ᠲᠠᠯ᠎ᠠ ᠶᠢᠨ ᠤᠳᠤᠨ - ᠴᠣ ᠂ ᠣᠷᠱᠤᠨ Талын одон – Чо ᠂ Оршин
ᠲᠠᠯ᠎ᠠ ᠶᠢᠨ ᠣᠳᠣᠨ
ᠪᠠᠭ᠎ᠠ ᠶ᠋ᠢᠨ ᠮᠢᠨᠢ ᠬᠠᠮᠲᠤ ᠰᠤᠷᠤᠭᠴᠢ
ᠪᠦ᠋ · ᠳᠣᠩᠶᠤᠳᠳᠣᠷᠵᠢ ᠶ᠋ᠢᠨ ᠭᠡᠭᠡᠨ ᠳᠤᠷᠠᠰᠬᠠᠯ ᠳ᠋ᠤ᠌
ᠣᠭᠲᠠᠷᠭᠤᠢ ᠶ᠋ᠢᠨ ᠴᠡᠭᠡᠯ ᠣᠳᠣᠳ ᠤ᠋ᠨ ᠳᠤᠮᠳᠠ
ᠣᠨᠴᠠ ᠭᠢᠯᠠᠯᠵᠠᠭᠰᠠᠨ ᠭᠡᠷᠡᠯᠲᠦ ᠴᠣᠯᠮᠣᠨ ᠰᠢᠭ᠋᠂
ᠤᠳᠬ᠎ᠠ ᠤᠶᠠᠩᠭ᠎ᠠ ᠶ᠋ᠢᠨ ᠵᠠᠷ ᠢ᠋ ᠲᠤᠩᠬᠠᠭᠯᠠᠵᠤ
ᠣᠯᠠᠨ ᠤ᠋ ᠪᠠᠨ ᠳᠤᠮᠳᠠ ᠴᠢ ᠮᠢᠨᠢ ᠪᠠᠢᠳᠠᠭ ᠰᠠᠨ᠃
ᠬᠥᠯ ᠳ᠋ᠦ᠍ ᠣᠷᠣᠬᠤ ᠬᠡᠦᠬᠡᠳ ᠡᠷᠡᠨ ᠡᠴᠡ
ᠬᠦᠲᠦᠯᠳᠡᠵᠦ ᠬᠣᠶᠠᠭᠤᠯᠠ ᠨᠠᠭᠠᠳᠴᠤ ᠪᠠᠢᠯ᠎ᠠ
ᠬᠥᠮᠦᠵᠢᠯ ᠬᠦᠷᠲᠡᠬᠦ ᠰᠤᠷᠭᠠᠭᠤᠯᠢ ᠶ᠋ᠢᠨ ᠦᠶ᠎ᠡ ᠡᠴᠡ
ᠬᠥᠮᠦᠨ ᠦ᠌ ᠵᠡᠷᠭᠡ ᠲᠡᠢ ᠰᠤᠷᠤᠯᠴᠠᠳᠠᠭ ᠪᠠᠢᠯ᠎ᠠ᠃
ᠨᠠᠰᠤᠨ ᠤ᠋ ᠴᠣᠭᠲᠠᠢ ᠳ᠋ᠤ᠌ ᠬᠠᠮᠲᠤ ᠥᠰᠬᠦ ᠳ᠋ᠡᠭᠡᠨ
ᠨᠠᠢᠷᠠᠭ ᠤ᠋ᠨ ᠵᠠᠮ ᠢ᠋ᠶ᠋ᠠᠷ ᠴᠢ ᠯᠡ ᠡᠬᠢᠯᠡᠭᠰᠡᠨ
ᠰᠡᠯᠡᠭᠦᠬᠡᠨ ᠴᠠᠭ ᠨᠠᠷᠭᠢᠨ ᠰᠠᠭᠤᠬᠤ ᠳ᠋ᠤ᠌
ᠴᠡᠭᠡᠯᠬᠡᠨ ᠬᠣᠭᠣᠯᠠᠢ ᠪᠠᠷ ᠴᠢ ᠯᠡ ᠳᠠᠭᠤᠯᠠᠳᠠᠭ
ᠴᠡᠩᠭᠡᠯ ᠦ᠋ᠨ ᠳᠣᠲᠣᠷ᠎ᠠ ᠱᠣᠭ ᠳᠡᠯᠭᠡᠴᠢᠭᠡᠳ
ᠴᠢ ᠯᠡ ᠪᠢᠳᠡᠨ ᠦ᠌ ᠤᠷᠮ᠎ᠠ ᠶ᠋ᠢ ᠬᠥᠭᠵᠢᠭᠡᠳᠡᠭ᠃
ᠵᠠᠩ ᠤ᠋ᠨ ᠰᠠᠢᠬᠠᠨ ᠳ᠋ᠤ᠌ ᠪᠢᠳᠡ ᠴᠤᠭᠯᠠᠷᠠᠵᠤ
ᠵᠠᠪᠠᠯ ᠴᠢᠮ᠎ᠠ ᠳ᠋ᠤ᠌ ᠰᠢᠯᠦᠭ ᠢ᠋ᠶ᠋ᠡᠨ ᠥᠭᠬᠦ ᠳ᠋ᠦ᠍
ᠵᠠᠯᠬᠠᠭᠤᠷᠠᠯ ᠦᠭᠡᠢ ᠳᠠᠷᠠᠭᠠᠯᠠᠨ ᠦᠵᠡᠭᠡᠳ
ᠵᠠᠰᠠᠵᠤ ᠵᠠᠬᠢᠵᠤ ᠰᠠᠨᠠᠯ ᠢ᠋ᠶ᠋ᠠᠨ ᠬᠡᠯᠡᠳᠡᠭ
ᠬᠠᠯᠠᠭᠤᠨ ᠬᠠᠢᠷ᠎ᠠ ᠶ᠋ᠢᠨ ᠨᠣᠴᠣᠭᠰᠠᠨ ᠣᠴᠢ ᠪᠠᠷ
ᠬᠠᠨᠢ ᠪᠢᠳᠡᠨ ᠢ᠋ᠶ᠋ᠡᠨ ᠬᠡᠴᠢᠨᠡᠨ ᠬᠡᠬᠡᠷᠡᠭᠦᠯᠵᠦ
ᠣᠳᠣ ᠪᠣᠯᠤᠨ ᠴᠢ ᠮᠢᠨᠢ ᠰᠠᠴᠤᠷᠠᠳᠠᠭ
ᠣᠬᠢ ᠨᠢ ᠪᠣᠯᠤᠨ ᠴᠢ ᠮᠢᠨᠢ ᠮᠠᠨᠳᠤᠳᠠᠭ
ᠤᠶᠠᠩᠭ᠎ᠠ ᠨᠢ ᠪᠣᠯᠤᠭᠠᠳ ᠴᠢ ᠮᠢᠨᠢ ᠪᠠᠶᠠᠰᠬᠠᠳᠠᠭ
ᠣᠮᠣᠭᠰᠢᠯ ᠨᠢ ᠪᠣᠯᠤᠭᠠᠳ ᠴᠢ ᠮᠢᠨᠢ ᠴᠣᠯᠭᠣᠷᠠᠳᠠᠭ
ᠪᠢᠳᠡ ᠨᠢᠭᠡᠨ ᠣᠳᠣ ᠪᠠᠨ ᠠᠯᠳᠠᠪᠠ
ᠪᠡᠶᠡᠯᠡᠬᠦ ᠦᠢᠯᠡᠰ ᠦ᠋ᠨ ᠰᠣᠳᠣ ᠬᠣᠬᠢᠷᠠᠪᠠ
ᠣᠷᠴᠢᠯᠠᠩ ᠶᠢᠷᠲᠢᠨᠴᠦ ᠶ᠋ᠢᠨ ᠬᠠᠷᠠᠮᠰᠠᠯ ᠭᠠᠰᠢᠭᠤᠳᠠᠯ ᠢ᠋ᠶ᠋ᠠᠷ
ᠣᠳᠣ ᠪᠣᠯᠵᠤ ᠳᠡᠭᠳᠡᠭᠰᠡᠨ ᠴᠢᠮᠠᠶ᠋ᠢ ᠪᠠᠨ
ᠣᠳᠣ ᠪᠢ ᠨᠥᠬᠥᠷ ᠦ᠋ᠨ ᠴᠢᠨᠢ ᠬᠤᠪᠢ ᠪᠠᠷ
ᠤᠶᠠᠷᠠᠨ ᠬᠠᠢᠯᠠᠵᠤ ᠮᠥᠷᠥᠭᠡᠳᠦᠯ ᠢ᠋ᠶ᠋ᠡᠷ ᠳᠤᠷᠠᠰᠤᠨ᠎ᠠ
ᠪᠢᠯᠬᠠᠷᠠᠵᠤ ᠴᠠᠯᠭᠢᠯᠠᠭᠰᠠᠨ ᠤᠶᠠᠩᠭ᠎ᠠ ᠶ᠋ᠢ ᠴᠢᠨᠢ ᠤᠩᠰᠢᠵᠤ
ᠪᠠᠳᠠᠭ ᠪᠠᠳᠠᠭ ᠢ᠋ᠶ᠋ᠠᠷ ᠴᠠᠭᠠᠷᠢᠭ ᠬᠦᠷᠭᠡᠨᠡᠮ!
ᠪᠠᠷᠢᠭᠰᠠᠨ ᠤᠷᠠᠯᠢᠭ ᠦᠵᠦᠭ ᠢ᠋ ᠴᠢᠨᠢ ᠡᠵᠡᠮᠰᠢᠭᠡᠳ
ᠪᠠᠷᠭᠤ ᠣᠳᠣᠨ ᠤ᠋ ᠬᠡᠢᠮᠣᠷᠢ ᠶ᠋ᠢ ᠮᠢᠯᠢᠶᠠᠨᠠᠮ
ᠣᠨᠴᠠᠬᠠᠨ ᠬᠠᠯᠢᠭᠰᠠᠨ ᠣᠳᠣ ᠪᠠᠨ ᠳᠤᠷᠠᠰᠤᠭᠠᠳ
ᠤᠳᠬ᠎ᠠ ᠤᠶᠠᠩᠭ᠎ᠠ ᠶ᠋ᠢᠨ ᠪᠢᠷ ᠢ᠋ᠶ᠋ᠡᠨ ᠬᠤᠷᠴᠠᠯᠠᠶ᠎ᠠ!
ᠣᠷᠬᠢᠵᠤ ᠮᠥᠩᠬᠡᠯᠡᠭᠰᠡᠨ ᠨᠠᠢᠷᠠᠭ ᠢ᠋ ᠨᠢ ᠱᠠᠰᠲᠢᠷᠯᠠᠭᠠᠳ
ᠣᠯᠠᠨ ᠵᠢᠯ ᠳ᠋ᠡᠭᠡᠨ ᠳᠤᠷᠠᠳᠬᠠᠵᠤ ᠶᠠᠪᠤᠶ᠎ᠠ!
ᠢᠷᠡᠯᠲᠡ᠄ ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 05
