ᠣᠲᠣᠷ ᠤ᠋ᠨ ᠠᠢᠯОторын айл-otoriinail
ᠣᠲᠣᠷ ᠤ᠋ᠨ ᠠᠢᠯ
ᠮᠣᠩᠭᠣᠯ ᠪᠠᠬᠠᠷᠬᠠᠯ ᠲᠥᠰᠦᠯ ᠦᠵᠡᠭᠦᠯᠵᠦ ᠪᠠᠢᠨ᠎ᠠ
ᠠᠷᠤᠬᠠᠩᠭᠠᠢ ᠠᠢᠮᠠᠭ᠂ ᠵᠢᠷᠭᠠᠯᠠᠩᠲᠤ ᠰᠤᠮᠤ
ᠥᠴᠥᠭᠡᠳᠦᠷ ᠣᠷᠣᠢ ᠡᠴᠡ ᠣᠷᠣᠵᠤ ᠡᠬᠢᠯᠡᠭᠰᠡᠨ ᠪᠣᠷᠣᠭ᠎ᠠ ᠣᠳᠣ ᠬᠢᠷᠢ ᠨᠠᠮᠳᠠᠬᠤ ᠶᠠᠩᠵᠤ ᠦᠭᠡᠢ᠃ ᠨᠠᠢ᠍ᠮᠠᠳᠤᠭᠠᠷ ᠰᠠᠷ᠎ᠠ ᠭᠠᠷᠤᠭᠰᠠᠨ ᠡᠴᠡ ᠬᠣᠢᠰᠢ ᠡᠨᠳᠡ ᠪᠠᠷᠤᠭ ᠡᠳᠦᠷ ᠪᠦᠷᠢ ᠪᠣᠷᠣᠭ᠎ᠠ ᠣᠷᠣᠵᠤ ᠪᠠᠢᠭ᠎ᠠ ᠨᠢ ᠡᠨᠡ᠃ ᠬᠠᠪᠤᠷ ᠵᠤᠨ ᠤ᠋ ᠴᠠᠭ ᠲᠤ᠌ ᠬᠤᠷ᠎ᠠ ᠲᠤᠨᠤᠳᠠᠰᠤ ᠪᠠᠭ᠎ᠠ ᠲᠠᠢ ᠭᠠᠩᠳᠠᠭᠤ ᠪᠠᠢᠭᠰᠠᠨ ᠡᠨᠡ ᠬᠠᠪᠢ᠂ ᠣᠳᠣ ᠯᠠ ᠵᠢᠭᠳᠡ ᠨᠣᠭᠣᠭᠠᠷᠠᠵᠤ ᠪᠠᠢᠨ᠎ᠠ᠃ ᠭᠡᠲᠡᠯ᠎ᠡ ᠪᠠᠰᠠ ᠨᠠᠮᠤᠷ ᠤ᠋ᠨ ᠠᠭᠤᠷ ᠣᠷᠣᠵᠤ᠂ ᠥᠷᠯᠥᠭᠡ ᠣᠷᠣᠢ ᠳ᠋ᠠᠭᠠᠨ ᠰᠡᠷᠢᠭᠦᠬᠡᠨ ᠪᠠᠢᠬᠤ ᠪᠣᠯᠵᠠᠢ᠃ ᠵᠡᠭᠦᠨ ᠵᠢᠷᠭᠠᠯᠠᠩᠲᠤ ᠶ᠋ᠢᠨ ᠡᠨᠡ ᠬᠠᠪᠢ ᠳᠠᠯᠠᠢ ᠶ᠋ᠢᠨ ᠲᠦᠪᠰᠢᠨ ᠡᠴᠡ ᠳᠡᠭᠡᠭᠰᠢ ᠮᠢᠩᠭ᠎ᠠ ᠨᠠᠢ᠍ᠮᠠᠨ ᠵᠠᠭᠤᠨ ᠲᠠᠪᠢᠨ ᠮᠧᠲ᠋ᠷ ᠲᠦ᠍ ᠣᠷᠣᠰᠢᠬᠤ ᠥᠨᠳᠥᠷᠯᠢᠭ ᠭᠠᠵᠠᠷ ᠤᠴᠢᠷ ᠡᠴᠡ ᠡᠨᠳᠡ ᠢᠯᠡᠭᠦᠦ ᠰᠡᠷᠢᠭᠦᠨ ᠪᠠᠢᠳᠠᠭ᠃ ᠲᠡᠢᠮᠦ ᠳ᠋ᠡᠭᠡᠨ ᠴᠦ᠍ ᠰᠠᠷᠯᠤᠭ ᠮᠠᠯ ᠰᠠᠢᠨ ᠢᠳᠡᠭᠡᠰᠢᠳᠡᠭ ᠨᠤᠲᠤᠭ ᠶᠤᠮ᠃ ᠪᠠᠲᠤᠪᠢᠯᠢᠭ᠌ ᠤ᠋ᠨ ᠬᠢ ᠯᠡ ᠭᠡᠬᠦ ᠳ᠋ᠦ᠍ ᠴᠥᠭᠡᠨ ᠦᠭᠡᠢ ᠲᠣᠭᠠᠨ ᠤ᠋ ᠰᠠᠷᠯᠤᠭ ᠲᠠᠢ᠃ ᠲᠡᠳᠡᠨ ᠦ᠌ ᠬᠢ ᠥᠷᠯᠥᠭᠡ ᠪᠦᠷᠢ ᠳᠥᠴᠢᠨ ᠨᠠᠢ᠍ᠮᠠᠨ ᠦᠨᠢᠶ᠎ᠡ ᠰᠠᠭᠠᠨ᠎ᠠ᠃ ᠲᠣᠮᠣ ᠥᠬᠢᠨ ᠰᠦᠨᠳᠡᠷᠢᠶᠠ ᠨᠢ ᠬᠢᠴᠢᠶᠡᠯ ᠦ᠋ᠨ ᠬᠡᠷᠡᠭᠯᠡᠭᠡ ᠪᠡᠨ ᠪᠠᠵᠠᠭᠠᠬᠤ ᠪᠠᠷ ᠬᠣᠲᠠ ᠤᠷᠤᠭᠤ ᠶᠠᠪᠤᠭᠰᠠᠨ ᠪᠣᠯᠬᠣᠷ ᠣᠢᠷ᠎ᠠ ᠶ᠋ᠢᠨ ᠬᠡᠳᠦᠨ ᠡᠳᠦᠷ ᠵᠢᠷᠭᠠᠯᠰᠠᠢᠬᠠᠨ ᠭᠠᠭᠴᠠᠭᠠᠷ ᠢ᠋ᠶ᠋ᠠᠨ ᠦᠨᠢᠶ᠎ᠡ ᠪᠡᠨ ᠰᠠᠭᠠᠵᠤ ᠪᠠᠢᠨ᠎ᠠ᠃ ᠭᠡᠷ ᠦ᠋ᠨ ᠡᠵᠡᠨ ᠪᠠᠲᠤᠪᠢᠯᠢᠭ᠌ ᠬᠠᠷᠢᠨ ᠦᠨᠢᠶ᠎ᠡ ᠢᠪᠢᠯᠭᠡᠬᠦ ᠭᠡᠬᠦ ᠵᠡᠷᠭᠡ ᠪᠡᠷ ᠴᠢᠳᠠᠬᠤ ᠴᠢᠨᠡᠭᠡ ᠪᠡᠷ ᠢ᠋ᠶ᠋ᠡᠨ ᠲᠤᠰᠠ ᠪᠣᠯᠤᠨ᠎ᠠ ᠠ᠋᠃
ᠲᠡᠳᠡ ᠥᠷᠯᠥᠭᠡ ᠪᠤᠷᠢ ᠶ᠋ᠢ ᠶᠠᠭ ᠡᠨᠡ ᠶᠠᠩᠵᠤ ᠪᠠᠷ ᠢ᠋ᠶ᠋ᠠᠨ ᠡᠬᠢᠯᠡᠭᠦᠯᠦᠭᠰᠡᠭᠡᠷ ᠠᠷᠪᠠᠨ ᠬᠣᠶᠠᠷ ᠰᠠᠷ᠎ᠠ ᠲᠠᠢ ᠵᠣᠯᠭᠠᠳᠠᠭ᠃ ᠠᠷᠪᠠᠨ ᠬᠣᠶᠠᠷ ᠰᠠᠷ᠎ᠠ ᠳ᠋ᠤ᠌ ᠦᠨᠢᠶᠡᠨ ᠦ᠌ ᠰᠦ ᠪᠦᠷᠢᠨ ᠲᠠᠲᠠᠷᠠᠬᠤ ᠦᠭᠡᠢ ᠴᠦ᠍ ᠭᠡᠯᠡ᠂ ᠬᠦᠢᠲᠡᠨ ᠡᠪᠦᠯ ᠢ᠋ᠶ᠋ᠡᠷ ᠦᠨᠢᠶ᠎ᠡ ᠰᠠᠭᠠᠬᠤ ᠲᠡᠢᠮᠦ ᠴᠦ᠍ ᠠᠮᠠᠷ ᠠᠵᠢᠯ ᠪᠢᠰᠢ ᠠ᠋᠃ ᠲᠡᠭᠡᠭᠡᠳ ᠴᠦ᠍ ᠢᠳᠡᠷ ᠶᠢᠰᠦ ᠶ᠋ᠢᠨ ᠬᠦᠢᠲᠡᠨ ᠡᠴᠡ ᠡᠮᠦᠨ᠎ᠡ ᠲᠤᠭᠤᠯ ᠢ᠋ᠶ᠋ᠠᠨ ᠲᠡᠩᠬᠡᠷᠡᠭᠦᠯᠬᠦ ᠨᠢ ᠶᠠᠭᠤ ᠶᠠᠭᠤᠨ ᠡᠴᠡ ᠢᠯᠡᠭᠦᠦ ᠴᠢᠬᠤᠯᠠ᠃
ᠥᠷᠯᠥᠭᠡ ᠪᠦᠷᠢ ᠲᠠᠪᠢᠭᠠᠳ ᠦᠨᠢᠶ᠎ᠡ ᠰᠠᠭᠠᠨ᠎ᠠ ᠭᠡᠳᠡᠭ ᠬᠡᠨ ᠬᠥᠮᠦᠨ ᠦ᠌ ᠬᠢᠬᠦ ᠠᠵᠢᠯ ᠪᠢᠰᠢ ᠠ᠋᠃ ᠬᠠᠷᠢᠨ ᠨᠢᠳᠤᠨᠤᠨ ᠵᠢᠯ ᠡᠴᠡ ᠲᠣᠮᠣ ᠥᠬᠢᠨ ᠰᠥᠨᠳᠡᠷᠢᠶᠠ ᠨᠢ ᠰᠠᠭᠠᠯᠢ ᠶ᠋ᠢᠨ ᠠᠵᠢᠯ ᠳ᠋ᠤ᠌ ᠲᠤᠰᠠᠯᠠᠵᠤ ᠡᠬᠢᠯᠡᠭᠰᠡᠨ ᠢ᠋ᠶ᠋ᠡᠷ ᠡᠵᠢ ᠨᠢ ᠣᠳᠣ ᠯᠠ ᠨᠢᠷᠤᠭᠤ ᠲᠡᠨᠢᠢᠬᠦᠲᠡᠢᠬᠡᠨ ᠪᠣᠯᠤᠭᠰᠠᠨ ᠪᠠᠢᠨ᠎ᠠ᠃
ᠰᠠᠭᠠᠯᠢ ᠡᠴᠡ ᠣᠷᠣᠵᠤ ᠢᠷᠡᠮᠡᠭᠴᠡ ᠭᠡᠷ ᠦ᠋ᠨ ᠠᠵᠢᠯ ᠵᠠᠯᠭᠠᠨ᠎ᠠ᠃ ᠢᠩᠭᠢᠵᠦ ᠯᠡ ᠴᠠᠭ ᠬᠠᠷᠠᠬᠤ ᠴᠤ᠌ ᠰᠡᠭᠡᠭᠡ ᠦᠭᠡᠢ᠃ ᠵᠥᠪᠬᠡᠨ ᠬᠢᠵᠦ ᠪᠠᠢᠭ᠎ᠠ ᠠᠵᠢᠯ ᠢ᠋ᠶ᠋ᠠᠷ ᠢ᠋ᠶ᠋ᠠᠨ ᠪᠠᠷᠢᠮᠵᠢᠶᠠᠯᠠᠨ ᠡᠳᠦᠷ ᠦ᠋ᠨ ᠨᠠᠷᠠ ᠶ᠋ᠢ ᠲᠣᠭᠠᠴᠠᠭᠠᠯᠠᠬᠤ ᠬᠦᠷᠲᠡᠯ᠎ᠡ ᠪᠡᠨ ᠡᠳᠦᠷ ᠪᠦᠷᠢ ᠡᠨᠡ ᠠᠵᠢᠯ ᠢ᠋ᠶ᠋ᠠᠨ ᠬᠢᠭᠰᠡᠭᠡᠷ ᠳᠠᠳᠴᠠᠢ᠃ ᠥᠬᠢᠨ ᠬᠣᠲᠠ ᠤᠷᠤᠭᠤ ᠶᠠᠪᠤᠵᠤ ᠲᠠᠪᠤ ᠬᠣᠨᠣᠭᠠᠳ ᠥᠴᠥᠭᠡᠳᠦᠷ ᠥᠷᠯᠥᠭᠡ ᠨᠠᠭᠠᠰᠢ ᠪᠠᠨ ᠭᠠᠷᠤᠭᠰᠠᠨ ᠰᠤᠷᠠᠭ ᠲᠠᠢ᠃ ᠭᠡᠰᠡᠨ ᠴᠦ᠍ ᠰᠥᠨᠢᠵᠢᠨ ᠬᠠᠷᠠᠭᠠᠳ ᠢᠷᠡᠭᠰᠡᠨ ᠦᠭᠡᠢ ᠪᠣᠯᠬᠣᠷ ᠠᠪᠤ ᠡᠵᠢ ᠨᠢ ᠠᠢᠮᠠᠭ ᠤ᠋ᠨ ᠲᠥᠪ ᠲᠦ᠍ ᠠᠢᠯ ᠳ᠋ᠤ᠌ ᠬᠣᠨᠣᠭᠰᠠᠨ ᠶᠤᠮ ᠪᠣᠯᠪᠠ ᠤᠤ ᠭᠡᠵᠦ ᠲᠠᠭᠠᠮᠠᠭᠯᠠᠨᠠ᠃ ᠬᠠᠮᠲᠤ ᠶᠠᠪᠤᠭ᠎ᠠ ᠬᠥᠮᠦᠰ ᠦ᠋ᠨ ᠬᠢᠨᠢ ᠤᠲᠠᠰᠤ ᠪᠠᠷ ᠴᠦ᠍ ᠬᠣᠯᠪᠣᠭ᠎ᠠ ᠪᠠᠷᠢᠵᠤ ᠪᠣᠯᠬᠤ ᠦᠭᠡᠢ ᠪᠣᠯᠬᠣᠷ ᠠᠪᠤ ᠨᠢ ᠵᠠᠮ ᠤ᠋ᠨ ᠠᠢᠯ ᠤᠷᠤᠭᠤ ᠤᠲᠠᠰᠤᠳᠠᠵᠤ ᠠᠰᠠᠭᠤᠬᠤ ᠪᠠᠷ ᠰᠢᠢᠳᠴᠡᠢ᠃ ᠪᠠᠢᠨ᠎ᠠ ᠤᠤ ?
ᠤᠳᠠᠭᠠᠨ ᠣᠷᠣᠭᠰᠠᠨ ᠪᠣᠷᠣᠭᠠᠨ ᠤ᠋ ᠤᠯᠠᠮ ᠡᠴᠡ ᠰᠢᠷᠭᠠᠴᠢᠨ ᠤ᠋ ᠭᠣᠣᠯ ᠦᠶᠡᠷᠯᠡᠵᠦ ᠰᠥᠨᠳᠡᠷᠢᠶᠠ ᠦᠶᠡᠷ ᠲᠦ᠍ ᠪᠣᠭᠣᠭᠳᠠᠨ ᠠᠢᠯ ᠳ᠋ᠤ᠌ ᠬᠣᠨᠣᠭᠰᠠᠨ ᠭᠡᠨ᠎ᠡ᠃ ᠤᠯᠠᠭᠠᠨᠪᠠᠭᠠᠲᠤᠷ ᠬᠣᠲᠠ ᠡᠴᠡ ᠲᠠᠪᠤᠨ ᠵᠠᠭᠤ ᠵᠢᠷᠠᠭᠠᠳ ᠺᠢᠯᠣᠮᠧᠲ᠋ᠷ ᠦ᠋ᠨ ᠵᠠᠢ ᠳ᠋ᠤ᠌ ᠣᠷᠣᠰᠢᠬᠤ ᠡᠨᠡ ᠭᠠᠵᠠᠷ ᠤᠷᠤᠭᠤ ᠥᠨᠳᠥᠷ ᠤᠯᠠᠭᠠᠨ ᠰᠤᠮᠤ ᠪᠠᠷ ᠳᠠᠭᠠᠷᠢᠵᠤ ᠢᠷᠡᠬᠦ ᠨᠢ ᠬᠠᠮᠢᠶ᠎ᠠ ᠦᠭᠡᠢ ᠲᠦᠳᠡ᠃ ᠭᠡᠷ ᠲᠡᠭᠡᠨ ᠢᠷᠡᠬᠦ ᠶ᠋ᠢᠨ ᠲᠤᠯᠠᠳᠠ ᠳᠠᠭᠠᠭᠠᠨ᠎ᠠ ᠭᠣᠣᠯ᠂ ᠠᠵᠢᠷᠭ᠎ᠠ ᠶ᠋ᠢᠨ ᠭᠣᠣᠯ᠂ ᠰᠢᠷᠭᠠᠴᠢᠨ ᠤ᠋ ᠭᠣᠣᠯ ᠢ᠋ ᠳᠠᠭᠠᠷᠢᠨ ᠥᠩᠭᠡᠷᠡᠬᠦ ᠶᠣᠰᠣᠲᠠᠢ᠃ ᠡᠨᠡ ᠬᠣᠭᠣᠷᠣᠨᠳᠣ ᠵᠢᠭ᠎ᠠ ᠳᠠᠬᠢᠨ ᠨᠢᠭᠡ ᠤᠳᠠᠭ᠎ᠠ ᠲᠣᠭᠣᠭ᠎ᠠ ᠲᠠᠯᠪᠢᠯ᠎ᠠ᠃ ᠢᠩᠭᠢᠬᠦ ᠵᠠᠭᠤᠷ᠎ᠠ ᠳ᠋ᠤ᠌ ᠨᠥᠭᠦᠭᠡ ᠵᠤᠤᠬᠠᠨ ᠳᠡᠭᠡᠷ᠎ᠡ ᠪᠡᠨ ᠥᠷᠯᠥᠭᠡ ᠰᠠᠭᠠᠭᠰᠠᠨ ᠰᠦ ᠪᠡᠨ ᠰᠠᠮᠠᠷᠴᠤ ᠵᠠᠭᠰᠠᠭᠠᠬᠤ ᠭᠡᠬᠦ ᠮᠡᠲᠦ ᠪᠡᠷ ᠳᠠᠪᠬᠤᠷ ᠳᠠᠪᠬᠤᠷ ᠠᠵᠢᠯ ᠢ᠋ᠶ᠋ᠠᠨ ᠠᠮᠵᠢᠭᠤᠯᠤᠨ᠎ᠠ᠃
ᠳᠥᠴᠢᠨ ᠨᠠᠢ᠍ᠮᠠᠨ ᠦᠨᠢᠶᠡᠨ ᠡᠴᠡ ᠡᠳᠦᠷ ᠲᠦ᠍ ᠵᠢᠷᠠ ᠭᠠᠷᠤᠢ ᠯᠢᠲ᠋ᠷ ᠰᠦ ᠰᠠᠭᠠᠨ᠎ᠠ᠂ ᠰᠠᠭᠠᠭᠰᠠᠨ ᠰᠦ ᠪᠡᠨ ᠵᠠᠭᠰᠠᠭᠠᠵᠤ ᠥᠷᠥᠮ᠎ᠡ ᠭᠠᠷᠭᠠᠵᠤ ᠠᠪᠤᠨ᠎ᠠ᠃ ᠥᠷᠥᠮ᠎ᠡ ᠶ᠋ᠢ ᠨᠢ ᠠᠪᠤᠭᠰᠠᠨ ᠰᠦ ᠪᠡᠷ ᠢ᠋ᠶ᠋ᠡᠨ ᠲᠠᠷᠠᠭ ᠪᠦᠷᠢᠵᠦ᠂ ᠪᠦᠷᠢᠭᠰᠡᠨ ᠲᠠᠷᠠᠭ ᠢ᠋ᠶ᠋ᠠᠷ ᠢ᠋ᠶ᠋ᠠᠨ ᠠᠭᠠᠷᠴᠠ ᠬᠢᠨ᠎ᠡ᠃ ᠳᠠᠷᠠᠭ᠎ᠠ ᠨᠢ ᠠᠭᠠᠷᠴᠠ ᠨᠡᠷᠡᠵᠦ ᠨᠡᠷᠡᠮᠡᠯ ᠭᠠᠷᠭᠠᠵᠤ ᠠᠪᠤᠨ᠎ᠠ ᠭᠡᠳ ᠲᠡᠭᠦᠨ ᠦ᠌ ᠠᠵᠢᠯ ᠬᠢᠭᠡᠳ ᠯᠡ ᠪᠠᠢᠬᠤ ᠳ᠋ᠤ᠌ ᠤᠨᠳᠤᠷᠤᠭᠠᠳ ᠪᠠᠢᠬᠤ ᠰᠢᠭ᠋᠃ ᠡᠨᠡ ᠬᠣᠭᠣᠷᠣᠨᠳᠣ ᠪᠢᠯᠢᠭ ᠰᠥᠨᠳᠡᠷᠢᠶᠠ ᠥᠬᠢᠨ ᠢ᠋ᠶ᠋ᠡᠨ ᠠᠪᠴᠢᠷᠠᠬᠤ ᠪᠠᠷ ᠶᠡᠬᠡ ᠣᠷᠭᠣᠯᠭᠠᠨ ᠤ᠋ ᠠᠮᠠ ᠤᠷᠤᠭᠤ ᠶᠠᠪᠤᠯ᠎ᠠ᠃
ᠵᠢᠭ᠎ᠠ ᠬᠣᠷᠢᠨ ᠯᠢᠲ᠋ᠷ ᠦ᠋ᠨ ᠲᠣᠭᠣᠭ᠎ᠠ ᠪᠠᠷ ᠡᠳᠦᠷ ᠲᠦ᠍ ᠬᠣᠶᠠᠷ ᠤᠳᠠᠭ᠎ᠠ ᠲᠣᠭᠣᠭ᠎ᠠ ᠨᠡᠷᠡᠨ᠎ᠡ᠃ ᠨᠢᠭᠡ ᠲᠣᠭᠣᠭᠠᠨ ᠡᠴᠡ ᠲᠠᠪᠤ ᠡᠴᠡ ᠵᠢᠷᠭᠤᠭᠠᠨ ᠺᠢᠯᠣᠭ᠌ᠷᠠᠮ ᠠᠭᠠᠷᠴᠠ ᠭᠠᠷᠭᠠᠨ᠎ᠠ ᠭᠡᠵᠦ ᠲᠣᠭᠠᠴᠠᠬᠤ ᠶᠤᠮ ᠪᠣᠯ᠂ ᠵᠢᠭ᠎ᠠ ᠡᠳᠦᠷ ᠲᠦ᠍ ᠨᠡᠢᠲᠡ ᠳ᠋ᠡᠭᠡᠨ ᠠᠷᠪᠠᠨ ᠺᠢᠯᠣᠭ᠌ᠷᠠᠮ ᠠᠭᠠᠷᠴᠠ ᠭᠠᠷᠭᠠᠨ ᠠᠪᠴᠤ᠂ ᠮᠠᠰᠢᠨᠳᠠᠭᠠᠳ ᠰᠢᠬᠢᠷ ᠲᠡᠢ ᠠᠭᠠᠷᠤᠤᠯ ᠬᠢᠳᠡᠭ ᠪᠠᠢᠨ᠎ᠠ᠃ ᠵᠢᠭ᠎ᠠ ᠵᠥᠪᠬᠡᠨ ᠠᠭᠠᠷᠤᠤᠯ ᠡᠴᠡ ᠭᠠᠳᠠᠨ᠎ᠠ ᠰᠢᠷ᠎ᠠ ᠰᠦ ᠪᠡᠷ ᠰᠢᠬᠢᠷ᠂ ᠮᠣᠯᠤᠻᠤ᠂ ᠴᠡᠯᠴᠡᠭᠨᠡᠭᠥᠷ ᠭᠡᠬᠦ ᠮᠡᠲᠦ ᠲᠥᠷᠥᠯ ᠪᠦᠷᠢ ᠶ᠋ᠢᠨ ᠠᠮᠲᠠᠲᠠᠨ ᠬᠢᠨ᠎ᠡ᠃ᠪᠠᠲᠤᠪᠢᠯᠢᠭ᠌ ᠲᠣᠮᠣ ᠮᠠᠰᠢᠨ ᠢ᠋ᠶ᠋ᠠᠷ ᠲᠠᠲᠠᠭᠤᠯᠤᠨ ᠭᠣᠣᠯ ᠤ᠋ᠨ ᠴᠠᠭᠠᠨ᠎ᠠ ᠡᠴᠡ ᠥᠬᠢᠨ ᠢ᠋ᠶ᠋ᠡᠨ ᠠᠪᠴᠤ ᠢᠷᠡᠵᠡᠢ᠃ ᠣᠳᠣ ᠯᠠ ᠨᠢᠭᠡ ᠰᠠᠨᠠᠭ᠎ᠠ ᠵᠣᠪᠠᠬᠤ ᠵᠦᠢᠯ ᠦᠭᠡᠢ ᠪᠣᠯᠤᠨ᠎ᠠ᠃
ᠡᠵᠢ ᠠᠪᠤ ᠨᠢ ᠵᠠᠪ ᠦᠭᠡᠢ ᠤᠴᠢᠷ ᠡᠴᠡ ᠰᠥᠨᠳᠡᠷᠢᠶᠠ ᠬᠣᠲᠠ ᠤᠷᠤᠭᠤ ᠶᠠᠪᠤᠵᠤ᠂ ᠥᠪᠡᠷ ᠦ᠋ᠨ ᠪᠣᠯᠤᠨ ᠳᠡᠭᠦᠦ ᠨᠠᠷ ᠤ᠋ᠨ ᠢ᠋ᠶ᠋ᠠᠨ ᠬᠢᠴᠢᠶᠡᠯ ᠦ᠋ᠨ ᠬᠤᠪᠴᠠᠰᠤ ᠬᠡᠷᠡᠭᠯᠡᠯ ᠢ᠋ ᠪᠠᠵᠠᠭᠠᠵᠠᠢ᠃ ᠵᠤᠨ ᠤ᠋ ᠤᠷᠲᠤ ᠠᠮᠠᠷᠠᠯᠲᠠ ᠶ᠋ᠢᠨ ᠳᠠᠷᠠᠭ᠎ᠠ ᠬᠢᠴᠢᠶᠡᠯ ᠦ᠋ᠨ ᠬᠡᠷᠡᠭᠯᠡᠯ ᠢ᠋ᠶ᠋ᠡᠨ ᠪᠡᠯᠡᠳᠴᠦ᠂ ᠶᠢᠰᠦᠳᠦᠭᠡᠷ ᠰᠠᠷ᠎ᠠ ᠶ᠋ᠢᠨ ᠨᠢᠭᠡᠨ ᠢ᠋ ᠬᠦᠯᠢᠶᠡᠬᠦ ᠭᠡᠭᠴᠢ ᠬᠡᠦᠬᠡᠳ ᠪᠦᠬᠦᠨ ᠦ᠌ ᠬᠤᠪᠢ ᠳ᠋ᠤ᠌ ᠪᠠᠶᠠᠷ ᠲᠠᠢ ᠶᠠᠪᠤᠳᠠᠯ᠃ ᠲᠡᠭᠡᠭᠡᠳ ᠴᠦ᠍ ᠻᠤᠸᠢᠳ᠋ ᠠᠷᠪᠠᠨ ᠶᠢᠰᠦ ᠴᠠᠷ ᠲᠠᠬᠤᠯ ᠤ᠋ᠨ ᠤᠯᠠᠮ ᠡᠴᠡ ᠬᠥᠳᠡᠭᠡ ᠶ᠋ᠢᠨ ᠰᠤᠷᠭᠠᠭᠤᠯᠢ ᠤ᠋ᠳ ᠥᠩᠭᠡᠷᠡᠭᠰᠡᠨ ᠵᠢᠯ ᠦ᠋ᠨ ᠠᠷᠪᠠᠨ ᠨᠢᠭᠡᠳᠦᠭᠡᠷ ᠰᠠᠷ᠎ᠠ ᠡᠴᠡ ᠬᠣᠢᠰᠢ ᠬᠢᠴᠢᠶᠡᠯᠯᠡᠭᠡ ᠦᠭᠡᠢ ᠤᠴᠢᠷ ᠬᠡᠦᠬᠡᠳ ᠦ᠋ᠳ ᠬᠢᠴᠢᠶᠡᠯ ᠳ᠋ᠡᠭᠡᠨ ᠶᠠᠪᠤᠵᠤ᠂ ᠠᠩᠭᠢ ᠶ᠋ᠢᠨ ᠨᠠᠢᠵᠠ ᠨᠤᠭᠤᠳ ᠲᠠᠢ ᠪᠠᠨ ᠠᠭᠤᠯᠵᠠᠨ᠎ᠠ ᠭᠡᠬᠦ ᠡᠴᠡ ᠳᠣᠭᠳᠣᠯᠵᠤ ᠪᠠᠢᠭ᠎ᠠ ᠨᠢ ᠭᠠᠷᠴᠠᠭ᠎ᠠ ᠦᠭᠡᠢ᠃
ᠡᠭᠡᠴᠢ ᠶ᠋ᠢᠨ ᠢ᠋ᠶ᠋ᠡᠨ ᠢᠷᠡᠭᠰᠡᠨ ᠰᠤᠷᠠᠭ ᠢ᠋ᠶ᠋ᠠᠷ ᠵᠡᠷᠭᠡᠯᠡᠳᠡᠭᠡ ᠠᠢᠯ ᠤ᠋ᠨ ᠬᠡᠦᠬᠡᠳ ᠦ᠋ᠳ ᠲᠡᠢ ᠲᠣᠭᠯᠠᠬᠤ ᠪᠠᠷ ᠶᠠᠪᠤᠭᠰᠠᠨ ᠬᠣᠶᠠᠷ ᠳᠡᠭᠦᠦ ᠨᠢ ᠬᠦᠷᠦᠭᠡᠳ ᠢᠷᠡᠵᠡᠢ᠃ ᠪᠠᠲᠤᠪᠢᠯᠢᠭ᠌ ᠤ᠋ᠨ ᠬᠢ ᠡᠴᠡ᠂ ᠰᠦᠨᠳᠡᠷᠢᠶᠠ᠂ ᠪᠢᠨᠳᠦᠷᠢᠶ᠎ᠠ᠂ ᠪᠦᠷᠢᠨᠮᠠᠨᠳᠤ ᠨᠠᠷ ᠤ᠋ᠨ ᠭᠤᠷᠪᠠᠨ ᠬᠡᠦᠬᠡᠳ ᠲᠡᠢ ᠂ ᠪᠠᠭ᠎ᠠ ᠬᠦᠦ ᠪᠦᠷᠢᠨᠮᠠᠨᠳᠤ ᠥᠩᠭᠡᠷᠡᠭᠰᠡᠨ ᠵᠢᠯ ᠨᠢᠭᠡᠳᠦᠭᠡᠷ ᠠᠩᠭᠢ ᠳ᠋ᠤ᠌ ᠡᠯᠰᠡᠨ ᠣᠷᠣᠭᠰᠠᠨ ᠴᠤ᠌ ᠴᠠᠷ ᠲᠠᠬᠤᠯ ᠤ᠋ᠨ ᠤᠯᠠᠮ ᠡᠴᠡ ᠬᠢᠴᠢᠶᠡᠯ ᠳ᠋ᠡᠭᠡᠨ ᠶᠡᠷᠦᠳᠡᠭᠡᠨ ᠬᠣᠶᠠᠷ ᠰᠠᠷ᠎ᠠ ᠯᠠ ᠰᠠᠭᠤᠭᠰᠠᠨ᠃ ᠭᠡᠲᠡᠯ᠎ᠡ ᠡᠨᠡ ᠵᠢᠯ ᠬᠣᠶᠠᠳᠤᠭᠠᠷ ᠠᠩᠭᠢ ᠳ᠋ᠤ᠌ ᠲᠠᠪᠰᠢᠨ ᠰᠤᠷᠤᠯᠴᠠᠬᠤ ᠤᠴᠢᠷ ᠡᠴᠡ ᠬᠢᠴᠢᠶᠡᠯ ᠦ᠋ᠨ ᠵᠢᠯ ᠡᠬᠢᠯᠡᠮᠡᠭᠴᠡ ᠪᠦᠷᠢᠨᠮᠠᠨᠳᠤ ᠶ᠋ᠢ ᠵᠠᠪ ᠦᠭᠡᠢ ᠡᠳᠦᠷ ᠦ᠋ᠳ ᠬᠦᠯᠢᠶᠡᠵᠦ ᠪᠠᠢᠭ᠎ᠠ᠃ ᠬᠡᠦᠬᠡᠳ ᠦ᠋ᠳ ᠬᠢᠴᠢᠶᠡᠯ ᠡᠬᠢᠯᠡᠬᠦ ᠳ᠋ᠦ᠍ ᠰᠤᠮᠤ ᠶ᠋ᠢᠨ ᠲᠥᠪ ᠲᠦ᠍ ᠡᠮᠡᠭᠡ᠂ ᠡᠪᠦᠭᠡ ᠲᠡᠢ ᠪᠡᠨ ᠠᠮᠢᠳᠤᠷᠠᠳᠠᠭ ᠶᠤᠮ ᠪᠠᠢᠨ᠎ᠠ᠃
ᠰᠦᠨᠳᠡᠷᠢᠶᠠ ᠭᠡᠷ ᠲᠡᠭᠡᠨ ᠢᠷᠡᠮᠡᠭᠴᠡ ᠭᠡᠷ ᠦ᠋ᠨ ᠠᠵᠢᠯ ᠳ᠋ᠤ᠌ ᠲᠤᠰᠠᠯᠠᠵᠤ ᠡᠬᠢᠯᠡᠯ᠎ᠡ᠃
ᠠᠷᠪᠠᠨ ᠭᠤᠷᠪᠠᠨ ᠨᠠᠰᠤᠲᠠᠢ ᠬᠡᠦᠬᠡᠳ ᠬᠥᠳᠡᠭᠡᠨ ᠦ᠌ ᠡᠨᠡ ᠶᠡᠬᠡ ᠠᠵᠢᠯ ᠢ᠋ ᠭᠠᠭᠴᠠᠭᠠᠷ ᠢ᠋ᠶ᠋ᠠᠨ ᠬᠢᠨ᠎ᠡ ᠭᠡᠳᠡᠭ ᠲᠡᠢᠮᠦ ᠴᠦ᠍ ᠠᠮᠠᠷ ᠵᠦᠢᠯ ᠪᠢᠰᠢ ᠠ᠋᠃
ᠪᠠᠭ᠎ᠠ ᠥᠬᠢᠨ ᠪᠢᠨᠳᠦᠷᠢᠶ᠎ᠠ ᠴᠤ᠌ ᠪᠠᠰᠠ ᠡᠵᠢ ᠠᠪᠤ ᠶ᠋ᠢᠨ ᠢ᠋ᠶ᠋ᠡᠨ ᠠᠵᠢᠯ ᠳ᠋ᠤ᠌ ᠴᠢᠳᠠᠯ ᠤ᠋ᠨ ᠢ᠋ᠶ᠋ᠠᠨ ᠬᠢᠷᠢ ᠪᠡᠷ ᠲᠤᠰᠠ ᠪᠣᠯᠤᠨ᠎ᠠ᠃ ᠡᠨᠡ ᠭᠡᠷ ᠲᠦ᠍ ᠶᠡᠷᠦᠨᠢ ᠥᠪᠡᠷ ᠦ᠋ᠨ ᠭᠡᠰᠡᠨ ᠡᠭᠦᠷᠭᠡ ᠦᠭᠡᠢ ᠬᠥᠮᠦᠨ ᠭᠡᠵᠦ ᠨᠢᠭᠡ ᠴᠦ᠍ ᠪᠠᠢᠬᠤ ᠦᠭᠡᠢ᠃ ᠬᠥᠮᠦᠨ ᠪᠦᠬᠦᠨ ᠠᠵᠢᠯ ᠳ᠋ᠤ᠌ ᠣᠷᠣᠯᠴᠠᠵᠤ᠂ ᠬᠠᠮᠲᠤ ᠳ᠋ᠠᠭᠠᠨ ᠪᠦᠭᠦᠳᠡ ᠶ᠋ᠢ ᠬᠢᠨ᠎ᠡ᠃ ᠤᠲᠠᠰᠤ ᠬᠠᠩᠭᠢᠨᠠᠭᠰᠠᠭᠠᠷ ᠯᠠ᠂ ᠠᠯᠳᠠᠭᠤᠯ ᠮᠠᠯ᠂ ᠠᠭᠠᠷᠤᠤᠯ ᠡᠭᠡᠵᠡᠭᠡᠢ ᠶ᠋ᠢᠨ ᠦᠨ᠎ᠡ ᠠᠰᠠᠭᠤᠬᠤ ᠭᠡᠰᠡᠨ ᠬᠥᠮᠦᠰ ᠪᠠᠢᠰᠬᠢᠭᠡᠳ ᠯᠡ ᠡᠳᠡᠨ ᠦ᠌ ᠬᠢ ᠤᠷᠤᠭᠤ ᠤᠲᠠᠰᠤ ᠵᠠᠯᠭᠠᠨ᠎ᠠ᠃ ᠡᠳᠡᠨ ᠦ᠌ ᠬᠢ ᠤᠭ ᠨᠢ ᠴᠠᠭᠠᠨ ᠲᠣᠯᠣᠭᠠᠢ ᠶ᠋ᠢᠨ ᠢᠷᠣᠭᠠᠷ ᠲᠤ᠌ ᠵᠤᠰᠠᠳᠠᠭ᠃ ᠬᠠᠷᠢᠨ ᠡᠨᠡ ᠵᠢᠯ ᠡᠴᠡ ᠨᠠᠮᠤᠷ ᠤ᠋ᠨ ᠳᠤᠮᠳᠠ ᠰᠠᠷ᠎ᠠ ᠬᠦᠷᠲᠡᠯ᠎ᠡ ᠣᠲᠣᠷ ᠲᠤ᠌ ᠶᠠᠪᠤᠬᠤ ᠪᠠᠷ ᠰᠢᠢᠳᠴᠦ᠂ ᠳᠣᠯᠣᠳᠤᠭᠠᠷ ᠰᠠᠷ᠎ᠠ ᠶ᠋ᠢᠨ ᠬᠣᠷᠢᠨ ᠳᠣᠯᠣᠭᠠᠨ ᠳ᠋ᠤ᠌ ᠵᠡᠭᠦᠨ ᠵᠢᠷᠭᠠᠯᠠᠩᠲᠤ ᠳ᠋ᠤ᠌ ᠢᠷᠡᠵᠦ ᠪᠠᠭᠤᠭᠰᠠᠨ ᠪᠠᠢᠨ᠎ᠠ᠃
ᠵᠢᠭ᠎ᠠ ᠶ᠋ᠢᠨ ᠠᠵᠢᠯ ᠪᠠᠰᠠ ᠯᠠ ᠳᠠᠭᠤᠰᠬᠤ ᠪᠣᠯᠤᠭ᠎ᠠ ᠦᠭᠡᠢ ᠠ᠋᠃ ᠬᠡᠪ ᠳᠠᠷᠤᠭ᠎ᠠ ᠦᠭᠡᠢ ᠠᠭᠠᠷᠴᠠ ᠪᠠᠷ ᠢ᠋ᠶ᠋ᠠᠨ ᠴᠥᠷᠮ᠎ᠡ ᠰᠢᠬᠠᠵᠤ ᠪᠠᠢᠨ᠎ᠠ᠃ ᠰᠢᠬᠢᠷ ᠲᠡᠢ ᠠᠭᠠᠷᠤᠤᠯ ᠢ᠋ ᠨᠠᠮᠤᠷ ᠣᠷᠣᠢ ᠬᠤᠷᠢᠶᠠᠬᠤ ᠶᠤᠮ ᠪᠣᠯ ᠢᠯᠡᠭᠦᠦ ᠲᠣᠬᠢᠷᠠᠮᠵᠢᠲᠠᠢ ᠪᠠᠢᠳᠠᠭ ᠭᠡᠨ᠎ᠡ ᠠ᠋᠃ ᠤᠴᠢᠷ ᠨᠢ ᠨᠠᠮᠤᠷ ᠤ᠋ᠨ ᠴᠠᠭ ᠲᠤ᠌ ᠰᠠᠷᠯᠤᠭ ᠤ᠋ᠨ ᠰᠦ ᠨᠢ ᠤᠯᠠᠮ ᠥᠳᠬᠡᠨ ᠲᠣᠰᠣᠯᠢᠭ ᠶᠡᠬᠡᠲᠡᠢ ᠪᠣᠯᠬᠤ ᠡᠴᠡ ᠭᠠᠳᠠᠨ᠎ᠠ ᠰᠡᠷᠢᠭᠦᠨ ᠴᠠᠭ ᠲᠤ᠌ ᠠᠭᠠᠷᠤᠤᠯ ᠬᠠᠲᠠᠭᠠᠬᠤ ᠳ᠋ᠤ᠌ ᠬᠠᠮᠢᠶ᠎ᠠ ᠦᠭᠡᠢ ᠬᠤᠷᠳᠤᠨ ᠬᠠᠲᠠᠵᠤ ᠡᠪᠡᠷᠳᠡᠭ ᠶᠦᠮ ᠪᠠᠢᠨ᠎ᠠ᠃ ᠡᠨᠡ ᠬᠦ ᠨᠢᠭᠡ ᠡᠳᠦᠷ ᠦ᠋ᠨ ᠠᠵᠢᠯ ᠢᠩᠭᠢᠭᠡᠳ ᠳᠠᠭᠤᠰᠤᠯ᠎ᠠ᠃ ᠣᠳᠣ ᠣᠷᠣᠢ ᠶ᠋ᠢᠨ ᠬᠣᠭᠣᠯᠠ ᠢᠳᠡᠵᠦ ᠭᠡᠷ ᠪᠦᠯᠢ ᠪᠡᠷ ᠢ᠋ᠶ᠋ᠡᠨ ᠠᠮᠠᠷᠠᠬᠤ ᠴᠠᠭ ᠪᠣᠯᠤᠯ᠎ᠠ᠃ ᠵᠢᠭ᠎ᠠ ᠬᠠᠷᠢᠨ ᠮᠠᠷᠭᠠᠰᠢ ᠦᠷ ᠦ᠋ᠨ ᠭᠤᠷᠪᠠᠨ ᠴᠠᠭ ᠡᠴᠡ ᠳᠠᠬᠢᠭᠠᠳ ᠯᠠ ᠠᠵᠢᠯ ᠳ᠋ᠠᠭᠠᠨ ᠭᠠᠷᠤᠨ᠎ᠠ᠃
ᠪᠠᠷᠠᠭᠤᠨ ᠬᠣᠢᠨ᠎ᠠ ᠡᠴᠡ ᠪᠣᠷᠣᠭᠠᠨ ᠤ᠋ ᠡᠭᠦᠯᠡ ᠰᠠᠯᠬᠢᠨ ᠳ᠋ᠤ᠌ ᠲᠠᠭᠤᠭᠳᠠᠭᠰᠠᠭᠠᠷ ᠣᠢᠷᠠᠲᠤᠨ᠎ᠠ᠃ ᠤᠳᠠᠬᠤ ᠦᠭᠡᠢ ᠪᠠᠰᠠ ᠯᠠ ᠪᠣᠷᠣᠭ᠎ᠠ ᠠᠰᠬᠠᠵᠤ ᠡᠬᠢᠯᠡᠬᠦ ᠨᠢ ᠳᠧ᠃ ᠭᠡᠬᠦ ᠳ᠋ᠡᠭᠡᠨ ᠣᠬᠢᠯᠠᠩᠬᠢᠨᠠᠭᠰᠠᠨ ᠪᠣᠷᠣᠭ᠎ᠠ ᠲᠠᠢ ᠡᠳᠦᠷ ᠦ᠋ᠳ ᠤᠳᠠᠬᠤ ᠦᠭᠡᠢ ᠳᠠᠭᠤᠰᠴᠤ᠂ ᠨᠠᠯᠠᠢᠬᠤ ᠡᠳᠦᠷ ᠢᠷᠡᠵᠦ ᠯᠠ ᠲᠠᠭᠠᠷᠠᠭ᠎ᠠ ᠂᠂᠂᠂
ᠠᠰᠬᠠᠨ ᠮᠣᠩᠭᠣᠯ ᠢ᠋ᠶ᠋ᠠᠷ ᠪᠢᠴᠢᠪᠡ
