ᠭᠤᠷᠪᠠᠨ ᠠᠯᠲᠠᠨ ᠦᠰᠦ ᠲᠡᠢ ᠴᠢᠳᠬᠥᠷ᠎Гурван алтан устэй цөтгөр ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠠᠯᠲᠠᠨ ᠦᠰᠦ ᠲᠡᠢ ᠴᠢᠳᠬᠥᠷ᠎Гурван алтан устэй цөтгөр

ᠭᠤᠷᠪᠠᠨ ᠠᠯᠲᠠᠨ ᠦᠰᠦ ᠲᠡᠢ ᠴᠢᠳᠬᠥᠷ᠎Гурван алтан устэй цөтгөр

2023-05-16

300

ᠭᠤᠷᠪᠠᠨ ᠠᠯᠲᠠᠨ ᠦᠰᠦ ᠲᠡᠢ ᠴᠢᠳᠬᠥᠷ

              ᠰᠢᠳᠢᠲᠦ ᠦᠯᠢᠭᠡᠷ
   ᠡᠷᠲᠡ ᠤᠷᠢᠳᠤ ᠶ᠋ᠢᠨ ᠴᠠᠭ ᠲᠤ᠌ ᠵᠢᠵᠢᠭ ᠬᠣᠲᠠ ᠳ᠋ᠤ᠌ ᠠᠮᠢᠳᠤᠷᠠᠳᠠᠭ ᠨᠢᠭᠡᠨ ᠶᠠᠳᠠᠭᠤ ᠲᠠᠷᠢᠶᠠᠴᠢᠨ ᠭᠡᠷ ᠪᠦᠯᠢ ᠳ᠋ᠦ᠍ ᠠᠵᠠ ᠲᠠᠢ ᠶᠠᠪᠤᠳᠠᠯ ᠲᠣᠬᠢᠶᠠᠵᠤ ᠭᠡᠨ᠎ᠡ᠃ ᠵᠡᠭᠦᠨ ᠴᠢᠬᠢᠨ ᠦ᠌ ᠪᠡᠨ ᠳᠣᠣᠷ᠎ᠠ ᠬᠠᠭᠠᠨ ᠤ᠋ ᠲᠢᠲᠢᠮ ᠦ᠋ᠨ ᠠᠳᠠᠯᠢ ᠲᠡᠮᠳᠡᠭ ᠲᠡᠢ ᠪᠢᠴᠢᠬᠠᠨ ᠬᠦᠦ ᠲᠡᠢ ᠪᠣᠯᠵᠠᠢ᠃ ᠬᠦᠦ ᠶ᠋ᠢ ᠰᠠᠢᠨ ᠰᠠᠢᠬᠠᠨ ᠤ᠋ ᠪᠡᠯᠭᠡᠳᠡᠯ ᠭᠡᠮᠡᠨ ᠵᠥᠩᠨᠡᠵᠦ ᠪᠠᠢᠯ᠎ᠠ᠃ ᠬᠦᠦ ᠵᠥᠪᠬᠡᠨ ᠡᠴᠢᠭᠡ ᠡᠬᠡ ᠳ᠋ᠡᠭᠡᠨ ᠪᠤᠰᠤ ᠵᠢᠵᠢᠭ ᠬᠣᠲᠠ ᠶ᠋ᠢᠨ ᠪᠦᠬᠦ ᠢᠷᠭᠡᠳ ᠲᠦ᠍ ᠠᠵᠠ᠂ᠡᠳ᠋ ᠪᠠᠶᠠᠯᠢᠭ ᠠᠪᠴᠢᠷᠠᠬᠤ ᠤᠴᠢᠷ ᠲᠠᠢ ᠪᠠᠢᠵᠠᠢ᠃ ᠬᠦᠦ ᠨᠠᠰᠤᠨ ᠳ᠋ᠤ᠌ ᠬᠦᠷᠦᠭᠡᠳ ᠬᠠᠭᠠᠨ ᠤ᠋ ᠥᠬᠢᠨ ᠲᠡᠢ ᠭᠡᠷᠯᠡᠨ᠎ᠡ ᠭᠡᠮᠡᠨ ᠤᠷᠢᠳᠠ ᠠ᠋ᠴᠠ ᠵᠥᠩᠨᠡᠵᠡᠢ᠃ ᠲᠡᠳᠡ ᠬᠠᠮᠲᠤ ᠪᠠᠢᠬᠤ ᠬᠤᠪᠢ ᠲᠥᠭᠡᠷᠭᠡ ᠲᠡᠢ ᠠᠵᠢ᠃ ᠵᠠᠯᠠᠭᠤ ᠬᠣᠣᠰ ᠶᠡᠬᠡᠳᠡ ᠪᠠᠶᠠᠷᠯᠠᠵᠤ ᠪᠠᠢᠪᠠ᠃ ᠬᠠᠭᠠᠨ ᠲᠡᠷᠡ ᠬᠦᠦ ᠶ᠋ᠢᠨ ᠲᠠᠯ᠎ᠠ ᠪᠠᠷ ᠣᠯᠵᠤ ᠮᠡᠳᠡᠭᠡᠳ ᠮᠠᠰᠢ ᠶᠡᠬᠡ ᠠᠭᠤᠷᠯᠠᠪᠠ᠃ᠲᠠᠷᠢᠶᠠᠴᠢᠨ ᠤ᠋ ᠬᠦᠦ ᠭᠦᠩᠵᠦ ᠥᠬᠢᠨ ᠲᠡᠢ ᠨᠢ ᠬᠤᠷᠢᠮᠯᠠᠨ᠎ᠠ ᠭᠡᠳᠡᠭ ᠲᠦ᠍ ᠢᠲᠡᠭᠡᠵᠦ ᠥᠭᠬᠦ ᠦᠭᠡᠢ ᠪᠠᠢᠯ᠎ᠠ᠃ ᠬᠠᠭᠠᠨ ᠴᠢᠨᠡᠭᠡᠯᠢᠭ ᠭᠠᠵᠠᠷ ᠤ᠋ᠨ ᠡᠵᠡᠨ ᠦ᠌ ᠳᠦᠷᠢ ᠳ᠋ᠦ᠍ ᠬᠤᠪᠢᠷᠠᠨ ᠲᠠᠷᠢᠶᠠᠴᠢᠨ ᠤ᠋ ᠭᠡᠷ ᠲᠦ᠍ ᠣᠴᠢᠵᠠᠢ᠂ᠬᠡᠦᠬᠡᠳ ᠦᠭᠡᠢ ᠭᠡᠵᠦ ᠬᠤᠳᠠᠯ ᠬᠡᠯᠡᠵᠦ ᠴᠣᠷ ᠭᠠᠭᠴᠠ ᠬᠦᠦ ᠪᠡᠨ ᠥᠭᠪᠡᠯ ᠬᠠᠷᠢᠭᠤ ᠳ᠋ᠤᠨᠢ ᠲᠡᠳᠡᠨ ᠳ᠋ᠦ᠍ ᠬᠣᠶᠠᠷ ᠪᠣᠭᠴᠣ ᠳᠦᠭᠦᠷᠡᠩ ᠠᠯᠲᠠ ᠪᠡᠯᠭᠡᠯᠡᠶ᠎ᠡ ᠭᠡᠪᠡ᠃ᠵᠠᠯᠠᠭᠤ ᠬᠣᠣᠰ ᠰᠠᠨᠠᠯ ᠢ᠋ ᠨᠢ ᠪᠣᠳᠣᠵᠤ ᠦᠵᠡᠪᠡ᠂ᠤᠯᠠᠮ ᠢ᠋ᠶ᠋ᠠᠷ ᠲᠡᠳᠡ ᠠᠯᠲᠠ ᠠᠪᠬᠤ ᠠ᠋ᠴᠠ ᠲᠠᠲᠠᠭᠠᠯᠵᠠᠭᠰᠠᠨ ᠴᠤ᠌ ᠬᠦᠦ ᠪᠡᠨ ᠲᠡᠭᠦᠨ ᠳ᠋ᠦ᠍ ᠥᠭᠬᠦ ᠪᠡᠷ ᠪᠣᠯᠪᠠ ᠭᠡᠨ᠎ᠡ᠃ᠮᠠᠰᠢ ᠶᠠᠳᠠᠭᠤ ᠠᠮᠢᠳᠤᠷᠠᠯ ᠲᠠᠢ ᠪᠠᠢᠭᠰᠠᠨ ᠤᠴᠢᠷ ᠬᠦᠦ ᠪᠡᠨ ᠲᠡᠵᠢᠭᠡᠵᠦ ᠬᠦᠰᠡᠭᠰᠡᠨ ᠵᠦᠢᠯ ᠢ᠋ ᠨᠢ ᠥᠭᠴᠦ ᠴᠢᠳᠠᠬᠤ ᠦᠭᠡᠢ ᠭᠡᠳᠡᠭ ᠢ᠋ᠶ᠋ᠡᠨ ᠮᠡᠳᠡᠵᠦ ᠪᠠᠢᠪᠠ᠃ᠬᠠᠭᠠᠨ ᠬᠦᠦ ᠶ᠋ᠢ ᠠᠪᠴᠤ ᠶᠠᠪᠤᠨ ᠬᠣᠲᠠ ᠠ᠋ᠴᠠ ᠭᠠᠷᠭᠠᠬᠤ ᠭᠡᠵᠦ ᠪᠣᠢ ᠲᠡᠷᠭᠡᠨ ᠳ᠋ᠦ᠍ ᠨᠢᠭᠤᠴᠠ ᠪᠠᠷ ᠬᠢᠵᠡᠢ᠃ ᠬᠠᠭᠠᠨ ᠲᠡᠷᠡ ᠬᠦᠦ ᠶ᠋ᠢ ᠥᠬᠢᠨ ᠡᠴᠡ ᠪᠡᠨ ᠬᠣᠯᠠᠳᠠᠭᠤᠯᠬᠤ ᠶ᠋ᠢ ᠬᠦᠰᠡᠵᠦ ᠭᠡᠨ᠎ᠡ᠃ ᠲᠡᠷᠡ ᠰᠠᠯᠬᠢ ᠲᠠᠢ ᠣᠷᠣᠢ ᠬᠠᠭᠠᠨ ᠤᠷᠢᠳᠠ ᠠ᠋ᠴᠠ ᠵᠥᠩᠨᠡᠭᠰᠡᠨ ᠬᠤᠪᠢ ᠲᠥᠭᠡᠷᠭᠡ ᠶ᠋ᠢ ᠥᠭᠡᠷᠡᠴᠢᠯᠡᠵᠦ ᠴᠢᠳᠠᠭᠰᠠᠨ ᠭᠡᠮᠡᠨ ᠪᠣᠳᠣᠵᠤ ᠰᠠᠭᠤᠯ᠎ᠠ᠂ᠲᠡᠭᠡᠬᠦ ᠳ᠋ᠡᠭᠡᠨ ᠲᠡᠢᠮᠦ ᠪᠢᠰᠢ ᠪᠠᠢᠯ᠎ᠠ᠃ ᠬᠠᠭᠠᠨ ᠶᠠᠪᠤᠭᠠᠳ ᠤᠳᠠᠭ᠎ᠠ ᠦᠭᠡᠢ ᠪᠠᠢᠲᠠᠯ᠎ᠠ ᠬᠦᠦ ᠶ᠋ᠢ ᠨᠢᠭᠡᠨ ᠳᠠᠷᠤᠤ ᠡᠷ᠎ᠡ ᠣᠯᠪᠠ ᠭᠡᠨ᠎ᠡ᠃
   ᠵᠠᠯᠠᠭᠤ ᠡᠷ᠎ᠡ ᠲᠡᠭᠦᠨ ᠦ᠌ ᠡᠬᠡᠨᠡᠷ ᠬᠣᠶᠠᠷ ᠬᠡᠦᠬᠡᠳ ᠦᠭᠡᠢ ᠪᠠᠢᠵᠠᠢ᠃ᠲᠡᠳᠡ ᠬᠦᠦ ᠶ᠋ᠢ ᠯᠢ ᠣ ᠭᠡᠵᠦ ᠨᠡᠷᠡᠯᠡᠨ ᠥᠪᠡᠷᠰᠡᠳ ᠦ᠋ᠨ ᠲᠥᠷᠥᠭᠰᠡᠨ ᠬᠦᠦ ᠠᠳᠠᠯᠢ ᠥᠰᠬᠡᠵᠦ ᠬᠥᠮᠦᠵᠢᠭᠦᠯᠬᠦ ᠪᠡᠷ ᠰᠢᠢᠳᠪᠡ ᠭᠡᠨ᠎ᠡ᠃ᠣᠯᠠᠨ ᠵᠢᠯ ᠥᠩᠭᠡᠷᠡᠵᠦ ᠯᠢ ᠣ ᠵᠠᠯᠠᠭᠤ ᠬᠦᠦ ᠪᠣᠯᠤᠨ ᠥᠰᠴᠦ ᠲᠣᠷᠨᠢᠵᠠᠢ᠃ᠨᠢᠭᠡ ᠤᠳᠠᠭ᠎ᠠ ᠯᠢ ᠣ ᠣᠢ ᠪᠠᠷ ᠶᠠᠪᠤᠵᠤ ᠪᠠᠢᠲᠠᠯ᠎ᠠ ᠄《ᠥᠷᠥᠰᠢᠶᠡᠭᠡᠷᠡᠢ ᠡᠷᠬᠢᠮ ᠠ᠋᠂ ᠬᠤᠺᠢᠱ ᠬᠣᠲᠠ ᠳ᠋ᠤ᠌ ᠣᠴᠢᠬᠤ ᠵᠠᠮ ᠢ᠋ ᠲᠠ ᠮᠡᠳᠡᠬᠦ ᠦᠭᠡᠢ ᠪᠢᠵᠡ?》᠂《ᠠ ᠠᠮᠠᠷᠬᠠᠨ᠂ ᠲᠡᠨᠳᠡ ᠪᠠᠢᠭ᠎ᠠ ᠬᠣᠵᠢᠭᠢᠷ ᠮᠣᠳᠣᠨ ᠳ᠋ᠤ᠌ ᠲᠤᠯᠤᠭᠠᠳ ᠲᠡᠭᠡᠭᠡᠳ ᠵᠡᠭᠦᠨ ᠡᠷᠭᠢᠭᠡᠷᠡᠢ 》᠂《ᠦᠭᠡᠢ᠂ ᠪᠠᠢᠵᠤ ᠪᠣᠯᠤᠮ᠎ᠠ ᠦᠭᠡᠢ ᠶᠦ᠍ᠮ ᠠ᠋᠂ ᠪᠢ ᠲᠡᠭᠦᠨ ᠢ᠋ ᠬᠣᠯᠠ ᠶᠠᠪᠤᠭᠤᠯᠤᠭᠰᠠᠨ ᠰᠢᠲᠠ᠂ ᠬᠦᠦ ᠨᠠᠰᠤ ᠪᠡᠶ᠎ᠡ ᠭᠦᠢᠴᠡᠭᠡᠳ ᠬᠠᠭᠠᠨ ᠤ᠋ ᠥᠬᠢᠨ ᠲᠡᠢ ᠭᠡᠷᠯᠡᠬᠦ ᠤᠴᠢᠷ ᠲᠠᠢ》᠂《ᠦᠭᠡᠢ ᠰᠢᠦ᠂ ᠪᠢ ᠲᠡᠭᠦᠨ ᠢ᠋ ᠬᠡᠵᠢᠶ᠎ᠡ ᠴᠦ᠍ ᠥᠬᠢᠨ ᠲᠡᠢ ᠪᠡᠨ ᠭᠡᠷᠯᠡᠭᠦᠯᠬᠦ ᠦᠭᠡᠢ᠂ ᠪᠢ ᠶᠠᠭᠠᠬᠢᠪᠠᠯ ᠳᠡᠭᠡᠷ᠎ᠡ ᠪᠣᠢ᠂ ᠭᠦᠯᠸ᠂ ᠨᠠᠳᠠᠳᠤ ᠰᠠᠢᠬᠠᠨ ᠰᠠᠨᠠᠭ᠎ᠠ ᠲᠥᠷᠥᠯ᠎ᠡ 》᠂《ᠠ ᠠ ᠠ ᠰᠣᠨᠣᠰ ᠵᠠᠯᠠᠭᠤ ᠡᠷ᠎ᠡ ᠮᠢᠨᠢ᠂ ᠪᠢ ᠣᠷᠳᠣᠨ ᠳ᠋ᠤ᠌ ᠦᠯᠡᠳᠡᠭᠰᠡᠨ ᠬᠠᠲᠤᠨ ᠬᠠᠭᠠᠨ ᠳ᠋ᠤ᠌ ᠶᠠᠭᠠᠷᠠᠯᠲᠠᠢ ᠵᠠᠬᠢᠶ᠎ᠠ ᠬᠦᠷᠭᠡᠭᠦᠯᠬᠦ ᠬᠡᠷᠡᠭᠲᠡᠢ ᠪᠠᠢᠨ᠎ᠠ᠂ ᠴᠢ ᠨᠠᠳᠠ ᠳ᠋ᠤ᠌ ᠲᠤᠰᠠᠯᠠᠬᠤ ᠤᠤ? ᠮᠠᠰᠢ ᠴᠢᠬᠤᠯᠠ ᠵᠠᠬᠢᠶ᠎ᠠ ᠪᠠᠢᠭ᠎ᠠ ᠶᠤᠮ᠂ ᠪᠠᠰᠠ ᠵᠠᠬᠢᠶ᠎ᠠ ᠶ᠋ᠢ ᠨᠡᠭᠡᠭᠡᠵᠦ ᠪᠣᠯᠬᠤ ᠦᠭᠡᠢ ᠰᠢᠦ᠂ ᠣᠢᠯᠠᠭᠠᠪᠠ ᠤᠤ?》᠂《ᠠ ᠣᠢᠯᠠᠭᠠᠯ᠎ᠠ, ᠡᠷᠬᠢᠮ ᠳᠡᠭᠡᠳᠦᠰ ᠮᠢᠨᠢ ᠲᠣᠭᠳᠣᠢ ᠶ᠋ᠢ ᠨᠡᠭᠡᠭᠡᠬᠦ ᠦᠭᠡᠢ ᠭᠡᠵᠦ ᠠᠮᠠᠯᠠᠶ᠎ᠠ᠂ ᠪᠢ ᠶᠠᠭ ᠣᠳᠣ ᠵᠠᠮ ᠳ᠋ᠠᠭᠠᠨ ᠭᠠᠷᠤᠭᠰᠠᠨ ᠨᠢ ᠳᠡᠭᠡᠷ᠎ᠡ ᠪᠠᠢᠬ᠎ᠠ 》 《ᠵᠠ ᠲᠡᠭᠡ ᠠ᠋᠂ ᠪᠣᠰᠢᠭᠣ ᠵᠠᠮ ᠳ᠋ᠤ᠌ ᠪᠠᠨ ᠭᠠᠷ᠂ ᠴᠢ ᠬᠤᠷᠳᠤᠨ ᠣᠴᠢᠬᠤ ᠲᠣᠰᠤᠮ ᠬᠤᠪᠢ ᠲᠠᠪᠢᠯᠠᠩ ᠲᠠᠢ ᠪᠠᠨ ᠡᠷᠲᠡ ᠨᠢᠭᠤᠷ ᠲᠤᠯᠤᠨ᠎ᠠ ᠰᠢᠦ ᠳᠡ᠂ ᠬᠠ ᠬᠠ ᠬᠠ ᠬᠠ》 ᠯᠢ ᠣ ᠠᠶᠠᠨ ᠵᠠᠮ ᠳ᠋ᠠᠭᠠᠨ ᠭᠠᠷᠤᠯ᠎ᠠ᠂ ᠠᠳᠠᠯ ᠶᠠᠪᠤᠳᠠᠯ ᠳᠥᠩᠭᠡᠵᠢ ᠡᠬᠢᠯᠡᠵᠦ ᠪᠠᠢᠭ᠎ᠠ ᠶ᠋ᠢ ᠣᠭᠲᠣᠬᠠᠨ ᠴᠤ᠌ ᠭᠠᠳᠠᠷᠯᠠᠭ᠎ᠠ ᠦᠭᠡᠢ ᠪᠠᠢᠯ᠎ᠠ᠃
   ᠣᠯᠠᠨ ᠴᠠᠭ ᠲᠠᠰᠤᠷᠠᠯᠲᠠ ᠦᠭᠡᠢ ᠳᠠᠪᠬᠢᠪᠠ᠃ᠬᠡᠳᠦᠬᠡᠨ ᠮᠢᠨᠦ᠋ᠲ ᠳᠠᠪᠬᠢᠭᠠᠳ ᠯᠠ ᠣᠷᠳᠣᠨ ᠳ᠋ᠤ᠌ ᠬᠦᠷᠬᠦ ᠪᠠᠢᠯ᠎ᠠ᠃ ᠭᠡᠲᠡᠯ᠎ᠡ ᠭᠡᠨᠡᠳᠲᠡ ᠨᠢᠭᠡᠨ ᠮᠣᠭᠠᠢ ᠮᠣᠷᠢᠨ ᠤ᠋ ᠬᠢᠨᠢ ᠤᠷᠲᠤ ᠭᠠᠷᠴᠤ ᠢᠷᠡᠪᠡ᠂ ᠪᠸᠯᠡᠢ ᠲᠠᠢᠪᠤᠰᠢᠷᠠ᠂ ᠴᠢ ᠬᠠᠮᠢᠭᠠᠰᠢ ᠪᠠᠨ ᠶᠠᠪᠤᠭᠠᠳ ᠪᠠᠢᠭ᠎ᠠ ᠶᠤᠮ ᠪᠣᠢ? ᠪᠸᠯᠡᠢ ᠵᠣᠭᠰᠣ᠂ ᠮᠣᠷᠢ ᠵᠣᠭᠰᠣᠬᠤ ᠳ᠋ᠤ᠌ ᠯᠢ ᠣ ᠬᠠᠭᠠᠨ ᠤ᠋ ᠣᠷᠳᠣᠨ ᠠ᠋ᠴᠠ ᠶᠡᠬᠡᠳᠡ ᠬᠣᠯᠠᠳᠤᠨ ᠣᠢ ᠶ᠋ᠢᠨ ᠭᠦᠨ ᠳ᠋ᠦ᠍ ᠣᠷᠣᠭᠰᠠᠨ ᠪᠠᠢᠯ᠎ᠠ᠃ ᠠᠵᠠ ᠪᠣᠯᠵᠤ ᠯᠢ ᠣ ᠵᠢᠵᠢᠭ ᠪᠠᠢᠰᠢᠩ ᠣᠯᠵᠤ ᠬᠠᠷᠠᠯ᠎ᠠ᠃ᠮᠣᠷᠢᠨ ᠠ᠋ᠴᠠ ᠪᠠᠨ ᠪᠠᠭᠤᠨ ᠮᠣᠳᠣᠨ ᠬᠠᠭᠠᠯᠭ᠎ᠠ ᠶ᠋ᠢ ᠲᠣᠭᠰᠢᠯ᠎ᠠ᠃ 《ᠰᠠᠢᠨ ᠤᠤ? ᠨᠠᠮ᠎ᠠ ᠶ᠋ᠢ ᠯᠢ ᠣ ᠭᠡᠳᠡᠭ᠂ ᠪᠢ ᠬᠠᠭᠠᠨ ᠤ᠋ ᠴᠢᠬᠤᠯᠠ ᠵᠠᠬᠢᠶ᠎ᠠ ᠶ᠋ᠢ ᠣᠷᠳᠣᠨ ᠳ᠋ᠤ᠌ ᠬᠦᠷᠭᠡᠵᠦ ᠥᠭᠬᠦ ᠪᠡᠷ ᠶᠠᠪᠤᠵᠤ ᠪᠠᠢᠭᠰᠠᠨ ᠴᠤ᠌ ᠵᠠᠮ ᠠ᠋ᠴᠠ ᠪᠠᠨ ᠲᠥᠭᠡᠷᠢᠴᠢᠬᠡᠯ᠎ᠡ ᠯᠡ ᠳᠡ᠂ ᠥᠨᠥᠳᠥᠷ ᠪᠢ ᠲᠠᠨ ᠤ᠋ ᠳ᠋ᠤ᠌ ᠬᠣᠨᠣᠭᠯᠠᠵᠤ ᠪᠣᠯᠬᠤ ᠪᠣᠯᠪᠠ ᠤᠤ?》 《ᠴᠢ ᠨᠠᠮ᠎ᠠ ᠶ᠋ᠢ ᠬᠡᠨ ᠭᠡᠳᠡᠭ ᠢ᠋ ᠮᠡᠳᠡᠳᠡᠭ ᠦᠭᠡᠢ ᠪᠣᠯᠤᠯᠲᠠᠢ》《ᠦ ᠪᠢ ᠮᠡᠳᠡᠨ᠎ᠡ᠂ ᠲᠠ ᠪᠣᠯ ᠦᠯᠡᠮᠵᠢ ᠪᠡᠶᠡᠲᠦ᠂ ᠬᠣᠲᠠ ᠶ᠋ᠢᠨ ᠢᠷᠭᠡᠳ ᠲᠠᠨ ᠠ᠋ᠴᠠ ᠶᠡᠬᠡ ᠠᠶᠤᠳᠠᠭ᠂ ᠲᠡᠳᠡ ᠲᠠᠨ ᠢ᠋ ᠪᠠᠢᠰᠢᠩ ᠤ᠋ᠳ ᠢ᠋ ᠳᠡᠭᠡᠷᠡᠮᠳᠡᠳᠡᠭ ᠭᠡᠵᠦ ᠭᠡᠯᠴᠡᠳᠡᠭ᠂ ᠬᠠᠮᠤᠭ ᠤ᠋ᠨ ᠬᠥᠭᠵᠢᠯ ᠲᠡᠢ ᠨᠢ ᠠᠯᠢ ᠪᠠᠢᠰᠢᠩ ᠢ᠋ ᠲᠠ ᠳᠡᠭᠡᠷᠡᠮᠳᠡᠭᠰᠡᠨ ᠢ᠋ ᠲᠡᠳᠡ ᠮᠡᠳᠡᠳᠡᠭ ᠦᠭᠡᠢ ᠰᠢᠦ ᠳᠡ 》《ᠤᠴᠢᠷ ᠨᠢ ᠪᠢ ᠣᠭᠲᠣᠬᠠᠨ ᠴᠤ᠌ ᠲᠡᠭᠡᠵᠦ ᠪᠠᠢᠭ᠎ᠠ ᠦᠭᠡᠢ᠂ ᠨᠠᠮ᠎ᠠ ᠶ᠋ᠢ ᠶᠠᠭᠤ ᠴᠤ᠌ ᠬᠡᠯᠡᠯ᠎ᠡ ᠭᠡᠰᠡᠨ ᠬᠥᠮᠦᠰ ᠨᠠᠳᠠᠳᠤ ᠢᠲᠡᠭᠡᠳᠡᠭ ᠦᠭᠡᠢ᠂ ᠲᠡᠳᠡ ᠮᠢᠨᠦ ᠭᠠᠳᠠᠨᠠᠬᠢ ᠲᠥᠷᠬᠦ ᠡᠴᠡ ᠠᠶᠤᠳᠠᠭ ᠤᠴᠢᠷ ᠠ᠋ᠴᠠ ᠲᠡᠷᠡ ᠪᠠᠢᠬ᠎ᠠ ᠯᠠ ᠳᠠ᠂ ᠭᠡᠬᠦ ᠳ᠋ᠡᠭᠡᠨ ᠴᠢ ᠶᠠᠭᠠᠬᠢᠭᠠᠳ ᠨᠠᠳᠠ ᠠ᠋ᠴᠠ ᠠᠶᠤᠬᠤ ᠦᠭᠡᠢ ᠪᠠᠢᠭ᠎ᠠ ᠶᠤᠮ ᠪᠣᠢ?》᠂《ᠪᠢ ᠬᠥᠮᠦᠰ ᠢ᠋ ᠬᠠᠢᠷᠠᠯᠠᠵᠤ ᠬᠦᠨᠳᠦᠯᠡᠳᠡᠭ ᠴᠦ᠍ ᠲᠡᠳᠡᠨ ᠦ᠌ ᠬᠡᠯᠡᠭᠰᠡᠨ ᠪᠣᠯᠭᠠᠨ ᠳ᠋ᠤ᠌ ᠢᠲᠡᠭᠡᠭᠡᠳ ᠪᠠᠢᠳᠠᠭ ᠦᠭᠡᠢ ᠯᠡ ᠳᠡ᠂ᠬᠥᠮᠦᠰ ᠮᠡᠳᠡᠬᠦ ᠴᠦ᠍ ᠦᠭᠡᠢ ᠵᠦᠢᠯ ᠦ᠋ᠨ ᠢ᠋ᠶ᠋ᠡᠨ ᠲᠤᠬᠠᠢ ᠶᠠᠷᠢᠳᠠᠭ ᠰᠢᠦ ᠳᠡ᠂ ᠭᠡᠲᠡᠯ᠎ᠡ ᠲᠠ ᠲᠠᠨᠢᠬᠤ ᠦᠭᠡᠢ ᠬᠥᠮᠦᠨ ᠢ᠋ ᠭᠡᠷ ᠲᠡᠭᠡᠨ ᠬᠣᠨᠣᠭᠤᠯᠵᠤ ᠪᠠᠢᠨ᠎ᠠ ᠲᠡᠢᠮᠦ ᠪᠢᠰᠢ ᠭᠡᠵᠦ ᠤᠤ? ᠪᠢ ᠲᠠᠨ ᠢ᠋ ᠰᠠᠢᠬᠠᠨ ᠰᠡᠳᠬᠢᠯ ᠲᠡᠢ ᠭᠡᠵᠦ ᠪᠣᠳᠣᠵᠤ ᠪᠠᠢᠨ᠎ᠠ》 ᠦᠯᠡᠮᠵᠢ ᠪᠡᠶᠡᠲᠦ ᠭᠠᠢᠬᠠᠵᠤ ᠣᠷᠬᠢᠪᠠ᠂ ᠡᠨᠡ ᠣᠯᠠᠨ ᠵᠢᠯ ᠦ᠋ᠨ ᠲᠤᠷᠰᠢ ᠬᠡᠨ ᠴᠦ᠍ ᠲᠡᠭᠦᠨ ᠳ᠋ᠦ᠍ ᠡᠢᠮᠦ ᠰᠠᠢᠬᠠᠨ ᠬᠠᠨᠳᠤᠵᠤ ᠪᠠᠢᠭ᠎ᠠ ᠦᠭᠡᠢ ᠶᠦ᠍ᠮ᠃
   ᠯᠢ ᠣ ᠬᠣᠭᠣᠯᠠ ᠪᠠᠨ ᠢᠳᠡᠵᠦ ᠳᠠᠭᠤᠰᠬᠠᠭᠠᠳ ᠰᠢᠭᠤᠳ ᠤᠨᠲᠠᠵᠠᠢ᠃ ᠦᠯᠡᠮᠵᠢ ᠪᠡᠶᠡᠲᠦ ᠳ᠋ᠦ᠍ ᠡᠩ ᠦ᠋ᠨ ᠨᠢᠭᠡᠨ ᠢᠷᠭᠡᠨ ᠬᠠᠭᠠᠨ ᠤ᠋ ᠴᠢᠬᠤᠯᠠ ᠵᠠᠬᠢᠶ᠎ᠠ ᠶ᠋ᠢ ᠬᠦᠷᠭᠡᠵᠦ ᠶᠠᠪᠤᠭ᠎ᠠ ᠨᠢ ᠰᠡᠵᠢᠭᠯᠡᠯᠲᠡᠢ ᠰᠠᠨᠠᠭᠳᠠᠪᠠ᠃ ᠯᠢ ᠣ ᠶ᠋ᠢᠨ ᠬᠦᠷᠮᠡᠨ ᠳ᠋ᠦ᠍ ᠪᠠᠢᠭ᠎ᠠ ᠲᠣᠭᠳᠣᠢ ᠶ᠋ᠢ ᠣᠯᠵᠤ ᠬᠠᠷᠠᠪᠠ ᠭᠡᠨ᠎ᠡ᠃ᠰᠣᠨᠢᠭᠤᠴᠢ ᠵᠠᠩ ᠳ᠋ᠠᠭᠠᠨ ᠬᠥᠲᠥᠯᠦᠭᠳᠡᠨ ᠲᠣᠭᠳᠣᠢ ᠶ᠋ᠢ ᠨᠡᠭᠡᠭᠡᠬᠦ ᠪᠡᠷ ᠰᠢᠢᠳᠴᠡᠢ᠃ 《ᠡᠨᠡ ᠵᠠᠬᠢᠶ᠎ᠠ ᠶ᠋ᠢ ᠠᠪᠴᠢᠷᠠᠭᠰᠠᠨ ᠬᠥᠮᠦᠨ ᠨᠠᠰᠤᠨ ᠲᠤᠷᠰᠢ ᠳ᠋ᠠᠭᠠᠨ ᠭᠠᠵᠠᠷ ᠳᠣᠣᠷᠠᠬᠢ ᠭᠢᠨᠳᠠᠨ ᠳ᠋ᠤ᠌ ᠬᠣᠷᠢᠭᠳᠠᠬᠤ ᠶᠣᠰᠣᠲᠠᠢ᠂ ᠬᠠᠭᠠᠨ ᠶᠠᠭᠠᠬᠢᠭᠠᠳ ᠡᠢᠮᠦ ᠵᠦᠢᠯ ᠬᠦᠰᠡᠳᠡᠭ ᠪᠢᠯᠡ᠂ ᠬᠠᠭᠠᠨ ᠦᠨᠡᠬᠡᠷ ᠮᠠᠭᠤ ᠬᠥᠮᠦᠨ ᠶᠦ᠍ᠮ᠂ ᠯᠢ ᠣ ᠱᠣᠷᠣᠩ ᠳ᠋ᠤ᠌ ᠬᠣᠷᠢᠭᠳᠠᠬᠤ ᠶᠣᠰᠣ ᠦᠭᠡᠢ᠃》 ᠦᠯᠡᠮᠵᠢ ᠪᠡᠶᠡᠲᠦ ᠵᠠᠬᠢᠶ᠎ᠠ ᠶ᠋ᠢ ᠤᠷᠠᠯ᠎ᠠ᠂᠂ᠲᠡᠷᠡ ᠴᠠᠭᠠᠰᠤ ᠭᠠᠷᠭᠠᠨ ᠰᠢᠨ᠎ᠡ ᠪᠡᠷ ᠵᠠᠬᠢᠶ᠎ᠠ ᠪᠢᠴᠢᠵᠦ ᠬᠠᠭᠠᠨ ᠤ᠋ ᠲᠣᠭᠳᠣᠢ ᠳ᠋ᠤ᠌ ᠬᠢᠭᠡᠳ ᠲᠣᠭᠳᠣᠢ ᠶ᠋ᠢ ᠪᠠᠢᠭᠰᠠᠨ ᠭᠠᠵᠠᠷ ᠲᠤ᠌ ᠨᠢ ᠲᠠᠯᠪᠢᠪᠠ ᠭᠡᠨ᠎ᠡ᠃ ᠮᠠᠷᠭᠠᠰᠢ ᠯᠢ ᠣ ᠵᠠᠬᠢᠶ᠎ᠠ ᠪᠠᠨ ᠬᠠᠭᠠᠨ ᠤ᠋ ᠣᠷᠳᠣᠨ ᠳ᠋ᠤ᠌ ᠠᠪᠴᠤ ᠣᠴᠢᠲᠠᠯ᠎ᠠ᠄《ᠡᠨᠡ ᠵᠠᠬᠢᠶ᠎ᠠ ᠶ᠋ᠢ ᠠᠪᠴᠢᠷᠠᠭᠰᠠᠨ ᠬᠥᠮᠦᠨ ᠢ᠋ ᠨᠡᠩ ᠳᠠᠷᠤᠢ ᠭᠦᠩᠵᠦ ᠲᠡᠢ ᠭᠡᠷᠯᠡᠭᠦᠯ᠂ ᠪᠡᠢᠯᠸ ᠭᠦᠩᠵᠦ ᠶ᠋ᠢ ᠳᠠᠭᠤᠳᠠᠨ᠎ᠠ ᠤᠤ?》 《ᠪᠡᠢᠯᠸ᠂ ᠬᠠᠭᠠᠨ ᠡᠴᠢᠭᠡ ᠴᠢᠨᠢ ᠴᠢᠮ᠎ᠠ ᠶ᠋ᠢ ᠡᠨᠡ ᠵᠠᠯᠠᠭᠤ ᠡᠷ᠎ᠡ ᠲᠡᠢ ᠭᠡᠷᠯᠡᠭᠦᠯᠬᠦ ᠶ᠋ᠢ ᠬᠦᠰᠡᠵᠦ ᠴᠢ ᠵᠥᠪᠰᠢᠶᠡᠷᠡᠵᠦ ᠪᠠᠢᠨ᠎ᠠ ᠤᠤ? 》ᠬᠤᠪᠢ ᠲᠠᠪᠢᠯᠠᠩ ᠪᠡᠶᠡᠯᠡᠯ ᠢ᠋ᠶ᠋ᠡᠨ ᠣᠯᠪᠠ᠃ ᠯᠢ ᠣ ᠪᠡᠢᠯᠸ ᠬᠣᠶᠠᠷ ᠠᠩᠬᠠᠨ ᠤ᠋ ᠬᠠᠷᠠᠴᠠ ᠪᠠᠷ ᠪᠡᠶ᠎ᠡ ᠪᠠᠶᠠᠨ ᠳ᠋ᠠᠭᠠᠨ ᠳᠤᠷᠠᠯᠠᠵᠠᠢ᠃ 《ᠪᠢ ᠲᠡᠭᠦᠨ ᠲᠡᠢ ᠭᠡᠷᠯᠡᠮᠡᠷ ᠪᠠᠢᠨ᠎ᠠ᠂ ᠡᠵᠢ ᠠ᠋》 ᠬᠠᠲᠤᠨ ᠬᠠᠭᠠᠨ ᠶᠡᠬᠡᠳᠡ ᠪᠠᠶᠠᠷᠯᠠᠪᠠ᠃ ᠲᠡᠷᠡ ᠡᠳᠦᠷ ᠢ᠋ᠶ᠋ᠡᠨ ᠵᠠᠯᠠᠭᠤ ᠬᠣᠣᠰ ᠤ᠋ᠳ ᠬᠤᠷᠢᠮ ᠢ᠋ᠶ᠋ᠠᠨ ᠬᠢᠯ᠎ᠡ᠃
   ᠯᠢ ᠣ᠂ ᠪᠡᠢᠯᠸ ᠬᠣᠶᠠᠷ ᠵᠢᠷᠭᠠᠯ ᠲᠠᠢ ᠪᠠᠢᠭᠰᠠᠨ ᠴᠤ᠌ ᠤᠳᠠᠭᠠᠨ ᠦᠷᠭᠦᠯᠵᠢᠯᠡᠭᠰᠡᠨ ᠦᠭᠡᠢ᠃ ᠬᠠᠭᠠᠨ ᠪᠤᠴᠠᠵᠤ ᠢᠷᠡᠨ ᠪᠣᠯᠤᠭᠰᠠᠨ ᠶᠠᠪᠤᠳᠠᠯ ᠢ᠋ ᠰᠣᠨᠣᠰᠤᠭᠠᠳ ᠮᠠᠰᠢ ᠶᠡᠬᠡ ᠠᠭᠤᠷᠯᠠᠵᠤ ᠭᠡᠨ᠎ᠡ᠂ᠭᠡᠪᠡᠴᠦ ᠬᠡᠲᠦᠷᠬᠡᠢ ᠣᠷᠣᠢᠲᠠᠭᠰᠠᠨ ᠪᠠᠢᠪᠠ᠃ ᠯᠢ ᠣ ᠬᠠᠨ ᠬᠦᠦ ᠪᠣᠯᠵᠠᠢ᠃ ᠬᠠᠭᠠᠨ ᠬᠦᠷᠭᠡᠨ ᠬᠦᠦ ᠪᠡᠨ ᠭᠢᠨᠳᠠᠨ ᠳ᠋ᠤ᠌ ᠬᠣᠷᠢᠬᠤ ᠪᠣᠯᠤᠮᠵᠢ ᠦᠭᠡᠢ ᠪᠠᠢᠯ᠎ᠠ᠃ᠬᠠᠭᠠᠨ ᠥᠭᠡᠷ᠎ᠡ ᠲᠥᠯᠥᠪᠯᠡᠭᠡ ᠪᠣᠳᠣᠵᠤ ᠣᠯᠤᠯ᠎ᠠ᠃《ᠦ ᠮᠢᠨᠦ ᠵᠢᠷᠦᠬᠡ ᠡᠮᠲᠡᠷᠡᠵᠦ ᠪᠠᠢᠨ᠎ᠠ᠂ ᠪᠢ ᠡᠭᠦᠨ ᠢ᠋ ᠴᠢᠮ᠎ᠠ ᠳ᠋ᠤ᠌ ᠠᠯᠢ ᠡᠷᠲᠡ ᠬᠡᠯᠡᠬᠦ ᠶᠣᠰᠣᠲᠠᠢ ᠪᠠᠢᠵᠠᠢ᠂ ᠭᠦᠩᠵᠦ ᠬᠤᠷᠢᠮ ᠢ᠋ᠶ᠋ᠠᠨ ᠬᠢᠭᠰᠡᠨ ᠡᠴᠡ ᠬᠣᠢᠰᠢ ᠳᠣᠯᠣᠭᠠᠨ ᠡᠳᠦᠷ ᠦ᠋ᠨ ᠳᠠᠷᠠᠭ᠎ᠠ ᠦᠬᠦᠬᠦ ᠬᠠᠷᠢᠶᠠᠯ ᠳ᠋ᠤ᠌ ᠥᠷᠲᠥᠭᠰᠡᠨ᠂ ᠴᠣᠷ ᠭᠠᠭᠴᠠ ᠵᠦᠢᠯ ᠥᠬᠢᠨ ᠢ᠋ ᠮᠢᠨᠢ ᠡᠨᠡ ᠬᠠᠷᠢᠶᠠᠯ ᠠ᠋ᠴᠠ ᠠᠪᠤᠷᠠᠵᠤ ᠴᠢᠳᠠᠨ᠎ᠠ᠂ ᠴᠢᠳᠬᠥᠷ ᠦ᠋ᠨ ᠭᠤᠷᠪᠠᠨ ᠠᠯᠲᠠᠨ ᠦᠰᠦ᠂ ᠪᠢ ᠴᠢᠮ᠎ᠠ ᠶ᠋ᠢ ᠶᠠᠪᠤ ᠭᠡᠵᠦ ᠬᠦᠴᠦᠯᠡᠬᠦ ᠦᠭᠡᠢ》 《ᠪᠢ ᠶᠠᠪᠤᠨ᠎ᠠ᠂ ᠡᠬᠡᠨᠡᠷ ᠲᠦ᠍ ᠮᠢᠨᠢ ᠮᠠᠭᠤ ᠵᠦᠢᠯ ᠲᠣᠬᠢᠶᠠᠯᠳᠤᠬᠤ ᠶ᠋ᠢ ᠪᠢ ᠵᠥᠪᠰᠢᠶᠡᠷᠡᠬᠦ ᠦᠭᠡᠢ》《ᠬᠡ ᠬᠡ ᠬᠡ ᠬᠠ ᠬᠠ ᠬᠠ ᠬᠠ》 ᠯᠢ ᠣ ᠡᠬᠡᠨᠡᠷ ᠲᠡᠢ ᠪᠡᠨ ᠰᠠᠯᠬᠤ ᠶᠣᠰᠣ ᠬᠢᠵᠦ ᠭᠠᠷ ᠢ᠋ᠶ᠋ᠠᠨ ᠳᠠᠯᠠᠯᠤᠯ᠎ᠠ᠃ ᠴᠢᠳᠬᠥᠷ ᠤᠷᠤᠭᠤ ᠣᠴᠢᠬᠤ ᠵᠠᠮ ᠳ᠋ᠤ᠌ ᠨᠢ ᠲᠣᠮᠣ ᠬᠣᠲᠠ ᠲᠠᠭᠠᠷᠠᠪᠠ ᠭᠡᠨ᠎ᠡ᠃ ᠯᠢ ᠣ ᠬᠣᠲᠠ ᠤᠷᠤᠭᠤ ᠣᠷᠣᠬᠤ ᠪᠠᠷ ᠣᠷᠣᠯᠳᠣᠭᠰᠠᠨ ᠪᠣᠯᠪᠠᠴᠤ ᠡᠭᠦᠳᠡᠨ ᠦ᠌ ᠬᠠᠷᠠᠭᠤᠯ ᠲᠡᠭᠦᠨ ᠢ᠋ ᠵᠣᠭᠰᠣᠭᠠᠨ᠄《ᠴᠢ ᠣᠷᠣᠮᠠᠷ ᠪᠠᠢᠪᠠᠯ ᠡᠨᠡ ᠳᠠᠭᠠᠪᠤᠷᠢ ᠶ᠋ᠢ ᠳᠠᠭᠠᠭᠠᠷᠠᠢ》 《ᠨᠠᠳᠠ ᠳ᠋ᠤ᠌ ᠬᠡᠯᠡᠭᠡᠴᠢ》 《ᠪᠢᠳᠡᠨ ᠳ᠋ᠦ᠍ ᠳᠠᠷᠠᠰᠤ ᠭᠠᠷᠭᠠᠨ ᠥᠭᠳᠡᠭ ᠪᠠᠢᠭᠰᠠᠨ ᠬᠠᠭᠠᠨ ᠤ᠋ ᠮᠠᠨᠢ ᠤᠰᠤᠨ ᠣᠷᠭᠢᠯᠤᠭᠤᠷ ᠶᠠᠭᠠᠬᠢᠭᠠᠳ ᠪᠢᠳᠡᠨ ᠳ᠋ᠦ᠍ ᠤᠰᠤ ᠴᠤ᠌ ᠥᠭᠬᠦ ᠪᠡᠨ ᠪᠣᠯᠢᠭᠰᠠᠨ ᠪᠣᠢ?》 ᠯᠢ ᠣ ᠬᠡᠰᠡᠭ ᠪᠣᠳᠣᠨ᠄《ᠠ ᠪᠢ ᠡᠨᠡ ᠠᠰᠠᠭᠤᠯᠲᠠ ᠶ᠋ᠢᠨ ᠬᠠᠷᠢᠭᠤᠯᠲᠠ ᠶ᠋ᠢ ᠣᠯᠤᠯ᠎ᠠ᠂ ᠭᠡᠬᠦ ᠳ᠋ᠦ᠍ ᠪᠡᠨ ᠣᠳᠣ ᠲᠠᠨ ᠳ᠋ᠤ᠌ ᠬᠡᠯᠡᠵᠦ ᠴᠢᠳᠠᠬᠤ ᠦᠭᠡᠢ᠂ ᠤᠴᠢᠷ ᠨᠢ ᠪᠢ ᠮᠠᠰᠢ ᠴᠢᠬᠤᠯᠠ ᠳᠠᠭᠠᠭᠠᠯᠭᠠᠪᠤᠷᠢ ᠲᠠᠢ ᠶᠠᠪᠤᠭ᠎ᠠ ᠶᠤᠮ ᠯᠠ ᠳᠠ᠂ ᠳᠠᠭᠠᠭᠠᠯᠭᠠᠪᠤᠷᠢ ᠪᠠᠨ ᠳᠠᠭᠤᠰᠬᠠᠬᠤ ᠠ᠋ᠴᠠ ᠡᠮᠦᠨ᠎ᠡ ᠠᠰᠠᠭᠤᠯᠲᠠ ᠳ᠋ᠤ᠌ ᠬᠠᠷᠢᠭᠤᠯ ᠭᠡᠵᠦ ᠨᠠᠮ᠎ᠠ ᠶ᠋ᠢ ᠬᠦᠴᠦᠯᠡᠭᠰᠡᠨ ᠬᠡᠨ ᠴᠦ᠍ ᠪᠣᠯᠪᠠ ᠢᠮᠠᠭ᠎ᠠ ᠪᠣᠯᠵᠤ ᠬᠤᠪᠢᠷᠠᠨ᠎ᠠ ᠭᠡᠵᠦ ᠨᠠᠳᠠᠳᠤ ᠬᠡᠯᠡᠭᠰᠡᠨ ᠶᠦ᠍ᠮ ᠠ᠋᠂ ᠲᠠ ᠠᠰᠠᠭᠤᠯᠲᠠ ᠪᠠᠨ ᠠᠬᠢᠭᠠᠳ ᠳᠠᠪᠲᠠᠭᠠᠴᠢ᠂ᠤᠰᠤᠨ ᠣᠷᠭᠢᠯᠤᠭᠤᠷ ᠶᠠᠭᠠᠬᠢᠭᠰᠠᠨ ᠭᠡᠰᠡᠨ ᠪᠣᠢ?》 《ᠮᠠᠢ᠁》 《ᠦ ᠬᠡ ᠬᠡ ᠬᠡ ᠶᠠᠭᠠᠷᠠᠬᠤ ᠬᠡᠷᠡᠭ ᠦᠭᠡᠢ ᠳᠡ᠂ ᠪᠤᠴᠠᠬᠤ ᠵᠠᠮ ᠳ᠋ᠠᠭᠠᠨ ᠨᠠᠳᠠ ᠳ᠋ᠤ᠌ ᠬᠠᠷᠢᠭᠤᠯᠲᠠ ᠶ᠋ᠢ ᠨᠢ ᠬᠡᠯᠡᠵᠦ ᠪᠣᠯᠤᠨ᠎ᠠ ᠰᠢᠦ ᠳᠡ᠂ ᠲᠡᠢᠮᠦ ᠪᠢᠵᠡ ᠳᠡ?》 《ᠦ ᠰᠠᠢᠬᠠᠨ ᠰᠡᠳᠬᠢᠯ ᠭᠠᠷᠭᠠᠭᠰᠠᠨ ᠲᠠᠨ ᠳ᠋ᠤ᠌ ᠪᠠᠶᠠᠷᠯᠠᠯ᠎ᠠ ᠨᠣᠶᠠᠨᠲᠠᠨ ᠠ᠋》 ᠯᠢ ᠣ ᠴᠠᠰᠢ ᠶᠠᠪᠤᠨ ᠠᠬᠢᠨ ᠨᠢᠭᠡ ᠬᠣᠲᠠ ᠶ᠋ᠢᠨ ᠡᠮᠦᠨ᠎ᠡ ᠢᠷᠡᠯ᠎ᠡ᠂ ᠬᠠᠷᠠᠭᠤᠯ ᠲᠡᠭᠦᠨ ᠡᠴᠡ:《ᠨᠠᠳᠠᠳᠤ ᠬᠡᠯᠡᠭᠡᠴᠢ ᠠ᠋ ᠤᠷᠢᠳᠤ ᠨᠢ ᠠᠯᠲᠠᠨ ᠠᠯᠢᠮ᠎ᠠ ᠤᠷᠭᠤᠳᠠᠭ ᠪᠠᠢᠭᠰᠠᠨ ᠮᠣᠳᠣᠨ ᠠ᠋ᠴᠠ ᠣᠳᠣ ᠶᠠᠭᠠᠬᠢᠭᠠᠳ ᠵᠥᠪᠬᠡᠨ ᠨᠠᠪᠴᠢ ᠤᠷᠭᠤᠬᠤ ᠪᠣᠯᠪᠠ?》 ᠯᠢ ᠣ ᠤᠷᠢᠳᠤ ᠶ᠋ᠢᠨ ᠠᠳᠠᠯᠢ ᠬᠠᠷᠢᠭᠤᠯᠲᠠ ᠥᠭᠴᠦ᠂ᠡᠭᠦᠳᠡᠨ ᠦ᠌ ᠬᠠᠷᠠᠭᠤᠯ ᠲᠡᠭᠦᠨ ᠢ᠋ ᠪᠠᠶᠠᠷᠲᠠᠢ ᠪᠠᠷ ᠣᠷᠣᠭᠤᠯᠪᠠ᠃ ᠬᠡᠴᠡᠭᠦᠦ ᠳᠠᠭᠠᠪᠤᠷᠢ ᠤ᠋ᠳ ᠢᠩᠭᠢᠵᠦ ᠨᠢᠭᠡ ᠶᠠᠭᠤᠮ᠎ᠠ ᠳᠠᠭᠤᠰᠤᠯ᠎ᠠ ᠭᠡᠵᠦ ᠪᠣᠳᠣᠨ ᠵᠠᠪᠢᠴᠠᠨ ᠳᠡᠭᠡᠷ᠎ᠡ ᠲᠡᠷᠡ ᠢᠷᠡᠬᠦ ᠳ᠋ᠦ᠍ ᠵᠠᠪᠢᠴᠠᠨ ᠮᠥᠨ ᠯᠡ ᠠᠰᠠᠭᠤᠯᠲᠠ ᠠᠰᠠᠭᠤᠯ᠎ᠠ᠄《ᠪᠢ ᠴᠢᠮ᠎ᠠ ᠶ᠋ᠢ ᠭᠣᠣᠯ ᠤ᠋ᠨ ᠨᠥᠭᠦᠭᠡ ᠲᠠᠯ᠎ᠠ ᠳ᠋ᠤ᠌ ᠬᠦᠷᠭᠡᠵᠦ ᠥᠭᠭᠦᠶ᠎ᠡ ᠭᠡᠬᠦ ᠳ᠋ᠦ᠍ ᠪᠡᠨ ᠡᠬᠢᠯᠡᠭᠡᠳ ᠮᠢᠨᠦ ᠠᠰᠠᠭᠤᠯᠲᠠ ᠳ᠋ᠤ᠌ ᠬᠠᠷᠢᠭᠤᠯᠠᠭᠠᠴᠢ᠂》 ᠵᠠᠪᠢᠴᠢᠨ᠄《ᠪᠢ ᠡᠳᠦᠷ ᠪᠦᠷᠢ ᠬᠥᠮᠦᠰ ᠢ᠋ ᠭᠣᠣᠯ ᠤ᠋ᠨ ᠬᠣᠶᠠᠷ ᠡᠷᠭᠢ ᠤᠷᠤᠭᠤ ᠨᠡᠰᠢ ᠴᠠᠰᠢ ᠵᠥᠭᠡᠭᠡᠬᠦ ᠡᠴᠡ ᠥᠭᠡᠷ᠎ᠡ ᠵᠦᠢᠯ ᠬᠢᠵᠦ ᠴᠢᠳᠠᠳᠠᠭ ᠦᠭᠡᠢ᠂ ᠪᠢ ᠡᠭᠦᠨ ᠢ᠋ ᠶᠠᠭᠠᠬᠢᠵᠤ ᠵᠣᠭᠰᠣᠭᠠᠬᠤ ᠪᠣᠢ?》 ᠯᠢ ᠣ ᠰᠠᠨᠠᠭ᠎ᠠ ᠠᠯᠲᠠᠨ ᠢᠮᠠᠭᠠᠨ ᠤ᠋ ᠲᠤᠬᠠᠢ ᠬᠡᠯᠡᠬᠦ ᠳ᠋ᠦ᠍ ᠵᠠᠪᠢᠴᠢᠨ ᠳᠣᠲᠣᠷ᠎ᠠ ᠪᠠᠨ ᠨᠠᠰᠤ ᠪᠠᠷ ᠢ᠋ᠶ᠋ᠠᠨ ᠵᠠᠪᠢᠴᠢᠨ ᠤ᠋ ᠠᠮᠢᠳᠤᠷᠠᠯ ᠢ᠋ᠶ᠋ᠠᠷ ᠠᠮᠢᠳᠤᠷᠠᠬᠤ ᠨᠢ ᠢᠮᠠᠭ᠎ᠠ ᠪᠣᠯᠵᠤ ᠬᠤᠪᠢᠷᠠᠬᠤ ᠠ᠋ᠴᠠ ᠳᠡᠭᠡᠷ᠎ᠡ ᠭᠡᠮᠡᠨ ᠪᠣᠳᠣᠪᠠ᠃ ᠯᠢ ᠣ ᠶ᠋ᠢ ᠭᠣᠣᠯ ᠤ᠋ᠨ ᠨᠥᠭᠦᠭᠡ ᠵᠠᠬ᠎ᠠ ᠳ᠋ᠤ᠌ ᠭᠠᠷᠭᠠᠵᠤ ᠭᠠᠷ ᠢ᠋ᠶ᠋ᠠᠨ ᠳᠠᠯᠠᠯᠤᠨ ᠦᠳᠡᠵᠦ ᠶᠠᠪᠤᠭᠤᠯᠪᠠ᠃ ᠡᠴᠦᠰ ᠲᠦ᠍ ᠨᠢ ᠯᠢ ᠣ ᠴᠢᠳᠬᠥᠷ ᠦ᠋ᠨ ᠠᠭᠤᠢ ᠳ᠋ᠤ᠌ ᠬᠦᠷᠴᠦ ᠢᠷᠡᠯ᠎ᠡ᠃ ᠠᠭᠤᠢ ᠶ᠋ᠢᠨ ᠭᠠᠳᠠᠨ᠎ᠠ ᠮᠣᠳᠣᠨ ᠠ᠋ᠴᠠ ᠮᠠᠩᠭᠦᠧ ᠲᠡᠭᠦᠵᠦ ᠪᠣᠢ ᠨᠢᠭᠡᠨ ᠬᠥᠮᠦᠨ ᠢ᠋ ᠣᠯᠵᠤ ᠬᠠᠷᠠᠵᠠᠢ᠃ 《ᠡᠩ ᠡᠩ ᠡᠩ》 《ᠦ ᠠᠭᠤᠴᠢᠯᠠᠭᠠᠷᠠᠢ᠂ᠨᠠᠮ᠎ᠠ ᠶ᠋ᠢ ᠦᠨᠡᠬᠡᠷ ᠠᠭᠤᠴᠢᠯᠠᠭᠠᠷᠠᠢ᠂ ᠪᠢ ᠮᠠᠩᠭᠦᠧ ᠳ᠋ᠦ᠍ ᠭᠠᠷ ᠬᠦᠷᠦᠭᠡ ᠦᠭᠡᠢ ᠠᠮᠠᠯᠠᠶ᠎ᠠ᠂ ᠶᠠᠭᠤ?ᠴᠢ ᠮᠢᠨᠦ ᠠᠴᠢ ᠬᠦᠦ ᠪᠢᠰᠢ ᠪᠠᠢᠨ᠎ᠠ᠂ ᠶᠣ ᠴᠢᠮ᠎ᠠ ᠶ᠋ᠢ ᠴᠢᠳᠬᠥᠷ ᠯᠡ ᠪᠠᠢᠨ᠎ᠠ ᠭᠡᠵᠦ ᠪᠣᠳᠣᠯ᠎ᠠ᠂ ᠴᠢ ᠡᠨᠳᠡ ᠶᠠᠭᠠᠬᠢᠬᠤ ᠭᠡᠵᠦ ᠢᠷᠡᠪᠡ?》 《ᠲᠠᠨ ᠤ᠋ ᠠᠴᠢ ᠴᠢᠳᠬᠥᠷ ᠶᠦ᠍ᠮ ᠤᠤ? ᠲᠡᠢᠮᠦ ᠪᠣᠯ ᠰᠠᠢᠨ ᠪᠠᠢᠨ᠎ᠠ᠂ ᠲᠠ ᠨᠠᠳᠠ ᠳ᠋ᠤ᠌ ᠠᠴᠢ ᠬᠦᠦ ᠪᠡᠨ ᠬᠠᠮᠢᠭ᠎ᠠ ᠪᠠᠢᠭ᠎ᠠ ᠶ᠋ᠢ ᠬᠡᠯᠡᠭᠡᠳ ᠥᠭᠬᠦ ᠦᠭᠡᠢ ᠤᠤ? ᠪᠢ ᠲᠡᠭᠦᠨ ᠡᠴᠡ ᠭᠤᠷᠪᠠᠨ ᠠᠰᠠᠭᠤᠯᠲᠠ ᠠᠰᠠᠭᠤᠬᠤ ᠭᠡᠰᠡᠨ ᠶᠦ᠍ᠮ》 ᠯᠢ ᠣ ᠴᠢᠳᠬᠥᠷ ᠦ᠋ᠨ ᠡᠮᠧ ᠳ᠋ᠦ᠍ ᠪᠣᠯᠤᠭᠰᠠᠨ ᠪᠦᠬᠦ ᠶᠠᠪᠤᠳᠠᠯ ᠢ᠋ ᠶᠠᠷᠢᠵᠤ ᠥᠭᠪᠡ᠃ 《ᠶᠠᠭᠤ? ᠴᠢᠳᠬᠥᠷ ᠦ᠋ᠨ ᠭᠤᠷᠪᠠᠨ ᠰᠢᠷᠬᠡᠭ ᠠᠯᠲᠠᠨ ᠦᠰᠦ ᠬᠠᠷᠢᠶᠠᠯ ᠢ᠋ ᠠᠷᠢᠯᠭᠠᠨ᠎ᠠ ᠭᠡᠵᠦ ᠬᠠᠭᠠᠨ ᠬᠡᠯᠡᠭᠰᠡᠨ ᠭᠡᠨ᠎ᠡ? ᠬᠠ ᠬᠠ ᠬᠠ ᠲᠠᠨ ᠤ᠋ ᠬᠠᠭᠠᠨ ᠮᠢᠨᠦ ᠠᠴᠢ ᠬᠦᠦ ᠡᠴᠡ ᠳᠣᠯᠣᠭᠠᠨ ᠳᠣᠣᠷ᠎ᠠ ᠬᠣᠷᠣᠨ ᠰᠠᠨᠠᠭ᠎ᠠ ᠲᠠᠢ ᠬᠥᠮᠦᠨ ᠪᠣᠯᠤᠯᠲᠠᠢ᠂ ᠭᠡᠨᠡᠨ ᠵᠠᠯᠠᠭᠤ ᠮᠢᠨᠢ᠂ ᠬᠠᠳᠠᠮ ᠠᠪᠤ ᠴᠢᠨᠢ ᠴᠢᠮ᠎ᠠ ᠶ᠋ᠢ ᠠᠰᠠᠭᠤᠳᠠᠯ ᠳ᠋ᠤ᠌ ᠤᠨᠠᠭᠠᠬᠤ ᠶ᠋ᠢ ᠬᠦᠰᠡᠭᠰᠡᠨ ᠪᠠᠢᠨ᠎ᠠ᠂ ᠲᠡᠢᠮᠦ ᠪᠣᠯᠬᠣᠷ ᠯᠠ ᠴᠢᠮ᠎ᠠ ᠶ᠋ᠢ ᠨᠠᠭᠠᠰᠢ ᠨᠢ ᠶᠠᠪᠤᠭᠤᠯᠤᠭᠰᠠᠨ ᠶᠤᠮ ᠪᠠᠢᠨ᠎ᠠ》《ᠬᠦᠯᠢᠶᠡᠭᠡᠷᠡᠢ᠂ ᠲᠡᠢᠮᠦ ᠭᠡᠵᠦ ᠤᠤ?》 《ᠠ᠂ ᠴᠢᠳᠬᠥᠷ ᠢᠷᠡᠯ᠎ᠡ᠂ᠴᠢᠮ᠎ᠠ ᠶ᠋ᠢ ᠶᠠᠭᠠᠬᠢᠬᠤ ᠶ᠋ᠢ ᠬᠤᠷᠳᠤᠨ ᠯᠠ ᠬᠠᠷᠠᠮᠠᠷ ᠪᠠᠢᠨ᠎ᠠ ᠰᠢᠦ᠂ ᠬᠠ ᠬᠠ ᠬᠠ 》 ᠯᠢ ᠣ ᠪᠣᠯ ᠤᠪᠵᠢᠨ ᠤᠬᠠᠭᠠᠯᠢᠭ ᠵᠠᠯᠠᠭᠤ ᠪᠠᠢᠯ᠎ᠠ᠂ᠬᠡᠰᠡᠭ ᠪᠣᠳᠣᠭᠰᠠᠨ ᠤ᠋ ᠳᠠᠷᠠᠭ᠎ᠠ ᠴᠢᠳᠬᠥᠷ ᠦ᠋ᠨ ᠡᠮᠧ ᠲᠡᠢ ᠲᠣᠬᠢᠷᠠᠯᠴᠠᠬᠤ ᠠᠷᠭ᠎ᠠ ᠪᠣᠳᠣᠵᠤ ᠣᠯᠵᠤ ᠭᠡᠨ᠎ᠡ᠃ ᠴᠢᠳᠬᠥᠷ ᠦ᠋ᠨ ᠡᠮᠧ ᠯᠢ ᠣ ᠶ᠋ᠢ ᠠᠪᠤᠷᠠᠭᠠᠳ ᠵᠣᠭᠰᠣᠬᠤ ᠦᠭᠡᠢ ᠬᠣᠶᠠᠷ ᠡᠭᠦᠳᠡᠨ ᠦ᠌ ᠬᠠᠭᠠᠯᠭᠠᠴᠢᠨ᠂ ᠨᠢᠭᠡ ᠵᠠᠪᠢᠴᠢᠨ ᠤ᠋ ᠠᠰᠠᠭᠤᠭᠰᠠᠨ ᠠᠰᠠᠭᠤᠯᠲᠠᠨ ᠳ᠋ᠤ᠌ ᠬᠠᠷᠢᠭᠤᠯᠲᠠ ᠣᠯᠬᠤ ᠶᠣᠰᠣᠲᠠᠢ ᠪᠠᠢᠯ᠎ᠠ᠂ ᠬᠠᠷᠢᠭᠤ ᠳ᠋ᠤ᠌ ᠨᠢ ᠮᠠᠩᠭᠦᠧ ᠶ᠋ᠢ ᠢᠳᠡᠬᠦ ᠭᠡᠵᠦ ᠪᠠᠢᠭᠰᠠᠨ ᠭᠡᠵᠦ ᠠᠴᠢ ᠬᠦᠦ ᠳ᠋ᠦ᠍ ᠨᠢ ᠬᠡᠯᠡᠬᠦ ᠦᠭᠡᠢ ᠭᠡᠵᠦ ᠠᠮᠠᠯᠠᠪᠠ᠃ 《ᠡᠩ᠂ ᠴᠢ ᠮᠠᠰᠢ ᠤᠬᠠᠭᠠᠯᠢᠭ ᠶᠤᠮ᠂ ᠵᠠ ᠶᠠᠭᠠᠬᠢᠬᠤᠪ ᠲᠣᠬᠢᠷᠠᠯ᠎ᠠ》 ᠴᠢᠳᠬᠥᠷ ᠦ᠋ᠨ ᠡᠮᠧ ᠯᠢ ᠣ ᠶ᠋ᠢ ᠰᠢᠷᠭᠤᠯᠵᠢ ᠪᠣᠯᠭᠠᠨ ᠬᠤᠪᠢᠷᠠᠭᠠᠵᠤ ᠬᠠᠯᠠᠭᠠᠰᠣᠨ ᠳ᠋ᠤ᠌ ᠪᠠᠨ ᠬᠢᠯ᠎ᠡ᠃ ᠴᠢᠳᠬᠥᠷ ᠠᠭᠤᠢ ᠳ᠋ᠤ᠌ ᠪᠠᠨ ᠢᠷᠡᠬᠦ ᠳ᠋ᠦ᠍ ᠶᠡᠬᠡ ᠶᠠᠳᠠᠷᠠᠭᠰᠠᠨ ᠪᠠᠢᠭᠰᠠᠨ ᠤᠴᠢᠷ ᠰᠢᠭᠤᠳ ᠤᠨᠲᠠᠭᠠᠳ ᠥᠭᠪᠡ᠃ 《ᠶᠣ ᠡᠮᠧ ᠲᠠ ᠴᠢᠨᠢ ᠶᠠᠭᠠᠬᠢᠵᠤ ᠪᠠᠢᠨ᠎ᠠ?》 《ᠦ ᠰᠣᠨᠣᠰᠤᠭᠠᠴᠢ ᠪᠢ ᠠᠶᠤᠮᠰᠢᠭᠲᠠᠢ ᠮᠠᠰᠢ ᠠᠶᠤᠮᠰᠢᠭᠲᠠᠢ ᠵᠡᠭᠦᠳᠦ ᠵᠡᠭᠦᠳᠦᠯᠡᠭᠰᠡᠨ᠂ ᠳᠠᠷᠠᠰᠤ ᠣᠷᠭᠢᠯᠵᠤ ᠪᠠᠢᠳᠠᠭ ᠤᠰᠤᠨ ᠣᠷᠭᠢᠯᠤᠭᠤᠷ ᠤ᠋ᠨ ᠲᠤᠬᠠᠢ ᠵᠡᠭᠦᠳᠦᠯᠡᠭᠰᠡᠨ᠂ ᠭᠡᠲᠡᠯ᠎ᠡ ᠣᠳᠣ ᠲᠡᠷᠡ ᠤᠰᠤᠨ ᠣᠷᠭᠢᠯᠤᠭᠤᠷ ᠠ᠋ᠴᠠ ᠤᠰᠤ ᠴᠤ᠌ ᠭᠠᠷᠬᠤ ᠪᠠᠨ ᠪᠣᠯᠢᠭᠰᠠᠨ ᠭᠡᠨ᠎ᠡ》 《ᠤᠰᠤᠨ ᠣᠷᠭᠢᠯᠤᠭᠤᠷ ᠳᠣᠣᠷ᠎ᠠ ᠲᠣᠮᠣ ᠪᠠᠬ᠎ᠠ ᠮᠡᠯᠡᠬᠡᠢ ᠠᠮᠢᠳᠤᠷᠠᠵᠤ ᠪᠠᠢᠭ᠎ᠠ ᠪᠣᠯᠬᠣᠷ ᠲᠡᠷᠡ᠂ ᠪᠠᠬ᠎ᠠ ᠮᠡᠯᠡᠬᠡᠢ ᠶ᠋ᠢ ᠲᠡᠨᠳᠡ ᠡᠴᠡ ᠬᠥᠭᠡᠭᠡᠪᠡᠯ ᠳᠠᠷᠠᠰᠤ ᠡᠷᠭᠢᠭᠡᠳ ᠣᠷᠭᠢᠯᠬᠤ ᠪᠣᠯᠤᠨ᠎ᠠ᠂ ᠣᠳᠣ ᠰᠠᠢᠬᠠᠨ ᠠᠮᠠᠷᠠᠭᠠᠷᠠᠢ》ᠬᠡᠰᠡᠭ ᠬᠤᠭᠤᠴᠠᠭᠠᠨ ᠤ᠋ ᠳᠠᠷᠠᠭ᠎ᠠ ᠴᠢᠳᠬᠥᠷ ᠬᠤᠷᠬᠢᠷᠠᠨ ᠤᠨᠲᠠᠵᠤ ᠪᠠᠢᠲᠠᠯ᠎ᠠ ᠡᠮᠧ ᠨᠢ ᠠᠬᠢᠭᠠᠳ ᠨᠢᠭᠡ ᠠᠯᠲᠠᠨ ᠤᠰᠤ ᠶ᠋ᠢ ᠨᠢ ᠲᠠᠰᠤᠳᠠᠵᠤ ᠠᠪᠪᠠ᠃ 《ᠶᠣ᠂ ᠪᠠᠰᠠ ᠶᠠᠭᠠᠬᠢᠭᠰᠠᠨ ᠪᠣᠢ?》《ᠶᠠᠭᠠᠬᠢᠨ᠎ᠠ? ᠠᠬᠢᠭᠠᠳ ᠨᠢᠭᠡ ᠠᠰᠠᠭᠤᠯᠲᠠ ᠪᠠᠢᠨ᠎ᠠ. ᠠᠯᠲᠠᠨ ᠠᠯᠢᠮ᠎ᠠ ᠤᠷᠭᠤᠳᠠᠭ ᠦᠵᠡᠰᠬᠦᠯᠡᠩ ᠲᠡᠢ ᠠᠯᠢᠮ᠎ᠠ ᠶ᠋ᠢᠨ ᠮᠣᠳᠣ ᠪᠠᠢᠵᠠᠢ᠂ ᠭᠡᠲᠡᠯ᠎ᠡ ᠣᠳᠣ ᠨᠠᠪᠴᠢ ᠯᠠ ᠤᠷᠭᠤᠬᠤ ᠪᠣᠯᠤᠭᠰᠠᠨ ᠬᠥᠭᠡᠷᠦᠬᠦᠢ ᠮᠣᠳᠣ 》 《ᠬᠠᠷᠬ᠎ᠠ ᠮᠣᠳᠣᠨ ᠤ᠋ ᠦᠨᠳᠦᠰᠦ ᠶ᠋ᠢ ᠮᠡᠷᠡᠵᠦ ᠪᠠᠢᠭ᠎ᠠ ᠶᠤᠮ ᠠ᠋᠂ ᠡᠮᠧ ᠬᠠᠷᠬ᠎ᠠ ᠶ᠋ᠢ ᠲᠡᠨᠳᠡ ᠡᠴᠡ ᠬᠥᠭᠡᠭᠡᠬᠦ ᠬᠡᠷᠡᠭᠲᠡᠢ》《ᠣᠢᠯᠠᠭᠠᠯ᠎ᠠ᠂ ᠣᠳᠣ ᠤᠨᠲᠠ ᠳᠠ᠂ ᠪᠢ ᠴᠦ᠍ ᠪᠠᠰᠠ ᠡᠷᠭᠢᠭᠡᠳ ᠤᠨᠲᠠᠬᠤ ᠭᠡᠵᠦ ᠦᠵᠡᠶ᠎ᠡ 》 《ᠦᠭᠡᠢ᠂ ᠲᠠ ᠠᠬᠢᠭᠠᠳ ᠮᠢᠨᠦ ᠦᠰᠦ ᠶ᠋ᠢ ᠲᠠᠰᠤᠳᠠᠬᠤ ᠶ᠋ᠢ ᠪᠢ ᠮᠡᠳᠡᠵᠦ ᠪᠠᠢᠨ᠎ᠠ᠂ᠲᠡᠢᠮᠦ ᠡᠴᠡ ᠮᠠᠢ᠂ ᠢᠩᠭᠢᠭᠡᠳ ᠪᠢ ᠲᠣᠯᠣᠭᠠᠢ ᠳ᠋ᠠᠭᠠᠨ ᠨᠢᠭᠡ ᠴᠦ᠍ ᠦᠰᠦ ᠦᠭᠡᠢ ᠪᠣᠯᠤᠯ᠎ᠠ ᠰᠢᠦ᠂ ᠰᠡᠳᠬᠢᠯ ᠴᠢᠨᠢ ᠬᠠᠨᠤᠪᠠ ᠤᠤ? 》 《ᠡᠩ ᠨᠠᠳᠠ ᠳ᠋ᠤ᠌ ᠠᠬᠢᠭᠠᠳ ᠨᠢᠭᠡ ᠠᠰᠠᠭᠤᠯᠲᠠ ᠪᠠᠢᠨ᠎ᠠ ᠯᠠ ᠳᠠ》 《ᠶᠠᠮᠠᠷ ᠠᠰᠠᠭᠤᠯᠲᠠ ᠶᠤᠮ ᠪᠣᠢ?》《ᠵᠠᠪᠢᠴᠢᠨ ᠶᠠᠭᠠᠬᠢᠭᠠᠳ ᠬᠥᠮᠦᠰ ᠢ᠋ ᠨᠡᠰᠢ ᠴᠠᠰᠢ ᠵᠥᠭᠡᠭᠡᠬᠦ ᠡᠴᠡ ᠥᠭᠡᠷ᠎ᠡ ᠵᠦᠢᠯ ᠬᠢᠵᠦ ᠴᠢᠳᠠᠬᠤ ᠦᠭᠡᠢ ᠪᠠᠢᠭ᠎ᠠ ᠶᠤᠮ ᠪᠣᠢ? ᠲᠡᠷᠡ ᠡᠨᠡ ᠠᠵᠢᠯ ᠳ᠋ᠤ᠌ ᠳᠤᠷ᠎ᠠ ᠦᠭᠡᠢ ᠶᠠᠭᠠᠬᠢᠵᠤ ᠪᠣᠯᠢᠬᠤ ᠪᠣᠢ?》《ᠰᠡᠯᠢᠭᠦᠷ ᠨᠢ ᠬᠠᠷᠢᠶᠠᠭᠳᠠᠭᠰᠠᠨ ᠪᠣᠯᠤᠭᠠᠳ ᠯᠠ ᠲᠡᠷᠡ ᠰᠢᠦ ᠳᠡ᠂ ᠬᠠᠷᠢᠶᠠᠯ ᠠ᠋ᠴᠠ ᠰᠠᠯᠬᠤ ᠶ᠋ᠢᠨ ᠲᠤᠯᠠᠳᠠ ᠰᠡᠯᠢᠭᠦᠷ ᠢ᠋ᠶ᠋ᠡᠨ ᠥᠭᠡᠷ᠎ᠡ ᠬᠥᠮᠦᠨ ᠳ᠋ᠦ᠍ ᠥᠭᠬᠦ ᠬᠡᠷᠡᠭᠲᠡᠢ᠂ ᠪᠢ ᠣᠳᠣ ᠤᠨᠲᠠᠵᠤ ᠪᠣᠯᠤᠨ᠎ᠠ ᠪᠢᠵᠡ ᠳᠡ?》 《ᠠ ᠮᠡᠳᠡᠭᠡᠵᠢ ᠰᠠᠢᠬᠠᠨ ᠠᠮᠠᠷᠠᠭᠠᠷᠠᠢ 》᠃
   ᠡᠮᠧ ᠯᠢ ᠣ ᠶ᠋ᠢ ᠪᠤᠴᠠᠭᠠᠨ ᠬᠥᠮᠦᠨ ᠪᠣᠯᠭᠠᠵᠤ ᠠᠴᠢ ᠬᠦᠦ ᠶ᠋ᠢᠨ ᠢ᠋ᠶ᠋ᠡᠨ ᠭᠤᠷᠪᠠᠨ ᠰᠢᠷᠬᠡᠭ ᠠᠯᠲᠠᠨ ᠦᠰᠦ ᠶ᠋ᠢ ᠲᠡᠭᠦᠨ ᠳ᠋ᠦ᠍ ᠥᠭᠪᠡ ᠭᠡᠨ᠎ᠡ᠃ ᠯᠢ ᠣ ᠲᠡᠭᠦᠨ ᠳ᠋ᠦ᠍ ᠮᠡᠬᠦᠢᠨ ᠪᠣᠳᠣᠯ ᠢ᠋ᠶ᠋ᠠᠨ ᠥᠭᠡᠷᠡᠴᠢᠯᠡᠬᠦ ᠡᠴᠡ ᠨᠢ ᠡᠮᠦᠨ᠎ᠡ ᠶᠠᠭᠠᠷᠠᠨ ᠣᠳᠤᠯ᠎ᠠ᠃ 《ᠴᠢ ᠬᠠᠷᠢᠭᠤᠯᠲᠠ ᠶ᠋ᠢ ᠨᠢ ᠣᠯᠤᠭᠰᠠᠨ ᠤᠤ?》 《ᠲᠡᠢᠮᠦ ᠠ᠋᠂ ᠪᠢ ᠣᠯᠤᠭᠰᠠᠨ ᠭᠡᠬᠦ ᠳ᠋ᠦ᠍ ᠪᠡᠨ ᠡᠬᠢᠯᠡᠭᠡᠳ ᠨᠠᠮ᠎ᠠ ᠶ᠋ᠢ ᠭᠣᠣᠯ ᠤ᠋ᠨ ᠴᠠᠭᠠᠨ᠎ᠠ ᠬᠦᠷᠭᠡᠵᠦ ᠥᠭ᠂ ᠪᠢ ᠭᠣᠣᠯ ᠤ᠋ᠨ ᠨᠥᠭᠦᠭᠡ ᠲᠠᠯ᠎ᠠ ᠳ᠋ᠤ᠌ ᠣᠴᠢᠭᠠᠳ ᠬᠠᠷᠢᠭᠤᠯᠲᠠ ᠶ᠋ᠢ ᠨᠢ ᠬᠡᠯᠡᠵᠦ ᠥᠭᠭᠦᠶ᠎ᠡ》᠃ ᠵᠠᠪᠢᠴᠢᠨ ᠬᠦᠰᠡᠭᠰᠡᠨ ᠢ᠋ᠶ᠋ᠡᠷ ᠨᠢ ᠬᠢᠪᠡ᠃ 《ᠰᠡᠯᠢᠭᠦᠷ ᠢ᠋ᠶ᠋ᠡᠨ ᠥᠭᠡᠷ᠎ᠡ ᠬᠥᠮᠦᠨ ᠳ᠋ᠦ᠍ ᠥᠭᠪᠡᠯ ᠲᠠ ᠡᠷᠬᠡ ᠴᠢᠯᠥᠭᠡ ᠲᠡᠢ ᠪᠣᠯᠤᠨ᠎ᠠ᠂ ᠪᠠᠶᠠᠷᠲᠠᠢ》᠃ ᠪᠤᠴᠠᠬᠤ ᠵᠠᠮ ᠳ᠋ᠠᠭᠠᠨ ᠯᠢ ᠣ ᠬᠣᠶᠠᠷᠳᠠᠬᠢ ᠡᠭᠦᠳᠡᠨ ᠦ᠌ ᠬᠠᠷᠠᠭᠤᠯ ᠲᠠᠢ ᠠᠭᠤᠯᠵᠠᠪᠠ᠂ 《ᠨᠠᠢᠵᠠ ᠮᠢᠨᠢ ᠮᠣᠳᠣᠨ ᠤ᠋ ᠦᠨᠳᠦᠰᠦ ᠶ᠋ᠢ ᠬᠠᠷᠬ᠎ᠠ ᠮᠡᠷᠡᠵᠦ ᠪᠠᠢᠵᠠᠢ᠃ ᠲᠡᠢᠮᠦ ᠤᠴᠢᠷ ᠠ᠋ᠴᠠ ᠮᠣᠳᠣᠨ ᠠ᠋ᠴᠠ ᠠᠯᠲᠠᠨ ᠠᠯᠢᠮ᠎ᠠ ᠤᠷᠭᠤᠬᠤ ᠪᠠᠨ ᠪᠣᠯᠢᠭᠰᠠᠨ ᠶᠤᠮ ᠪᠠᠢᠨ᠎ᠠ᠂》 ᠪᠠᠶᠠᠷᠯᠠᠭᠰᠠᠨ ᠬᠠᠷᠠᠭᠤᠯ ᠮᠣᠳᠣ ᠤᠷᠤᠭᠤ ᠣᠴᠢᠨ ᠬᠠᠷᠬ᠎ᠠ ᠶ᠋ᠢ ᠬᠥᠭᠡᠭᠡᠨ ᠭᠠᠷᠭᠠᠯ᠎ᠠ᠃ ᠲᠡᠷᠡ ᠳᠠᠷᠤᠢ ᠳ᠋ᠤ᠌ ᠠᠯᠢᠮ᠎ᠠ ᠶ᠋ᠢᠨ ᠮᠣᠳᠣᠨ ᠠ᠋ᠴᠠ ᠠᠯᠲᠠᠨ ᠠᠯᠢᠮ᠎ᠠ ᠤᠷᠭᠤᠪᠠ ᠭᠡᠨ᠎ᠡ᠃ ᠪᠠᠶᠠᠷ ᠬᠥᠷ ᠲᠦ᠍ ᠠᠪᠲᠠᠭᠰᠠᠨ ᠬᠣᠲᠠ ᠶ᠋ᠢᠨ ᠢᠷᠭᠡᠳ ᠯᠢ ᠣ ᠳ᠋ᠤ᠌ ᠬᠣᠶᠠᠷ ᠪᠣᠭᠴᠣ ᠳᠦᠭᠦᠷᠡᠩ ᠠᠯᠲᠠ ᠪᠡᠯᠡᠭᠯᠡᠪᠡ᠃ ᠬᠠᠷᠢᠨ ᠣᠳᠣ ᠠᠩᠬᠠᠯᠠᠨ ᠲᠠᠭᠠᠷᠠᠭᠰᠠᠨ ᠬᠠᠷᠠᠭᠤᠯ ᠤ᠋ᠨ ᠠᠰᠠᠭᠤᠯᠲᠠ ᠳ᠋ᠤ᠌ ᠬᠠᠷᠢᠭᠤᠯᠬᠤ ᠶᠣᠰᠣᠲᠠᠢ᠃ 《ᠤᠰᠤᠨ ᠣᠷᠭᠢᠯᠤᠭᠤᠷ ᠤ᠋ᠨ ᠳᠣᠣᠷ᠎ᠠ ᠲᠣᠮᠣ ᠪᠠᠬ᠎ᠠ ᠮᠡᠯᠡᠬᠡᠢ ᠠᠮᠢᠳᠤᠷᠠᠵᠤ ᠪᠠᠢᠭ᠎ᠠ᠂ ᠮᠡᠯᠡᠬᠡᠢ ᠶ᠋ᠢ ᠬᠥᠭᠡᠭᠡᠵᠦ ᠭᠠᠷᠭᠠᠪᠠᠯ ᠤᠰᠤᠨ ᠣᠷᠭᠢᠯᠤᠭᠤᠷ ᠠ᠋ᠴᠠ ᠳᠠᠷᠠᠰᠤ ᠭᠠᠷᠬᠤ ᠪᠣᠯᠤᠨ᠎ᠠ᠃》 ᠦᠨᠡᠬᠡᠷ ᠭᠠᠢᠬᠠᠯᠲᠠᠢ ᠤᠰᠤᠨ ᠣᠷᠭᠢᠯᠤᠭᠤᠷ ᠪᠠᠢᠯ᠎ᠠ᠂ ᠲᠡᠷᠡ ᠬᠣᠲᠠ ᠶ᠋ᠢᠨ ᠢᠷᠭᠡᠳ ᠴᠦ᠍ ᠮᠥᠨ ᠯᠢ ᠣ ᠶ᠋ᠢ ᠳᠥᠷᠪᠡᠨ ᠪᠣᠭᠴᠣ ᠳᠦᠭᠦᠷᠡᠩ ᠠᠯᠲᠠ ᠪᠠᠷ ᠱᠠᠩᠨᠠᠪᠠ᠃ ᠯᠢ ᠣ ᠱᠠᠩᠨᠠᠯ ᠢ᠋ᠶ᠋ᠠᠨ ᠠᠪᠴᠤ ᠣᠷᠳᠣᠨ ᠵᠦᠭ ᠵᠢᠯᠣᠭᠣ ᠡᠷᠭᠢᠭᠦᠯᠦᠯ᠎ᠡ᠂ᠯᠢ ᠣ ᠶ᠋ᠢ ᠠᠯᠲᠠ ᠪᠠᠷ ᠳᠦᠭᠦᠷᠡᠩ ᠪᠣᠭᠴᠣ ᠲᠠᠢ ᠢᠷᠡᠵᠦ ᠶᠠᠪᠤᠭ᠎ᠠ ᠶ᠋ᠢ ᠬᠠᠷᠠᠭᠰᠠᠨ ᠬᠠᠭᠠᠨ ᠰᠢᠨᠤᠯ ᠳ᠋ᠤ᠌ ᠪᠠᠨ ᠠᠪᠲᠠᠵᠠᠢ᠃ 《ᠦ ᠦ ᠠᠰᠢᠭᠦᠢ ᠳᠡ ᠮᠢᠨᠦ ᠬᠦᠷᠭᠡᠨ ᠡᠷᠭᠢᠵᠦ ᠢᠷᠡᠯ᠎ᠡ᠂ ᠠ ᠴᠢᠮ᠎ᠠ ᠳ᠋ᠤ᠌ ᠰᠠᠨᠠᠭ᠎ᠠ ᠮᠢᠨᠢ ᠶᠡᠬᠡ ᠵᠣᠪᠠᠵᠤ ᠪᠠᠢᠯ᠎ᠠ ᠰᠢᠦ᠂ ᠬᠡᠯᠡᠭᠡᠴᠢ! ᠴᠢ ᠡᠨᠡ ᠶᠡᠬᠡ ᠠᠯᠲᠠ ᠶ᠋ᠢ ᠬᠠᠮᠢᠭ᠎ᠠ ᠠ᠋ᠴᠠ ᠣᠯᠤᠭᠰᠠᠨ ᠪᠣᠢ?》 ᠯᠢ ᠣ ᠬᠠᠭᠠᠨ ᠢ᠋ ᠶᠠᠮᠠᠷ ᠠᠳᠬᠠᠭ ᠰᠠᠨᠠᠭ᠎ᠠ ᠲᠠᠢ ᠬᠥᠮᠦᠨ ᠪᠣᠯᠬᠤ ᠶ᠋ᠢ ᠤᠬᠠᠭᠠᠷᠠᠪᠠ᠃ 《ᠪᠢ ᠴᠢᠳᠬᠥᠷ ᠤᠷᠤᠭᠤ ᠶᠠᠪᠤᠵᠤ ᠪᠠᠢᠬᠤ ᠵᠠᠮ ᠳ᠋ᠠᠭᠠᠨ ᠵᠠᠪᠢᠴᠢᠨ ᠲᠠᠢ ᠲᠠᠭᠠᠷᠠᠭᠰᠠᠨ ᠶᠤᠮ᠂ ᠵᠠᠪᠢᠨ ᠳᠡᠭᠡᠷ᠎ᠡ ᠨᠢ ᠭᠠᠷᠴᠤ ᠰᠡᠯᠢᠭᠦᠷ ᠢ᠋ ᠨᠢ ᠠᠪᠤᠨ ᠭᠣᠣᠯ ᠭᠠᠲᠤᠯᠬᠤ ᠳ᠋ᠤ᠌ ᠯᠠ ᠬᠠᠩᠭᠠᠯᠲᠠ ᠲᠠᠢ᠂ ᠭᠣᠣᠯ ᠤ᠋ᠨ ᠴᠠᠭᠠᠳᠤ ᠲᠠᠯ᠎ᠠ ᠳ᠋ᠤ᠌ ᠳᠦᠭᠦᠷᠡᠩ ᠠᠯᠲᠠ ᠲᠠᠢ ᠭᠠᠵᠠᠷ ᠪᠣᠢ》 ᠬᠠᠭᠠᠨ ᠶᠠᠭᠠᠷᠠᠨ ᠵᠠᠪᠢᠴᠢᠨ ᠤᠷᠤᠭᠤ ᠣᠴᠢᠪᠠ᠃ᠣᠭᠲᠣᠬᠠᠨ ᠴᠤ᠌ ᠡᠷᠡᠭᠡᠯᠵᠡᠯ ᠦᠭᠡᠢ ᠬᠠᠭᠠᠨ ᠵᠠᠪᠢᠴᠢᠨ ᠤ᠋ ᠭᠠᠷ ᠠ᠋ᠴᠠ ᠰᠡᠯᠢᠭᠦᠷ ᠢ᠋ ᠨᠢ ᠪᠤᠯᠢᠶᠠᠨ ᠠᠪᠤᠯ᠎ᠠ᠃ ᠵᠠᠪᠢᠴᠢᠨ ᠪᠠᠶᠠᠷᠯᠠᠨ ᠬᠥᠭᠡᠷᠴᠦ ᠬᠠᠭᠠᠨ ᠢ᠋ ᠭᠠᠭᠴᠠᠭᠠᠷ ᠢ᠋ ᠨᠢ ᠣᠷᠬᠢᠨ ᠶᠠᠪᠤᠯ᠎ᠠ᠃
   ᠲᠡᠷᠡ ᠵᠠᠭᠤᠷ᠎ᠠ ᠯᠢ ᠣ ᠲᠥᠷᠥᠭᠰᠡᠨ ᠡᠴᠢᠭᠡ ᠡᠬᠡ ᠶ᠋ᠢᠨ ᠢ᠋ᠶ᠋ᠡᠨ ᠲᠤᠬᠠᠢ ᠪᠦᠭᠦᠳᠡ ᠶ᠋ᠢ ᠣᠯᠵᠤ ᠮᠡᠳᠡᠵᠡᠢ᠃ ᠲᠠᠷᠢᠶᠠᠴᠢᠨ ᠭᠡᠷ ᠪᠦᠯᠢ ᠪᠣᠯᠤᠨ ᠯᠢ ᠣ ᠶ᠋ᠢ ᠥᠰᠬᠡᠵᠦ ᠬᠥᠮᠦᠵᠢᠭᠦᠯᠦᠭᠰᠡᠨ ᠡᠴᠢᠭᠡ ᠡᠬᠡ ᠨᠢ ᠪᠦᠭᠦᠳᠡ ᠣᠷᠳᠣᠨ ᠳ᠋ᠤ᠌ ᠤᠷᠢᠭᠳᠠᠵᠠᠢ᠃ᠵᠥᠩᠨᠡᠯ ᠪᠡᠶᠡᠯᠡᠯ ᠢ᠋ᠶ᠋ᠡᠨ ᠣᠯᠤᠯ᠎ᠠ᠃ ᠯᠢ ᠣ ᠬᠣᠲᠠ ᠳ᠋ᠤ᠌ ᠠᠵᠠ᠂ᠡᠳ᠋ ᠪᠠᠶᠠᠯᠢᠭ ᠠᠪᠴᠢᠷᠠᠪᠠ᠃ ᠬᠠᠷᠢᠨ ᠰᠢᠨᠤᠯ ᠲᠠᠢ ᠬᠠᠭᠠᠨ ᠤ᠋ ᠬᠤᠪᠢ ᠳ᠋ᠤ᠌ ᠲᠡᠷᠡ ᠪᠡᠷ ᠣᠳᠣ ᠴᠤ᠌ ᠭᠣᠣᠯ ᠤ᠋ᠨ ᠬᠣᠶᠠᠷ ᠡᠷᠭᠢ ᠬᠣᠭᠣᠷᠣᠨᠳᠣ ᠤᠷᠢ ᠭᠠᠭᠴᠠᠭᠠᠷ ᠨᠠᠰᠢ ᠴᠠᠰᠢ ᠪᠠᠨ ᠬᠣᠯᠬᠢᠳᠠᠭ ᠭᠡᠵᠦ ᠭᠡᠯᠴᠡᠳᠡᠭ᠃ ᠬᠡᠨ ᠴᠦ᠍ ᠲᠡᠭᠦᠨ ᠡᠴᠡ ᠰᠡᠯᠢᠭᠦᠷ ᠢ᠋ ᠨᠢ ᠪᠤᠯᠢᠶᠠᠵᠤ ᠠᠪᠴᠤ ᠵᠢᠷᠦᠬᠡᠯᠡᠭᠡ ᠦᠭᠡᠢ ᠠᠵᠢ᠃

   ᠦᠰᠦᠭ ᠠᠮᠢᠯᠠᠭᠤᠯᠤᠭᠴᠢ᠄ ᠲ· ᠲᠦᠮᠡᠨᠴᠡᠴᠡᠭ
   ᠦᠰᠦᠭ ᠬᠠᠳᠠᠭᠴᠢ᠄ ᠬᠢᠨᠠᠭᠴᠢ᠄ ᠤᠷᠠᠨᠳᠠᠨ᠎ᠡ