ᠢᠲᠡᠭᠡᠯ-ᠴᠤᠤᠳᠠᠯ ᠤ᠋ᠨ ᠬᠤᠯᠠᠨИтгэл-Цуудалын Хулан
ᠢᠲᠡᠭᠡᠯ
ᠴᠤᠤᠳᠠᠯ ᠤ᠋ᠨ ᠬᠤᠯᠠᠨ
ᠴᠠᠭᠠᠰᠢᠳᠠ᠂ ᠶᠠᠭᠤᠮ᠎ᠠ ᠪᠦᠬᠦᠨ ᠳ᠋ᠦ᠍ ᠢᠲᠡᠭᠡᠯ ᠠᠯᠳᠠᠷᠠᠨ᠎ᠠ
ᠴᠠᠭᠠᠨ ᠭᠡᠷᠡᠯ ᠦ᠋ᠨ ᠳ᠋ᠧᠩ ᠳ᠋ᠦ᠍ ᠡᠷᠪᠡᠬᠡᠢ ᠰᠢᠨᠤᠬᠤ ᠪᠠᠨ ᠪᠣᠯᠢᠨ᠎ᠠ
ᠴᠠᠭ ᠲᠠᠭᠠᠨ ᠤᠨᠠᠳᠠᠭ ᠨᠠᠪᠴᠢ ᠭᠠᠵᠠᠷ ᠲᠤ᠌ ᠢᠲᠡᠭᠡᠬᠦ ᠪᠡᠨ ᠪᠣᠯᠢᠨ᠎ᠠ
ᠴᠠᠢᠯᠭᠠᠨ᠂ ᠬᠠᠢᠯᠭᠠᠨ ᠰᠡᠳᠬᠢᠯ ᠮᠢᠨᠢ ᠬᠥᠮᠦᠨ ᠳ᠋ᠦ᠍ ᠢᠲᠡᠭᠡᠬᠦ ᠪᠡᠨ ᠪᠣᠯᠢᠨ᠎ᠠ
ᠳᠡᠪᠡᠯ ᠦ᠋ᠨ ᠬᠣᠷᠮᠣᠢ ᠰᠠᠯᠬᠢᠨ ᠳ᠋ᠤ᠌ ᠳᠡᠷᠪᠡᠬᠦ ᠪᠡᠨ ᠪᠣᠯᠢᠨ᠎ᠠ
ᠳᠡᠮᠡᠢ ᠶᠠᠭᠤᠮᠠᠨ ᠳ᠋ᠤ᠌ ᠪᠢ ᠬᠥᠯ ᠠᠯᠳᠠᠬᠤ ᠪᠠᠨ ᠪᠣᠯᠢᠨ᠎ᠠ
ᠳᠡᠭᠡᠩ ᠳᠣᠭᠣᠩ ᠨᠢᠯᠪᠤᠰᠤ ᠲᠠᠢ ᠣᠷᠴᠢᠯᠠᠩ ᠠ᠋ᠴᠠ ᠤᠷᠢᠲᠠᠵᠤ
ᠳᠡᠩᠳᠡᠭᠦᠦ ᠵᠠᠯᠠᠭᠤ ᠨᠠᠰᠤᠨ ᠳ᠋ᠠᠭᠠᠨ ᠪᠢ ᠬᠠᠰᠢᠷ ᠰᠠᠭᠤᠨ᠎ᠠ᠁
ᠲᠡᠭᠡᠪᠡᠯ
ᠡᠭᠦᠳᠡ ᠲᠦᠰᠢᠶ᠎ᠡ ᠰᠠᠯᠬᠢᠨ ᠳ᠋ᠤ᠌ ᠴᠣᠬᠢᠭᠤᠯᠵᠤ
ᠦᠨᠡᠨᠴᠢ ᠪᠡᠷ ᠴᠢᠮᠠᠶ᠋ᠢ ᠬᠦᠯᠢᠶᠡᠬᠦ ᠮᠢᠨᠢ ᠡᠴᠦᠰ ᠪᠣᠯᠤᠨ᠎ᠠ
ᠴᠥᠬᠥᠷᠡᠯ ᠦ᠋ᠨ ᠳᠤᠮᠳᠠ ᠠ᠋ᠴᠠ ᠢᠨᠢᠶᠡᠳᠦ ᠠᠯᠲᠠᠨ ᠤᠭᠲᠤᠵᠤ
ᠴᠥᠭᠡᠬᠡᠨ ᠬᠡᠳᠦᠨ ᠦᠭᠡᠨ ᠳ᠋ᠦ᠍ ᠴᠢᠨᠢ ᠬᠠᠭᠤᠷᠲᠠᠳᠠᠭ ᠮᠢᠨᠢ ᠥᠩᠭᠡᠷᠡᠨ᠎ᠡ
ᠤᠨᠠᠬᠤ ᠳ᠋ᠤ᠌ ᠴᠢᠨᠢ ᠲᠣᠰᠳᠠᠭ ᠭᠠᠵᠠᠷ ᠦᠭᠡᠢ ᠪᠣᠯᠤᠨ᠎ᠠ
ᠤᠷᠤᠭᠤᠳᠠᠬᠤ ᠳ᠋ᠤ᠌ ᠴᠢᠨᠢ ᠲᠦᠰᠢᠳᠡᠭ ᠭᠠᠷ ᠦᠭᠡᠢ ᠪᠣᠯᠤᠨ᠎ᠠ
ᠢᠲᠡᠭᠡᠯ ᠢ᠋ᠶ᠋ᠡᠷ ᠮᠢᠨᠢ ᠴᠢ ᠲᠣᠭᠯᠠᠭᠰᠠᠭᠠᠷ ᠯᠠ ᠪᠠᠢᠵᠤ ᠬᠡᠮᠡᠨ᠎ᠡ
ᠡᠢᠮᠦ ᠵᠠᠯᠬᠠᠭᠠᠯ ᠢ᠋ ᠪᠤᠷᠬᠠᠨ ᠠ᠋ᠴᠠ ᠪᠤᠰᠤ᠂ ᠨᠠᠳᠠ ᠠ᠋ᠴᠠ ᠴᠢ ᠬᠦᠯᠢᠶᠡᠨ᠎ᠡ
ᠲᠡᠪᠡᠷᠢ ᠵᠢᠷᠭᠠᠯ᠂ ᠲᠡᠪᠡᠷᠢ ᠵᠣᠪᠠᠯᠠᠩ ᠤ᠋ᠨ ᠶᠢᠷᠲᠢᠨᠴᠦ ᠡᠷᠭᠢᠨ᠎ᠡ
ᠲᠡᠩᠭᠡᠯᠢᠭ ᠨᠢ ᠬᠠᠷᠢᠨ ᠢᠲᠡᠭᠡᠯ ᠳᠡᠭᠡᠷ᠎ᠡ ᠲᠣᠭᠲᠠᠨ᠎ᠠ
ᠲᠩᠷᠢ ᠭᠠᠵᠠᠷ ᠤ᠋ᠨ ᠵᠠᠪᠰᠠᠷ ᠨᠠᠳᠠ ᠦᠭᠡᠢ ᠴᠢ ᠵᠣᠪᠠᠨ᠎ᠠ
ᠲᠡᠷᠡᠭᠦᠨ ᠳ᠋ᠦ᠍ ᠴᠢᠨᠢ ᠪᠢ ᠬᠠᠷᠢᠨ ᠡᠷᠡᠬᠡᠢ ᠰᠢᠭ ᠢ᠋ᠶ᠋ᠡᠨ ᠢᠲᠡᠭᠡᠨ᠎ᠡ!
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠤ᠎ᠡ
Итгэл
Ц.Хулан
Цаашид юм бүхэнд итгэл алдарна
Цагаан дэнгийн гэрэлд эрвээхэй шунахаа болино
Цагтаа унадаг навч газарт итгэхээ болино
Цайлган хайлган сэтгэл минь хүнд итгэхээ болино
Дээлийн хормой салхинд дэрвэхээ болино
Дэмий юманд би хөл алдахаа болино
Дэгэн догон нулимастай орчлонгоос урьтаж
Дэндүү залуу насандаа би хашир сууна
Тэгвэл
Үүдэн тушаа салхинд цохиулж
Үнэнчээр чамайг хүлээх минь эцэс болно
Цөхөрлийн дундаас инээд алдан угтаж
Цөөхөн хэдэн үгэнд чинь хууртдаг минь өнгөрнө
Унахад чинь тосдог газар үгүй болно
Уруудахад чинь түших гар үгүй болно
Итгэлээр минь чи тоглосон байж гэмээнэ
Ийм залхаалыг бурхнаас бус надаас чи хүлээнэ
Тэвэр жаргал тэвэр зовлонгийн ертөнц эргэнэ
Тэнхлэг нь харин итгэл дээр тогтоно
Тэнгэр газрын завсар надгүй чи зовно
Тэрүүнд чинь би харин эрхий шигээ итгэнээ
