ᠨᠠᠩᠰᠠᠯᠮ᠎ᠠ ᠡᠵᠢ ᠪᠤᠷᠬᠠᠨ - ᠶᠣᠨᠳᠣᠨ ᠤ ᠪᠢᠯᠢᠭ᠌ - ᠪᠠᠭᠠᠲᠤᠷ Нансалмаа ээж бурхан - Ёндоны Билиг - Баатар
ᠨᠠᠩᠰᠠᠯᠮ᠎ᠠ ᠡᠵᠢ ᠪᠤᠷᠬᠠᠨ
– ᠡᠬᠡᠴᠦᠦᠯ ᠦ᠋ᠨ ᠪᠠᠶᠠᠷ ᠢ᠋ᠶ᠋ᠠᠷ
ᠡᠵᠢ ᠪᠡᠨ ᠮᠥᠷᠦᠭᠡᠳᠦᠪᠡᠢ
ᠪᠢᠴᠢᠨ ᠵᠢᠯ ᠦ᠋ᠨ ᠨᠠᠮᠤᠷ᠂ ᠳᠡᠭᠡᠷ᠎ᠡ ᠵᠠᠭᠤᠨ
ᠭᠤᠴᠢᠨ ᠬᠣᠶᠠᠳᠤᠭᠠᠷ ᠣᠨ ᠨᠠᠷᠠᠨ ᠪᠣᠷᠣᠭᠠᠨ
᠁ ᠁
ᠪᠢᠯᠢᠭᠦᠨ ᠲᠡᠭᠦᠰ ᠨᠠᠮ ᠳᠥᠯᠭᠡᠬᠡᠨ ᠡᠵᠢ ᠮᠢᠨᠢ
ᠪᠢᠯᠢᠭᠲᠦ ᠲᠣᠭᠣᠷᠤᠤ ᠤᠨᠤᠵᠤ ᠯᠠ ᠲᠥᠷᠥᠭᠰᠡᠨ
ᠪᠡᠯᠴᠢᠭᠡᠷ ᠬᠠᠯᠢᠭᠤᠷᠠᠩᠬᠠᠨ ᠰᠢᠪᠠᠭᠤᠳ ᠳᠡᠷᠪᠡᠨ
ᠪᠠᠶᠠᠨ ᠪᠤᠯᠠᠭ ᠤ᠋ᠨ ᠤᠰᠤᠨ ᠬᠠᠯᠢᠭᠯᠠᠭᠰᠠᠨ ᠶᠤᠮ
ᠡᠵᠢ ᠮᠢᠨᠢ ᠬᠥᠮᠦᠨ ᠪᠢᠰᠢ᠂ ᠪᠤᠷᠬᠠᠨ ᠪᠠᠢᠭᠰᠠᠨ
ᠢᠩᠭᠢᠵᠦ ᠬᠡᠯᠡᠬᠦ ᠪᠡᠷ ᠬᠥᠮᠦᠰ ᠭᠠᠢᠬᠠᠭᠰᠠᠨ ᠶᠤᠮ
ᠬᠡᠷᠢᠶᠡᠳ ᠦ᠋ᠨ ᠸᠠᠩ ᠬᠠᠭᠠᠨ ᠤ᠋ ᠤᠳᠤᠮ ᠠ᠋ᠴᠠ
ᠬᠡᠵᠢᠶ᠎ᠡ ᠪᠤᠷᠬᠠᠨ ᠮᠡᠨᠳᠦᠯᠡᠵᠦ ᠪᠠᠢᠯ᠎ᠠ ᠭᠡᠮᠡᠨ
ᠬᠡᠴᠦᠨᠡᠨ ᠪᠤᠮᠠᠨ ᠭᠠᠵᠠᠷ ᠨᠡᠢᠳᠡᠮ ᠱᠤᠤᠭᠢᠭᠰᠠᠨ
ᠬᠡᠷᠢᠶ᠎ᠡ ᠲᠡᠭᠡᠬᠦ ᠳ᠋ᠦ᠍ ᠰᠦᠨ ᠴᠠᠭᠠᠨ ᠪᠠᠢᠪᠠᠢ
ᠨᠠᠭᠠᠴᠤ ᠡᠪᠦᠭᠡ ᠡᠮᠡᠭᠡ ᠨᠠᠢᠷ ᠵᠠᠷᠯᠠᠭᠰᠠᠨ
ᠨᠠᠷᠠ ᠰᠠᠷ᠎ᠠ ᠡᠳᠦᠷ ᠢ᠋ᠶ᠋ᠡᠷ ᠨᠢᠭᠤᠷ ᠵᠣᠯᠭᠠᠪᠠᠢ
ᠨᠠᠭᠠᠷᠼᠠᠨᠠ ᠯᠢᠩᠬᠤᠸ᠎ᠠ ᠠ᠋ᠴᠠ ᠰᠠᠴᠤᠷᠠᠭᠰᠠᠨ
ᠨᠠᠷᠮᠠᠢ ᠮᠣᠩᠭᠣᠯ ᠳᠠᠶᠠᠭᠠᠷ ᠢ᠋ ᠮᠠᠰᠢ ᠪᠠᠶᠠᠰᠬᠠᠪᠠᠢ
ᠨᠠᠩᠰᠠᠯᠮ᠎ᠠ ᠡᠵᠢ ᠪᠤᠷᠬᠠᠨ ᠮᠡᠨᠳᠦᠯᠡᠭᠡᠳ ᠯᠡ
ᠪᠤᠷᠬᠠᠨ ᠤ᠋ ᠡᠩᠬᠦᠷᠡᠢ ᠬᠡᠦᠬᠡᠳ ᠦ᠋ᠳ ᠪᠢᠳᠡᠨᠦᠰ
ᠪᠣᠯᠠᠭᠠᠲᠤᠬᠤᠢ ᠨᠤᠲᠤᠭ ᠤ᠋ᠨ ᠠᠲᠠᠷᠭᠠᠨ ᠠᠢᠯ ᠢ᠋
ᠪᠣᠷᠣᠭᠠᠨ ᠰᠣᠯᠣᠩᠭᠠᠨ ᠳᠤᠮᠳᠠᠭᠤᠷ ᠴᠡᠩᠭᠡᠭᠦᠯᠦᠨ
ᠵᠤᠯᠠᠢ ᠵᠤᠯᠠᠢ ᠪᠠᠨ ᠭᠢᠰᠬᠢᠯᠡᠩᠬᠡᠨ ᠲᠥᠷᠥᠭᠡᠳ
ᠵᠤᠨ ᠨᠠᠮᠤᠷ ᠡᠪᠦᠯ ᠬᠠᠪᠤᠷ ᠢ᠋ ᠡᠭᠡᠯᠵᠢᠯᠡᠩᠬᠡᠨ
ᠵᠣᠯᠠ ᠵᠣᠯ ᠤ᠋ᠨ ᠠᠭᠠᠭ ᠲᠠᠢ ᠮᠢᠰᠢᠶᠡᠯ ᠢ᠋ᠶ᠋ᠡᠷ
ᠵᠤᠳ ᠭᠠᠮᠰᠢᠭ ᠢ᠋ ᠰᠠᠷᠨᠢᠭᠤᠯᠤᠩᠬᠠᠨ ᠦᠰᠦᠪᠡᠢ
ᠪᠣᠷᠵᠢᠭᠢᠨ ᠢᠵᠠᠭᠤᠷᠲᠠᠨ ᠥᠷᠯᠦᠭ ᠠᠪᠤ ᠮᠢᠨᠢ
ᠪᠣᠷᠵᠢᠭᠢᠨ ᠣᠪᠣᠭᠲᠤ ᠶ᠋ᠢᠨ ᠬᠠᠲᠤᠨ ᠡᠵᠢ ᠮᠢᠨᠢ
ᠪᠣᠷᠵᠢᠭᠢᠨ ᠣᠪᠣᠭᠲᠤ ᠠᠴᠢᠲᠤ ᠠᠪᠠᠭ᠎ᠠ ᠮᠢᠨᠢ
ᠪᠤᠭᠤᠷᠤᠯ ᠳᠡᠯ ᠬᠠᠢᠷᠬᠠᠨ ᠤ᠋ ᠳᠤᠯᠠᠭᠠᠨ ᠡᠪᠦᠷ ᠲᠦ᠍
ᠤᠬᠠᠭ᠎ᠠ ᠬᠥᠯᠥᠰᠥ ᠤᠷᠮ᠎ᠠ ᠳᠠᠮ ᠢ᠋ᠶ᠋ᠠᠷ ᠢ᠋ᠶ᠋ᠠᠨ
ᠣᠶᠤᠨ ᠮᠡᠷᠭᠡᠨ ᠵᠥᠪ ᠰᠤᠷᠭᠠᠯ ᠢ᠋ᠶ᠋ᠠᠷ ᠢ᠋ᠶ᠋ᠠᠨ
ᠮᠥᠩᠬᠡ ᠲᠤᠭ ᠤ᠋ᠨ ᠭᠠᠯ ᠭᠡᠷᠡᠯ ᠢ᠋ᠶ᠋ᠡᠷ ᠢ᠋ᠶ᠋ᠡᠨ
ᠮᠥᠩᠬᠡ ᠲᠡᠭᠷᠢ ᠳᠣᠣᠷ᠎ᠠ ᠬᠥᠮᠦᠵᠢᠭᠦᠯᠪᠡᠢ᠃
ᠨᠠᠩᠰᠠᠯᠮ᠎ᠠ ᠡᠵᠢ ᠪᠤᠷᠬᠠᠨ ᠳ᠋ᠠᠭᠠᠨ ᠮᠥᠷᠭᠥᠮᠦ
ᠨᠠᠰᠤᠨ ᠲᠤᠷᠰᠢᠳᠠ ᠠᠬᠢᠨ ᠳᠠᠬᠢᠨ ᠮᠥᠷᠭᠥᠮᠦ
ᠦᠷ᠎ᠡ ᠠᠴᠢᠨᠠᠷ ᠭᠤᠴᠢᠨᠠᠷ ᠪᠦᠬᠦᠨ ᠮᠥᠷᠭᠥᠮᠦ
ᠦᠶ᠎ᠡ ᠶ᠋ᠢᠨ ᠦᠶ᠎ᠡ ᠳ᠋ᠡᠭᠡᠨ ᠮᠥᠷᠭᠥᠮᠦ᠃
2024᠂ 5᠂12 ᠃ ᠦᠳᠡᠰᠢ᠃
ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ
