1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠲᠡᠨ ᠦ᠌ ᠬᠤᠷᠢᠮ ᠨᠠᠢᠷ ᠤ᠋ᠨ ᠬᠣᠨᠢᠨ ᠰᠢᠭᠦᠰᠦᠨ ᠦ᠌ ᠢᠷᠦᠭᠡᠯ-ᠬᠡᠷᠡᠢᠳ ᠪ ᠬᠡᠢᠷᠦᠪЭртний хурим найрын хонин шүүсэний ерөөл-Хэрэйд Б·Хийрүб

ᠡᠷᠲᠡᠨ ᠦ᠌ ᠬᠤᠷᠢᠮ ᠨᠠᠢᠷ ᠤ᠋ᠨ ᠬᠣᠨᠢᠨ ᠰᠢᠭᠦᠰᠦᠨ ᠦ᠌ ᠢᠷᠦᠭᠡᠯ-ᠬᠡᠷᠡᠢᠳ ᠪ ᠬᠡᠢᠷᠦᠪЭртний хурим найрын хонин шүүсэний ерөөл-Хэрэйд Б·Хийрүб

2024-04-29

3277

ᠡᠷᠲᠡᠨ ᠦ᠌ ᠬᠤᠷᠢᠮ ᠨᠠᠢᠷ ᠤ᠋ᠨ ᠬᠣᠨᠢᠨ ᠰᠢᠭᠦᠰᠦᠨ ᠦ᠌ ᠢᠷᠦᠭᠡᠯ

   ᠢᠷᠦᠭᠡᠯᠴᠢ ᠬᠣᠨᠵᠢᠨ᠄ ᠬᠡᠷᠡᠢᠳ ᠪᠡ᠊ ᠬᠡᠢᠷᠦᠪ 
ᠣᠸᠮ ᠰᠠᠢᠨ ᠠᠮᠤᠭᠤᠯᠠᠩ ᠲᠠᠨ ᠪᠣᠯᠲᠤᠭᠠᠢ! 
ᠤᠯᠠᠮ ᠰᠠᠢᠨ ᠵᠢᠷᠭᠠᠯᠠᠩ ᠲᠠᠨ ᠪᠣᠯᠲᠤᠭᠠᠢ!  
ᠡᠷᠦᠬᠡ ᠶ᠋ᠢᠨ ᠡᠵᠡᠨ ᠦ᠌ ᠦᠵᠡᠭᠦᠯᠦᠨ ᠰᠣᠩᠭᠣᠭᠰᠠᠨ  
ᠡᠷᠬᠢᠮ ᠳᠡᠭᠡᠳᠦ ᠣᠳᠣ ᠭᠠᠷᠠᠭ ᠪᠦᠷᠢᠯᠳᠦᠭᠰᠡᠨ 
ᠦᠯᠡᠮᠵᠢ ᠶᠡᠬᠡ ᠪᠤᠶᠠᠨ ᠬᠡᠰᠢᠭ ᠳᠡᠯᠭᠡᠷᠡᠭᠰᠡᠨ 
ᠥᠯᠵᠡᠢ ᠪᠡᠯᠭᠡᠲᠦ ᠡᠨᠡ ᠰᠠᠢᠨ ᠡᠳᠦᠷ ᠠ᠋! 
ᠡᠰᠡᠷᠸ᠎ᠠ ᠬᠠᠨ ᠲᠠᠯ᠎ᠠ ᠨᠡᠷᠡᠲᠦ ᠭᠠᠵᠠᠷ ᠳᠡᠭᠡᠷ᠎ᠡ 
ᠡᠷᠳᠡᠨᠢ ᠶ᠋ᠢᠨ ᠴᠠᠭᠠᠨ ᠭᠡᠷ ᠶᠦ᠍ᠭᠡᠨ ᠪᠠᠷᠢᠵᠤ 
ᠡᠷᠬᠡ ᠬᠦᠨᠳᠦᠲᠦ ᠨᠣᠶᠠᠳ ᠲᠦᠰᠢᠮᠡᠳ ᠢ᠋ᠶ᠋ᠡᠨ ᠵᠠᠯᠠᠵᠤ 
ᠡᠷᠬᠢᠮ ᠣᠯᠠᠨ ᠭᠡᠢᠴᠢᠨ ᠵᠣᠴᠢᠳ ᠢ᠋ᠶ᠋ᠠᠨ ᠤᠷᠢᠵᠤ
ᠵᠠᠯᠭᠠᠮᠵᠢ ᠪᠠᠷ ᠵᠠᠭᠠᠨ ᠶᠡᠬᠡ ᠲᠤᠯᠭ᠎ᠠ ᠪᠠᠨ ᠲᠤᠯᠵᠤ
ᠵᠠᠩᠵᠤᠨ ᠶᠡᠬᠡ ᠲᠣᠭᠣᠭ᠎ᠠ ᠶᠤᠭᠠᠨ ᠲᠠᠯᠪᠢᠵᠤ
ᠽᠠᠨᠳᠠᠨ ᠨᠡᠷᠡᠲᠦ  ᠲᠦᠯᠡᠭᠡ ᠶᠦ᠍ᠭᠡᠨ ᠲᠦᠯᠡᠵᠦ
ᠰᠢᠨᠲᠡᠨ ᠨᠡᠷᠡᠲᠦ ᠮᠣᠳᠣ ᠶᠤᠭᠠᠨ ᠪᠠᠷᠢᠵᠤ
ᠰᠢᠯ ᠪᠣᠯᠣᠷ ᠤ᠋ᠨ ᠤᠰᠤ ᠶᠤᠭᠠᠨ ᠴᠢᠳᠬᠤᠵᠤ
ᠰᠢᠬᠢᠷ ᠠᠳᠠᠯᠢ ᠠᠮᠲᠠ ᠶᠤᠭᠠᠨ ᠣᠷᠬᠢᠵᠤ 
ᠪᠦᠩ ᠨᠡᠷᠡᠲᠦ ᠵᠠᠩᠵᠤᠨ ᠶᠡᠬᠡ ᠲᠣᠭᠣᠭᠠᠨ ᠤ᠋ ᠪᠠᠨ ᠳᠣᠲᠣᠷ᠎ᠠ 
ᠪᠦᠲᠦᠨ ᠪᠦᠲᠦᠨ ᠬᠣᠨᠢᠨ ᠰᠢᠭᠦᠰᠦ ᠪᠡᠨ ᠪᠣᠷᠣᠯᠠᠭᠤᠯᠵᠤ ᠪᠣᠯᠭᠠᠭᠠᠳ 
ᠳᠠᠩ ᠨᠡᠷᠡᠲᠦ ᠤᠯᠠᠭᠠᠨ ᠽᠠᠨᠳᠠᠨ ᠵᠠᠭᠠᠮᠠᠯ ᠳ᠋ᠠᠭᠠᠨ ᠥᠷᠥᠨ ᠵᠠᠰᠠᠵᠤ
ᠲᠢᠩᠰᠡᠨ ᠪᠣᠯᠣᠳ ᠮᠥᠩᠭᠥᠨ ᠬᠤᠶᠠᠭᠲᠤ
ᠡᠪᠡᠷ ᠡᠰᠢ ᠲᠡᠢ ᠬᠢᠲᠤᠭ᠎ᠠ ᠪᠠᠷ ᠢ᠋ᠶ᠋ᠠᠨ 
ᠳᠥᠷᠪᠡᠨ ᠮᠥᠴᠢ ᠳᠣᠯᠣᠭᠠᠨ ᠬᠡᠰᠡᠭ ᠡᠴᠡ ᠪᠡᠨ
ᠳᠡᠭᠡᠵᠢᠯᠡᠨ ᠠᠪᠴᠤ
ᠲᠡᠭᠷᠢ ᠪᠤᠷᠬᠠᠨ ᠳ᠋ᠠᠭᠠᠨ ᠡᠷᠭᠦᠨ ᠰᠠᠴᠤᠵᠤ
ᠤᠭᠤᠷᠠᠭ ᠰᠡᠭᠦᠯ ᠱᠠᠭ᠎ᠠ ᠴᠢᠮᠥᠭᠡ ᠶ᠋ᠢ ᠨᠢ ᠣᠭᠲᠣᠯᠤᠨ ᠠᠪᠴᠤ
ᠡᠵᠡᠨ ᠪᠣᠭᠳᠠ ᠴᠢᠩᠭᠢᠰ ᠬᠠᠭᠠᠨ ᠳ᠋ᠠᠭᠠᠨ ᠡᠷᠭᠦᠵᠦ ᠢᠷᠦᠭᠡᠬᠦ ᠳ᠋ᠡᠭᠡᠨ
 ᠲᠣᠢᠭ ᠪᠦᠬᠦᠨ ᠴᠢᠨᠢ ᠲᠣᠰᠣ ᠲᠠᠢ
ᠲᠣᠭᠣᠭ᠎ᠠ ᠪᠦᠬᠦᠨ ᠴᠢᠨᠢ ᠥᠩᠭᠡ ᠲᠡᠢ 
ᠬᠤᠷᠢᠮ ᠴᠢᠨᠢ ᠬᠤᠪᠢ ᠲᠠᠢ
ᠬᠤᠷᠠᠭᠰᠠᠨ ᠣᠯᠠᠨ ᠪᠦᠭᠦᠳᠡᠭᠡᠷ ᠢ᠋ᠶ᠋ᠡᠨ 
ᠬᠤᠪᠢ ᠲᠡᠭᠦᠰ ᠴᠡᠩᠭᠡᠨ ᠵᠢᠷᠭᠠᠬᠤ ᠶ᠋ᠢᠨ
ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
ᠡᠩᠬᠡ ᠰᠠᠢᠨ ᠵᠢᠷᠭᠠᠯᠠᠩ ᠲᠠᠨ ᠪᠣᠯᠲᠤᠭᠠᠢ!
ᠬᠥᠬᠡ ᠮᠥᠩᠬᠡ ᠲᠩᠷᠢ ᠶ᠋ᠢᠨ ᠢᠪᠡᠭᠡᠯ ᠢ᠋ᠶ᠋ᠡᠷ  ᠪᠦᠲᠦᠭᠰᠡᠨ
ᠬᠥᠷᠥᠰᠥᠲᠦ ᠠᠯᠲᠠᠨ ᠳᠡᠯᠡᠬᠡᠢ ᠶ᠋ᠢᠨ ᠲᠡᠵᠢᠭᠡᠯ ᠢ᠋ᠶ᠋ᠡᠷ ᠪᠦᠷᠢᠯᠳᠦᠭᠰᠡᠨ
ᠬᠣᠨᠢᠨ ᠤ᠋ ᠪᠠᠨ ᠪᠦᠲᠦᠨ ᠰᠢᠭᠦᠰᠦ ᠶ᠋ᠢ ᠲᠠᠯᠪᠢᠵᠤ 
ᠬᠤᠷᠢᠮ ᠤ᠋ᠨ ᠪᠦᠬᠦᠯᠢ ᠢᠳᠡᠭᠡᠨ ᠢ᠋ᠶ᠋ᠡᠨ ᠳᠡᠪᠰᠢᠭᠦᠯᠵᠦ ᠪᠠᠢᠨ᠎ᠠ᠃
ᠮᠠᠯ ᠰᠦᠷᠦᠭ ᠦ᠋ᠨ ᠮᠢᠨᠢ ᠮᠠᠩᠯᠠᠢ ᠳᠡᠭᠡᠵᠢ ᠪᠣᠯᠤᠭᠰᠠᠨ 
ᠮᠠᠨ ᠤ᠋ ᠨᠠᠢᠷ ᠤ᠋ᠨ ᠲᠦᠭᠡᠭᠡᠯ ᠰᠢᠭᠦᠰᠦ ᠪᠣᠯᠤᠭᠰᠠᠨ 
ᠡᠨᠡ ᠬᠣᠨᠢᠨ ᠤ᠋ ᠢᠷᠡᠯᠲᠡ ᠶ᠋ᠢ ᠡᠷᠭᠦᠮᠵᠢᠯᠡᠨ ᠮᠠᠭᠲᠠᠪᠠᠰᠤ
ᠡᠩ ᠤᠷᠢᠳᠠ ᠡᠷᠲᠡ ᠨᠢᠭᠡᠨ ᠴᠠᠭ ᠲᠤᠷ 
ᠡᠵᠡᠨ ᠪᠣᠭᠳᠠ ᠴᠢᠩᠭᠢᠰ ᠬᠠᠭᠠᠨ ᠤ᠋ ᠦᠶ᠎ᠡ ᠳ᠋ᠦ᠍ 
ᠠᠯᠲᠠᠢ ᠬᠠᠩᠭᠠᠢ ᠶ᠋ᠢᠨ ᠡᠩᠭᠡᠷ ᠲᠤ 
ᠠᠯᠲᠠ ᠶ᠋ᠢᠨ ᠴᠠᠭᠠᠨ ᠬᠡᠷᠡᠮ ᠦ᠋ᠨ ᠠᠷᠤ ᠳ᠋ᠤ᠌ 
ᠠᠯᠲᠠᠨ ᠭᠠᠨᠳᠠᠷᠢ ᠶ᠋ᠢᠨ ᠰᠢᠯᠢ ᠳ᠋ᠦ᠍ 
ᠠᠯᠳᠠᠷᠲᠤ ᠮᠠᠯᠴᠢᠳ ᠤ᠋ᠨ ᠬᠣᠲᠠᠨ ᠳ᠋ᠤ᠌
ᠠᠷᠭᠠᠯᠵᠠᠨ ᠴᠠᠭᠠᠨ ᠬᠤᠴᠠᠨ ᠠ᠋ᠴᠠ ᠡᠭᠦᠰᠴᠦ
ᠬᠣᠷᠭᠣᠯᠵᠢᠨ ᠴᠠᠭᠠᠨ ᠬᠣᠨᠢᠨ ᠠ᠋ᠴᠠ ᠭᠠᠷᠤᠭᠰᠠᠨ
ᠤᠭᠤᠷᠠᠭ ᠰᠦ ᠪᠡᠨ ᠰᠢᠮᠡᠨ ᠪᠠᠷᠠᠰᠢ ᠦᠭᠡᠢ
ᠡᠷᠳᠡᠨᠢ ᠶ᠋ᠢᠨ ᠴᠠᠭᠠᠨ ᠬᠤᠷᠠᠭ᠎ᠠ ᠭᠡᠭᠴᠢ ᠪᠣᠯᠪᠠᠰᠤ
ᠬᠣᠷᠣᠭᠠᠨ ᠳ᠋ᠤ᠌ ᠨᠢ ᠬᠣᠷᠢᠵᠤ ᠪᠠᠷᠢᠭᠰᠠᠨ ᠦᠭᠡᠢ ᠪᠡᠷ
ᠬᠠᠰᠢᠶᠠᠨ ᠳ᠋ᠤᠨᠢ ᠬᠠᠭᠠᠭᠰᠠᠨ ᠦᠭᠡᠢ
ᠬᠤᠷ ᠰᠠᠢᠬᠠᠨ ᠪᠡᠯᠴᠢᠭᠡᠷ ᠲᠦ᠍ ᠨᠢ ᠲᠠᠷᠭᠤᠯᠠᠭᠤᠯᠤᠭᠰᠠᠨ ᠠ᠋ᠴᠠ 
ᠬᠣᠩ ᠳ᠋ᠠᠭᠠᠨ ᠬᠦᠷᠲᠡᠯ᠎ᠡ ᠥᠭᠡᠬᠦ ᠲᠡᠢ ᠲᠣᠰᠣ ᠲᠠᠢ
ᠡᠨᠡ ᠬᠣᠨᠢᠨ ᠤ᠋ ᠪᠦᠲᠦᠴᠡ ᠶ᠋ᠢ ᠡᠷᠭᠦᠮᠵᠢᠯᠡᠨ ᠮᠠᠭᠲᠠᠪᠠᠰᠤ
ᠲᠤᠷᠤᠭ ᠪᠦᠳᠦᠭᠦᠨ ᠪᠡᠶ᠎ᠡ ᠲᠡᠢ 
ᠲᠤᠯᠭᠠᠭᠤᠷᠢ ᠳᠥᠷᠪᠡᠨ ᠮᠥᠴᠢ ᠲᠡᠢ 
ᠬᠠᠨ᠎ᠠ ᠶ᠋ᠢᠨ ᠴᠢᠨᠡᠭᠡᠨ ᠤᠭᠤᠴᠠ ᠲᠠᠢ
ᠬᠠᠪᠬᠠᠭ ᠤ᠋ᠨ ᠴᠢᠨᠡᠭᠡᠨ ᠰᠡᠭᠦᠯ ᠲᠡᠢ
ᠬᠣᠷᠢᠨ ᠵᠢᠷᠭᠤᠭᠠᠨ ᠬᠠᠪᠢᠰᠤ ᠲᠠᠢ
ᠬᠣᠲᠣᠭᠣᠷ ᠨᠠᠢ᠍ᠮᠠᠨ ᠨᠢᠷᠤᠭᠤ ᠲᠠᠢ
ᠠᠷᠪᠠᠨ ᠬᠣᠶᠠᠷ ᠰᠡᠭᠡᠷ ᠲᠡᠢ 
ᠣᠬᠣᠷ ᠵᠢᠷᠭᠤᠭᠠᠨ ᠬᠦᠵᠦᠭᠦᠦ ᠲᠡᠢ 
ᠮᠣᠯᠣᠷ ᠡᠷᠳᠡᠨᠢ ᠶ᠋ᠢᠨ ᠲᠣᠯᠣᠭᠠᠢ ᠲᠠᠢ
ᠤᠭᠠᠯᠵᠠᠨ ᠬᠣᠶᠠᠷ ᠡᠪᠡᠷ ᠲᠡᠢ
ᠣᠬᠢ ᠮᠠᠩᠯᠠᠢ ᠲᠦᠭᠡᠭᠡᠯ ᠭᠡᠭᠴᠢ ᠪᠣᠯ
ᠮᠠᠩᠨᠠᠢ ᠳᠡᠭᠡᠷ᠎ᠡ ᠪᠡᠨ ᠰᠠᠷᠠ ᠲᠠᠢ
ᠰᠠᠷᠠᠨ ᠳᠡᠭᠡᠷ᠎ᠡ ᠪᠡᠨ ᠨᠠᠷᠠ ᠲᠠᠢ
ᠨᠠᠷᠠ ᠳᠡᠭᠡᠷ᠎ᠡ ᠪᠡᠨ ᠭᠡᠷᠡᠯ ᠲᠡᠢ 
ᠮᠠᠩᠯᠠᠢ ᠶᠡᠬᠡ ᠳᠡᠭᠡᠵᠢ ᠪᠣᠯᠤᠭᠰᠠᠨ
ᠮᠠᠨ ᠤ᠋ ᠡᠨᠡ ᠬᠣᠨᠢᠨ ᠤ᠋ ᠰᠢᠭᠦᠰᠦ ᠶ᠋ᠢ ᠪᠡᠨ
ᠳᠡᠭᠡᠳᠦ ᠶᠡᠬᠡ ᠨᠣᠶᠠᠳ ᠲᠦᠰᠢᠮᠡᠳ
ᠳᠡᠷᠭᠡᠳᠡᠬᠢ ᠬᠠᠲᠤᠳ ᠥᠬᠢᠳ ᠨᠠᠷ ᠡᠬᠢᠯᠡᠨ
ᠲᠥᠪᠯᠡᠨ ᠰᠠᠭᠤᠭᠰᠠᠨ ᠲᠦᠷᠦᠭᠦᠦ ᠬᠣᠲᠠ
ᠲᠥᠭᠥᠷᠢᠭᠯᠡᠨ ᠰᠠᠭᠤᠭᠰᠠᠨ ᠲᠥᠷᠥᠯ ᠰᠠᠳᠤᠨ 
ᠬᠤᠷᠢᠮ ᠤ᠋ᠨ ᠣᠯᠠᠨ ᠭᠡᠢᠴᠢᠨ ᠵᠣᠴᠢᠨ 
ᠬᠣᠲᠠ ᠬᠤᠳᠠᠭᠠᠢ ᠪᠦᠭᠦᠳᠡᠭᠡᠷ ᠢ᠋ᠶ᠋ᠡᠨ 
ᠡᠪᠳᠡᠭᠰᠡᠨ ᠦ᠌ ᠳᠠᠷᠠᠭ᠎ᠠ
ᠡᠷᠢᠶᠡᠯᠡᠯ ᠦᠭᠡᠢ ᠰᠠᠢᠨ ᠵᠣᠭᠣᠭᠯᠠᠵᠤ
ᠡᠭᠦᠷᠢᠳᠡ ᠠᠮᠤᠷ ᠰᠠᠭᠤᠨ 
ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
   *1982 ᠣᠨ ᠤ᠋ ᠠᠷᠯᠠᠳ ᠤ᠋ᠨ ᠴ᠂ ᠬᠠᠰ᠊ᠪᠢᠯᠢᠭᠲᠦ ᠶ᠋ᠢᠨ ᠨᠠᠢᠷᠠᠭᠤᠯᠤᠭᠰᠠᠨ《ᠣᠷᠳᠣᠰ ᠴᠤᠪᠤᠷᠠᠯ ᠪᠢᠴᠢᠭ》 ᠡᠴᠡ ᠪᠠᠭᠤᠯᠭᠠᠵᠤ ᠪᠠᠭ᠎ᠠ ᠰᠠᠭ᠎ᠠ ᠨᠡᠮᠡᠯᠲᠡ ᠣᠷᠣᠭᠤᠯᠪᠠ᠃
   ᠦᠰᠦᠭ ᠠᠮᠢᠯᠠᠭᠤᠯᠵᠤ ᠬᠠᠲᠠᠭᠰᠠᠨ ᠄ᠬᠡᠷᠡᠢᠳ ᠨᠠᠷᠠᠰᠤ
   ᠬᠢᠨᠠᠭᠴᠢ᠄ ᠤᠷᠠᠨᠲᠠᠨ᠎ᠠ᠂ ᠴᠣᠭᠪᠢᠯᠢᠭ᠌