠢ᠋ ᠯᠡ ᠰᠠᠬᠢᠪᠠᠰᠤ
ᠴᠢᠨᠳᠠᠮᠤᠨᠢ ᠶᠢᠰᠦᠨ ᠡᠷᠳᠡᠨᠢ ᠰᠢᠳᠢ ᠬᠦᠷᠲᠡᠮᠦ
ᠳᠡᠩᠳᠡᠭᠦᠦ ᠬᠣᠯᠠ ᠶ᠋ᠢ ᠲᠡᠭᠦᠰ ᠮᠥᠷᠦᠭᠡᠳᠦᠪᠡᠰᠦ
ᠳᠡᠯᠡᠬᠡᠢ ᠲᠡᠭᠷᠢ ᠬᠥᠮᠦᠨ ᠲᠤᠰᠠ ᠶ᠋ᠢ ᠣᠯᠤᠶᠤ
ᠲᠠ ᠪᠤᠷᠬᠠᠨ ᠤ᠋ ᠲᠤᠰᠠ ᠶ᠋ᠢ
ᠬᠡᠳᠦᠢ ᠶᠡᠬᠡ ᠣᠯᠤᠨ᠎ᠠ
ᠲᠠ ᠲᠡᠳᠦᠢ ᠥᠨᠳᠥᠷ
ᠦᠨ᠎ᠡ ᠥᠷᠲᠡᠭ ᠲᠡᠢ ᠪᠣᠯᠤᠨ᠎ᠠ
ᠲᠠ ᠬᠡᠳᠦᠢ ᠥᠨᠳᠥᠷ
ᠦᠨ᠎ᠡ ᠥᠷᠲᠡᠭ ᠲᠡᠢ ᠪᠣᠯᠤᠨ᠎ᠠ
ᠲᠠ ᠲᠡᠳᠦᠢ ᠯᠤᠲᠤ
ᠡᠷᠴᠢᠮ ᠡᠨᠧᠷᠭᠢ ᠢᠯᠴᠢ ᠲᠡᠢ ᠪᠣᠯᠤᠨ᠎ᠠ
ᠲᠠ ᠬᠡᠳᠦᠢ ᠮᠤᠨᠳᠠᠭ
ᠡᠷᠴᠢᠮ ᠡᠨᠧᠷᠭᠢ ᠢᠯᠴᠢ ᠲᠡᠢ ᠪᠣᠯᠤᠨ᠎ᠠ
ᠲᠠ ᠲᠡᠳᠦᠢ ᠲᠠᠲᠠᠬᠤ ᠬᠦᠴᠦᠨ ᠦ᠌
ᠰᠣᠷᠢᠨᠵᠢᠨ ᠴᠢᠨᠠᠷ ᠲᠠᠢ ᠪᠣᠯᠤᠨ᠎ᠠ
ᠲᠠ ᠬᠡᠳᠦᠢ ᠴᠢᠩ ᠰᠢᠳᠤᠷᠭᠤ ᠪᠠᠷ
ᠮᠥᠩᠬᠡ ᠲᠡᠭᠷᠢ ᠪᠤᠷᠬᠠᠨ ᠢ᠋ᠶ᠋ᠠᠨ ᠰᠢᠲᠦᠨ᠎ᠡ
ᠲᠠ ᠲᠡᠳᠦᠢ ᠥᠷᠯᠥᠭ ᠬᠠᠨᠠᠭᠠᠷ
ᠲᠠᠩᠰᠤᠭ ᠢᠪᠡᠭᠡᠯ ᠬᠦᠷᠲᠡᠨ᠎ᠡ
ᠲᠠ ᠲᠠᠨᠤᠰ ᠮᠢᠨᠢ
ᠪᠤᠷᠬᠠᠨ ᠤ᠋ ᠲᠤᠰᠠ ᠶ᠋ᠢ ᠪᠠᠢᠩᠭᠤ
ᠮᠠᠰᠢ ᠤᠳᠠᠭᠠᠨ ᠬᠦᠷᠲᠡᠪᠡᠰᠦ
ᠬᠠᠮᠤᠭ ᠳᠡᠭᠡᠳᠦ ᠲᠦᠪᠰᠢᠨ ᠦ᠌
ᠲᠡᠭᠷᠢᠯᠢᠭ ᠳᠡᠭᠲᠡᠷᠯᠢᠭ ᠡᠴᠡ
ᠰᠠᠨᠰᠠᠷᠯᠢᠭ ᠣᠶᠤᠨ ᠪᠢᠯᠢᠭ ᠢ᠋ ᠬᠦᠷᠲᠡᠨ᠎ᠡ
ᠰᠠᠨᠰᠠᠷᠯᠢᠭ ᠣᠶᠤᠨ ᠪᠢᠯᠢᠭ ᠢ᠋ᠶ᠋ᠡᠷ
ᠰᠠᠶᠢ ᠲᠠ ᠲᠠᠨᠤᠰ ᠣᠷᠴᠢᠯᠠᠩᠴᠤᠰ ᠪᠣᠯᠤᠨ᠎ᠠ
ᠪᠤᠷᠬᠠᠨ ᠤ᠋ ᠦᠯᠡᠮᠵᠢ ᠲᠤᠰᠠ ᠶ᠋ᠢ
ᠭᠥᠷᠳᠡᠶᠦ ᠭᠡᠮᠡᠨ ᠭᠣᠷᠢᠳᠠᠪᠠᠰᠤ
ᠪᠤᠭᠤᠷᠤᠯ ᠠᠪᠤ ᠡᠵᠢ ᠶ᠋ᠢ ᠪᠡᠨ ᠯᠡ
ᠪᠠᠢᠩᠭᠤ ᠲᠠᠬᠢᠮᠳᠠᠭᠤ ᠠᠴᠢᠯᠠᠬᠤ ᠠ᠋ᠴᠠ ᠡᠬᠢᠯᠡ
ᠪᠤᠰᠤᠳ ᠨᠢ ᠪᠦᠭᠦᠳᠡᠭᠡᠷ ᠢ᠋ᠶ᠋ᠡᠨ ᠯᠡ
ᠳᠠᠷᠠᠭᠠᠴᠢ ᠶ᠋ᠢᠨ ᠤᠴᠢᠷ ᠬᠡᠷᠡᠭ ᠲᠡᠳᠦᠢ ᠰᠢᠦ
᠁ ᠁ ᠁
2024᠂ 5᠂ 13᠃ ᠰᠢᠷ᠎ᠠ ᠪᠦᠷᠦᠢ᠃
ᠰᠢᠯᠦᠭ ᠪᠦᠲᠦᠭᠡᠳᠡᠭ ᠰᠢᠷᠭᠠᠯ ᠬᠠᠳᠠᠨ
ᠪᠢᠴᠢᠭ ᠦ᠋ᠨ ᠰᠢᠷᠡᠭᠡᠨ ᠳᠡᠭᠡᠷ᠎ᠡ ᠪᠠᠨ ᠯᠠ
ᠬᠥᠬᠡᠬᠣᠲᠠᠨ᠎ᠠ ᠪᠦᠲᠦᠭᠡᠪᠡᠢ᠃

