ᠭᠤᠷᠪᠠᠨ ᠲᠣᠯᠣᠭᠠᠢᠲᠤ ᠴᠢᠳᠬᠥᠷГурван толгойт цөтгөр_ The Three Headed Beast ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠲᠣᠯᠣᠭᠠᠢᠲᠤ ᠴᠢᠳᠬᠥᠷГурван толгойт цөтгөр_ The Three Headed Beast

ᠭᠤᠷᠪᠠᠨ ᠲᠣᠯᠣᠭᠠᠢᠲᠤ ᠴᠢᠳᠬᠥᠷГурван толгойт цөтгөр_ The Three Headed Beast

2023-05-17

438

ᠭᠤᠷᠪᠠᠨ ᠲᠣᠯᠣᠭᠠᠢᠲᠤ ᠴᠢᠳᠬᠥᠷ

   ᠡᠷᠲᠡ ᠤᠷᠢᠳᠤ ᠶ᠋ᠢᠨ ᠴᠠᠭ ᠲᠤ ᠨᠢᠭᠡᠨ ᠬᠠᠭᠠᠨᠲᠤ ᠤᠯᠤᠰ ᠲᠤ ᠡᠳᠢᠷᠺ ᠬᠡᠮᠡᠬᠦ ᠵᠠᠯᠠᠭᠤ ᠬᠣᠩ ᠲᠠᠢᠵᠢ ᠠᠮᠢᠳᠤᠷᠠᠨ ᠰᠠᠭᠤᠳᠠᠭ ᠪᠠᠢᠵᠠᠢ᠃ ᠲᠡᠭᠦᠨ ᠢ᠋ᠶ᠋ᠡᠷ ᠪᠤᠰᠤᠳ ᠤ᠋ᠨ ᠬᠠᠷᠠᠵᠤ ᠴᠢᠳᠠᠳᠠᠭ ᠦᠭᠡᠢ ᠰᠦᠨᠡᠰᠦ᠂ ᠳᠠᠭᠢᠨᠢᠰ ᠪᠣᠯᠤᠨ ᠷᠢᠳᠢ ᠰᠢᠳᠢ ᠶ᠋ᠢᠨ ᠠᠮᠢᠲᠠᠨ ᠢ᠋ ᠬᠠᠷᠠᠵᠤ ᠴᠢᠳᠠᠳᠠᠭ ᠲᠥᠷᠥᠯᠬᠢ ᠶ᠋ᠢᠨ ᠠᠪᠢᠶᠠᠰ ᠲᠠᠢ ᠪᠠᠢᠵᠤ ᠭᠡᠨ᠎ᠡ᠂ ᠲᠡᠷᠡ ᠪᠦᠷ ᠠᠮᠢᠲᠠᠳ ᠲᠠᠢ ᠶᠠᠷᠢᠵᠤ ᠴᠢᠳᠠᠳᠠᠭ ᠪᠠᠢᠨ᠎ᠠ᠃ ᠬᠠᠭᠠᠨ ᠬᠠᠲᠤᠨ ᠬᠣᠶᠠᠷ ᠲᠡᠭᠦᠨ ᠢ᠋ ᠵᠠᠷᠢᠮ ᠳ᠋ᠤ᠌ ᠪᠠᠨ ᠭᠠᠭᠴᠠᠭᠠᠷ ᠢ᠋ᠶ᠋ᠠᠨ ᠶᠠᠷᠢᠵᠤ ᠪᠠᠢᠬᠤ ᠶ᠋ᠢ ᠬᠠᠷᠠᠭᠠᠳ ᠶᠡᠬᠡᠳᠡ ᠰᠠᠨᠠᠭ᠎ᠠ ᠵᠣᠪᠠᠳᠠᠭ ᠪᠠᠢᠵᠠᠢ᠃ ᠬᠠᠭᠠᠨ᠂ ᠬᠦᠦ ᠨᠢ ᠂ ᠥᠪᠡᠷ ᠦ᠋ᠨ ᠰᠢᠭ ᠰᠠᠢᠨ ᠲᠣᠯᠣᠭᠠᠢᠯᠠᠭᠴᠢ ᠪᠢᠰᠢ ᠭᠡᠳᠡᠭ ᠲᠦ᠍ ᠪᠦᠷ ᠴᠦ᠍ ᠶᠡᠬᠡ ᠰᠠᠨᠠᠭ᠎ᠠ ᠵᠣᠪᠠᠳᠠᠭ ᠪᠠᠢᠯ᠎ᠠ᠂ ᠭᠡᠬᠦ ᠳ᠋ᠦ᠍ ᠪᠡᠨ ᠬᠠᠭᠠᠨ ᠤ᠋ ᠪᠣᠳᠣᠭᠰᠠᠨ ᠰᠢᠭ᠋ ᠬᠥᠮᠦᠨ ᠪᠢᠰᠢ ᠪᠠᠢᠭᠰᠠᠨ ᠶᠤᠮ᠃ 
— ᠡᠳᠢᠷᠺ ᠴᠢ ᠳᠣᠭᠣᠭᠰᠢ ᠪᠠᠨ ᠪᠠᠭᠤᠭᠠᠳ ᠴᠡᠷᠢᠭ ᠦ᠋ᠳ ᠲᠡᠢ ᠪᠡᠯᠡᠳᠬᠡᠯ ᠬᠢᠪᠡᠯ ᠶᠠᠭᠠᠬᠢᠳᠠᠭ ᠶᠤᠮ᠃ ᠬᠥᠭᠵᠢᠯ ᠲᠡᠢ ᠰᠢᠦ ᠳᠡ᠃
—ᠦᠭᠡᠢ ᠠᠪᠤ ᠠ᠋ ᠨᠠᠮ᠎ᠠ ᠶ᠋ᠢ ᠲᠡᠢᠮᠦ ᠵᠦᠢᠯ ᠳ᠋ᠦ᠍ ᠳᠤᠷ᠎ᠠ ᠦᠭᠡᠢ ᠭᠡᠳᠡᠭ ᠢ᠋ ᠲᠠ ᠮᠡᠳᠡᠵᠦ ᠪᠠᠢᠭ᠎ᠠ ᠪᠢᠵᠡ ᠳᠡ᠃
—ᠨᠢᠭᠡ ᠡᠳᠦᠷ ᠬᠠᠭᠠᠨ ᠴᠡᠷᠢᠭ ᠦ᠋ᠳ ᠢ᠋ᠶ᠋ᠡᠨ ᠥᠷᠥᠨ᠎ᠡ ᠶ᠋ᠢᠨ ᠲᠤᠯᠤᠭᠠᠳ ᠲᠤ ᠪᠡᠯᠡᠳᠬᠡᠯ ᠰᠤᠷᠭᠠᠭᠤᠯᠢᠯᠲᠠ ᠬᠢᠯᠭᠡᠬᠦ ᠪᠡᠷ ᠰᠢᠢᠳᠴᠦ ᠭᠡᠨ᠎ᠡ᠃ ᠲᠡᠭᠡᠭᠡᠳ ᠴᠡᠷᠢᠭ ᠦ᠋ᠳ ᠲᠤᠯᠤᠭᠠᠳ ᠢ᠋ ᠵᠣᠷᠢᠵᠤ ᠤᠳᠠᠯ ᠦᠭᠡᠢ ᠬᠦᠷᠴᠦ ᠭᠡᠨ᠎ᠡ᠃ ᠬᠠᠭᠠᠨ ᠲᠡᠳᠡᠨ ᠦ᠌ ᠪᠡᠯᠡᠳᠬᠡᠯ ᠢ᠋ ᠳᠡᠷᠭᠡᠳᠡ ᠡᠴᠡ ᠨᠢ ᠬᠠᠷᠠᠵᠤ ᠵᠣᠭᠰᠣᠲᠠᠯ᠎ᠠ ᠭᠡᠨᠡᠳᠲᠡ ᠮᠣᠳᠣᠨ ᠤ᠋ ᠠᠷᠤ ᠳ᠋ᠤ᠌ ᠮᠠᠩᠭᠤᠰ ᠤ᠋ᠨ ᠲᠣᠯᠣᠭᠠᠢ ᠴᠤᠬᠤᠢᠵᠤ ᠪᠠᠢᠬᠤᠢ ᠣᠯᠵᠤ ᠬᠠᠷᠠᠵᠤ ᠭᠡᠨ᠎ᠡ᠃
—ᠲᠡᠷᠡ ᠶᠠᠭᠤ ᠪᠣᠢ?
—ᠡᠷᠬᠢᠮ ᠳᠡᠭᠡᠳᠦᠰ ᠠ᠋᠂
—ᠪᠢ ᠣᠢ ᠤᠷᠤᠭᠤ ᠣᠷᠣᠯ᠎ᠠ᠃
— ᠵᠠᠩᠵᠤᠨ ᠬᠠᠷᠢᠭᠤ ᠬᠡᠯᠡᠬᠦ ᠶ᠋ᠢᠨ ᠵᠠᠪᠳᠤᠯ ᠦᠭᠡᠢ ᠬᠠᠭᠠᠨ ᠥᠨᠥ ᠬᠠᠴᠢᠨ ᠠᠮᠢᠲᠠᠨ ᠢ᠋ ᠬᠠᠢᠵᠤ ᠣᠯᠬᠤ ᠪᠠᠷ ᠮᠣᠳᠣᠳ ᠤ᠋ᠨ ᠳᠤᠮᠳᠠᠭᠤᠷ ᠣᠢ ᠶ᠋ᠢᠨ ᠭᠦᠨ ᠤᠷᠤᠭᠤ ᠭᠦᠶᠦᠨ ᠣᠳᠤᠯ᠎ᠠ᠃ ᠭᠡᠲᠡᠯ᠎ᠡ ᠭᠡᠨᠡᠳᠲᠡ ᠲᠡᠭᠦᠨ ᠢ᠋ᠶ᠋ᠡᠷ ᠭᠤᠷᠪᠠᠨ ᠲᠣᠯᠣᠭᠠᠢ ᠲᠠᠢ ᠴᠢᠳᠬᠥᠷ ᠲᠡᠢ ᠨᠢᠭᠤᠷ ᠲᠤᠯᠤᠯ᠎ᠠ ᠭᠡᠨ᠎ᠡ ᠰᠢᠦ᠃
— ᠪᠢ ᠣᠯᠠᠨ ᠬᠠᠭᠠᠨᠲᠤ ᠤᠯᠤᠰ ᠢ᠋ ᠡᠵᠡᠯᠡᠵᠦ ᠶᠠᠪᠤᠭᠰᠠᠨ᠂ ᠴᠢᠮ᠎ᠠ ᠶ᠋ᠢ ᠴᠦ᠍ ᠲᠦᠪᠡᠭ ᠦᠭᠡᠢ ᠳᠡᠢᠯᠬᠦ ᠪᠣᠯᠤᠨ᠎ᠠ᠃
— ᠠ᠁ ᠠ᠁
—ᠠ᠁ᠬᠠᠭᠠᠨᠲᠠᠨ!
—ᠵᠠᠩᠵᠤᠨ᠂ ᠴᠡᠷᠢᠭ ᠦ᠋ᠳ ᠢ᠋ᠶ᠋ᠡᠨ ᠳᠠᠷᠤᠢᠬᠠᠨ ᠴᠤᠭᠯᠠᠭᠤᠯᠤᠨ ᠣᠢ ᠤᠷᠤᠭᠤ ᠣᠷᠣᠵᠤ ᠬᠠᠭᠠᠨ ᠢ᠋ᠶ᠋ᠠᠨ ᠬᠠᠮᠢᠭ᠎ᠠ ᠰᠠᠢ ᠦᠭᠡᠢ ᠡᠷᠢᠭᠰᠡᠨ ᠴᠦ᠍ ᠬᠠᠮᠢᠭ᠎ᠠ ᠠ᠋ᠴᠠ ᠴᠤ᠌ ᠣᠯᠵᠤ ᠴᠢᠳᠠᠭᠰᠠᠨ ᠦᠭᠡᠢ ᠭᠡᠨ᠎ᠡ᠃ ᠲᠡᠳᠡ ᠣᠷᠳᠣᠨ ᠳ᠋ᠤ᠌ ᠡᠷᠭᠢᠵᠦ ᠢᠷᠡᠭᠡᠳ ᠬᠠᠲᠤᠨ ᠳ᠋ᠤ᠌ ᠵᠢᠷᠦᠬᠡ ᠵᠦᠰᠦᠮ᠎ᠡ ᠮᠡᠳᠡᠭᠡ ᠶ᠋ᠢ ᠳᠣᠭᠣᠯᠭᠠᠵᠠᠢ᠃ ᠬᠣᠩ ᠲᠠᠢᠵᠢ ᠴᠤ᠌ ᠴᠣᠴᠢᠷᠲᠠᠯ᠎ᠠ ᠭᠡᠨ᠎ᠡ᠂ ᠬᠠᠭᠠᠨᠲᠤ ᠤᠯᠤᠰ ᠤ᠋ᠨ ᠬᠢᠨᠢ ᠴᠥᠬᠥᠷᠡᠩ ᠢ᠋ᠶ᠋ᠡᠨ ᠪᠠᠷᠠᠵᠤ ᠬᠡᠳᠦ ᠬᠣᠨᠣᠭ ᠤ᠋ᠨ ᠳᠠᠷᠠᠭ᠎ᠠ ᠡᠳᠢᠷᠺ ᠬᠣᠩ ᠲᠠᠢᠵᠢ ᠶ᠋ᠢ ᠬᠠᠭᠠᠨ ᠳ᠋ᠤ᠌ ᠡᠷᠭᠦᠮᠵᠢᠯᠡᠵᠦ ᠭᠡᠨ᠎ᠡ᠃
  ᠭᠡᠪᠡᠴᠦ ᠬᠡᠳᠦ ᠬᠣᠨᠣᠭ ᠤ᠋ᠨ ᠳᠠᠷᠠᠭ᠎ᠠ ᠠ᠋ᠴᠠ ᠡᠳᠢᠷᠺ ᠲᠦ᠍ ᠶᠡᠬᠡ ᠬᠠᠴᠢᠷᠬᠠᠯ ᠲᠠᠢ ᠰᠠᠨᠠᠭᠳᠠᠬᠤ ᠪᠣᠯᠵᠤ᠂
—ᠶᠠᠭᠠᠬᠢᠭᠠᠳ ᠠᠪᠤ ᠶ᠋ᠢ ᠬᠡᠷᠬᠢᠨ ᠠᠯᠠᠭ᠎ᠠ ᠪᠣᠯᠤᠭᠰᠠᠨ ᠲᠤᠬᠠᠢ ᠬᠡᠨ ᠴᠦ᠍ ᠮᠡᠳᠡᠳᠡᠭ ᠦᠭᠡᠢ ᠪᠢᠯᠡ᠂ ᠪᠢ ᠵᠠᠪᠠᠯ ᠮᠡᠳᠡᠬᠦ ᠶᠣᠰᠣᠲᠠᠢ᠂ ᠵᠠᠩᠵᠤᠨ ᠠ᠋ ᠪᠢ ᠥᠷᠥᠨ᠎ᠡ ᠶ᠋ᠢᠨ ᠲᠤᠯᠤᠭᠠᠳ ᠤᠷᠤᠭᠤ ᠶᠠᠪᠤᠮᠠᠷ ᠪᠠᠢᠨ᠎ᠠ᠃
—ᠶᠠᠭᠤ! ᠶᠠᠭᠠᠬᠢᠭᠠᠳ?
—ᠠᠪᠤ ᠳ᠋ᠤ᠌ ᠮᠠᠨᠢ ᠶᠠᠭ ᠶᠠᠭᠤ ᠲᠣᠬᠢᠶᠠᠯᠳᠤᠭᠰᠠᠨ ᠭᠡᠳᠡᠭ ᠢ᠋ ᠮᠡᠳᠡᠮᠡᠷ ᠪᠠᠢᠨ᠎ᠠ᠂ᠠᠶᠤᠯ ᠦᠭᠡᠢ ᠪᠠᠢᠳᠠᠯ ᠤ᠋ᠨ ᠡᠭᠦᠳᠡᠨ ᠡᠴᠡ ᠬᠡᠳᠦᠨ ᠴᠡᠷᠢᠭ ᠳᠠᠭᠠᠭᠤᠯᠤᠨ ᠶᠠᠪᠤᠵᠠᠭᠠᠶ᠎ᠠ᠃
—ᠢᠩᠭᠢᠭᠡᠳ ᠬᠥᠮᠦᠨ ᠪᠦᠷ ᠭᠠᠢᠬᠠᠵᠠᠭᠠᠵᠤ ᠪᠠᠢᠬᠤ ᠳ᠋ᠤ᠌ ᠡᠳᠢᠷᠺ ᠴᠢᠮᠡᠭᠡ ᠦᠭᠡᠢᠬᠡᠨ ᠡᠷ᠎ᠡ ᠴᠡᠷᠢᠭ ᠦ᠋ᠳ ᠢ᠋ᠶ᠋ᠡᠨ ᠳᠠᠭᠠᠭᠤᠯᠤᠨ ᠥᠷᠥᠨ᠎ᠡ ᠶ᠋ᠢᠨ ᠲᠤᠯᠤᠭᠠᠳ ᠤᠷᠤᠭᠤ ᠴᠢᠭᠯᠡᠨ ᠶᠠᠪᠤᠯ᠎ᠠ᠃ ᠲᠡᠳᠡ ᠤᠳᠠᠯ ᠦᠭᠡᠢ ᠵᠣᠷᠢᠭᠰᠠᠨ ᠭᠠᠵᠠᠷ ᠲᠤ ᠪᠠᠨ ᠬᠦᠷᠴᠦ ᠪᠠᠭᠤᠳᠠᠯᠯᠠᠯ᠎ᠠ᠃ 
ᠡᠳᠢᠷᠺ ᠶᠠᠮᠠᠷ ᠨᠢᠭᠡᠨ ᠵᠦᠢᠯ ᠬᠠᠷᠠᠭᠳᠠᠵᠤ ᠮᠠᠭᠠᠳ ᠦᠭᠡᠢ ᠭᠡᠮᠡᠨ ᠪᠦᠲᠦᠨ ᠡᠳᠦᠷᠵᠢᠨ ᠡᠷᠭᠢᠨ ᠲᠣᠭᠣᠷᠢᠨ ᠢ᠋ᠶ᠋ᠠᠨ ᠠᠵᠢᠭᠯᠠᠯ᠎ᠠ᠃ ᠢᠩᠭᠢᠭᠡᠳ ᠦᠳᠡᠰᠢ ᠪᠣᠯᠬᠤ ᠳ᠋ᠤ᠌ ᠲᠡᠷᠡ ᠰᠡᠳᠬᠢᠯ ᠢ᠋ᠶ᠋ᠡᠷ ᠤᠨᠠᠵᠤ ᠭᠡᠨ᠎ᠡ᠃
— ᠡᠩ᠁ ᠮᠠᠷᠭᠠᠰᠢ ᠳᠠᠬᠢᠭᠠᠳ ᠯᠠ ᠬᠠᠢᠬᠤ ᠠ᠋ᠴᠠ ᠳᠠ
—ᠲᠡᠷᠡ ᠦᠶᠡᠰ ᠲᠦ᠍ ᠡᠳᠢᠷᠺ ᠮᠥᠨ ᠯᠡ ᠮᠠᠩᠭᠤᠰ ᠤ᠋ᠨ ᠲᠣᠯᠣᠭᠠᠢ ᠶ᠋ᠢ ᠬᠠᠷᠠᠵᠤ ᠭᠡᠨ᠎ᠡ᠃ ᠮᠠᠩᠭᠤᠰ ᠮᠥᠨ ᠯᠡ ᠠᠯᠠᠭ᠎ᠠ ᠪᠣᠯᠤᠭᠰᠠᠨ ᠤᠴᠢᠷ ᠡᠳᠢᠷᠺ ᠠᠪᠤ ᠶ᠋ᠢᠨ ᠢ᠋ᠶ᠋ᠡᠨ ᠠᠳᠠᠯᠢ ᠠᠷᠤ ᠠ᠋ᠴᠠ ᠨᠢ ᠬᠥᠭᠡᠭᠡᠵᠦ ᠭᠡᠨ᠎ᠡ᠂ ᠢᠩᠭᠢᠭᠡᠳ ᠭᠦᠶᠦᠵᠦ ᠶᠠᠪᠤᠭᠰᠠᠨ ᠳ᠋ᠤ᠌ ᠲᠡᠷᠡ ᠪᠠᠰᠠ ᠠᠯᠳᠠᠴᠢᠬᠠᠵᠠᠢ᠃
— ᠲᠡᠷᠡ ᠬᠠᠮᠢᠭ᠎ᠠ ᠣᠴᠢᠴᠢᠬᠠᠪᠠ?
—ᠬᠣᠩᠭᠣᠷ ᠮᠢᠨᠢ᠂ ᠪᠠᠰᠠ ᠨᠢᠭᠡ ᠬᠣᠬᠢᠷᠠᠭᠴᠢ ᠲᠡᠭᠦᠨ ᠳ᠋ᠦ᠍ ᠲᠤᠰᠠᠯᠠᠵᠤ ᠴᠢᠳᠠᠳᠠᠭ ᠴᠤ᠌ ᠪᠣᠯᠤᠭᠠᠰᠠᠢ᠂ ᠳᠠᠩᠴᠤ ᠲᠡᠷᠡ ᠪᠢᠳᠡᠨ ᠢ᠋ ᠰᠣᠨᠣᠰᠬᠤ ᠦᠭᠡᠢ ᠳᠡ᠂
— ᠪᠢ ᠲᠠ ᠨᠠᠷ ᠢ᠋ ᠮᠠᠰᠢ ᠰᠠᠢᠨ ᠰᠣᠨᠣᠰᠴᠤ ᠪᠠᠢᠨ᠎ᠠ᠃
—ᠠ᠂ ᠶᠠᠭᠠᠬᠢᠵᠤ? 
— ᠡᠳᠢᠷᠺ ᠲᠡᠳᠡᠨ ᠳ᠋ᠦ᠍ ᠥᠪᠡᠷ ᠦ᠋ᠨ ᠭᠣᠴᠣ ᠠᠪᠢᠶᠠᠰ ᠤ᠋ᠨ ᠢ᠋ᠶ᠋ᠠᠨ ᠲᠤᠬᠠᠢ ᠪᠦᠬᠦᠨ ᠢ᠋ ᠶᠠᠷᠢᠭᠰᠠᠨ ᠳ᠋ᠤ᠌ ᠳᠠᠭᠢᠨᠢᠰ ᠲᠤ ᠲᠠᠭᠠᠯᠠᠭᠳᠠᠵᠤ ᠭᠡᠨ᠎ᠡ᠃
—ᠬᠠᠷᠢᠨ ᠣᠳᠣ ᠲᠠ ᠬᠣᠶᠠᠷ ᠤ᠋ᠨ ᠨᠠᠳᠠ ᠳ᠋ᠤ᠌ ᠲᠤᠰᠠᠯᠠᠬᠤ ᠶᠠᠭᠤ ᠪᠣᠯᠤᠭᠰᠠᠨ ᠪᠣᠢ?
—ᠰᠢᠳᠢᠲᠦ  ᠳᠠᠭᠢᠨᠢ  ᠨᠤᠭᠤᠳ ᠡᠳᠢᠷᠺ ᠲᠦ᠍ ᠮᠠᠩᠭᠤᠰ ᠦᠨᠡᠨ ᠬᠡᠷᠡᠭ ᠲᠦ᠍ ᠪᠡᠨ ᠲᠤᠩ ᠬᠦᠴᠦᠷᠬᠡᠭ ᠪᠢᠷᠢᠳ ᠪᠣᠯᠬᠣᠷ ᠲᠡᠭᠦᠨ ᠢ᠋ ᠢᠯᠠᠬᠤ ᠶ᠋ᠢᠨ ᠲᠤᠰᠠ ᠳ᠋ᠤ᠌ ᠲᠡᠳᠡᠨ ᠦ᠌ ᠲᠤᠰᠠᠯᠠᠮᠵᠢ ᠬᠡᠷᠡᠭ ᠲᠡᠢ ᠪᠣᠯᠤᠨ᠎ᠠ ᠭᠡᠮᠡᠨ ᠬᠡᠯᠡᠵᠦ ᠭᠡᠨ᠎ᠡ᠃
—ᠮᠠᠢ᠂ ᠡᠨᠡ ᠯᠣᠩᠬᠣ ᠶ᠋ᠢ ᠠᠪ᠂ ᠡᠭᠦᠨ ᠢ᠋ ᠪᠢᠷᠢᠳ ᠲᠦ᠍ ᠡᠷᠦᠬᠡ ᠪᠣᠯᠭᠠᠨ ᠠᠰᠢᠬᠯᠠᠭᠠᠷᠢ᠂ ᠭᠡᠬᠦ ᠳ᠋ᠦ᠍ ᠪᠡᠨ ᠲᠡᠭᠦᠨ ᠢ᠋ ᠮᠠᠩᠭᠤᠰ ᠤ᠋ᠨ ᠲᠥᠷᠬᠦ ᠡᠴᠡ ᠪᠡᠨ ᠬᠤᠪᠢᠷᠠᠬᠤ ᠶ᠋ᠢ ᠬᠦᠯᠢᠶᠡᠬᠦ ᠬᠡᠷᠡᠭᠲᠡᠢ ᠰᠢᠦ!
—ᠡᠳᠢᠷᠺ ᠰᠢᠳᠢᠲᠦ ᠳᠠᠭᠢᠨᠢ ᠨᠤᠭᠤᠳ ᠲᠤ ᠲᠠᠯᠠᠷᠬᠠᠯ ᠢ᠋ᠶ᠋ᠠᠨ ᠢᠯᠡᠷᠬᠡᠢᠯᠡᠭᠡᠳ ᠮᠠᠩᠭᠤᠰ ᠢ᠋ ᠬᠠᠢᠵᠤ ᠣᠯᠬᠤ ᠪᠠᠷ ᠶᠠᠪᠤᠵᠤ ᠭᠡᠨ᠎ᠡ᠃ ᠮᠠᠩᠭᠤᠰ ᠴᠤ᠌ ᠲᠡᠭᠦᠨ ᠢ᠋ ᠬᠦᠯᠢᠶᠡᠵᠦ ᠪᠠᠢᠭᠰᠠᠨ ᠪᠣᠯᠬᠣᠷ ᠤᠳᠠᠬᠤ ᠦᠭᠡᠢ ᠣᠯᠵᠤ ᠭᠡᠨ᠎ᠡ᠃ ᠮᠠᠩᠭᠤᠰ ᠲᠡᠭᠦᠨ ᠤᠷᠤᠭᠤ ᠳᠠᠭᠠᠷᠢᠭᠰᠠᠨ ᠪᠣᠯᠪᠠᠴᠤ ᠡᠳᠢᠷᠺ ᠲᠤᠩ ᠱᠠᠯᠠᠮᠠᠭᠠᠢ ᠬᠥᠳᠡᠯᠵᠦ ᠬᠢᠯᠪᠠᠷᠬᠠᠨ ᠵᠠᠢᠯᠠᠵᠤ ᠴᠢᠳᠠᠵᠠᠢ᠃
— ᠠ᠁
—ᠪᠢᠷᠢᠳ ᠮᠠᠩᠭᠤᠰ ᠤ᠋ᠨ ᠳᠦᠷᠢ ᠳ᠋ᠦ᠍ ᠪᠡᠨ ᠬᠤᠪᠢᠯᠤᠭᠰᠠᠨ ᠦᠶ᠎ᠡ ᠳ᠋ᠦ᠍ ᠪᠡᠨ ᠥᠪᠡᠷ ᠦ᠋ᠨ ᠰᠢᠳᠢ ᠪᠡᠨ ᠠᠰᠢᠭᠯᠠᠵᠤ ᠴᠢᠳᠠᠳᠠᠭ ᠦᠭᠡᠢ ᠪᠣᠯᠬᠣᠷ ᠤᠳᠠᠯ ᠦᠭᠡᠢ ᠵᠢᠩᠬᠢᠨᠢ ᠲᠦᠷᠭᠦᠨ ᠳ᠋ᠦ᠍ ᠪᠡᠨ ᠡᠷᠭᠢᠭᠡᠳ ᠣᠷᠣᠵᠤ ᠭᠡᠨ᠎ᠡ᠃
— ᠬᠥᠭᠡᠷᠦᠬᠦᠢ ᠬᠥᠮᠦᠨ ᠨᠠᠮ᠎ᠠ ᠶ᠋ᠢ ᠢᠯᠠᠵᠤ ᠴᠢᠳᠠᠨ᠎ᠠ ᠭᠡᠵᠦ ᠪᠣᠳᠣᠵᠤ ᠪᠠᠢᠨ᠎ᠠ ᠤᠤ᠂ ᠣᠳᠣ ᠴᠢᠮ᠎ᠠ ᠳ᠋ᠤ᠌ ᠦᠵᠡᠭᠦᠯᠦᠭᠡᠳ ᠥᠭᠭᠦᠶ᠎ᠡ ᠯᠡ ᠳᠡ᠃
— ᠡᠳᠢᠷᠺ ᠥᠪᠡᠷ ᠦ᠋ᠨ ᠪᠣᠯᠤᠮᠵᠢ ᠶ᠋ᠢ ᠠᠰᠢᠭᠯᠠᠨ ᠯᠣᠩᠬᠣ ᠶ᠋ᠢ ᠪᠢᠷᠢᠳ ᠤᠷᠤᠭᠤ ᠰᠢᠲᠠᠵᠤ ᠭᠡᠨ᠎ᠡ᠃
— ᠠ ᠬᠠ᠁
—ᠪᠢᠷᠢᠳ ᠰᠢᠳᠢᠲᠦ ᠯᠣᠩᠬᠣᠨ ᠳ᠋ᠤ᠌ ᠣᠷᠣᠴᠢᠬᠠᠵᠠᠢ ᠭᠡᠨ᠎ᠡ᠃
— 《ᠨᠠᠮ᠎ᠠ ᠶ᠋ᠢ ᠭᠠᠷᠭ᠎ᠠ》
— ᠠᠪᠤ ᠮᠢᠨᠢ ᠬᠠᠮᠢᠭ᠎ᠠ ᠪᠠᠢᠭ᠎ᠠ ᠶ᠋ᠢ ᠬᠡᠯᠡ! ᠡᠰᠡ ᠪᠥᠭᠡᠰᠦ ᠴᠢ ᠡᠨᠡ ᠯᠣᠩᠬᠣᠨ ᠳ᠋ᠤ᠌ ᠡᠭᠦᠷᠢᠳᠡ ᠦᠯᠡᠳᠡᠨ᠎ᠡ ᠰᠢᠦ ᠳᠡ᠂ ᠭᠡᠪᠡᠴᠦ ᠪᠢᠷᠢᠳ ᠲᠡᠭᠦᠨ ᠳ᠋ᠦ᠍ ᠬᠠᠷᠢᠭᠤᠯᠬᠤ ᠠ᠋ᠴᠠ ᠲᠠᠲᠠᠭᠠᠯᠵᠠᠵᠠᠢ᠃ ᠢᠩᠭᠢᠭᠡᠳ ᠡᠳᠢᠷᠺ ᠲᠡᠭᠦᠨ ᠢ᠋ ᠣᠷᠳᠣᠨ ᠤᠷᠤᠭᠤ ᠠᠪᠴᠤ ᠶᠠᠪᠤᠵᠤ  ᠥᠷᠥᠭᠡᠨ ᠳ᠋ᠦ᠍ ᠪᠡᠨ ᠪᠠᠢᠯᠭᠠᠬᠤ ᠪᠠᠷ ᠪᠣᠯᠵᠤ ᠭᠡᠨ᠎ᠡ᠃
ᠨᠢᠭᠡᠨ ᠡᠳᠦᠷ ᠡᠳᠢᠷᠺ ᠢ᠋ ᠪᠠᠢᠬᠤ ᠦᠭᠡᠢ ᠳ᠋ᠦ᠍ ᠥᠷᠥᠭᠡᠨ ᠳ᠋ᠦ᠍ ᠨᠢ ᠰᠢᠪᠡᠭᠴᠢᠨ ᠣᠷᠣᠵᠤ ᠢᠷᠡᠵᠡᠢ᠂ ᠪᠢᠷᠢᠳ ᠡᠨᠡ ᠪᠣᠯᠤᠮᠵᠢ ᠶ᠋ᠢ ᠲᠤᠩ  ᠰᠠᠢᠨ ᠠᠰᠢᠭᠯᠠᠬᠤ ᠠᠷᠭ᠎ᠠ ᠪᠠᠨ ᠪᠣᠳᠣᠵᠤ ᠣᠯᠤᠭᠰᠠᠨ ᠪᠠᠢᠪᠠ᠃
—  ᠡᠶᠡᠯᠳᠡᠭ ᠪᠦᠰᠡᠭᠦᠢ ᠮᠢᠨᠢ
—ᠠ᠂ ᠡᠨᠳᠡ ᠬᠡᠨ ᠪᠠᠢᠨ᠎ᠠ᠃
— ᠲᠠᠨ ᠤ᠋ ᠬᠠᠭᠠᠨᠲᠤ ᠤᠯᠤᠰ ᠬᠠᠷᠢᠶᠠᠭᠳᠠᠭᠰᠠᠨ ᠬᠠᠭᠠᠨ ᠲᠠᠨᠢ ᠦᠯᠦ ᠮᠡᠳᠡᠬᠦ ᠰᠢᠯᠲᠠᠭᠠᠨ ᠢ᠋ᠶ᠋ᠠᠷ ᠠᠯᠠᠭ᠎ᠠ ᠪᠣᠯᠴᠢᠬᠠᠯ᠎ᠠ᠃ ᠬᠠᠷᠢᠨ᠂ ᠰᠢᠨ᠎ᠡ ᠬᠠᠭᠠᠨ ᠲᠡᠢᠨ ᠳᠣᠯᠣᠭᠠᠨ ᠣᠭᠲᠣ ᠰᠣᠨᠢᠷᠬᠠᠳᠠᠭ ᠦᠭᠡᠢ ᠬᠢᠷᠢ ᠨᠢ᠂ ᠭᠡᠨᠡᠳᠲᠡ ᠯᠡ ᠬᠠᠮᠤᠭ ᠴᠡᠷᠢᠭ ᠢ᠋ᠶ᠋ᠡᠨ ᠳᠠᠭᠠᠭᠤᠯᠤᠨ ᠥᠷᠥᠨ᠎ᠡ ᠶ᠋ᠢᠨ ᠠᠭᠤᠯᠠᠰ ᠢ᠋ ᠵᠣᠷᠢᠭᠰᠠᠨ᠃ ᠲᠡᠷᠡ ᠡᠵᠡᠮᠳᠡᠭᠦᠯᠦᠭᠰᠡᠨ ᠪᠠᠢᠨ᠎ᠠ᠂ ᠨᠠᠳᠠ ᠳ᠋ᠤ᠌ ᠢᠲᠡᠭᠡᠬᠦ ᠦᠭᠡᠢ ᠪᠠᠢᠨ᠎ᠠ ᠲᠠᠨ ᠤ᠋ ᠡᠵᠡᠨᠲᠦ ᠤᠯᠤᠰ ᠬᠠᠷᠢᠶᠠᠭᠳᠠᠭᠰᠠᠨ ᠬᠠ ᠬᠠ᠁
—ᠭᠡᠷ ᠦ᠋ᠨ ᠦᠢᠯᠡᠴᠢᠯᠡᠭᠴᠢ ᠦᠯᠦ ᠦᠵᠡᠭᠳᠡᠬᠦ ᠬᠣᠭᠣᠯᠠᠢ ᠠ᠋ᠴᠠ ᠠᠶᠤᠨ ᠥᠷᠥᠭᠡᠨ ᠡᠴᠡ ᠭᠦᠶᠦᠨ ᠭᠠᠷᠴᠠᠢ᠃ ᠤᠳᠠᠯ ᠦᠭᠡᠢ ᠴᠤᠤᠷᠬᠠᠯ ᠲᠠᠷᠬᠠᠵᠤ ᠬᠠᠭᠠᠨᠲᠤ ᠤᠯᠤᠰ ᠳᠠᠶᠠᠭᠠᠷ ᠢ᠋ᠶ᠋ᠠᠨ ᠵᠠᠯᠠᠭᠤ ᠬᠠᠭᠠᠨ ᠳ᠋ᠤ᠌ ᠡᠷᠡᠭᠡᠯᠵᠡᠵᠦ ᠡᠬᠢᠯᠡᠵᠦ ᠭᠡᠨ᠎ᠡ᠃
ᠡᠳᠢᠷᠺ ᠡᠭᠦᠨ ᠢ᠋ ᠦᠯᠦ ᠲᠣᠭᠣᠭᠰᠠᠨ ᠴᠤ᠌ ᠭᠡᠰᠡᠨ ᠬᠠᠲᠤᠨ ᠲᠡᠭᠡᠭᠰᠡᠨ ᠦᠭᠡᠢ᠃
—ᠲᠡᠷᠡ ᠦᠨᠡᠬᠡᠷ ᠬᠠᠷᠢᠶᠠᠭᠳᠠᠭᠰᠠᠨ ᠪᠠᠢᠪᠠᠯ ᠶᠠᠭᠠᠬᠢᠬᠤ ᠶᠤᠮ᠃
— ᠪᠢᠳᠡᠨ ᠳ᠋ᠦ᠍ ᠮᠠᠭᠠᠳ ᠦᠭᠡᠢ ᠰᠢᠨ᠎ᠡ ᠬᠠᠭᠠᠨ ᠬᠡᠷᠡᠭᠲᠡᠢ ᠪᠠᠢᠬ᠎ᠠ᠂
—ᠬᠦᠢ ᠬᠣᠩᠭᠣᠷ ᠮᠢᠨᠢ ᠡᠳᠢᠷᠺ ᠲᠦ᠍ ᠠᠶᠤᠯ ᠲᠤᠯᠭᠠᠷᠠᠯ᠎ᠠ᠃
—ᠬᠠᠲᠤᠨ ᠬᠦᠨᠳᠦ ᠡᠪᠡᠳᠦᠭᠰᠡᠨ ᠮᠡᠲᠦ ᠵᠦᠵᠦᠭᠡᠯᠡᠵᠤ ᠬᠦᠦ ᠪᠡᠨ ᠳᠠᠭᠤᠳᠠᠵᠤ ᠭᠡᠨ᠎ᠡ᠃
— ᠡᠵᠢ ᠠ᠋ ᠶᠠᠭᠤ ᠪᠣᠯᠤᠭᠰᠠᠨ ᠪᠣᠢ?
—ᠬᠦᠦ ᠮᠢᠨᠢ ᠪᠢ ᠨᠢᠭᠡᠨ ᠵᠢᠭᠲᠡᠢ ᠡᠪᠡᠳᠴᠢᠨ ᠲᠤᠰᠤᠭᠰᠠᠨ
ᠪᠣᠯᠤᠯᠲᠠᠢ᠃ ᠴᠢᠮ᠎ᠠ ᠶ᠋ᠢ ᠤᠮᠠᠷᠠᠲᠤ ᠶ᠋ᠢᠨ ᠣᠢ ᠤᠷᠤᠭᠤ ᠶᠠᠪᠤᠬᠤ ᠶ᠋ᠢ ᠬᠦᠰᠡᠵᠦ ᠪᠠᠢᠨ᠎ᠠ᠂ ᠪᠢ ᠲᠡᠨᠳᠡ ᠷᠢᠳᠢ ᠰᠢᠳᠢ ᠲᠡᠢ ᠤᠷᠭᠤᠮᠠᠯ ᠲᠠᠷᠢᠳᠠᠭ ᠰᠦᠨᠡᠰᠦ ᠪᠠᠢᠳᠠᠭ ᠭᠡᠵᠦ ᠰᠣᠨᠣᠰᠤᠭᠰᠠᠨ᠂ ᠴᠢ ᠯᠡ ᠵᠥᠪᠬᠡᠨ ᠰᠦᠨᠡᠰᠦ  ᠬᠠᠷᠠᠵᠤ ᠴᠢᠳᠠᠨ᠎ᠠ ᠰᠢᠦ ᠳᠡ᠃
— ᠡᠳᠢᠷᠺ ᠡᠵᠢ ᠶ᠋ᠢ ᠪᠡᠨ ᠭᠠᠭᠴᠠᠭᠠᠷ ᠢ᠋ ᠦᠯᠡᠳᠡᠭᠡᠮᠡᠷ ᠦᠭᠡᠢ ᠪᠠᠢᠭᠰᠠᠨ ᠴᠤ᠌ ᠲᠡᠭᠦᠨ ᠦ᠌ ᠬᠦᠰᠡᠯ ᠦ᠋ᠨ ᠳᠠᠭᠤ ᠣᠢ ᠤᠷᠤᠭᠤ ᠶᠠᠪᠤᠵᠤ ᠭᠡᠨ᠎ᠡ᠃ᠤᠳᠠᠯ ᠦᠭᠡᠢ ᠲᠡᠷᠡ ᠣᠢ ᠳ᠋ᠤ᠌ ᠬᠦᠷᠴᠦ ᠰᠦᠨᠡᠰᠦ ᠨᠦ᠍ᠭᠦᠳ ᠢ᠋ ᠬᠠᠢᠵᠠᠢ᠃ ᠭᠡᠲᠡᠯ᠎ᠡ ᠴᠢᠩᠭ᠎ᠠ ᠬᠠᠰᠬᠢᠷᠬᠤ ᠴᠢᠮᠡᠭᠡ ᠰᠣᠨᠣᠰᠤᠭᠳᠠᠪᠠ᠃
—ᠠ᠁ ᠶᠠᠮᠠᠷ ᠶᠡᠬᠡ ᠡᠪᠡᠳᠴᠦ ᠪᠠᠢᠨ᠎ᠠ᠃
—ᠡᠳᠢᠷᠺ ᠶᠠᠭᠤ ᠳᠤᠤᠭᠠᠷᠤᠭᠰᠠᠨ ᠢ᠋  ᠬᠠᠷᠠᠬᠤ ᠪᠠᠷ ᠣᠴᠢᠲᠠᠯ᠎ᠠ ᠨᠢᠭᠡᠨ ᠡᠮ᠎ᠡ ᠪᠠᠷᠰ ᠬᠥᠯ ᠢ᠋ᠶ᠋ᠡᠨ ᠭᠡᠮᠲᠦᠭᠡᠴᠢᠬᠡᠭᠰᠡᠨ ᠪᠠᠢᠵᠤ ᠭᠡᠨ᠎ᠡ᠃
—ᠠ ᠪᠦᠷ ᠪᠠᠯᠠᠷᠠᠯ᠎ᠠ!
—ᠪᠢ ᠮᠠᠭᠤ ᠶᠠᠭᠤᠮ᠎ᠠ ᠬᠢᠬᠦ ᠦᠭᠡᠢ᠂ ᠪᠢ ᠶᠣᠢᠯᠠᠬᠤ ᠶ᠋ᠢ ᠴᠢᠨᠢ ᠰᠣᠨᠣᠰᠤᠭᠠᠳ ᠯᠠ ᠡᠨᠳᠡ ᠢᠷᠡᠭᠰᠡᠨ ᠶᠦᠮ᠃
—ᠴᠢ ᠨᠠᠮ᠎ᠠ ᠶ᠋ᠢ ᠣᠢᠯᠠᠭᠠᠵᠤ ᠪᠠᠢᠭ᠎ᠠ ᠶᠤᠮ ᠤᠤ?
— ᠡᠳᠢᠷᠺ ᠲᠡᠭᠦᠨ ᠳ᠋ᠦ᠍ ᠶᠠᠭᠤ ᠴᠢᠳᠠᠳᠠᠭ ᠢ᠋ᠶ᠋ᠠᠨ ᠲᠠᠢᠯᠪᠤᠷᠢᠯᠠᠭᠠᠳ ᠬᠥᠯ ᠨᠢ ᠶᠠᠭᠠᠬᠢᠭᠰᠠᠨ ᠢ᠋ ᠪᠣᠯᠭᠣᠮᠵᠢᠲᠠᠢ ᠬᠠᠷᠠᠵᠤ ᠭᠡᠨ᠎ᠡ᠃
— ᠦᠨᠡᠬᠡᠷ ᠶᠡᠬᠡ ᠡᠪᠡᠳᠴᠦ ᠪᠠᠢᠭ᠎ᠠ ᠪᠠᠢᠬᠤ ᠳᠠ᠂ ᠪᠢ ᠴᠢᠮ᠎ᠠ ᠳ᠋ᠤ᠌ ᠲᠤᠰᠠᠯᠠᠵᠤ ᠪᠣᠯᠬᠤ ᠤᠤ?
—ᠲᠡᠷᠡ ᠢᠲᠡᠭᠡᠯ ᠦᠭᠡᠢᠬᠡᠨ ᠲᠣᠯᠣᠭᠠᠢ ᠳᠣᠬᠢᠯ᠎ᠠ᠃ ᠲᠡᠭᠡᠭᠡᠳ ᠡᠳᠢᠷᠺ ᠬᠥᠯ ᠢ᠋ ᠨᠢ ᠡᠮᠴᠢᠯᠡᠨ ᠪᠣᠭᠣᠵᠤ ᠥᠭᠴᠦ ᠭᠡᠨ᠎ᠡ᠃
— ᠪᠠᠶᠠᠷᠯᠠᠯ᠎ᠠ ᠡᠳᠢᠷᠺ ᠴᠢ ᠶᠡᠬᠡ ᠰᠠᠢᠨ ᠬᠥᠮᠦᠨ ᠶᠦᠮ ᠂ ᠡᠨᠡ ᠲᠡᠮᠳᠡᠭ ᠢ᠋ᠶ᠋ᠡᠨ ᠬᠠᠮᠢᠭ᠎ᠠ ᠠ᠋ᠴᠠ ᠠᠪᠤᠭᠰᠠᠨ ᠢ᠋ᠶ᠋ᠠᠨ ᠨᠠᠳᠠ ᠳ᠋ᠤ᠌ ᠬᠡᠯᠡᠭᠡᠴᠢ᠄
—ᠠ ᠡᠨᠡ ᠤᠤ?
— ᠡᠳᠢᠷᠺ ᠪᠠᠷᠰ ᠲᠤ ᠠᠪᠤ ᠳ᠋ᠤ᠌ ᠪᠠᠨ ᠲᠣᠬᠢᠶᠠᠯᠳᠤᠭᠰᠠᠨ ᠪᠦᠬᠦᠨ ᠪᠣᠯᠤᠭᠠᠳ ᠪᠢᠷᠢᠳ ᠦ᠋ᠨ ᠲᠤᠬᠠᠢ ᠶᠠᠷᠢᠵᠤ ᠭᠡᠨ᠎ᠡ᠃ ᠭᠡᠲᠡᠯ᠎ᠡ ᠪᠠᠷᠰ ᠭᠡᠨᠡᠳᠲᠡ ᠭᠠᠢᠬᠠᠵᠤ᠂
—ᠲᠡᠷᠡ ᠮᠥᠨ ᠪᠠᠢᠨ᠎ᠠ᠂ ᠲᠡᠷᠡ ᠪᠢᠷᠢᠳ ᠢ᠋ ᠪᠢ ᠪᠠᠰᠠ ᠬᠠᠢᠵᠤ ᠪᠠᠢᠭ᠎ᠠ ᠶᠤᠮ᠃ ᠮᠢᠨᠦ ᠡᠵᠡᠨ ᠪᠣᠯ ᠷᠦᠪᠢ ᠬᠠᠭᠠᠨᠲᠤ ᠤᠯᠤᠰ ᠤ᠋ᠨ ᠭᠦᠩᠵᠦ᠂ ᠷᠤᠽᠡᠪᠸᠯᠢ ᠪᠠᠢᠨ᠎ᠠ᠂ ᠪᠢᠳᠡᠨ ᠦ᠌ ᠨᠡᠭᠡᠭᠡᠭᠰᠡᠨ ᠨᠢᠭᠡᠨ ᠡᠷᠲᠡᠨ ᠦ᠌ ᠨᠣᠮ ᠠ᠋ᠴᠠ ᠡᠨᠡ ᠪᠢᠷᠢᠳ ᠭᠠᠷᠴᠤ ᠢᠷᠡᠭᠰᠡᠨ ᠶᠦᠮ᠃
— ᠵᠥᠪᠬᠡᠨ ᠭᠦᠩᠵᠦ ᠯᠡ  ᠪᠢᠷᠢᠳ ᠢ᠋ ᠪᠤᠴᠠᠭᠠᠨ ᠨᠣᠮ ᠳ᠋ᠤ᠌ ᠨᠢ ᠣᠷᠣᠭᠤᠯᠵᠤ ᠴᠢᠳᠠᠬᠤ ᠤᠴᠢᠷ ᠠ᠋ᠴᠠ ᠲᠡᠭᠦᠨ ᠢ᠋ ᠷᠢᠳᠢ ᠰᠢᠳᠢ ᠶ᠋ᠢᠨ ᠣᠷᠳᠣᠨ ᠳ᠋ᠤ᠌ ᠬᠣᠷᠢᠭᠰᠠᠨ ᠲᠤᠬᠠᠢ ᠪᠠᠷᠰ ᠲᠠᠢᠯᠪᠤᠷᠢᠯᠠᠨ ᠶᠠᠷᠢᠵᠤ ᠥᠭᠴᠡᠢ᠃
—ᠲᠡᠭᠡᠭᠡᠳ ᠪᠢ ᠲᠡᠭᠦᠨ ᠢ᠋ ᠶᠡᠬᠡ ᠤᠳᠠᠭᠠᠨ ᠬᠠᠢᠯ᠎ᠠ᠂ ᠪᠢᠳᠡ ᠪᠢᠷᠢᠳ ᠢ᠋ ᠲᠡᠭᠦᠨ ᠳ᠋ᠦ᠍ ᠬᠦᠷᠭᠡᠵᠦ ᠥᠭᠬᠦ ᠬᠡᠷᠡᠭᠲᠡᠢ᠂
— ᠢᠩᠭᠢᠭᠡᠳ ᠬᠣᠩ ᠲᠠᠢᠵᠢ ᠪᠠᠷᠰ ᠤ᠋ᠨ ᠨᠢᠷᠤᠭᠤᠨ ᠳᠡᠭᠡᠷ᠎ᠡ ᠰᠠᠭᠤᠨ ᠥᠪᠡᠷ ᠦ᠋ᠨ ᠬᠠᠭᠠᠨᠲᠤ ᠤᠯᠤᠰ ᠲᠤ ᠪᠠᠨ ᠡᠷᠭᠢᠨ ᠢᠷᠡᠵᠡᠢ᠃ ᠲᠡᠷᠡ ᠰᠡᠮᠬᠡᠨ ᠣᠷᠳᠣᠨ ᠳ᠋ᠤ᠌ ᠪᠠᠨ ᠣᠷᠣᠵᠤ ᠪᠢᠷᠢᠳ ᠢ᠋ ᠨᠢᠭᠤᠭᠰᠠᠨ ᠰᠢᠯ ᠢ᠋ ᠠᠪᠤᠭᠠᠳ ᠶᠠᠪᠤᠪᠠ ᠭᠡᠨ᠎ᠡ᠃ ᠪᠠᠷᠰ ᠭᠦᠩᠵᠦ ᠶ᠋ᠢᠨ ᠬᠣᠷᠢᠭᠳᠠᠭᠰᠠᠨ ᠰᠢᠳᠢᠲᠦ ᠣᠷᠳᠣᠨ ᠳ᠋ᠤ᠌ ᠡᠳᠢᠷᠺ ᠢ᠋ ᠬᠦᠷᠭᠡᠵᠦ ᠥᠭᠴᠦ ᠭᠡᠨ᠎ᠡ᠃
— ᠬᠥᠭᠡᠷᠦᠬᠦᠢ ᠡᠨᠡ ᠭᠦᠩᠵᠦ
— ᠰᠠᠨᠠᠭ᠎ᠠ ᠵᠣᠪᠠᠯᠲᠠ ᠦᠭᠡᠢ ᠳᠡ᠂ ᠪᠢᠳᠡ ᠲᠡᠭᠦᠨ ᠢ᠋ ᠠᠪᠤᠷᠠᠬᠤ ᠪᠣᠯᠤᠨ᠎ᠠ᠂
—ᠲᠡᠳᠡ ᠣᠷᠳᠣᠨ ᠤ᠋ ᠲᠣᠮᠣ ᠬᠠᠭᠠᠯᠭ᠎ᠠ ᠶ᠋ᠢ ᠨᠡᠭᠡᠭᠡᠨ ᠣᠷᠣᠲᠠᠯ᠎ᠠ ᠳᠣᠲᠣᠷ᠎ᠠ ᠨᠢ ᠭᠠᠯ ᠮᠠᠨᠠᠯᠵᠠᠵᠤ ᠪᠠᠢᠯ᠎ᠠ᠂
— ᠶᠠᠭᠠᠬᠢᠨ᠎ᠠ ᠪᠢᠳᠡ ᠡᠭᠦᠨ ᠢ᠋ᠶ᠋ᠡᠷ ᠭᠠᠷᠴᠤ ᠴᠢᠳᠠᠬᠤ ᠦᠭᠡᠢ ᠨᠢ ᠠ᠋!
—ᠦᠭᠡᠢ᠂ ᠨᠠᠳᠠ ᠳ᠋ᠤ᠌ ᠨᠢᠭᠡ ᠰᠠᠨᠠᠭ᠎ᠠ ᠪᠠᠢᠨ᠎ᠠ᠃  ᠤᠰᠤᠨ ᠤ᠋ ᠰᠦᠨᠡᠰᠦ ᠠ᠋᠂ ᠪᠢᠳᠡᠨ ᠳ᠋ᠦ᠍ ᠲᠤᠰᠠᠯᠠᠭᠠᠴᠢ᠂
—ᠲᠡᠭᠦᠨ ᠦ᠌ ᠬᠦᠰᠡᠭᠰᠡᠨ ᠳᠠᠷᠤᠢ ᠳ᠋ᠤ᠌ ᠭᠤᠷᠪᠠᠨ ᠬᠦᠴᠦᠷᠬᠡᠭ ᠤᠰᠤᠨ ᠤ᠋  ᠰᠦᠨᠡᠰᠦ ᠭᠠᠷᠴᠤ ᠢᠷᠡᠯ᠎ᠡ᠂ ᠲᠡᠳᠡ ᠷᠢᠳᠢ ᠰᠢᠳᠢ ᠪᠡᠷ ᠢ᠋ᠶ᠋ᠡᠨ ᠭᠠᠯ ᠢ᠋ ᠤᠨᠲᠠᠷᠠᠭᠠᠵᠤ ᠡᠳᠢᠷᠺ ᠪᠠᠷᠰ ᠬᠣᠶᠠᠷ ᠴᠠᠰᠢ ᠶᠠᠪᠤᠲᠠᠯ᠎ᠠ ᠳᠠᠬᠢᠭᠠᠳ ᠨᠢᠭᠡ ᠬᠠᠭᠠᠯᠭ᠎ᠠ ᠪᠠᠢᠯ᠎ᠠ᠃
— ᠦ ᠦᠭᠡᠢ
—ᠲᠡᠳᠡ ᠥᠷᠥᠭᠡᠨ ᠳ᠋ᠦ᠍ ᠣᠷᠣᠲᠠᠯ᠎ᠠ ᠭᠦᠨ ᠴᠤ᠌ ᠨᠦᠬᠡ ᠪᠠᠢᠵᠤ ᠭᠡᠨ᠎ᠡ᠃ ᠨᠦᠬᠡᠨ ᠳᠣᠲᠣᠷ᠎ᠠ ᠥᠯᠥᠰᠬᠦᠯᠡᠩ ᠠᠷᠰᠯᠠᠨ ᠨᠤᠭᠤᠳ ᠤᠨᠠᠭᠰᠠᠨ ᠬᠡᠨ ᠢ᠋ ᠴᠤ᠌ ᠵᠠᠯᠭᠢᠬᠤ ᠪᠠᠷ ᠬᠦᠯᠢᠶᠡᠵᠦ ᠪᠠᠢᠯ᠎ᠠ᠃
—ᠰᠠᠯᠬᠢᠨ ᠤ᠋ ᠰᠦᠨᠡᠰᠦ ᠠ᠋! ᠴᠢᠨᠦ ᠲᠤᠰᠠᠯᠠᠮᠵᠢ ᠨᠠᠳᠠ ᠬᠡᠷᠡᠭᠲᠡᠢ ᠪᠠᠢᠨ᠎ᠠ᠃
—ᠭᠡᠲᠡᠯ᠎ᠡ ᠲᠡᠷᠡ ᠳᠠᠷᠤᠢ ᠦᠵᠡᠰᠬᠦᠯᠡᠩᠲᠡᠢ ᠭᠦᠩᠵᠦᠳ ᠭᠠᠷᠴᠤ ᠢᠷᠡᠭᠡᠳ ᠡᠳᠢᠷᠺ ᠪᠠᠷᠰ ᠬᠣᠶᠠᠷ ᠢ᠋ ᠠᠶᠤᠮᠰᠢᠭᠲᠤ ᠨᠦᠬᠡᠨ ᠦ᠌ ᠨᠥᠭᠦᠭᠡ ᠲᠠᠯ᠎ᠠ ᠳ᠋ᠤ᠌ ᠭᠠᠷᠭᠠᠨ ᠥᠭᠴᠡᠢ᠃
— ᠢᠩᠭᠢᠭᠡᠳ ᠠᠶᠤᠯ ᠦᠭᠡᠢ ᠪᠣᠯᠤᠯ᠎ᠠ᠂ ᠣᠳᠣ ᠭᠦᠩᠵᠦ ᠡᠭᠦᠨ ᠦ᠌ ᠴᠠᠭᠠᠨ᠎ᠠ ᠪᠠᠢᠭ᠎ᠠ ᠭᠡᠵᠦ ᠨᠠᠢᠳᠠᠵᠤ ᠪᠠᠢᠨ᠎ᠠ᠃
— ᠲᠡᠷᠡ ᠪᠠᠶᠠᠷᠯᠠᠨ ᠭᠤᠷᠪᠠᠳᠠᠬᠢ ᠬᠠᠭᠠᠯᠭ᠎ᠠ ᠶ᠋ᠢ ᠨᠡᠭᠡᠭᠡᠲᠡᠯ᠎ᠡ ᠬᠠᠢᠷ᠎ᠠ ᠲᠠᠲᠠᠮ᠎ᠠ ᠬᠠᠲᠤᠨ ᠷᠤᠽᠡᠪᠸᠯᠢ ᠭᠦᠩᠵᠦ ᠵᠣᠭᠰᠣᠵᠤ ᠪᠠᠢᠯ᠎ᠠ᠃
—ᠭᠦᠩᠵᠦ ᠮᠢᠨᠢ
— ᠪᠠᠷᠰ ᠮᠢᠨᠢ
— ᠬᠥᠥᠭ᠂ ᠴᠢᠮ᠎ᠠ ᠶ᠋ᠢ ᠢᠩᠭᠢᠵᠦ ᠳᠠᠭᠤᠳᠠᠳᠠᠭ ᠪᠠᠢᠬᠤ ᠨᠢ ᠠ᠋!
— ᠬᠡᠩ ᠵᠥᠪᠬᠡᠨ ᠭᠦᠩᠵᠦ ᠯᠡ ᠢᠩᠭᠢᠵᠦ ᠳᠠᠭᠤᠳᠠᠵᠤ ᠪᠣᠯᠤᠨ᠎ᠠ᠃
— ᠲᠡᠭᠡᠶ᠎ᠡ ᠡᠨᠡ ᠬᠥᠮᠦᠨ ᠬᠡᠨ ᠪᠣᠢ?
—ᠡᠨᠡ ᠪᠣᠯ ᠬᠠᠭᠠᠨ ᠡᠳᠢᠷᠺ᠂ ᠪᠠᠰᠠ ᠲᠡᠭᠦᠨ ᠳ᠋ᠦ᠍ ᠪᠢᠷᠢᠳ ᠪᠣᠢ᠂ ᠪᠠᠷᠰ ᠷᠤᠽᠡᠪᠸᠯᠢ ᠳ᠋ᠦ᠍ ᠪᠦᠬᠦᠨ ᠢ᠋ ᠶᠠᠷᠢᠵᠠᠢ᠃ ᠲᠡᠷᠡ ᠮᠠᠰᠢ ᠰᠡᠳᠬᠢᠯ ᠨᠢ ᠬᠥᠳᠡᠯᠵᠦ ᠭᠡᠨ᠎ᠡ᠃
—ᠭᠠᠢᠬᠠᠯᠲᠠᠢ᠂ ᠲᠡᠭᠡᠪᠡᠯ ᠡᠨᠳᠡ ᠡᠴᠡ ᠭᠠᠷᠤᠭᠠᠳ ᠬᠠᠭᠠᠨᠲᠤ ᠤᠯᠤᠰ ᠤᠷᠤᠭᠤ ᠪᠠᠨ ᠪᠤᠴᠠᠵᠠᠭᠠᠶ᠎ᠠ᠃
—ᠢᠩᠭᠢᠭᠡᠳ ᠲᠡᠳᠡ ᠭᠤᠷᠪᠠ ᠷᠤᠽᠡᠪᠸᠯᠢ ᠶ᠋ᠢᠨ ᠣᠷᠳᠣᠨ ᠳ᠋ᠤ᠌ ᠵᠣᠷᠢᠵᠤ ᠭᠡᠨ᠎ᠡ᠃ ᠲᠡᠨᠳᠡ ᠪᠢᠷᠢᠳ ᠦ᠋ᠨ ᠪᠠᠢᠭᠰᠠᠨ ᠰᠢᠳᠢᠲᠦ ᠨᠣᠮ ᠪᠠᠢᠯ᠎ᠠ᠃  ᠡᠳᠢᠷᠺ ᠰᠢᠳᠢᠲᠦ ᠯᠣᠩᠬᠣ ᠶ᠋ᠢ ᠭᠠᠷᠭᠠᠵᠤ ᠢᠷᠡᠨ ᠲᠠᠭ ᠢ᠋ ᠨᠢ ᠨᠡᠭᠡᠭᠡᠯ᠎ᠡ᠃
— ᠠ ᠪᠢ ᠬᠠᠮᠢᠭ᠎ᠠ ᠪᠠᠢᠨ᠎ᠠ᠂ ᠦᠭᠡᠢ ᠁
—  ᠠ ᠬᠣᠷᠳ ᠰᠠᠨᠠᠭ᠎ᠠ ᠲᠠᠢ ᠪᠢᠷᠢᠳ ᠠ᠋ ᠪᠢ ᠪᠣᠯ ᠷᠦᠪᠢ ᠬᠠᠭᠠᠨᠲᠤ ᠤᠯᠤᠰ ᠤ᠋ᠨ ᠭᠦᠩᠵᠦ᠂ ᠴᠢᠮ᠎ᠠ ᠶ᠋ᠢ ᠨᠣᠮ ᠤ᠋ᠨ ᠳᠣᠲᠣᠷ᠎ᠠ ᠪᠠᠨ ᠪᠤᠴᠠᠵᠤ ᠣᠷᠣᠨ ᠡᠷᠭᠢᠵᠦ ᠬᠡᠵᠢᠶ᠎ᠡ ᠴᠦ᠍ ᠭᠠᠷᠴᠤ ᠢᠷᠡᠬᠦ ᠦᠭᠡᠢ ᠪᠠᠢᠬᠤ ᠶ᠋ᠢ ᠲᠤᠰᠢᠶᠠᠵᠤ ᠪᠠᠢᠨ᠎ᠠ᠃
— ᠦᠭᠡᠢ᠂ ᠁
— ᠷᠤᠽᠡᠪᠸᠯᠢ ᠨᠣᠮ ᠢ᠋ ᠬᠠᠭᠭᠠᠲᠠᠯ᠎ᠠ ᠷᠢᠳᠢ ᠰᠢᠳᠢ ᠠᠷᠢᠯᠵᠤ ᠲᠡᠳᠡᠨ ᠦ᠌ ᠳᠡᠷᠭᠡᠳᠡ ᠭᠡᠨᠡᠳᠲᠡ ᠡᠳᠢᠷᠺ ᠦ᠋ᠨ ᠬᠠᠭᠠᠨ ᠡᠴᠢᠭᠡ ᠨᠢ ᠭᠠᠷᠴᠤ ᠢᠷᠡᠵᠦ ᠭᠡᠨ᠎ᠡ᠃
— ᠠᠪᠤ ᠠ᠋
— ᠠ᠂ ᠡᠳᠢᠷᠺ ᠮᠢᠨᠢ ᠪᠢᠷᠢᠳ ᠨᠠᠮ᠎ᠠ ᠶ᠋ᠢ ᠨᠢᠭᠡ ᠬᠠᠷᠠᠩᠭᠤᠢ ᠭᠠᠵᠠᠷ ᠬᠣᠷᠢᠵᠤ ᠪᠠᠢᠭᠰᠠᠨ᠃
—ᠭᠦᠩᠵᠦ ᠪᠠᠷᠰ ᠬᠣᠶᠠᠷ ᠪᠡᠶ᠎ᠡ ᠪᠡᠶ᠎ᠡ ᠤᠷᠤᠭᠤ ᠪᠠᠨ ᠬᠠᠷᠠᠨ ᠢᠨᠢᠶᠡᠮᠰᠦᠭᠯᠡᠪᠡ᠃ ᠤᠳᠠᠯ ᠦᠭᠡᠢ ᠬᠠᠭᠠᠨ ᠡᠳᠢᠷᠺ ᠬᠣᠶᠠᠷ ᠥᠪᠡᠷᠰᠡᠳ ᠦ᠋ᠨ ᠬᠠᠭᠠᠨᠲᠤ ᠤᠯᠤᠰ ᠤᠷᠤᠭᠤ ᠪᠠᠨ ᠪᠤᠴᠠᠵᠠᠢ᠃ ᠬᠠᠭᠠᠨ ᠡᠷᠭᠢᠨ ᠢᠷᠡᠬᠦ ᠶ᠋ᠢ ᠬᠠᠷᠠᠭᠰᠠᠨ ᠬᠠᠲᠤᠨ ᠪᠠᠶᠠᠷ ᠤ᠋ᠨ ᠨᠢᠯᠪᠤᠰᠤ ᠲᠠᠢ ᠤᠭᠲᠤᠯ᠎ᠠ᠃
—ᠡᠳᠢᠷᠺ ᠲᠡᠭᠦᠨ ᠢ᠋ ᠪᠡᠶ᠎ᠡ ᠨᠢ ᠲᠠᠭᠠᠷᠠᠤᠬᠠᠨ ᠪᠠᠢᠬᠤ ᠳ᠋ᠤ᠌ ᠣᠷᠬᠢᠵᠤ ᠶᠠᠪᠤᠭᠰᠠᠨ ᠳ᠋ᠤ᠌ ᠪᠠᠨ ᠠᠭᠤᠴᠢᠯᠠᠯ ᠭᠤᠶᠤᠵᠠᠢ᠃
— ᠦ ᠂ ᠦᠭᠡᠢ ᠪᠢ ᠣᠭᠲᠣᠬᠠᠨ ᠴᠤ᠌ ᠡᠪᠡᠳᠦᠭᠡ ᠦᠭᠡᠢ᠂ ᠬᠠᠭᠠᠨᠲᠤ ᠤᠯᠤᠰ ᠲᠤ ᠪᠠᠢᠬᠤ ᠳ᠋ᠤ᠌ ᠴᠢᠮ᠎ᠠ ᠳ᠋ᠤ᠌ ᠠᠶᠤᠯ ᠲᠤᠯᠭᠠᠷᠠᠬᠤ ᠪᠣᠢ ᠭᠡᠵᠦ ᠡᠮᠢᠶᠡᠭᠰᠡᠨ ᠳ᠋ᠦ᠍ ᠪᠡᠨ ᠴᠢᠮ᠎ᠠ ᠶ᠋ᠢ ᠪᠠᠭᠠᠬᠠᠨ ᠬᠤᠭᠤᠴᠠᠭᠠᠨ ᠳ᠋ᠤ᠌ ᠬᠣᠯᠠ ᠶᠠᠪᠤᠭᠤᠯᠤᠭᠰᠠᠨ ᠶᠤᠮ᠃
—ᠬᠠᠭᠠᠨ ᠡᠷᠭᠢᠵᠦ ᠢᠷᠡᠬᠦ ᠶ᠋ᠢ ᠬᠠᠷᠠᠭᠰᠠᠨ ᠬᠥᠮᠦᠨ ᠪᠦᠷ ᠰᠣᠴᠢᠷᠳᠠᠵᠤ ᠭᠡᠨ᠎ᠡ᠃
— ᠦ  ᠬᠠᠭᠠᠨᠲᠠᠨ ᠡᠷᠭᠢᠭᠡᠳ ᠢᠷᠡᠭᠰᠡᠨ ᠪᠠᠢᠨ᠎ᠠ ᠰᠢᠲᠠ᠂
— ᠪᠠᠰᠠ ᠬᠦᠦ ᠲᠡᠢ ᠪᠡᠨ ᠬᠠᠮᠲᠤ ᠢᠷᠡᠭᠰᠡᠨ ᠪᠠᠢᠨ᠎ᠠ᠂ ᠶᠠᠭᠤ  ᠪᠣᠯᠬᠤ ᠨᠢ ᠡᠨᠡ ᠪᠣᠢ?
— ᠬᠠᠭᠠᠨ ᠡᠷᠭᠢᠨ ᠢᠷᠡᠭᠰᠡᠨ ᠤᠴᠢᠷ ᠤᠯᠤᠰ ᠤ᠋ᠨ ᠠᠷᠠᠳ ᠢᠷᠭᠡᠳ ᠪᠦᠭᠦᠳᠡ ᠰᠡᠳᠬᠢᠯ ᠨᠢ ᠠᠮᠠᠷᠠᠵᠠᠢ᠃ ᠲᠡᠷᠡ ᠪᠣᠯᠤᠭᠰᠠᠨ ᠪᠦᠬᠦ ᠶᠠᠪᠤᠳᠠᠯ ᠢ᠋ ᠲᠠᠢᠯᠪᠤᠷᠢᠯᠠᠨ ᠶᠠᠷᠢᠪᠠ᠃
— ᠮᠢᠨᠦ ᠬᠦᠦ ᠳ᠋ᠦ᠍ ᠡᠷᠡᠭᠡᠯᠵᠡᠬᠦ ᠵᠦᠢᠯ ᠦᠭᠡᠢ᠂ ᠲᠡᠷᠡ ᠨᠠᠮ᠎ᠠ ᠶ᠋ᠢ ᠲᠡᠳᠦᠢ ᠦᠭᠡᠢ ᠷᠦᠪᠢ ᠤᠯᠤᠰ ᠤ᠋ᠨ ᠭᠦᠩᠵᠦ ᠶ᠋ᠢ ᠴᠤ᠌ ᠠᠪᠤᠷᠠᠭᠰᠠᠨ ᠶᠤᠮ᠃
—ᠰᠠᠢᠬᠠᠨ ᠮᠡᠳᠡᠭᠡ  ᠰᠣᠨᠣᠰᠤᠭᠰᠠᠨ ᠬᠥᠮᠦᠰ ᠪᠠᠶᠠᠷ ᠬᠦᠷᠭᠡᠵᠦ ᠬᠠᠭᠠᠨᠲᠤ ᠤᠯᠤᠰ ᠲᠡᠷᠡ ᠠᠶ᠎ᠠ ᠪᠠᠷ ᠢ᠋ᠶ᠋ᠠᠨ ᠠᠵᠠ ᠵᠢᠷᠭᠠᠯ ᠳ᠋ᠤ᠌ ᠤᠮᠪᠠᠯ᠎ᠠ᠃  ᠡᠳᠢᠷᠺ ᠷᠤᠽᠡᠪᠸᠯᠢ ᠬᠣᠶᠠᠭᠤᠯᠠ ᠰᠠᠢᠨ ᠨᠠᠢᠵᠠ ᠨᠤᠭᠤᠳ ᠪᠣᠯᠵᠤ ᠲᠡᠭᠡᠭᠡᠳ ᠴᠦ᠍ ᠦᠷᠭᠦᠯᠵᠢ ᠲᠣᠭᠯᠠᠬᠤ ᠪᠣᠯᠵᠠᠢ᠃
— ᠦᠢ ᠵᠥᠪᠬᠡᠨ ᠭᠦᠩᠵᠦ ᠯᠡ ᠨᠠᠮ᠎ᠠ ᠶ᠋ᠢ ᠢᠩᠭᠢᠵᠦ ᠳᠠᠭᠤᠳᠠᠳᠠᠭ ᠶᠤᠮ ᠭᠡᠵᠦ  ᠬᠡᠯᠡᠭᠰᠡᠨ ᠰᠢᠦ᠂ ᠦ᠂ ᠬᠢ᠁ ᠥᠷᠥᠰᠢᠶᠡᠭᠡᠷᠡᠢ!

   ᠦᠰᠦᠭ ᠠᠮᠢᠯᠠᠭᠤᠯᠤᠭᠰᠠᠨ ᠨᠢ᠄ ᠲᠦᠮᠡᠳ ᠣᠨᠳᠣᠷᠤᠮ᠎ᠠ
  ᠦᠰᠦᠭ ᠬᠠᠳᠠᠭᠴᠢ᠄ ᠲᠣᠳᠣᠭᠡᠷᠡᠯ
   ᠬᠢᠨᠠᠭᠴᠢ᠄ ᠭᠠᠷᠮ᠎ᠠ᠂ ᠤᠷᠨᠨᠲᠠᠨ᠎ᠡ᠂ ᠳᠠᠪᠰᠢᠯᠳᠤ᠂ ᠰᠣᠶᠣᠯ᠂ ᠭᠡᠷᠡᠯᠴᠢᠮᠡᠭ᠂ ᠣᠳᠬᠠᠨᠰᠣ᠎ᠡ᠂ ᠪᠠᠳᠠᠷᠠᠯᠲᠤ᠃
                           2024.4.18