ᠫᠣᠷᠣᠷᠣ᠋ ᠨᠢᠭᠡᠳᠦᠭᠡᠷ ᠪᠦᠯᠦᠭ06 ᠠᠩᠭᠢ ПоророPororo ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠣᠷᠣᠷᠣ᠋ ᠨᠢᠭᠡᠳᠦᠭᠡᠷ ᠪᠦᠯᠦᠭ06 ᠠᠩᠭᠢ ПоророPororo

ᠫᠣᠷᠣᠷᠣ᠋ ᠨᠢᠭᠡᠳᠦᠭᠡᠷ ᠪᠦᠯᠦᠭ06 ᠠᠩᠭᠢ ПоророPororo

2024-04-26

813

ᠪᠢᠴᠢᠬᠠᠨ ᠣᠴᠣᠩ ᠰᠢᠪᠠᠭᠤ ᠫᠣᠷᠣᠷᠣ᠋ 1-06

    ᠡᠬᠢᠯᠡᠯᠲᠡ ᠶ᠋ᠢᠨ ᠳᠠᠭᠤᠤ 
    ᠬᠥᠶᠢ ᠫᠣᠷᠣᠷᠣ᠋ ᠪᠠᠢᠨ᠎ᠠ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋ 
    ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ 
    ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ 
    ᠬᠡᠵᠢᠶᠡᠳᠡ ᠴᠦ᠍ ᠰᠣᠨᠢᠷᠬᠠᠯᠲᠠᠢ 
    ᠥᠨᠥᠳᠥᠷ ᠪᠠᠰᠠ ᠶᠠᠭᠤ  ᠪᠣᠯᠳᠠᠭ  ᠪᠣᠯ ᠫᠣᠷᠣᠷᠣ᠋ 
    ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋ 
    ᠫᠤᠷᠤ ᠫᠤᠷᠤ ᠫᠤᠷᠤ ᠫᠤᠷᠤ ᠫᠣᠷᠣᠷᠣ᠋ 
    ᠲᠣᠭᠯᠠᠬᠤ ᠮᠠᠨᠢ ᠬᠠᠮᠤᠭ ᠤ᠋ᠨ ᠭᠣᠶᠣ 
    ᠨᠠᠢᠵᠠ ᠨᠤᠭᠤᠳ ᠠ᠋! ᠴᠤᠭᠯᠠᠭᠠᠷᠠᠢ 
    ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋ 
    

ᠬᠢ ᠬᠢ᠁ ᠬᠠ ᠬᠠ 
ᠪᠠᠭᠠᠰᠢᠯᠠᠬᠤ ᠮᠠᠭᠤᠬᠠᠢ 
ᠴᠠᠰᠤ ᠮᠥᠰᠥᠨ ᠦ᠌ ᠣᠷᠣᠨ ᠳ᠋ᠤ᠌ ᠬᠦᠴᠦᠲᠡᠢ ᠴᠠᠰᠤᠨ ᠰᠢᠭᠤᠷᠭ᠎ᠠ ᠳᠡᠭᠳᠡᠯ᠎ᠡ᠃  
ᠠᠢᠳᠢ᠄ᠣᠯᠴᠢᠬᠠᠯ᠎ᠠ ᠭᠠᠳᠠᠨ᠎ᠠ ᠶᠡᠬᠡ ᠴᠠᠰᠤ ᠲᠠᠢ ᠡᠢᠮᠦ ᠡᠳᠦᠷ ᠭᠡᠷ ᠲᠡᠭᠡᠨ ᠨᠣᠮ ᠤᠩᠰᠢᠵᠤ ᠰᠠᠭᠤᠬᠤ ᠰᠢᠭ᠋ ᠰᠠᠢᠬᠠᠨ ᠶᠠᠭᠤᠮ᠎ᠠ ᠪᠠᠢᠬᠤ ᠦᠭᠡᠢ 
ᠪᠦᠪᠢ: ᠰᠠᠢᠨ ᠤᠤ? ᠠᠢᠳᠢ! 
ᠠᠢᠳᠢ᠄ᠣᠤ᠂ ᠪᠦᠪᠢ ᠤᠤ? 
ᠪᠦᠪᠢ:ᠥᠴᠥᠭᠡᠳᠦᠷ ᠰᠥᠨᠢ ᠶ᠋ᠢᠨ ᠴᠠᠰᠤᠨ ᠰᠢᠭᠤᠷᠭᠠᠨ ᠢ᠋ᠶ᠋ᠠᠷ ᠷᠦᠪᠢ ᠶ᠋ᠢᠨ ᠭᠡᠷ ᠦ᠋ᠨ ᠭᠠᠳᠠᠭ᠎ᠠ ᠡᠢᠮᠦ ᠲᠣᠮᠣ ᠮᠣᠳᠣ ᠲᠠᠰᠤᠷᠠᠭᠠᠳ ᠤᠨᠠᠭᠰᠠᠨ ᠪᠠᠢᠬᠤ ᠶᠤᠮ᠃ ᠬᠣᠶᠠᠭᠤᠯᠠ ᠪᠠᠨ ᠶᠠᠪᠤᠵᠤ ᠷᠦᠪᠢ ᠳ᠋ᠦ᠍ ᠲᠤᠰᠠᠯᠠᠬᠤ ᠤᠤ?  
ᠠᠢᠳᠢ᠄ᠠ᠂ ᠶᠠᠳᠠᠷᠠᠭ᠎ᠠ ᠲᠠᠢ ᠶᠤᠮ ᠠ᠋᠂  ᠪᠢ ᠬᠠᠨᠢᠶᠠᠳᠤ ᠬᠦᠷᠦᠭᠰᠡᠨ ᠪᠠᠢᠨ᠎ᠠ᠂ ᠠᠭᠤᠴᠢᠯᠠᠭᠠᠷᠠᠢ!
— ᠲᠡᠢᠮᠦ ᠠ᠋᠂ ᠠᠢᠳᠢ ᠪᠠᠭᠠᠰᠢᠯᠠᠵᠤ ᠪᠠᠢᠨ᠎ᠠ 
ᠪᠦᠪᠢ:ᠲᠡᠭᠡᠪᠡᠯ ᠣᠳᠣ ᠶᠠᠭᠠᠬᠢᠬᠤᠪ ᠳᠠ᠂ ᠪᠢ ᠶᠠᠪᠤᠯ᠎ᠠ ᠰᠢᠦ ! 
ᠠᠢᠳᠢ᠄ ᠠᠭᠤᠴᠢᠯᠠᠭᠠᠷᠠᠢ! 
ᠪᠦᠪᠢ: ᠪᠠᠶᠠᠷᠲᠠᠢ ᠠᠢᠳᠢ ! 
ᠠᠢᠳᠢ: ᠪᠢ ᠴᠦ᠍ ᠵᠦᠴᠦᠭᠡᠯᠡᠬᠦ ᠠᠪᠢᠶᠠᠰ ᠲᠠᠢ ᠰᠢᠦ ᠬᠡ ᠬᠡ᠁ 
ᠪᠦᠪᠢ: ᠳᠠᠬᠢᠭᠠᠳ ᠨᠢᠭᠡ ᠬᠢᠵᠦ ᠦᠵᠡᠶ᠎ᠡ 
ᠫᠣᠷᠣᠷᠣ᠋: ᠠᠢᠳᠢ ᠶᠠᠭᠠᠬᠢᠭᠰᠠᠨ ᠶᠤᠮ? 
ᠪᠦᠪᠢ: ᠠᠢᠳᠢ ᠬᠠᠨᠢᠶᠠᠳᠤ ᠬᠦᠷᠦᠭᠰᠡᠨ ᠪᠠᠢᠨ᠎ᠠ
ᠪᠦᠪᠢ: ᠲᠡᠢᠮᠦ ᠤᠤ? 
ᠪᠦᠪᠢ: ᠣᠳᠣ ᠶᠠᠭᠠᠬᠢᠶ᠎ᠠ ᠭᠡᠬᠦᠪ? ᠬᠡᠳᠦᠭᠦᠯᠡ ᠪᠡᠨ ᠬᠢᠵᠦ ᠦᠵᠡᠬᠦ ᠡᠴᠡ ᠳᠡ 
ᠬᠡ ᠬᠡ᠁
ᠷᠦᠪᠢ : ᠪᠠᠶᠠᠷᠯᠠᠯ᠎ᠠ ᠨᠠᠢᠵᠠ ᠨᠤᠭᠤᠳ ᠠ᠋᠂ ᠢᠩᠭᠢᠭᠡᠳ᠂ ᠠᠢᠳᠢ ᠲᠡᠢᠮᠦ ᠬᠦᠨᠳᠦ ᠡᠪᠡᠳᠦᠭᠰᠡᠨ ᠪᠠᠢᠭ᠎ᠠ ᠶᠤᠮ ᠤᠤ? 
ᠪᠦᠪᠢ: ᠶᠡᠬᠡ ᠡᠪᠡᠳᠦᠭᠰᠡᠨ ᠶᠤᠮ ᠰᠢᠭ ᠬᠠᠷᠠᠭᠳᠠᠭᠰᠠᠨ ᠰᠢᠦ ! 
ᠷᠦᠪᠢ :ᠡᠩ᠂ ᠲᠡᠢᠮᠦ ᠶᠤᠮ  ᠪᠣᠢ 
ᠠᠢᠳᠢ: ᠬᠠ ᠬᠠᠨ᠁
ᠷᠦᠪᠢ : ᠡᠨᠡ ᠶᠠᠭᠤᠨ ᠤ᠋ ᠴᠢᠮᠡᠭᠡ ᠪᠠᠢᠨ᠎ᠠ ᠪᠣᠢ 
ᠠᠢᠳᠢ: ᠬᠠ ᠬᠠᠨ᠁
ᠷᠦᠪᠢ: ᠪᠠᠭᠠᠰᠢᠯᠠᠵᠤ ᠪᠠᠢᠵᠠᠢ᠂ ᠬᠡᠩ 
ᠠᠢᠳᠢ: ᠬᠠ ᠬᠠ᠁ 
— ᠠᠢᠳᠢ᠂ ᠡᠢᠨ ᠬᠦ᠌ ᠨᠠᠢᠵᠠ ᠳ᠋ᠠᠭᠠᠨ ᠪᠠᠷᠢᠭᠳᠠᠴᠢᠬᠠᠪᠠ  
ᠣᠯᠠᠨ᠄ ᠶᠠᠭᠤ ᠭᠡᠨ᠎ᠡ? 
ᠪᠦᠪᠢ: ᠠᠢᠳᠢ᠂ ᠬᠤᠳᠠᠯ ᠢ᠋ᠶ᠋ᠠᠷ ᠪᠠᠭᠠᠰᠢᠯᠠᠵᠤ ᠪᠠᠢᠭᠰᠠᠨ ᠬᠡᠷᠡᠭ ᠤᠤ? 
ᠫᠣᠷᠣᠷᠣ᠋: ᠠᠢᠳᠢ᠂ ᠶᠣᠰᠣᠲᠠᠢ ᠮᠠᠭᠤᠬᠠᠢ 
ᠠᠢᠳᠢ: ᠶᠠᠭ ᠪᠠᠷᠢᠭᠳᠠᠬᠤ ᠰᠢᠬᠠᠯ᠎ᠠ 
— ᠠᠢᠳᠢ᠂ᠪᠠᠷᠢᠭᠳᠠᠬᠤ ᠦᠭᠡᠢ ᠶ᠋ᠢᠨ ᠲᠤᠯᠠᠳᠠ ᠭᠡᠷ ᠡᠴᠡ ᠪᠡᠨ ᠴᠦ᠍ ᠭᠠᠷᠴᠤ ᠴᠢᠳᠠᠬᠤ ᠦᠭᠡᠢ ᠪᠣᠯᠪᠠ᠃ 
ᠠᠢᠳᠢ: ᠶᠠᠭᠠᠬᠢᠬᠤ? 
— ᠶᠠᠭᠠᠬᠢᠬᠤ ᠪᠠᠨ ᠮᠡᠳᠡᠬᠦ ᠪᠡᠨ ᠪᠣᠯᠢᠭᠰᠠᠨ ᠠᠢᠳᠢ ᠨᠠᠢᠵᠠ ᠨᠤᠭᠤᠳ ᠢ᠋ᠶ᠋ᠠᠨ ᠬᠠᠢᠵᠤ ᠣᠯᠬᠤ ᠪᠠᠷ ᠶᠠᠪᠤᠪᠠ᠃ 
ᠠᠢᠳᠢ᠄ᠥᠴᠥᠭᠡᠳᠦᠷ ᠰᠥᠨᠢ ᠶ᠋ᠢᠨ ᠰᠢᠭᠤᠷᠭᠠᠨ ᠢ᠋ᠶ᠋ᠠᠷ ᠮᠠᠨ ᠤ᠋ ᠭᠡᠷ ᠦ᠋ᠨ ᠡᠭᠦᠳᠡᠨ ᠳ᠋ᠦ᠍ ᠵᠥᠩᠳᠡᠭᠡᠨ ᠶᠡᠬᠡ ᠴᠠᠰᠤ ᠣᠪᠣᠭᠠᠷᠠᠴᠢᠬᠠᠵᠠᠢ᠂ ᠴᠢ ᠲᠤᠰᠠᠯᠠᠭᠠᠴᠢ!
ᠪᠦᠪᠢ: ᠲᠤᠰᠠᠯᠠᠮᠠᠷ ᠯᠠ ᠪᠠᠢᠨ᠎ᠠ ᠭᠡᠬᠦ ᠳ᠋ᠡᠭᠡᠨ ᠪᠢ ᠵᠢᠭᠠᠬᠠᠨ ᠪᠡᠷᠲᠡᠴᠢᠬᠡᠭᠰᠡᠨ ᠠ᠋ ᠠᠭᠤᠴᠢᠯᠠᠭᠠᠷᠠᠢ᠂ ᠠᠢᠳᠢ! 
ᠠᠢᠳᠢ᠄ᠸᠠ! ᠥᠴᠥᠭᠡᠳᠦᠷ ᠰᠥᠨᠢ ᠶ᠋ᠢᠨ ᠴᠠᠰᠤᠨ ᠢ᠋ᠶ᠋ᠠᠷ ᠮᠠᠨ ᠤ᠋  ᠭᠡᠷ ᠦ᠋ᠨ ᠭᠠᠳᠠᠭ᠎ᠠ ᠵᠥᠩᠳᠡᠭᠡᠨ ᠶᠡᠬᠡ ᠴᠠᠰᠤ ᠣᠪᠣᠭᠠᠷᠠᠭᠠᠳ 
ᠷᠦᠪᠢ: ᠲᠣᠯᠣᠭᠠᠢ ᠡᠷᠭᠢᠭᠡᠳ ᠪᠠᠢᠨ᠎ᠠ  
ᠫᠣᠷᠣᠷᠣ᠋: ᠮᠢᠨᠦ ᠪᠡᠶ᠎ᠡ ᠮᠠᠭᠤ ᠪᠠᠢᠨ᠎ᠠ 
— ᠬᠤᠳᠠᠯ ᠢ᠋ᠶ᠋ᠠᠷ ᠪᠠᠭᠠᠰᠢᠯᠠᠵᠤ ᠪᠠᠢᠭᠰᠠᠨ ᠠᠢᠳᠢ ᠬᠠᠷᠠᠮᠰᠠᠵᠤ ᠡᠬᠢᠯᠡᠯ᠎ᠡ᠃ 
ᠣᠯᠠᠨ᠄ ᠠᠢᠳᠢ! 
ᠪᠦᠪᠢ: ᠬᠡ ᠬᠡ 
ᠠᠢᠳᠢ᠄ ᠲᠠ ᠨᠠᠷ? 
ᠪᠦᠪᠢ: ᠲᠤᠰᠠᠯᠠᠬᠤ ᠪᠠᠷ ᠢᠷᠡᠯ᠎ᠡ 
ᠫᠣᠷᠣᠷᠣ᠋: ᠦᠨᠡᠨ ᠢ᠋ ᠬᠡᠯᠡᠬᠦ ᠳ᠋ᠦ᠍ ᠪᠢᠳᠡᠨ ᠨᠠᠷ ᠴᠤ᠌ ᠭᠡᠰᠡᠨ ᠪᠠᠭᠠᠰᠢᠯᠠᠵᠤ ᠪᠠᠢᠭᠰᠠᠨ ᠶᠤᠮ᠃ 
ᠣᠯᠠᠨ᠄ ᠬᠢ ᠬᠢ ᠁
ᠠᠢᠳᠢ᠄ ᠠᠭᠤᠴᠢᠯᠠᠭᠠᠷᠠᠢ 
— ᠨᠠᠢᠵᠠ ᠨᠤᠭᠤᠳ ᠢ᠋ᠶ᠋ᠠᠨ ᠬᠠᠭᠤᠷᠤᠭᠰᠠᠨ ᠳ᠋ᠠᠭᠠᠨ ᠢᠴᠢᠭᠰᠡᠨ ᠠᠢᠳᠢ ᠮᠠᠨᠢ ᠳᠠᠬᠢᠵᠤ ᠬᠤᠳᠠᠯ ᠢ᠋ᠶ᠋ᠠᠷ ᠪᠠᠭᠠᠰᠢᠯᠠᠬᠤ ᠦᠭᠡᠢ ᠭᠡᠵᠦ ᠥᠪᠡᠷᠲᠡᠭᠡᠨ ᠠᠮᠠᠯᠠᠯ᠎ᠠ᠃

  ᠲᠡᠭᠦᠰᠬᠡᠯ ᠦ᠋ᠨ ᠳᠠᠭᠤᠤ 
    ᠯᠠ ᠯᠠ᠁ ᠯᠠ᠁ ᠺᠣᠷᠠ 
    ᠯᠠ ᠯᠠ᠁ ᠯᠠ᠁ ᠺᠣᠷᠠ 
    ᠯᠠ ᠯᠠ᠁ ᠯᠠ ᠯᠠ᠁ ᠯᠠ ᠺᠣᠷᠠ 
    ᠮᠥᠰᠥᠨ ᠦ᠌ ᠴᠠᠭᠠᠨ ᠪᠠᠭᠠᠪᠠᠭᠠᠢ ᠪᠦᠪᠢ 
    ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠠᠢᠳᠢ 
    ᠰᠠᠢᠬᠠᠨ ᠰᠡᠳᠬᠢᠯᠲᠦ ᠮᠢᠨᠵᠢ ᠥᠬᠢᠨ ᠷᠥᠪᠢ 
    ᠳ᠋ᠢᠨᠰᠠᠪᠤᠤᠷ ᠤ᠋ᠨ ᠵᠤᠯᠵᠠᠭ᠎ᠠ ᠺᠣᠷᠣᠮ 
    ᠰᠠᠬᠢᠯᠭ᠎ᠠ ᠦᠭᠡᠢ ᠪᠠᠨᠳᠢ ᠫᠣᠷᠣᠷᠣ᠋ 
    ᠪᠢᠳᠡ ᠪᠣᠯ ᠰᠠᠢᠨ ᠨᠠᠢᠵᠠ ᠨᠤᠭᠤᠳ 
    ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ 
    ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ 
    ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ 
    ᠪᠢᠳᠡ ᠰᠠᠢᠨ ᠨᠠᠢᠵᠠ ᠨᠤᠭᠤᠳ ᠪᠢᠯᠡ 
    ᠶᠠ ᠶᠠ ᠁ ᠶᠠ ᠺᠣᠷᠠ ᠺᠣᠷᠠ 
     ᠦᠰᠦᠭ ᠠᠮᠢᠯᠠᠭᠤᠯᠤᠭᠰᠠᠨ ᠨᠢ ᠄ ᠳᠡᠭᠵᠢᠨ 
     ᠦᠰᠦᠭ ᠬᠠᠲᠠᠭᠰᠠᠨ ᠨᠢ ᠄ ᠳᠡᠭᠵᠢᠨ 
     ᠬᠢᠨᠠᠭᠰᠠᠨ ᠨᠢ ᠄ᠾᠤᠩ ᠸᠧᠢ᠂ ᠮᠥᠴᠢᠷ