ᠪᠦᠷᠢᠶ᠎ᠡ ᠮᠠᠩᠬᠠᠨ ᠤ ᠳᠠᠭᠤᠨ – ᠮ ᠂ ᠠᠰᠠᠷ Бүрээ манхны дуун – М ᠂ Асар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠢᠶ᠎ᠡ ᠮᠠᠩᠬᠠᠨ ᠤ ᠳᠠᠭᠤᠨ – ᠮ ᠂ ᠠᠰᠠᠷ Бүрээ манхны дуун – М ᠂ Асар

ᠪᠦᠷᠢᠶ᠎ᠡ ᠮᠠᠩᠬᠠᠨ ᠤ ᠳᠠᠭᠤᠨ – ᠮ ᠂ ᠠᠰᠠᠷ Бүрээ манхны дуун – М ᠂ Асар

2024-04-28

438

ᠪᠦᠷᠢᠶ᠎ᠡ ᠮᠠᠩᠬᠠᠨ ᠤ ᠳᠠᠭᠤᠨ


       ᠳᠡᠯᠡᠳ ᠡᠴᠡ ᠳᠠᠯᠠᠢ ᠶᠡᠬᠡ ᠡᠯᠡᠰᠦᠨ ᠨᠤᠲᠤᠭ  ᠤ᠋ᠨ ᠬᠦᠢᠰᠦ ᠪᠣᠯᠤᠭᠰᠠᠨ ᠳ᠋ᠦᠩᠱᠧᠩ ᠣᠷᠣᠬᠤ ᠵᠠᠮ  ᠤ᠋ᠨ ᠬᠠᠵᠠᠭᠤ  ᠪᠠᠷ ᠳᠠᠯᠠᠩᠯᠠᠨ ᠪᠣᠰᠴᠤ᠂ ᠳᠠᠪᠬᠤᠷᠯᠠᠨ ᠦᠷᠭᠦᠯᠵᠢᠯᠡᠭᠰᠡᠨ ᠮᠠᠩᠬ᠎ᠠ ᠳᠣᠯᠣᠭᠣᠳ ᠤ᠋ᠨ ᠳᠣᠲᠣᠷ᠎ᠠ᠂ ᠬᠠᠷ᠎ᠠ ᠪᠠᠷᠠᠭᠠᠨ ᠰᠡᠭᠦᠳᠡᠷ ᠲᠤᠰᠤᠭᠰᠠᠨ ᠬᠠᠮᠤᠭ ᠠ᠋ᠴᠠ ᠥᠨᠳᠥᠷ ᠨᠢᠭᠡᠨ ᠣᠷᠣᠢ ᠪᠣᠢ᠃ ᠲᠡᠭᠦᠨ ᠢ᠋ ᠪᠡᠨ ᠤᠷᠳᠤᠰᠴᠤᠳ《 ᠡᠩᠭᠡᠨᠣᠪᠣᠭ᠎ᠠ 》ᠭᠡᠳᠡᠭ ᠭᠡᠨ᠎ᠡ᠃ ᠲᠡᠭᠦᠨ ᠦ᠌ ᠵᠡᠭᠦᠨ ᠳᠣᠣᠷ᠎ᠠ《 ᠪᠦᠷᠢᠶ᠎ᠡ ᠮᠠᠩᠬ᠎ᠠ》 ᠭᠡᠵᠦ ᠳᠠᠭᠤᠲᠠᠢ ᠴᠤᠤᠲᠠᠢ ᠨᠢᠭᠡ ᠮᠠᠩᠬ᠎ᠠ᠂ ᠰᠠᠯᠬᠢ ᠰᠢᠭᠤᠷᠭ᠎ᠠ ᠲᠠᠢ ᠡᠳᠦᠷ ᠪᠣᠯ ᠡᠭᠡᠭᠡ ᠪᠢᠲᠡᠭᠦᠦ ᠠᠮᠢᠰᠬᠤᠯᠲᠤ ᠯᠠᠮᠠ ᠨᠠᠷ ᠤ᠋ᠨ ᠪᠦᠷᠢᠶ᠎ᠡ ᠪᠢᠰᠬᠢᠭᠦᠷ ᠶᠤᠮᠰᠢᠭ ᠬᠠᠩᠭᠢᠨᠠᠰ ᠬᠦᠩᠭᠢᠨᠡᠰ ᠴᠤᠤᠷᠢᠶᠠᠯᠠᠳᠠᠭ ᠭᠡᠨ᠎ᠡ᠃  
       ᠡᠨᠡ ᠮᠠᠩᠬ᠎ᠠ᠂ ᠨᠠᠮ ᠲᠣᠭᠲᠠᠭᠤᠨ ᠡᠳᠦᠷ ᠪᠣᠯ ᠨᠠᠰᠢ ᠴᠠᠰᠢ ᠢᠷᠡᠵᠦ ᠣᠳᠬᠤ ᠬᠥᠮᠦᠨ ᠠᠮᠢᠲᠠᠨ ᠤ᠋ ᠬᠥᠯ ᠦ᠋ᠨ ᠴᠢᠮᠡᠭᠡ ᠪᠡᠷ《ᠬᠥᠷ ᠬᠥᠷ》ᠭᠡᠵᠦ ᠠᠢᠵᠠᠮ ᠴᠣᠬᠢᠯᠭ᠎ᠠ ᠲᠠᠢ ᠳᠤᠤᠭᠠᠷᠳᠠᠭ ᠭᠡᠨ᠎ᠡ᠃  ᠡᠨᠡ ᠮᠠᠩᠬ᠎ᠠ᠂ ᠠᠳᠬᠤ ᠬᠤᠮᠠᠭ ᠢ᠋ ᠨᠢ ᠪᠢᠲᠡᠭᠦᠯᠡᠵᠦ ᠠᠪᠤᠭᠠᠳ ᠠᠯᠠᠭᠠᠨ ᠳᠡᠭᠡᠷ᠎ᠡ ᠪᠡᠨ ᠰᠠᠮᠤᠷᠴᠤ ᠦᠵᠡᠪᠡᠯ᠂《 ᠱᠣᠷ ᠱᠠᠷ》 ᠭᠡᠵᠦ ᠡᠪᠡᠭᠦᠦ ᠵᠢᠪᠡᠭᠦᠬᠡᠨ ᠱᠤᠤᠭᠢᠳᠠᠭ ᠭᠡᠨ᠎ᠡ᠃
       ᠡᠨᠡ ᠪᠣᠯ ᠠᠭᠤᠯᠠ ᠬᠠᠳᠠᠨ ᠤ᠋ ᠳᠤᠤᠯᠢᠶᠠᠨ᠂ ᠣᠢ ᠬᠥᠪᠴᠢ ᠶ᠋ᠢᠨ ᠱᠤᠤᠭᠢᠶᠠᠨ᠂ ᠤᠰᠤ ᠮᠥᠷᠡᠨ ᠦ᠌ ᠭᠦᠷᠬᠢᠷᠡᠭᠡᠨ ᠲᠡᠢ ᠠᠳᠠᠯᠢ᠂ ᠶᠡᠬᠡ ᠪᠠᠢᠭᠠᠯᠢ ᠶᠢᠨ ᠶᠧᠯᠸᠢ ᠰᠢᠳᠢ ᠲᠠᠢ ᠲᠦᠮᠡᠨ ᠦᠵᠡᠭᠳᠡᠯ ᠮᠢᠩᠭᠠᠨ ᠭᠠᠢᠬᠠᠮᠰᠢᠭ ᠤᠨ ᠨᠢᠭᠡᠨ ᠵᠦᠢᠯ –  ᠡᠯᠡᠰᠦ ᠮᠠᠩᠬᠠᠨ ᠤ ᠥᠪᠡᠷᠮᠢᠴᠡ ᠡᠭᠡᠰᠢᠭ ᠪᠣᠯᠬᠤ ᠨᠢ ᠳᠠᠮᠵᠢᠭ ᠦᠭᠡᠢ ᠶᠤᠮ᠃
       ᠭᠡᠲᠡᠯ᠎ᠡ᠂ ᠨᠤᠲᠤᠭ ᠤᠨ ᠬᠥᠮᠥᠰ ᠦᠨ ᠲᠣᠲᠣᠷ᠎ᠠ ᠡᠨᠡ ᠳᠤᠬᠠᠢ  ᠶᠠᠩᠵᠤ ᠶᠠᠩᠵᠤ ᠶᠢᠨ ᠶᠠᠷᠢᠶ᠎ᠠ ᠬᠡᠯᠡᠯᠴᠡᠭᠡ᠂ ᠦᠯᠢᠭᠡᠷ ᠳᠣᠮᠣᠭ ᠤᠯᠠᠮᠵᠢᠯᠠᠭᠳᠠᠭᠰᠠᠭᠠᠷ ᠪᠠᠢᠨ᠎ᠠ᠃ ᠲᠡᠭᠦᠨ ᠦ ᠲᠣᠲᠣᠷ᠎ᠠ ᠡᠢᠮᠦ ᠨᠢᠭᠡᠨ ᠳᠣᠮᠣᠭ ᠪᠣᠢ᠄
       ᠡᠷᠲᠡ ᠤᠷᠢᠳᠤ ᠶ᠋ᠢᠨ ᠴᠠᠭ ᠲᠤ᠂  ᠡᠩᠭᠡᠨᠣᠪᠣᠭ᠎ᠠ ᠶ᠋ᠢᠨ ᠵᠡᠭᠦᠨ ᠰᠤᠭᠤ ᠳ᠋ᠤ᠌ ᠡᠩᠬᠡᠵᠤᠤ ᠭᠡᠵᠦ ᠨᠢᠭᠡ ᠰᠦᠮ᠎ᠡ ᠪᠠᠢᠵᠤ ᠭᠡᠨ᠎ᠡ᠃  
       ᠡᠨᠡ ᠰᠦᠮ᠎ᠡ ᠶ᠋ᠢᠨ ᠬᠤᠸᠠᠷᠠᠭᠴᠤᠳ ᠡᠷᠭᠢᠬᠦ ᠳᠥᠷᠪᠡᠨ ᠤᠯᠠᠷᠢᠯ ᠳ᠋ᠤ᠌ ᠪᠤᠷᠬᠠᠨ ᠲᠩᠷᠢ ᠳ᠋ᠡᠭᠡᠨ ᠬᠣᠶᠠᠷ ᠦᠭᠡᠢ ᠰᠦᠰᠦᠭ ᠢ᠋ ᠪᠠᠷᠢᠵᠤ᠂ ᠰᠡᠩᠵᠢᠳ ᠵᠢᠰᠠ ᠬᠢᠵᠦ ᠰᠠᠷ᠎ᠠ ᠶ᠋ᠢᠨ ᠬᠤᠷᠠᠯ ᠢ᠋ᠶ᠋ᠠᠨ ᠣᠰᠣᠯᠳᠠᠯ ᠦᠭᠡᠢ ᠬᠤᠷᠠᠵᠤ᠂ ᠰᠠᠩᠵᠠᠢᠭᠤᠯᠠ ᠭᠡᠵᠦ ᠴᠠᠭ ᠤ᠋ᠨ ᠨᠣᠮ ᠢ᠋ᠶ᠋ᠠᠨ ᠠᠯᠭᠠᠰᠠᠯ ᠦᠭᠡᠢ ᠤᠩᠰᠢᠭᠰᠠᠭᠠᠷ ᠪᠠᠢᠵᠤ ᠭᠡᠨ᠎ᠡ᠃ 
       ᠨᠢᠭᠡᠨ ᠡᠳᠦᠷ᠂ ᠡᠩᠬᠡᠵᠤᠤ ᠶ᠋ᠢᠨ ᠯᠠᠮᠠ ᠨᠠᠷ ᠮᠥᠨ ᠯᠡ ᠵᠤᠷᠰᠢᠯ ᠶᠣᠰᠣᠭᠠᠷ ᠴᠣᠭᠴᠢᠨ ᠳᠤᠭᠠᠩ  ᠳ᠋ᠠᠭᠠᠨ ᠬᠤᠷᠠᠯ ᠬᠤᠷᠠᠨ᠂ ᠴᠠᠩ ᠬᠡᠩᠭᠡᠷᠭᠡ  ᠪᠡᠨ ᠳᠡᠯᠡᠳᠴᠦ᠂ ᠪᠦᠷᠢᠶ᠎ᠡ ᠪᠢᠰᠬᠢᠭᠦᠷ ᠢ᠋ᠶ᠋ᠡᠨ ᠦᠯᠢᠶᠡᠨ᠂ ᠬᠣᠩᠬᠣ ᠳᠠᠮᠠᠷᠤ ᠪᠠᠨ ᠬᠥᠳᠡᠯᠭᠡᠵᠦ᠂ ᠬᠣᠭᠣᠯᠠᠢ ᠲᠠᠭᠠᠷᠠᠭᠤᠯᠤᠨ ᠬᠥᠭ ᠨᠡᠢᠯᠡᠭᠦᠯᠵᠦ ᠰᠠᠷ᠎ᠠ ᠶ᠋ᠢᠨ ᠬᠤᠷᠠᠯ ᠢ᠋ᠶ᠋ᠠᠨ ᠬᠢᠵᠦ ᠪᠠᠢᠲᠠᠯ᠎ᠠ᠂ ᠭᠡᠨᠡᠳᠲᠡ ᠡᠳᠦᠷ ᠢ᠋ᠶ᠋ᠡᠷ ᠬᠠᠷᠠᠩᠭᠤᠢ ᠰᠢᠭᠤᠷᠭ᠎ᠠ ᠤᠤᠬᠢᠨ ᠬᠠᠤᠭᠢᠨ ᠢᠰᠬᠡᠷᠴᠦ᠂ ᠤᠯᠠᠭᠠᠨ ᠭᠠᠯᠵᠠᠭᠤ ᠡᠯᠡᠰᠦ ᠣᠢᠯᠤᠨ ᠲᠦᠯᠬᠢᠯᠡᠨ ᠢᠷᠡᠭᠡᠳ᠂ ᠠᠭᠱᠠᠨ᠎ᠠ ᠵᠠᠭᠤᠷ᠎ᠠ ᠶ᠋ᠢᠨ ᠬᠣᠭᠣᠷᠣᠨᠳᠣ ᠡᠩᠬᠡᠵᠤᠤ ᠶ᠋ᠢᠨ ᠬᠡᠢᠳ ᠢ᠋ ᠡᠯᠡᠰᠦᠨ ᠳᠠᠯᠠᠢ ᠶ᠋ᠢᠨ ᠢᠷᠣᠭᠠᠷ ᠲᠤ ᠵᠢᠪᠦᠭᠦᠯᠵᠦ᠂ ᠡᠭᠡᠯ ᠣᠯᠠᠨ ᠬᠤᠸᠠᠷᠠᠭᠴᠤᠳ ᠢ᠋ ᠨᠢ ᠡᠷᠯᠢᠭ ᠬᠠᠭᠠᠨ ᠤ᠋ ᠲᠠᠮᠤ ᠳ᠋ᠤ᠌ ᠣᠷᠣᠭᠤᠯᠵᠤ ᠭᠡᠨ᠎ᠡ᠃
       ᠲᠡᠭᠷᠢ ᠠᠪᠤ ᠶᠠᠭᠠᠬᠢᠭᠠᠳ ᠲᠡᠳᠦᠢ ᠬᠢᠯᠢᠩ ᠲᠥᠷᠥᠪᠡ? ᠲᠡᠳᠡᠭᠡᠷ ᠬᠤᠸᠠᠷᠠᠭᠴᠤᠳ ᠶᠠᠭᠠᠬᠢᠭᠠᠳ ᠲᠡᠭᠡᠵᠦ ᠰᠦᠷᠡᠬᠡᠢ ᠪᠤᠷᠤᠭᠤ ᠦᠵᠡᠭᠳᠡᠪᠡ? ᠬᠡᠨ ᠴᠦ᠍ ᠮᠡᠳᠡᠬᠦ ᠦᠭᠡᠢ᠃ ᠬᠡᠢᠰᠬᠡᠪᠡᠯ ᠲᠡᠭᠷᠢ ᠶ᠋ᠢᠨ ᠳᠤᠷ᠎ᠠ ᠶᠤᠮ ᠴᠢᠨᠢ! ᠬᠡᠨ ᠮᠡᠳᠡᠬᠦ ᠶᠦᠮ᠂ ᠲᠡᠭᠷᠢ ᠯᠡ ᠮᠡᠳᠡᠨ᠎ᠡ᠃
       《ᠲᠡᠭᠷᠢ ᠶ᠋ᠢᠨ ᠰᠠᠯᠬᠢ ᠲᠡᠭᠰᠢ ᠦᠭᠡᠢ᠂ ᠲᠥᠷᠥᠭᠰᠡᠨ ᠪᠡᠶ᠎ᠡ ᠮᠥᠩᠬᠡ ᠦᠭᠡᠢ》 ᠭᠡᠳᠡᠭ ᠠᠷᠠᠳ ᠤ᠋ᠨ ᠳᠠᠭᠤᠤ ᠶ᠋ᠢᠨ ᠵᠦᠢᠷᠯᠡᠰᠢ ᠦᠭᠡᠢ ᠭᠦᠨ ᠰᠠᠨᠠᠭᠠᠨ  ᠤ᠋ ᠬᠥᠯ ᠦᠭᠡᠢ ᠶᠡᠬᠡ ᠬᠥᠪ ᠢ᠋ ᠬᠥᠮᠦᠰ ᠡᠨᠡ ᠬᠦ᠌ ᠳᠣᠮᠣᠭ ᠠ᠋ᠴᠠ ᠨᠡᠩ ᠪᠣᠳᠠᠲᠠᠢ ᠣᠢᠯᠠᠭᠠᠵᠤ᠂ ᠨᠡᠩ ᠪᠢᠰᠢᠷᠡᠨ ᠭᠠᠢᠬᠠᠵᠤ ᠪᠣᠯᠬᠤ ᠪᠢᠰᠢ ᠤᠤ᠃  
       ᠶᠠᠭᠤ ᠴᠤ᠌ ᠭᠡᠰᠡᠨ ᠲᠡᠭᠦᠨ ᠡᠴᠡ ᠨᠡᠰᠢ ᠯᠠ᠂  ᠡᠩᠭᠡᠨᠣᠪᠣᠭ᠎ᠠ ᠶ᠋ᠢᠨ ᠵᠡᠭᠦᠨ ᠰᠤᠭᠤ ᠳ᠋ᠠᠬᠢ ᠡᠩᠬᠡᠵᠤᠤ ᠶ᠋ᠢᠨ ᠪᠠᠭᠤᠷᠢ ᠪᠣᠯᠤᠭᠰᠠᠨ ᠲᠡᠷᠡ ᠬᠦ᠌ ᠳᠥᠭᠥᠮ ᠨᠢ ᠲᠠᠩᠳᠠ ᠳᠤᠤᠭᠠᠷᠴᠤ᠂ ᠲᠠᠩᠳᠠ ᠴᠤᠤᠷᠢᠶᠠᠯᠠᠳᠠᠭ ᠪᠣᠯᠤᠭᠠᠳ ᠡᠨᠳᠡᠬᠢ ᠬᠥᠮᠦᠰ《 ᠪᠦᠷᠢᠶ᠎ᠡ ᠮᠠᠩᠬ᠎ᠠ》 ᠭᠡᠵᠦ ᠴᠣᠯᠠᠯᠠᠵᠤ ᠭᠡᠨ᠎ᠡ ᠪᠢᠯᠡ᠃
       ᠡᠨᠡ ᠬᠦ᠌ ᠳᠣᠮᠣᠭ ᠢ᠋ ᠰᠣᠨᠣᠰᠤᠭᠠᠳ ᠮᠢᠨᠦ ᠳᠣᠲᠣᠷ᠎ᠠ ᠡᠢᠮᠦ ᠨᠢᠭᠡ ᠪᠣᠳᠣᠯ ᠣᠷᠣᠯ᠎ᠠ: 
       ᠡᠯᠡᠰᠦ ᠮᠠᠩᠬᠠᠨ ᠤ᠋ ᠳᠣᠣᠷ᠎ᠠ ᠳᠠᠷᠤᠭᠳᠠᠭᠰᠠᠨ ᠨᠢ ᠬᠡᠳᠦᠢᠪᠡᠷ ᠯᠠᠮᠠ ᠬᠤᠸᠠᠷᠠᠭ ᠤ᠋ᠨ ᠬᠢᠯᠢᠰ ᠰᠦᠨᠡᠰᠦ ᠨᠦ᠍ᠭᠦᠳ ᠭᠡᠳᠡᠭ ᠪᠣᠯᠪᠠᠴᠤ᠂ ᠮᠥᠨ ᠠᠳᠠᠯᠢᠬᠠᠨ ᠬᠥᠮᠦᠨ ᠲᠥᠷᠥᠯᠬᠢᠲᠡᠨ ᠦ᠌ ᠪᠦᠷᠢᠯᠳᠦᠬᠦᠨ᠂ ᠬᠥᠳᠡᠯᠮᠦᠷᠢᠴᠢ ᠠᠷᠠᠳ ᠤ᠋ᠨ ᠬᠡᠦᠬᠡᠳ ᠶᠦᠮ᠃ ᠭᠡᠬᠦ ᠳ᠋ᠡᠭᠡᠨ ᠡᠭᠡᠯ ᠯᠠᠮᠠ᠂ ᠵᠢᠷ ᠦ᠋ᠨ ᠬᠤᠸᠠᠷᠠᠭ ᠨᠢ ᠵᠣᠩᠬᠢᠯᠠᠬᠤ ᠲᠣᠭ᠎ᠠ ᠲᠠᠢ ᠭᠡᠳᠡᠭ ᠨᠢ ᠴᠦ᠍ ᠳᠠᠮᠵᠢᠭ ᠦᠭᠡᠢ ᠰᠠᠨ᠃ ᠠᠳᠠᠭ ᠲᠠᠭᠠᠨ ᠵᠠᠭᠤᠨ ᠤ᠋ ᠶᠡᠷᠡᠨ ᠲᠠᠪᠤ ᠨᠢ ᠯᠠᠪ ᠮᠥᠨ᠃ ᠲᠡᠢᠮᠦ ᠡᠴᠡ ᠬᠥᠮᠦᠨ ᠲᠥᠷᠥᠯᠬᠢᠲᠡᠨ ᠦ᠌ ᠠᠮᠢ ᠨᠠᠰᠤ ᠶ᠋ᠢ ᠲᠡᠭᠷᠢ ᠪᠤᠷᠬᠠᠨ ᠴᠤ᠌ ᠭᠡᠰᠡᠨ ᠬᠢᠯᠢᠰ ᠭᠦᠵᠢᠷ ᠢ᠋ᠶ᠋ᠡᠷ ᠬᠥᠨᠥᠭᠡᠵᠦ ᠪᠣᠯᠬᠤ ᠦᠭᠡᠢ ᠠᠵᠢ᠃ ᠬᠡᠷᠪᠡ ᠲᠡᠭᠡᠬᠦ ᠳ᠋ᠦ᠍ ᠬᠦᠷᠪᠡᠯ ᠡᠯᠢᠭᠡᠨ ᠰᠠᠳᠤᠨ ᠨᠢ ᠠᠶᠤᠭᠠᠳ ᠳᠤᠤᠭᠠᠷᠴᠤ ᠴᠢᠳᠠᠬᠤ ᠦᠭᠡᠢ ᠴᠤ᠌᠂ ᠡᠬᠡ ᠨᠤᠲᠤᠭ ᠨᠢ ᠦᠭᠡᠢᠯᠡᠭᠡᠳ᠂ ᠡᠪᠦᠯ ᠵᠣᠨ ᠤ ᠬᠤᠪᠢ ᠳᠤ ᠬᠣᠢᠨ᠎ᠠ ᠠᠴᠠ ᠨᠢ ᠭᠠᠰᠢᠭᠤᠳᠠᠨ ᠳᠠᠭᠤᠳᠠᠵᠤ᠂ ᠭᠠᠩᠰᠠᠷᠠᠨ ᠳᠤᠤᠭᠠᠷᠤᠭᠠᠳ ᠪᠠᠢᠳᠠᠭ ᠶᠤᠮ ᠪᠠᠢᠨ᠎ᠠ᠃ ᠡᠭᠦᠨ ᠡᠴᠡ ᠦᠵᠡᠬᠦ ᠳᠦ᠂ ᠡᠨᠡ ᠳᠡᠯᠡᠬᠡᠢ ᠳᠦ ᠬᠥᠮᠥᠨ ᠪᠣᠯᠵᠤ ᠵᠠᠶᠠᠭᠠᠭᠰᠠᠳ ᠲᠤ ᠤᠨᠠᠭᠰᠠᠨ ᠰᠢᠷᠣᠢ ᠤᠤᠭᠤᠭᠰᠠᠨ ᠤᠰᠤ – ᠲᠥᠷᠥᠯᠬᠢ ᠨᠤᠲᠤᠭ ᠭᠡᠵᠦ ᠶᠠᠭᠤᠲᠠᠢ ᠡᠷᠬᠢᠮ ᠳᠡᠭᠡᠳᠦ᠂ ᠶᠠᠭᠤᠲᠠᠢ ᠨᠠᠨᠳᠢᠨ ᠳᠠᠷᠬᠠᠨ ᠠᠵᠢ᠃
        ᠬᠥᠮᠥᠰ ᠡ ! ᠨᠤᠲᠤᠭ ᠤᠰᠤ ᠪᠠᠨ ᠬᠠᠢᠷᠠᠯᠠᠵᠤ᠂ ᠨᠤᠲᠤᠭ ᠤᠰᠤ ᠪᠠᠨ ᠬᠠᠮᠠᠭᠠᠯᠠᠵᠤ ᠶᠠᠪᠤᠭᠠᠴᠢ!

                                1980᠂ 9  ᠳ᠋ᠦᠩᠱᠧᠩ  ᠳᠦ

       《ᠬᠣᠶᠠᠳᠡᠬᠢ ᠤᠳᠠᠭᠠᠨ ᠤ ᠮᠣᠩᠭᠣᠯ ᠢᠶᠡᠷ ᠢᠶᠡᠨ ᠪᠢᠴᠢᠬᠦ ᠪᠤᠤᠭᠢᠶ᠎ᠠ ᠠᠵᠢᠯᠯᠠᠭᠠᠨ》ᠳᠤ ᠣᠷᠣᠯᠴᠠᠵᠤ ᠬᠠᠭᠤᠯᠤᠨ ᠪᠢᠴᠢᠭᠰᠡᠨ ᠠᠭᠤᠯᠭ᠎ᠠ 
                ᠬᠠᠭᠤᠯᠤᠨ ᠪᠢᠴᠢᠭᠰᠡᠨ ᠨᠢ ᠄ ᠲᠤᠭᠴᠢ ᠰᠠᠷᠠᠨ᠎ᠠ  
                    2024᠂ 04᠂ 23