ᠨᠠᠢᠷᠠᠭ ᠬᠣᠯᠪᠣᠭᠰᠠᠨ ᠨᠠᠢᠵᠠ - ᠴᠣ ᠂ ᠣᠷᠱᠤᠨ Найраг холбосон найз – Чо ᠂ Оршин
ᠨᠠᠢᠷᠠᠭ ᠬᠣᠯᠪᠣᠭᠰᠠᠨ ᠨᠠᠢᠵᠠ
ᠰᠢᠯᠦᠰᠦ ᠬᠤᠷᠠᠭᠤᠯᠤᠨ ᠰᠢᠨᠤᠵᠤ ᠶᠠᠪᠤᠬᠤ ᠳ᠋ᠠᠭᠠᠨ
ᠨᠠᠢᠷᠠᠭ ᠢ᠋ᠶ᠋ᠠᠷ ᠲᠠᠨᠢᠯᠴᠠᠭᠰᠠᠨ ᠨᠠᠢᠵᠠ ᠬᠣᠶᠠᠷ ᠤ᠋ᠨ
ᠨᠠᠨᠳᠢᠨ ᠥᠷᠲᠡᠭ ᠲᠦ᠍ ᠦᠵᠦᠭ ᠮᠢᠨᠢ ᠵᠢᠷᠢᠯᠵᠡᠨᠡ᠃
ᠨᠠᠢᠷᠠᠭᠴᠢ ᠬᠥᠮᠦᠨ ᠬᠦᠴᠦ ᠬᠥᠯᠥᠰᠥ ᠪᠡᠨ
ᠨᠠᠷᠠ᠂ ᠰᠠᠷ᠎ᠠ ᠲᠠᠢ ᠢᠵᠢᠯᠰᠢᠵᠦ ᠣᠯᠬᠤ ᠳ᠋ᠤ᠌
ᠨᠠᠢᠷᠠᠭᠤᠯᠤᠭᠴᠢ ᠬᠥᠮᠦᠨ ᠠᠷᠢᠭᠤᠨ ᠬᠥᠳᠡᠯᠮᠦᠷᠢ ᠪᠡᠨ
ᠨᠠᠢᠷᠠᠭ ᠤ᠋ᠨ ᠬᠠᠭᠤᠳᠠᠰᠤᠨ ᠳ᠋ᠤ᠌ ᠰᠢᠮᠡᠳᠬᠡᠵᠦ ᠪᠠᠢᠳᠠᠭ᠃
ᠵᠣᠬᠢᠶᠠᠭᠴᠢ ᠬᠥᠮᠦᠰ ᠨᠠᠢᠷᠠᠭᠤᠯᠤᠭᠴᠢ ᠨᠥᠬᠥᠳ ᠢ᠋ᠶ᠋ᠡᠨ
ᠵᠣᠯᠪᠣᠭᠠᠲᠤ ᠠᠮᠢᠳᠤᠷᠠᠯ ᠤ᠋ᠨ ᠠᠨᠳᠠ ᠪᠠᠨ ᠭᠡᠬᠦ ᠳ᠋ᠦ᠍
ᠨᠠᠢᠷᠠᠭᠤᠯᠤᠭᠴᠢ ᠤᠯᠤᠰ ᠵᠣᠬᠢᠶᠠᠭᠴᠢ ᠨᠠᠢᠵᠠ ᠪᠠᠨ
ᠨᠠᠢᠷᠠᠭ ᠢ᠋ᠶ᠋ᠠᠷ ᠳᠠᠰᠤᠯᠴᠠᠭᠰᠠᠨ ᠨᠥᠬᠥᠳ ᠢ᠋ᠶ᠋ᠡᠨ ᠭᠡᠳᠡᠭ᠃
ᠬᠤᠪᠢ ᠵᠠᠶᠠᠭ᠎ᠠ ᠨᠢ ᠰᠡᠳᠬᠢᠯ ᠢ᠋ᠶ᠋ᠡᠷ ᠢ᠋ᠶ᠋ᠡᠨ ᠨᠢᠭᠡᠳᠴᠦ
ᠬᠤᠪᠢᠯᠭᠠᠨ ᠲᠤᠷᠪᠢ ᠪᠠᠨ ᠪᠢᠷ ᠲᠦ᠍ ᠵᠠᠩᠭᠢᠳᠤᠭᠰᠠᠨ
ᠦᠭᠡ ᠥᠭᠦᠯᠡᠪᠦᠷᠢ ᠠᠢᠵᠠᠮ ᠪᠠᠳᠠᠭ ᠲᠤ
ᠦᠢᠯᠡᠳᠦᠯᠭᠡ ᠬᠢᠳᠡᠭ ᠳᠠᠢᠴᠢᠳ ᠲᠡᠳᠡ ᠶᠦᠮ᠃
ᠥᠨᠢᠷ ᠬᠡᠪᠯᠡᠯ ᠦ᠋ᠨ ᠠᠷᠠᠴᠢᠯᠠᠭᠰᠠᠨ ᠴᠡᠴᠡᠭ ᠦ᠋ᠳ
ᠥᠩᠭᠡ ᠢᠯᠭᠠᠷᠠᠨ ᠳᠡᠯᠭᠡᠷᠡᠬᠦ ᠳᠣᠳᠣᠮ ᠢ᠋ᠶ᠋ᠠᠨ
ᠨᠠᠢᠷᠠᠭᠤᠯᠤᠭᠴᠢ᠂ ᠨᠠᠢᠷᠠᠭᠴᠢ ᠶ᠋ᠢᠨ ᠦᠨᠡᠲᠦ ᠮᠥᠬᠥᠯᠢᠭ ᠡᠴᠡ
ᠨᠠᠮᠢᠷᠠᠭᠠᠯᠠᠵᠤ ᠰᠢᠮᠡᠵᠢᠭᠦᠯᠬᠦ ᠬᠤᠷ᠎ᠠ ᠨᠢ ᠪᠠᠢᠳᠠᠭ ᠲᠤᠯᠠ
ᠡᠪᠦᠯ ᠵᠤᠨ ᠢ᠋ ᠢᠯᠭᠠᠳᠠᠭ ᠴᠦ᠍ ᠦᠭᠡᠢ
ᠡᠳᠦᠷ ᠰᠥᠨᠢ ᠶ᠋ᠢ ᠬᠤᠪᠢᠶᠠᠳᠠᠭ ᠴᠦ᠍ ᠦᠭᠡᠢ
ᠦᠰᠦᠭ᠂ ᠮᠥᠷ ᠦ᠋ᠨ ᠹᠷᠣᠨᠲ ᠳᠡᠭᠡᠷ᠎ᠡ
ᠦᠰᠦ ᠴᠠᠢᠲᠠᠯ᠎ᠠ ᠵᠢᠳᠬᠦᠵᠦ ᠶᠠᠪᠤᠬᠤ ᠳ᠋ᠠᠭᠠᠨ
ᠰᠣᠳᠣ ᠣᠶᠤᠨ ᠰᠤᠷ ᠮᠡᠳᠡᠯᠭᠡ ᠪᠡᠷ
ᠰᠣᠶᠣᠯ ᠤᠷᠠᠯᠢᠭ ᠤ᠋ᠨ ᠲᠠᠪᠴᠠᠩ ᠳ᠋ᠤ᠌ ᠭᠠᠷᠮᠠᠭᠠᠢᠯᠠᠵᠤ
ᠴᠤᠴᠠᠯᠲᠠ ᠦᠭᠡᠢ ᠯᠤᠲᠤ ᠪᠦᠲᠦᠮᠵᠢ ᠪᠡᠷ
ᠴᠣᠬᠣᠮ ᠠᠯᠳᠠᠷ ᠤ᠋ᠨ ᠨᠢᠳᠡᠷ ᠢ᠋ ᠬᠦᠷᠲᠡᠨ᠎ᠡ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 05 04
