ᠫᠢᠨᠣᠺᠺᠢᠣ᠋Пиноккио _ Pinocchio ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠢᠨᠣᠺᠺᠢᠣ᠋Пиноккио _ Pinocchio

ᠫᠢᠨᠣᠺᠺᠢᠣ᠋Пиноккио _ Pinocchio

2023-05-12

626

ᠫᠢᠨᠣᠺᠺᠢᠣ᠋

ᠣᠯᠠᠨ ᠵᠢᠯ ᠦ᠋ᠨ ᠡᠮᠦᠨ᠎ᠡ ᠨᠢᠭᠡᠨ ᠵᠢᠵᠢᠭ ᠬᠣᠲᠠ ᠳ᠋ᠤ᠌ ᠲᠣᠭᠯᠠᠭᠠᠮ ᠬᠢᠳᠡᠭ ᠵᠢᠫᠢᠲ᠋ᠣ᠋ ᠭᠡᠳᠡᠭ ᠡᠪᠦᠭᠡᠨ ᠠᠮᠢᠳᠤᠷᠠᠳᠠᠭ ᠪᠠᠢᠵᠠᠢ᠃
ᠲᠡᠷᠡ ᠮᠣᠳᠣᠨ ᠲᠣᠭᠯᠠᠭᠠᠮ ᠬᠢᠵᠦ ᠬᠤᠳᠠᠯᠳᠤᠳᠠᠭ ᠪᠠᠢᠪᠠ᠃ ᠰᠡᠳᠬᠢᠯ ᠲᠠᠲᠠᠮ᠎ᠠ ᠥᠩᠭᠡᠯᠢᠭ ᠲᠣᠭᠯᠠᠭᠠᠮ ᠤ᠋ᠳ ᠲᠤ᠌ ᠨᠢ ᠬᠡᠦᠬᠡᠳ ᠦ᠋ᠳ ᠪᠦᠷ ᠳᠤᠷᠠᠲᠠᠢ᠃ ᠵᠢᠫᠢᠲ᠋ᠣ᠋ ᠥᠪᠡᠷ ᠢ᠋ᠶ᠋ᠡᠨ ᠬᠡᠦᠬᠡᠳ ᠲᠡᠢ ᠪᠣᠯᠬᠤ ᠶ᠋ᠢ ᠶᠡᠬᠡ ᠬᠦᠰᠡᠳᠡᠭ ᠪᠠᠢᠯ᠎ᠠ᠂ ᠥᠨᠥᠳᠥᠷ ᠪᠢ ᠬᠥᠭᠡᠷᠦᠬᠦᠨ ᠲᠣᠭᠯᠠᠭᠠᠮ ᠬᠦᠦ ᠬᠢᠵᠦ ᠶᠠᠭ ᠬᠡᠦᠬᠡᠳ ᠰᠢᠭ ᠢ᠋ᠶ᠋ᠡᠨ ᠬᠠᠨᠳᠤᠬᠤ ᠪᠣᠯᠤᠨ᠎ᠠ᠃ ᠵᠢᠫᠢᠲ᠋ᠣ᠋ ᠣᠢ ᠠ᠋ᠴᠠ ᠠᠶᠠᠲᠠᠢᠬᠠᠨ ᠭᠤᠸᠠᠯᠢᠩ ᠬᠠᠢᠵᠤ ᠶᠠᠪᠤᠭᠰᠠᠭᠠᠷ ᠤᠳᠠᠯ ᠦᠭᠡᠢ ᠨᠢᠭᠡ ᠵᠢᠵᠢᠭᠬᠡᠨ ᠴᠠᠷᠠᠰᠤᠨ ᠭᠤᠸᠠᠯᠢᠩ ᠣᠯᠤᠯ᠎ᠠ᠃ ᠠ ᠬᠠ ! ᠶᠠᠭ ᠮᠢᠨᠦ ᠬᠠᠢᠵᠤ ᠪᠠᠢᠭᠰᠠᠨ ᠶᠠᠭᠤᠮ᠎ᠠ ᠮᠥᠨ ᠪᠠᠢᠨ᠎ᠠ ᠰᠢᠦ! ᠵᠢᠫᠢᠲ᠋ᠣ᠋ ᠭᠤᠸᠠᠯᠢᠩ ᠢ᠋ ᠨᠢᠷᠤᠭᠤᠨ ᠳᠡᠭᠡᠷ᠎ᠡ ᠪᠡᠨ ᠬᠡᠦᠬᠡᠳ ᠰᠢᠭ ᠡᠭᠦᠷᠦᠭᠡᠳ ᠭᠡᠷ ᠤᠷᠤᠭᠤ ᠪᠠᠨ ᠠᠪᠴᠤ ᠶᠠᠪᠤᠯ᠎ᠠ᠃ ᠭᠤᠸᠠᠯᠢᠩ ᠢ᠋ ᠰᠢᠷᠡᠭᠡᠨ ᠳᠡᠭᠡᠷ᠎ᠡ ᠪᠡᠨ ᠲᠠᠯᠪᠢᠭᠠᠳ ᠰᠡᠢᠯᠵᠦ ᠡᠬᠢᠯᠡᠪᠡ᠃ ᠲᠡᠭᠦᠨ ᠦ᠌ ᠤᠷᠠᠨ ᠭᠠᠷ ᠢ᠋ᠶ᠋ᠠᠷ ᠨᠥᠭᠦᠭᠡ ᠭᠤᠸᠠᠯᠢᠩ ᠬᠡᠯᠪᠡᠷᠢ ᠣᠷᠣᠵᠤ ᠡᠬᠢᠯᠡᠯ᠎ᠡ᠃ ᠡᠬᠢᠯᠡᠭᠡᠳ ᠬᠡᠦᠬᠡᠯᠳᠡᠢ ᠶ᠋ᠢᠨ ᠲᠣᠯᠣᠭᠠᠢ ᠶ᠋ᠢ ᠬᠢᠭᠡᠳ ᠳᠠᠷᠠᠭ᠎ᠠ ᠨᠢ ᠭᠠᠷ ᠬᠥᠯ ᠢ᠋ ᠨᠢ ᠬᠢᠪᠡ᠂ ᠵᠢᠫᠢᠲ᠋ᠣ᠋ ᠠᠷᠠᠢ ᠭᠡᠵᠦ ᠨᠢᠭᠡ ᠬᠥᠭᠡᠷᠦᠬᠦᠨ ᠬᠦᠦ ᠬᠢᠵᠦ ᠳᠠᠭᠤᠰᠬᠠᠯ᠎ᠠ᠃
ᠬᠦ᠁ ᠬᠥᠭ᠁ ᠶᠠᠮᠠᠷ ᠴᠠᠷᠠᠢᠯᠢᠭ᠋ ᠬᠦᠦ ᠬᠢᠴᠢᠬᠡᠪᠡ? ᠴᠢ ᠮᠢᠨᠦ ᠬᠡᠦᠬᠡᠳ ᠨᠠᠰᠤ ᠶ᠋ᠢ ᠰᠠᠨᠠᠭᠳᠠᠭᠤᠯᠵᠤ ᠪᠠᠢᠨ᠎ᠠ ᠬᠦᠦ ᠮᠢᠨᠢ᠂ ᠪᠢ ᠴᠢᠮ᠎ᠠ ᠶ᠋ᠢ ᠬᠡᠵᠢᠶ᠎ᠡ ᠴᠣ ᠂ ᠬᠡᠨ ᠳ᠋ᠦ᠍ ᠴᠦ᠍ ᠵᠠᠷᠤᠬᠤ ᠦᠭᠡᠢ᠂ ᠴᠢᠮ᠎ᠠ ᠶ᠋ᠢ ᠫᠢᠨᠤᠺᠺᠢᠣ᠋ ᠭᠡᠵᠦ ᠨᠡᠷᠡᠯᠡᠶ᠎ᠡ ᠬᠦᠦ ᠮᠢᠨᠢ᠂ ᠰᠥᠨᠢ ᠪᠣᠯᠤᠯ᠎ᠠ᠂ ᠵᠢᠫᠢᠲ᠋ᠣ᠋ ᠤᠨᠲᠠᠬᠤ ᠪᠠᠷ ᠬᠡᠪᠲᠡᠬᠦ ᠳ᠋ᠡᠭᠡᠨ ᠫᠢᠨᠤᠺᠺᠢᠣ᠋ ᠶ᠋ᠢ ᠣᠢᠷᠬᠠᠨ ᠲᠠᠯᠪᠢᠵᠠᠢ᠃ ᠡᠳᠦᠷᠵᠢᠨ ᠬᠢᠭᠰᠡᠨ ᠬᠦᠨᠳᠦ ᠠᠵᠢᠯ ᠳ᠋ᠤ᠌ ᠪᠠᠨ ᠶᠠᠳᠠᠷᠠᠭᠰᠠᠨ ᠵᠢᠫᠢᠲ᠋ᠣ᠋ ᠪᠥᠬᠡ ᠭᠡᠭᠴᠢ ᠨᠢ ᠨᠣᠢᠷᠰᠤᠵᠤ ᠪᠠᠢᠪᠠ᠃ ᠭᠡᠨᠡᠳᠲᠡᠬᠡᠨ ᠲᠡᠨᠳᠡ ᠰᠢᠳᠢᠲᠦ ᠳᠠᠭᠢᠨᠢ ᠭᠠᠷᠴᠤ ᠢᠷᠡᠯ᠎ᠡ᠃ ᠵᠢᠫᠢᠲ᠋ᠣ᠋ ᠴᠢ ᠭᠣᠶᠣ ᠲᠣᠭᠯᠠᠭᠠᠮ ᠤ᠋ᠳ ᠢ᠋ᠶ᠋ᠠᠷ ᠢ᠋ᠶ᠋ᠠᠨ ᠣᠯᠠᠨ ᠬᠡᠦᠬᠡᠳ ᠲᠦ᠍ ᠠᠵᠠ ᠵᠢᠷᠭᠠᠯ ᠪᠡᠯᠡᠭᠯᠡᠭᠰᠡᠨ ᠪᠢ ᠴᠢᠨᠦ ᠰᠠᠢᠨ ᠦᠢᠯᠡᠰ ᠢ᠋ ᠣᠨᠴᠣᠭᠣᠢ ᠪᠡᠯᠡᠭ ᠢ᠋ᠶ᠋ᠡᠷ ᠱᠠᠩᠨᠠᠵᠤ ᠪᠠᠢᠨ᠎ᠠ᠃ ᠦᠯᠢᠭᠡᠷ ᠦ᠋ᠨ ᠳᠠᠭᠢᠨᠢ ᠰᠢᠳᠢᠲᠦ ᠰᠠᠪᠠᠭ᠎ᠠ ᠪᠠᠨ ᠫᠢᠨᠤᠺᠺᠢᠣ᠋ ᠳᠡᠭᠡᠷ᠎ᠡ ᠳᠣᠬᠢᠪᠠ᠃ ᠭᠡᠲᠡᠯ᠎ᠡ ᠶᠠᠭᠠᠬᠢᠭᠰᠠᠨ ᠭᠡᠵᠦ? ᠬᠡᠦᠬᠡᠯᠳᠡᠢ ᠥᠪᠡᠷ ᠢ᠋ᠶ᠋ᠡᠨ ᠬᠥᠳᠡᠯᠵᠦ ᠡᠬᠢᠯᠡᠯ᠎ᠡ᠃ ᠲᠡᠷᠡ ᠣᠷᠣᠨ ᠠ᠋ᠴᠠ ᠦᠰᠦᠷᠴᠦ ᠪᠠᠭᠤᠭᠠᠳ ᠰᠢᠳᠢᠲᠦ ᠳᠠᠭᠢᠨᠢ ᠶ᠋ᠢ ᠬᠦᠨᠳᠦᠳᠬᠡᠨ ᠶᠣᠰᠣᠯᠠᠪᠠ᠃ ᠪᠠᠶᠠᠷᠯᠠᠯ᠎ᠠ ᠳᠠᠭᠢᠨᠢ ᠮᠢᠨᠢ᠂ ᠲᠠ ᠨᠠᠮ᠎ᠠ ᠶ᠋ᠢ ᠠᠮᠢ ᠣᠷᠣᠭᠤᠯᠤᠯ᠎ᠠ᠃ ᠪᠢ ᠣᠳᠣ ᠠᠯᠬᠤᠵᠤ ᠴᠢᠳᠠᠨ᠎ᠠ᠂ ᠪᠠᠰᠠ ᠪᠥᠵᠢᠭᠯᠡᠵᠦ ᠴᠢᠳᠠᠨ᠎ᠠ᠃
ᠲᠡᠢᠮᠦ ᠠ᠋᠂ ᠨᠠᠢᠵᠠ ᠮᠢᠨᠢ᠂ ᠴᠢ ᠣᠳᠣ ᠠᠮᠢᠳᠤ ᠪᠣᠯᠤᠯ᠎ᠠ᠂ ᠰᠠᠢᠨ ᠬᠡᠦᠬᠡᠳ ᠪᠣᠯᠤᠭᠠᠷᠠᠢ! ᠠᠪᠤ ᠳ᠋ᠤ᠌ ᠪᠠᠨ ᠲᠦᠪᠡᠭ ᠣᠳᠣᠯ ᠦᠭᠡᠢ ᠲᠠᠩᠳᠠ ᠦᠭᠡᠨ ᠳ᠋ᠦ᠍ᠨᠢ ᠣᠷᠣᠵᠤ ᠪᠠᠢᠭᠠᠷᠠᠢ! ᠰᠠᠢᠨ ᠬᠡᠦᠬᠡᠳ ᠭᠡᠳᠡᠭ ᠢ᠋ᠶ᠋ᠡᠨ ᠪᠠᠲᠤᠯᠠᠪᠠᠯ ᠪᠢ ᠴᠢᠮ᠎ᠠ ᠳ᠋ᠤ᠌ ᠣᠨᠴᠣᠭᠣᠢ ᠪᠡᠯᠡᠭ ᠥᠭᠬᠦ ᠪᠣᠯᠤᠨ᠎ᠠ᠃ ᠬᠦ ᠬᠥᠭ᠁ ᠦᠨᠡᠨ ᠭᠡᠵᠢ ᠤᠤ? ᠪᠢ ᠲᠠᠩᠳᠠ ᠠᠪᠤ ᠶ᠋ᠢᠨ ᠢ᠋ᠶ᠋ᠡᠨ ᠦᠭᠡᠨ ᠳ᠋ᠦ᠍ ᠣᠷᠣᠨ᠎ᠠ᠂ ᠠᠪᠤ ᠴᠢᠨᠢ ᠤᠨᠲᠠᠵᠤ ᠪᠠᠢᠨ᠎ᠠ᠂ ᠪᠢᠲᠡᠭᠡᠢ ᠰᠡᠷᠢᠭᠡᠴᠢᠬᠡ! ᠥᠷᠯᠥᠭᠡ ᠭᠡᠨᠡᠳᠲᠡ ᠶ᠋ᠢᠨ ᠪᠡᠯᠡᠭ ᠪᠠᠷᠢᠭᠠᠷᠠᠢ! ᠮᠠᠷᠭᠠᠰᠢ ᠥᠷᠯᠥᠭᠡ ᠨᠢ ᠵᠢᠫᠢᠲ᠋ᠣ᠋ ᠰᠡᠷᠢᠭᠡᠳ ᠫᠢᠨᠤᠺᠺᠢᠣ᠋ ᠶ᠋ᠢ ᠳᠡᠷᠭᠡᠳᠡ ᠨᠢ ᠰᠠᠭᠤᠭᠠᠳ ᠥᠭᠡᠳᠡ ᠡᠴᠡ ᠨᠢ ᠰᠢᠷᠳᠡᠵᠦ ᠨᠢᠳᠦ ᠪᠡᠨ ᠴᠠᠪᠴᠢᠵᠤ ᠪᠠᠢᠬᠤ ᠶ᠋ᠢ ᠬᠠᠷᠠᠪᠠ᠃ ᠲᠩᠷᠢ ᠮᠢᠨᠢ ᠮᠢᠨᠦ ᠬᠡᠦᠬᠡᠯᠳᠡᠢ ᠠᠮᠢᠯᠠᠴᠢᠬᠠᠵᠠᠢ᠂ ᠮᠢᠨᠦ ᠫᠢᠨᠣᠺᠺᠢᠣ᠋ ᠠᠮᠢᠳᠤ ᠪᠠᠢᠨ᠎ᠠ᠃ ᠬᠠ᠁ ᠬᠠ ᠁ᠲᠡᠢᠮᠦ ᠠ᠋ ᠠᠪᠤ ᠠ᠋ ᠪᠢ ᠠᠮᠢᠳᠤ᠂ ᠵᠢᠫᠢᠲ᠋ᠣ᠋ ᠫᠢᠨᠤᠺᠺᠢᠣ᠋ ᠶ᠋ᠢ ᠲᠡᠪᠡᠷᠢᠯ᠎ᠡ᠃ ᠣᠭᠲᠣ ᠢᠲᠡᠭᠡᠵᠦ ᠴᠢᠳᠠᠬᠤ ᠦᠭᠡᠢ ᠨᠢ ᠠ᠋? ᠪᠢ ᠢᠩᠭᠢᠲᠡᠯ᠎ᠡ ᠪᠡᠨ ᠪᠠᠶᠠᠷᠯᠠᠵᠤ ᠦᠵᠡᠭᠰᠡᠨ ᠦᠭᠡᠢ ᠵᠢᠫᠢᠲ᠋ᠣ᠋᠂ ᠫᠢᠨᠤᠺᠺᠢᠣ᠋ ᠬᠣᠶᠠᠭᠤᠯᠠ ᠬᠠᠮᠲᠤ ᠳ᠋ᠠᠭᠠᠨ ᠠᠵᠠ ᠵᠢᠷᠭᠠᠯ ᠲᠠᠢ ᠪᠠᠢᠳᠠᠭ ᠪᠣᠯᠪᠠ᠃ ᠫᠢᠨᠤᠺᠺᠢᠣ᠋ ᠰᠤᠷᠭᠠᠭᠤᠯᠢ ᠳ᠋ᠤ᠌ ᠣᠷᠣᠬᠤ ᠴᠠᠭ ᠪᠣᠯᠵᠠᠢ᠂ ᠠᠪᠤ ᠠ᠋ ᠪᠢ ᠣᠳᠣ ᠪᠤᠰᠤᠳ ᠬᠡᠦᠬᠡᠳ ᠦ᠋ᠳ ᠰᠢᠭ ᠰᠤᠷᠭᠠᠭᠤᠯᠢ ᠳ᠋ᠤ᠌ ᠶᠠᠪᠤᠬᠤ ᠨᠠᠰᠤᠨ ᠳ᠋ᠤ᠌ ᠬᠦᠷᠦᠭᠰᠡᠨ᠂ ᠨᠠᠳᠠ ᠳ᠋ᠤ᠌ ᠨᠣᠮ ᠬᠠᠷᠠᠨᠳᠠ ᠠᠪᠴᠤ ᠥᠭᠭᠦᠯ ᠳᠡ! ᠳᠡᠭᠡᠯ ᠦᠭᠡᠢ ᠶᠠᠭᠠᠬᠢᠬᠤᠪ᠂ ᠠᠪᠤ ᠨᠢ ᠤᠳᠠᠬᠤ ᠦᠭᠡᠢ ᠬᠦᠦ ᠳ᠋ᠦ᠍ ᠪᠡᠨ ᠠᠪᠴᠤ ᠥᠭᠭᠦᠨ᠎ᠡ᠃
ᠵᠢᠫᠢᠲ᠋ᠣ᠋ ᠳ᠋ᠤ᠌ ᠬᠢᠴᠢᠶᠡᠯ ᠦ᠋ᠨ ᠬᠡᠷᠡᠭᠰᠡᠯ ᠠᠪᠴᠤ ᠬᠦᠷᠬᠦ ᠮᠥᠩᠭᠥ ᠪᠠᠢᠭᠰᠠᠨ ᠦᠭᠡᠢ᠂ ᠲᠡᠢᠮᠦ ᠡᠴᠡ ᠭᠠᠭᠴᠠ ᠬᠦᠷᠮ᠎ᠡ ᠪᠡᠨ ᠬᠤᠳᠠᠯᠳᠤᠵᠤ᠂ ᠮᠥᠩᠭᠥ ᠶ᠋ᠢ ᠨᠢ ᠫᠢᠨᠤᠺᠺᠢᠣ᠋ ᠳ᠋ᠤ᠌ ᠥᠭᠪᠡ᠃ ᠭᠡᠬᠦ ᠳ᠋ᠡᠭᠡᠨ ᠠᠪᠤ ᠠ᠋᠂ ᠲᠠᠨ ᠤ᠋ ᠬᠦᠷᠮ᠎ᠡ ᠬᠠᠮᠢᠭ᠎ᠠ ᠶᠠᠪᠤᠴᠢᠬᠠᠪᠠ? ᠠ᠁ ᠥᠨᠥᠳᠥᠷ ᠡᠮᠦᠰᠦᠭᠡ ᠦᠭᠡᠢ ᠶᠦᠮ ᠠ᠋! ᠬᠠᠭᠤᠴᠢᠷᠠᠭᠠᠳ ᠤᠷᠠᠭᠳᠠᠴᠢᠬᠠᠭᠰᠠᠨ ᠶᠤᠮ᠃ ᠪᠢ ᠲᠡᠷᠡ ᠬᠦᠷᠮ᠎ᠡ ᠶ᠋ᠢ ᠡᠮᠦᠰᠬᠦ ᠳᠤᠷ᠎ᠠ ᠦᠭᠡᠢ ᠪᠣᠯᠴᠢᠬᠠᠭᠰᠠᠨ ᠣᠳᠣ ᠶᠠᠪᠤ ᠳᠠ ᠬᠦᠦ ᠮᠢᠨᠢ ᠂ ᠣᠨᠴᠠ ᠰᠤᠷᠴᠤ ᠠᠪᠤ ᠶ᠋ᠢᠨ ᠢ᠋ᠶ᠋ᠡᠨ ᠪᠠᠬᠠᠷᠬᠠᠯ ᠪᠣᠯᠤᠭᠠᠷᠠᠢ! ᠪᠠᠶᠠᠷᠯᠠᠯ᠎ᠠ ᠠᠪᠤ ᠠ᠁ ᠪᠠᠶᠠᠷᠲᠠᠢ ᠳᠠᠷᠠᠭ᠎ᠠ ᠠᠭᠤᠯᠵᠠᠶ᠎ᠠ! ᠫᠢᠨᠤᠺᠺᠢᠣ᠋ ᠰᠤᠷᠭᠠᠭᠤᠯᠢ ᠶ᠋ᠢᠨ ᠵᠠᠮ ᠢ᠋ᠶ᠋ᠠᠷ ᠪᠠᠶᠠᠷᠯᠠᠨ ᠠᠯᠬᠤᠪᠠ᠃ ᠶᠠᠪᠤᠬᠤ ᠵᠠᠮ ᠳ᠋ᠤ᠌ ᠪᠠᠨ ᠳᠡᠯᠭᠡᠭᠦᠷ ᠂ ᠬᠥᠮᠦᠰ᠂ ᠵᠠᠬ᠎ᠠ ᠶ᠋ᠢ ᠬᠠᠷᠠᠵᠤ ᠪᠠᠢᠯ᠎ᠠ᠃ ᠭᠡᠨᠡᠳᠲᠡᠬᠡᠨ ᠠ! ᠤᠷᠲᠤ ᠨᠢ ᠬᠥᠮᠦᠰ ᠪᠥᠭᠡᠮᠨᠡᠷᠡᠭᠰᠡᠨ ᠪᠠᠢᠬᠤ ᠶ᠋ᠢ ᠬᠠᠷᠠᠪᠠ᠃ ᠶᠠᠭᠤ ᠪᠣᠯᠵᠤ ᠪᠠᠢᠭ᠎ᠠ ᠶ᠋ᠢ ᠨᠢ ᠬᠠᠷᠠᠬᠤ ᠪᠠᠷ ᠠᠷᠠᠢ ᠭᠡᠵᠦ ᠤᠷᠲᠤ ᠨᠢ ᠭᠠᠷᠤᠯ᠎ᠠ᠃ ᠦ᠂ ᠶᠡᠬᠡ ᠲᠣᠮᠣ ᠥᠩᠭᠡᠯᠢᠭ ᠠᠰᠠᠷ ᠬᠠᠷᠠᠵᠠᠢ᠃ ᠼᠢᠷᠺ ᠦ᠋ᠨ ᠠᠰᠠᠷ ᠪᠠᠢᠪᠠ᠃ ᠬᠠᠭᠠᠯᠭᠠᠨ ᠳᠡᠭᠡᠷ᠎ᠡ ᠨᠢᠭᠡ ᠠᠯᠢᠶᠠᠯᠠᠭᠴᠢ ᠵᠣᠭᠰᠣᠵᠤ ᠪᠠᠢᠯ᠎ᠠ᠃ ᠫᠢᠨᠤᠺᠺᠢᠣ᠋ ᠶ᠋ᠢ ᠬᠠᠭᠠᠯᠭ᠎ᠠ ᠪᠠᠷ ᠶᠠᠭ ᠣᠷᠣᠬᠤ ᠭᠡᠵᠦ ᠪᠠᠢᠲᠠᠯ᠎ᠠ᠂ ᠠᠯᠢᠶᠠᠯᠠᠭᠴᠢ ᠵᠣᠭᠰᠣᠭᠠᠪᠠ᠃
ᠲᠠᠰᠤᠯᠪᠤᠷᠢ ᠪᠠᠢᠬᠤ ᠦᠭᠡᠢ ᠪᠣᠯ ᠣᠷᠣᠵᠤ ᠪᠣᠯᠬᠤ ᠦᠭᠡᠢ᠂ ᠫᠢᠨᠤᠺᠺᠢᠣ᠋ ᠬᠡᠰᠡᠭ ᠪᠣᠳᠣᠭᠰᠠᠨ ᠢ᠋ᠶ᠋ᠠᠨ ᠠᠪᠤ ᠶ᠋ᠢᠨ ᠢ᠋ᠶ᠋ᠡᠨ ᠥᠭᠭᠦᠭᠰᠡᠨ ᠮᠥᠩᠭᠥ ᠶ᠋ᠢ ᠭᠠᠷᠭᠠᠵᠤ ᠢᠷᠡᠯ᠎ᠡ᠃ ᠡᠨᠡ ᠮᠥᠩᠭᠥ ᠶ᠋ᠢ ᠠᠪᠤᠭᠠᠳ ᠨᠠᠳᠠ ᠳ᠋ᠤ᠌ ᠲᠠᠰᠤᠯᠪᠤᠷᠢ ᠪᠠᠨ ᠥᠭ! ᠠᠯᠢᠶᠠᠯᠠᠭᠴᠢ ᠲᠠᠰᠤᠯᠪᠤᠷᠢ ᠪᠠᠨ ᠥᠭᠴᠦ ᠫᠢᠨᠤᠺᠺᠢᠣ᠋ ᠪᠠᠶᠠᠷᠯᠠᠨ ᠠᠰᠠᠷ ᠤᠷᠤᠭᠤ ᠣᠷᠣᠯ᠎ᠠ᠃ ᠶᠢᠯᠸᠢᠴᠢᠨ ᠶᠢᠯᠸᠢ ᠦᠵᠡᠭᠦᠯᠵᠦ᠂ ᠪᠠᠭᠠᠪᠠᠭᠠᠢ ᠨᠢᠭᠡ ᠳᠤᠭᠤᠢᠲᠤ ᠤᠨᠤᠵᠤ ᠪᠠᠢᠪᠠ᠃ ᠫᠢᠨᠤᠺᠺᠢᠣ᠋ ᠠᠯᠮᠠᠢᠷᠠᠵᠤ ᠣᠷᠬᠢᠵᠠᠢ᠃ ᠬᠦ ᠂ ᠬᠥᠭ ᠁ᠡᠨᠡ ᠶᠠᠮᠠᠷ ᠭᠠᠢᠬᠠᠮᠰᠢᠭᠲᠠᠢ ᠭᠠᠵᠠᠷ ᠪᠣᠢ? ᠼᠢᠷᠺ ᠦ᠋ᠨ ᠡᠵᠡᠨ ᠬᠠᠵᠠᠭᠤ ᠲᠠᠯ᠎ᠠ ᠠ᠋ᠴᠠ ᠫᠢᠨᠤᠺᠺᠢᠣ᠋ ᠶ᠋ᠢ ᠬᠠᠷᠠᠯ᠎ᠠ᠃ ᠬᠦ᠂ ᠬᠥᠭ᠁ ᠡᠨᠡ ᠴᠢᠨᠢ ᠠᠮᠢᠳᠤ ᠬᠡᠦᠬᠡᠯᠳᠡᠢ ᠤᠤ ᠳᠠ? ᠡᠨᠡ ᠬᠦᠦ ᠶ᠋ᠢ ᠪᠠᠷᠢᠵᠤ ᠠᠪᠤᠭᠠᠳ ᠼᠢᠷᠺ ᠲᠦ᠍ ᠪᠡᠨ ᠲᠣᠭᠯᠠᠭᠤᠯᠵᠤ ᠪᠣᠯᠤᠨ᠎ᠠ᠂ ᠭᠠᠢᠭᠤᠢ ᠬᠡᠦᠬᠡᠯᠳᠡᠢ ᠲᠡᠢ ᠦᠵᠡᠭᠦᠯᠪᠦᠷᠢ ᠳ᠋ᠦ᠍ ᠬᠡᠦᠬᠡᠯᠳᠡᠢ ᠴᠢ ᠮᠥᠩᠭᠥ ᠲᠥᠯᠥᠬᠦ ᠱᠠᠭᠠᠷᠳᠠᠯᠭ᠎ᠠ ᠥᠬᠡᠢ ᠪᠣᠯᠤᠯ᠎ᠠ᠃ ᠦᠵᠡᠭᠦᠯᠪᠦᠷᠢ ᠳᠠᠭᠤᠰᠠᠮᠠᠭᠴᠠ ᠲᠡᠷᠡ ᠫᠢᠨᠤᠺᠺᠢᠣ᠋ ᠶ᠋ᠢ ᠭᠠᠷᠴᠤ ᠶᠠᠪᠤᠬᠤ ᠳ᠋ᠤᠨᠢ ᠵᠣᠭᠰᠣᠭᠠᠪᠠ᠃ ᠼᠢᠷᠺ ᠡᠴᠡ ᠶᠠᠪᠤᠯ ᠦᠭᠡᠢ ᠲᠦᠷ ᠬᠦᠯᠢᠶᠡᠵᠦ ᠪᠠᠢ!
ᠴᠢ ᠣᠳᠣ ᠡᠨᠡ ᠼᠢᠷᠺ ᠦ᠋ᠨ ᠨᠢᠭᠡ ᠬᠡᠰᠡᠭ ᠪᠣᠯᠤᠯ᠎ᠠ ᠂ ᠠᠮᠢᠳᠤ ᠬᠡᠦᠬᠡᠯᠳᠡᠢ ᠮᠢᠨᠢ !
ᠨᠠᠮ᠎ᠠ ᠶ᠋ᠢ ᠶᠠᠪᠤᠭᠤᠯ ᠪᠢ ᠬᠢᠴᠢᠶᠡᠯ ᠳ᠋ᠦ᠍ ᠪᠡᠨ ᠶᠠᠪᠤᠬᠤ ᠶᠣᠰᠣᠲᠠᠢ ᠂ ᠦᠭᠡᠢ ᠲᠡᠭᠡᠪᠡᠯ ᠶᠠᠭᠠᠬᠢᠭᠠᠳ ᠬᠢᠴᠢᠶᠡᠯ ᠳ᠋ᠦ᠍ ᠪᠡᠨ ᠶᠠᠪᠤᠯ ᠦᠭᠡᠢ ᠡᠨᠳᠡ ᠢᠷᠡᠭᠰᠡᠨ ᠶᠦᠮ ᠪᠣᠢ?ᠬᠡᠯᠡᠭᠡᠳ ᠥᠭ ᠂ ᠠᠭᠤᠴᠢᠯᠠᠭᠠᠷᠠᠢ !ᠪᠢ ᠠᠪᠤ ᠳ᠋ᠤ᠌ ᠪᠠᠨ ᠬᠤᠳᠠᠯ ᠬᠡᠯᠡᠭᠰᠡᠨ ᠶᠦᠮ ᠂ᠠᠪᠤ ᠮᠢᠨᠢ ᠨᠠᠮ᠎ᠠ ᠶ᠋ᠢ ᠨᠣᠮ ᠠᠪ ᠭᠡᠵᠦ ᠮᠥᠩᠭᠥ ᠥᠭᠭᠦᠭᠰᠡᠨ ᠴᠦ᠍ ᠪᠢ ᠲᠠᠰᠤᠯᠪᠤᠷᠢ ᠠᠪᠴᠢᠬᠠᠭᠰᠠᠨ ᠂ᠪᠢ ᠳᠠᠬᠢᠵᠤ ᠲᠡᠭᠡᠬᠦ ᠦᠭᠡᠢ ᠨᠠᠮ᠎ᠠ ᠶ᠋ᠢ ᠶᠠᠪᠤᠭᠤᠯᠴᠢᠬᠠᠭᠠᠴᠢ ᠳᠠ᠂ ᠣᠮ ᠁ᠲᠡᠭᠡᠪᠡᠯ ᠶᠠᠪᠤᠵᠤ ᠰᠠᠢᠨ ᠬᠦᠦ ᠪᠣᠯᠤᠭᠠᠷᠠᠢ!ᠠᠪᠤ ᠳ᠋ᠤ᠌ ᠪᠠᠨ ᠳᠠᠬᠢᠵᠤ ᠬᠤᠳᠠᠯ ᠬᠡᠯᠡᠵᠦ ᠪᠣᠯᠬᠤ ᠦᠭᠡᠢ ᠰᠢᠦ !ᠼᠢᠷᠺ ᠦ᠋ᠨ ᠡᠵᠡᠨ ᠫᠢᠨᠤᠺᠺᠢᠣ᠋ ᠶ᠋ᠢ ᠨᠣᠮ ᠠᠪ ᠭᠡᠵᠦ ᠲᠠᠪᠤᠨ ᠠᠯᠲᠠᠨ ᠵᠣᠭᠣᠰ ᠥᠭᠪᠡ ᠃ᠦ ᠂ᠪᠠᠶᠠᠷᠯᠠᠯ᠎ᠠ ᠲᠠ ᠦᠨᠡᠬᠡᠷ ᠰᠠᠢᠬᠠᠨ ᠰᠡᠳᠬᠢᠯ ᠲᠡᠢ ᠥᠭᠭᠢᠶᠡᠮᠦᠷ ᠬᠥᠮᠦᠨ ᠶᠦᠮ ᠃ᠫᠢᠨᠤᠺᠺᠢᠣ᠋ ᠵᠣᠭᠣᠰ ᠢ᠋ ᠠᠪᠤᠭᠠᠳ ᠪᠠᠶᠠᠷᠯᠠᠨ ᠭᠦᠶᠦᠯ᠎ᠡ ᠃ᠲᠡᠭᠦᠨ ᠦ᠌ ᠵᠠᠮ ᠳᠡᠭᠡᠷ᠎ᠡ ᠵᠠᠯᠢᠵᠢᠨ ᠮᠤᠤᠷ ᠰᠢᠨᠤᠯᠲᠤ ᠦᠨᠡᠭᠡ ᠬᠣᠶᠠᠷ ᠫᠢᠨᠤᠺᠺᠢᠣ᠋ ᠶ᠋ᠢᠨ ᠭᠠᠷ ᠳᠠᠬᠢ ᠵᠣᠭᠣᠰ ᠢ᠋ ᠬᠠᠷᠠᠭᠠᠳ ᠵᠣᠭᠰᠣᠭᠠᠪᠠ ᠂ ᠬᠦᠢ ᠮᠣᠳᠣᠨ ᠵᠢᠭᠠᠯ ᠠ᠋ !ᠬᠠᠮᠢᠭᠠᠰᠢ ᠪᠠᠨ ᠢᠩᠭᠢᠲᠡᠯ᠎ᠡ ᠪᠡᠨ ᠶᠠᠭᠠᠷᠠᠨ᠎ᠠ ᠪᠣᠢ?
ᠪᠢ ᠰᠤᠷᠬᠤ ᠪᠢᠴᠢᠭ ᠠᠪᠬᠤ ᠪᠠᠷ ᠵᠠᠬ᠎ᠠ ᠤᠷᠤᠭᠤ ᠶᠠᠪᠤᠵᠤ ᠪᠠᠢᠨ᠎ᠠ᠃ ᠬᠡ ᠬᠡ ᠬᠠ ᠬᠠ ᠬᠠ᠂ ᠰᠤᠷᠬᠤ ᠪᠢᠴᠢᠭ? ᠲᠡᠭᠦᠨ ᠦ᠌ ᠣᠷᠣᠨ ᠳ᠋ᠤ᠌ ᠴᠢ ᠬᠠᠴᠢᠷ ᠲᠠᠢ ᠲᠠᠯᠬ᠎ᠠ᠂ ᠪᠠᠰᠠ ᠠ᠁ ᠪᠠᠰᠠ ᠰᠦ ᠠᠪᠴᠤ ᠪᠣᠯᠤᠨ᠎ᠠ ᠰᠢᠦ ᠳᠡ ᠂ ᠲᠡᠭᠡᠭᠡᠳ ᠪᠢᠳᠡᠨ ᠲᠡᠢ ᠬᠤᠪᠢᠶᠠᠵᠤ ᠢᠳᠡᠵᠦ ᠪᠣᠯᠤᠨ᠎ᠠ ᠭᠡᠰᠡᠨ ᠦᠭᠡ᠃ ᠪᠢ᠂ ᠭᠡᠬᠦ ᠳ᠋ᠡᠭᠡᠨ ᠨᠠᠳᠠ ᠳ᠋ᠤ᠌ ᠲᠡᠢᠮᠦ ᠶᠡᠬᠡ ᠮᠥᠩᠭᠥ ᠪᠠᠢᠬᠤ ᠦᠭᠡᠢ ᠰᠢᠲᠠ᠂ ᠡᠨᠡ ᠴᠢᠨᠢ ᠶᠣᠰᠣᠲᠠᠢ ᠲᠡᠨᠡᠭ ᠬᠦᠦ ᠪᠠᠢᠨ᠎ᠠ ᠳᠠ᠂ ᠳᠡᠭᠡᠷᠡᠮᠳᠡᠴᠢᠬᠡᠶ᠎ᠡ !ᠬᠦ ! ᠮᠥᠩᠭᠥ ᠴᠢᠨᠢ ᠬᠦᠷᠦᠨ᠎ᠡ᠃ ᠴᠢᠮ᠎ᠠ ᠳ᠋ᠤ᠌ ᠲᠠᠪᠤᠨ ᠠᠯᠲᠠᠨ ᠵᠣᠭᠣᠰ ᠪᠠᠢᠨ᠎ᠠ᠃ ᠭᠠᠵᠠᠷ ᠲᠤ᠌ ᠰᠠᠭᠤᠯᠭᠠᠭᠠᠳ ᠮᠣᠳᠣ ᠳᠦᠭᠦᠷᠡᠩ ᠮᠥᠩᠭᠥ ᠤᠷᠭᠤᠭᠤᠯᠵᠤ ᠪᠣᠯᠤᠨ᠎ᠠ᠃ ᠦ ! ᠲᠡᠭᠡᠬᠦ ᠪᠣᠯᠤᠮᠵᠢ ᠲᠠᠢ ᠭᠡᠵᠢ ᠤᠤ? ᠲᠡᠢᠮᠦ ᠠ᠋᠂ ᠳᠡᠭᠡᠯ ᠦᠭᠡᠢ ᠶᠠᠭᠠᠬᠢᠬᠤ ᠪᠣᠢ ? ᠨᠠᠮ᠎ᠠ ᠶ᠋ᠢ ᠳᠠᠭᠠᠭᠠᠳ ᠶᠠᠪᠤ᠂ ᠪᠢ ᠴᠢᠮ᠎ᠠ ᠳ᠋ᠤ᠌ ᠵᠣᠭᠣᠰ ᠢ᠋ᠶ᠋ᠠᠨ ᠰᠠᠭᠤᠯᠭᠠᠬᠤ ᠰᠠᠢᠬᠠᠨ ᠭᠠᠵᠠᠷ ᠵᠢᠭᠠᠵᠤ ᠥᠭᠭᠦᠶ᠎ᠡ ᠵᠠ ᠶᠠᠭᠤ ? ᠫᠢᠨᠤᠺᠺᠢᠣ᠋ ᠢᠲᠡᠭᠡᠭᠡᠳ ᠦᠨᠡᠭᠡ ᠮᠤᠤᠷ ᠬᠣᠶᠠᠷ ᠢ᠋ ᠳᠠᠭᠠᠯ᠎ᠠ ᠃ ᠦᠨᠡᠭᠡ ᠠᠨᠵᠠᠷᠠᠭᠳᠠᠯ ᠦᠭᠡᠢ ᠰᠡᠮᠬᠡᠨ ᠭᠦᠶᠦᠵᠦ ᠣᠳᠪᠠ᠃ ᠬᠡᠰᠡᠭ  ᠠᠯᠬᠤᠭᠠᠳ ᠲᠡᠳᠡ ᠨᠢᠭᠡ ᠲᠠᠷᠢᠶᠠᠯᠠᠩ ᠤ᠋ᠨ ᠲᠠᠯᠠᠪᠠᠢ ᠳ᠋ᠤ᠌ ᠬᠦᠷᠦᠯ᠎ᠡ᠃ ᠡᠨᠡ ᠭᠠᠵᠠᠷ ᠶᠠᠭ ᠲᠣᠬᠢᠷᠠᠬᠤ ᠶᠤᠮ ᠪᠠᠢᠨ᠎ᠠ ᠳᠠ!
ᠫᠢᠨᠤᠺᠺᠢᠣ᠋ ᠨᠦᠬᠡ ᠤᠬᠤᠭᠠᠳ ᠪᠦᠬᠦ ᠵᠣᠭᠣᠰ ᠢ᠋ᠶ᠋ᠠᠨ ᠲᠡᠷᠡ ᠨᠦᠬᠡ ᠤᠷᠤᠭᠤ ᠪᠠᠨ ᠬᠢᠭᠡᠳ ᠰᠢᠷᠣᠢ ᠪᠠᠷ ᠳᠦᠭᠦᠷᠭᠡᠪᠡ᠃ ᠣᠳᠣ ᠡᠨᠡ ᠮᠣᠳᠣ ᠤᠷᠭᠤᠬᠤ ᠪᠠᠷ ᠪᠢ ᠰᠤᠷᠬᠤ ᠪᠢᠴᠢᠭ ᠢ᠋ᠶ᠋ᠡᠨ ᠠᠪᠤᠨ᠎ᠠ᠂ ᠪᠠᠰᠠ ᠠᠪᠤ ᠳ᠋ᠠᠭᠠᠨ ᠴᠤ᠌ ᠬᠦᠷᠮ᠎ᠡ ᠠᠪᠤᠨ᠎ᠠ᠂ ᠲᠠ ᠬᠣᠶᠠᠷ ᠲᠤ᠌ ᠴᠤ᠌ ᠬᠠᠴᠢᠷ ᠲᠠᠢ ᠲᠠᠯᠬ᠎ᠠ᠂ ᠰᠦ᠂ ᠠᠪᠴᠤ ᠥᠭᠭᠦᠨ᠎ᠡ᠃ ᠮᠠᠭᠤ ᠲᠡᠨᠡᠭ ᠡᠨᠳᠡ ᠡᠴᠡ ᠶᠠᠪᠤᠵᠤ ᠦᠵᠡ᠂ ᠡᠨᠡ ᠮᠢᠨᠦ ᠵᠣᠭᠣᠰ ᠵᠠ ᠶᠠᠭᠤ ᠂ ᠮᠢᠦ᠂ ᠠᠶᠤᠭᠰᠠᠨ ᠫᠢᠨᠤᠺᠺᠢᠣ᠋ ᠬᠣᠢᠰᠢ ᠠᠯᠬᠤᠵᠤ ᠪᠠᠢᠭᠠᠳ ᠲᠣᠮᠣ ᠨᠦᠬᠡ ᠤᠷᠤᠭᠤ ᠤᠨᠠᠴᠢᠬᠠᠯ᠎ᠠ᠃ ᠮᠤᠤᠷ ᠠ᠋ ᠁ ᠮᠤᠤᠷ ᠠ᠋ ᠁ ᠲᠤᠰᠠᠯᠠᠭᠠᠴᠢ ᠂ ᠬᠥᠮᠦᠨ ᠪᠠᠢᠨ᠎ᠠ ᠤᠤ? ᠬᠡᠨ ᠨᠢᠭᠡᠨ ᠨᠢ ᠲᠤᠰᠠᠯᠠᠭᠠᠷᠠᠢ! ᠡᠨᠡ ᠨᠢ ᠦᠨᠡᠭᠡᠨ ᠦ᠌ ᠲᠠᠯᠪᠢᠭᠰᠠᠨ ᠵᠠᠩᠭ᠎ᠠ ᠪᠠᠢᠵᠠᠢ᠃ ᠬᠡ ᠬᠡ ᠬᠡ᠁ ᠨᠠᠮ᠎ᠠ ᠶ᠋ᠢ ᠴᠢᠮ᠎ᠠ ᠳ᠋ᠤ᠌ ᠲᠤᠰᠠᠯᠠᠬᠤ ᠪᠠᠷ ᠢᠷᠡᠭᠰᠡᠨ ᠭᠡᠵᠦ ᠪᠣᠳᠣᠭᠠᠳ ᠪᠠᠢᠭ᠎ᠠ ᠶᠤᠮ ᠤᠤ? ᠬᠠ ᠬᠠ ᠬᠠ᠁ ᠮᠠᠭᠤ ᠲᠡᠨᠡᠭ᠂ ᠮᠤᠤᠷ ᠦᠨᠡᠭᠡ ᠬᠣᠶᠠᠷ ᠨᠦᠬᠡᠨ ᠡᠴᠡ ᠵᠣᠭᠣᠰ ᠢ᠋ ᠠᠪᠤᠭᠠᠳ ᠵᠢᠭᠤᠲᠠᠴᠢᠬᠠᠯ᠎ᠠ᠃ ᠫᠢᠨᠤᠺᠺᠢᠣ᠋ ᠭᠠᠪ ᠭᠠᠭᠴᠠᠭᠠᠷ ᠢ᠋ᠶ᠋ᠠᠨ ᠦᠯᠡᠳᠡᠵᠡᠢ᠃ ᠠ᠋ ᠂ ᠠ᠋᠁ᠪᠢ ᠶᠠᠭᠤ ᠬᠢᠴᠢᠬᠡᠪᠡ? ᠪᠢ ᠪᠤᠷᠤᠭᠤ ᠡᠲᠡᠭᠡᠳ ᠲᠦ᠍ ᠢᠲᠡᠭᠡᠵᠡᠢ ᠂ ᠠᠪᠤ ᠳ᠋ᠤ᠌ ᠪᠠᠨ ᠢᠲᠡᠭᠡᠭᠡ ᠦᠭᠡᠢ ᠡᠴᠡ ᠪᠣᠯᠤᠭᠠᠳ ᠦᠨᠡᠭᠡ ᠮᠤᠤᠷ ᠬᠣᠶᠠᠷ ᠲᠤ᠌ ᠮᠡᠬᠡᠯᠡᠭᠦᠯᠴᠢᠬᠡᠯ᠎ᠡ᠃
ᠮᠢᠨᠦ ᠯᠡ ᠬᠣᠬᠢ᠂ ᠠ᠋ ᠠ᠋᠁ ᠭᠡᠨᠡᠳᠲᠡ ᠰᠢᠳᠢᠲᠦ ᠳᠠᠭᠢᠨᠢ ᠭᠠᠷᠴᠤ ᠢᠷᠡᠯ᠎ᠡ᠃ ᠶᠠᠭᠤ ᠪᠣᠯᠤᠭ᠎ᠠ ᠪᠣᠢ? ᠫᠢᠨᠤᠺᠺᠢᠣ᠋? ᠶᠠᠭᠠᠬᠢᠵᠤ ᠪᠠᠢᠭᠠᠳ ᠡᠨᠡ ᠨᠦᠬᠡ ᠤᠷᠤᠭᠤ ᠤᠨᠠᠴᠢᠬᠠᠪᠠ? ᠪᠢ᠂ ᠪᠢ᠂ ᠪᠢ ᠰᠤᠷᠬᠤ ᠪᠢᠴᠢᠭ ᠠᠪᠬᠤ ᠪᠠᠷ ᠶᠠᠪᠤᠭᠰᠠᠨ ᠶᠤᠮ᠂ ᠭᠡᠲᠡᠯ᠎ᠡ ᠬᠣᠶᠠᠷ ᠵᠠᠯᠢ ᠲᠠᠢ ᠠᠮᠢᠲᠠᠨ ᠨᠠᠮ᠎ᠠ ᠶ᠋ᠢ ᠪᠠᠷᠢᠭᠠᠳ ᠡᠨᠡ ᠨᠦᠬᠡ ᠤᠷᠤᠭᠤ ᠰᠢᠳᠡᠴᠢᠬᠡᠭᠰᠡᠨ᠂ ᠲᠡᠭᠡᠭᠡᠳ ᠠᠯᠲᠠᠨ ᠵᠣᠭᠣᠰ ᠢ᠋ ᠮᠢᠨᠢ ᠪᠤᠯᠢᠶᠠᠴᠢᠬᠠᠯ᠎ᠠ᠃ ᠢᠩᠭᠢᠵᠦ ᠬᠡᠯᠡᠭᠰᠡᠨ ᠳᠠᠷᠤᠢ ᠳ᠋ᠤ᠌ ᠬᠠᠮᠠᠷ ᠨᠢ ᠤᠷᠲᠤ ᠠ᠋ᠴᠠ ᠤᠷᠲᠤ ᠪᠣᠯᠵᠤ ᠡᠬᠢᠯᠡᠯ᠎ᠡ᠂ ᠠ᠋᠁ ᠮᠢᠨᠦ ᠬᠠᠮᠠᠷ ᠶᠠᠭᠠᠬᠢᠭᠠᠳ ᠪᠠᠢᠨ᠎ᠠ? ᠶᠠᠭᠠᠬᠢᠭᠠᠳ ᠤᠷᠲᠤ ᠪᠣᠯᠤᠭᠠᠳ ᠪᠠᠢᠭ᠎ᠠ ᠶᠤᠮ ᠪᠣᠯ? ᠴᠢ ᠬᠤᠳᠠᠯ ᠶᠠᠷᠢᠭᠰᠠᠨ ᠪᠣᠯᠬᠣᠷ᠂ ᠴᠢᠮ᠎ᠠ ᠶ᠋ᠢ ᠬᠤᠳᠠᠯ ᠬᠡᠯᠡᠬᠦ ᠪᠦᠷᠢ ᠳ᠋ᠦ᠍ ᠬᠠᠮᠠᠷ ᠴᠢᠨᠢ ᠤᠷᠲᠤ ᠪᠣᠯᠬᠤ ᠪᠣᠯᠤᠨ᠎ᠠ᠃ ᠫᠢᠨᠤᠺᠺᠢᠤ᠋ ᠢᠴᠢᠵᠦ ᠰᠢᠳᠢᠲᠦ ᠳᠠᠭᠢᠨᠢ ᠳ᠋ᠤ᠌ ᠦᠨᠡᠨ ᠢ᠋ᠶ᠋ᠡᠨ ᠬᠡᠯᠡᠯ᠎ᠡ᠃ ᠦᠨᠡᠨ ᠢ᠋ᠶ᠋ᠡᠨ ᠬᠡᠯᠡᠬᠦ ᠦᠶ᠎ᠡ ᠳ᠋ᠦ᠍ ᠬᠠᠮᠠᠷ ᠨᠢ ᠪᠤᠴᠠᠭᠠᠳ ᠬᠡᠪ ᠦ᠋ᠨ ᠪᠣᠯᠵᠤ ᠡᠬᠢᠯᠡᠪᠡ᠃ ᠴᠢ ᠦᠨᠡᠨ ᠢ᠋ᠶ᠋ᠡᠨ ᠬᠡᠯᠡᠭᠰᠡᠨ ᠪᠣᠯᠬᠣᠷ ᠴᠢᠮ᠎ᠠ ᠶ᠋ᠢ ᠭᠠᠷᠭᠠᠵᠤ ᠠᠪᠤ ᠤᠷᠤᠭᠤ ᠴᠢᠨᠢ ᠶᠠᠪᠤᠭᠤᠯᠤᠶ᠎ᠠ ᠳᠠ! ᠳᠠᠭᠢᠨᠢ ᠰᠢᠳᠢᠲᠦ ᠳᠣᠬᠢᠭᠤᠷ ᠢ᠋ᠶ᠋ᠠᠷ ᠢ᠋ᠶ᠋ᠠᠨ ᠫᠢᠨᠤᠺᠺᠢᠣ᠋ ᠶ᠋ᠢᠨ ᠳᠡᠭᠡᠷ᠎ᠡ ᠲᠣᠬᠢᠬᠤ ᠳ᠋ᠤ᠌ ᠲᠡᠷᠡ ᠨᠦᠬᠡᠨ ᠡᠴᠡ ᠨᠢᠰᠦᠨ ᠭᠠᠷᠴᠤ ᠢᠷᠡᠯ᠎ᠡ᠃ ᠪᠠᠶᠠᠷᠯᠠᠯ᠎ᠠ᠂ ᠳᠠᠭᠢᠨᠢ ᠮᠢᠨᠢ᠃
ᠪᠤᠷᠬᠠᠨ ᠴᠢᠮ᠎ᠠ ᠶ᠋ᠢ ᠢᠪᠡᠭᠡᠭ! ᠰᠠᠢᠨ ᠬᠦᠦ ᠪᠣᠯᠤᠭᠠᠷᠠᠢ! ᠳᠠᠭᠢᠵᠤ ᠬᠤᠳᠠᠯ ᠬᠡᠯᠡᠵᠦ ᠪᠣᠯᠬᠤ ᠦᠭᠡᠢ ᠰᠢᠦ! ᠫᠢᠨᠤᠺᠺᠢᠣ᠋ ᠭᠡᠷ ᠤᠷᠤᠭᠤ ᠪᠠᠨ ᠶᠠᠪᠤᠵᠤ ᠡᠬᠢᠯᠡᠯ᠎ᠡ᠃ ᠶᠠᠪᠤᠬᠤ ᠵᠠᠮ ᠳ᠋ᠠᠭᠠᠨ ᠲᠡᠷᠡ ᠨᠠᠢᠵᠠ ᠷᠤᠮᠶᠣ᠋ ᠲᠠᠢ ᠪᠠᠨ ᠲᠠᠭᠠᠷᠠᠪᠠ᠃ ᠬᠦᠯᠢᠶᠡ᠁ ᠬᠦᠯᠢᠶᠡᠭᠡᠴᠢ ᠳᠡ᠂ ᠫᠢᠨᠤᠺᠺᠢᠣ᠋᠂ ᠬᠠᠮᠢᠭᠠᠰᠢ ᠪᠠᠨ ᠢᠩᠭᠢᠲᠡᠯ᠎ᠡ ᠪᠡᠨ ᠶᠠᠭᠠᠷᠠᠭᠠᠳ ᠪᠠᠢᠭ᠎ᠠ ᠶᠤᠮ ᠪᠣᠢ? ᠨᠠᠳᠠ ᠲᠠᠢ ᠬᠠᠮᠲᠤ ᠶᠠᠪᠤᠯ ᠳᠠ᠂ ᠪᠢ ᠲᠣᠭᠯᠠᠭᠠᠮ ᠤ᠋ᠨ ᠣᠷᠣᠨ ᠤᠷᠤᠭᠤ ᠶᠠᠪᠤᠵᠤ ᠪᠠᠢᠨ᠎ᠠ᠂ ᠲᠣᠭᠯᠠᠭᠠᠮ ᠤ᠋ᠨ ᠣᠷᠣᠨ ᠭᠡᠨ᠎ᠡ ᠤᠤ? ᠬᠠᠮᠢᠭ᠎ᠠ ᠪᠠᠢᠳᠠᠭ ᠶᠤᠮ ᠪᠣᠢ? ᠪᠠᠰᠠ ᠪᠢ ᠶᠠᠭᠠᠬᠢᠭᠠᠳ ᠲᠡᠨᠳᠡ ᠣᠴᠢᠬᠤ ᠶᠣᠰᠣᠲᠠᠢ ᠶᠤᠮ᠂ ᠲᠣᠭᠯᠠᠭᠠᠮ᠂ ᠰᠢᠬᠢᠷ ᠂ ᠱᠦᠺᠦᠯᠠᠳᠢ ᠪᠠᠷ ᠳᠦᠭᠦᠷᠡᠩ ᠪᠠᠢᠳᠠᠭ ᠭᠠᠵᠠᠷ ᠪᠠᠢᠭ᠎ᠠ ᠶᠤᠮ᠃ ᠵᠠᠩᠨᠠᠵᠤ ᠵᠢᠮᠡᠯᠡᠬᠦ ᠠᠪᠤ ᠡᠵᠢ ᠲᠡᠨᠳᠡ ᠪᠠᠢᠬᠤ ᠦᠭᠡᠢ᠂ ᠲᠣᠭᠯᠠᠵᠤ ᠪᠠᠢᠬᠤ ᠳ᠋ᠤ᠌ ᠬᠡᠨ ᠴᠦ᠍ ᠰᠠᠭᠠᠳ ᠪᠣᠯᠬᠤ ᠦᠭᠡᠢ᠂ ᠪᠦᠷ ᠬᠢᠴᠢᠶᠡᠯ ᠴᠦ᠍ ᠬᠢᠬᠦ ᠦᠭᠡᠢ ᠭᠡᠳ ᠪᠣᠳᠣ ᠳᠠ᠂ ᠶᠠᠩᠵᠤ ᠲᠠᠢ ᠰᠣᠨᠣᠰᠳᠠᠵᠤ ᠪᠠᠢᠨ᠎ᠠ᠂ ᠶᠠᠪᠤᠵᠠᠭᠠᠶ᠎ᠠ᠃ ᠫᠢᠨᠤᠺᠺᠢᠣ᠋ ᠨᠠᠢᠵᠠ ᠲᠠᠢ ᠪᠠᠨ ᠬᠠᠮᠲᠤ ᠲᠣᠭᠯᠠᠭᠠᠮ ᠤ᠋ᠨ ᠣᠷᠣᠨ ᠤᠷᠤᠭᠤ ᠶᠠᠪᠤᠪᠠ᠃ ᠫᠢᠨᠤᠺᠺᠢᠣ᠋ ᠷᠤᠮᠶᠣ᠋ ᠬᠣᠶᠠᠷ ᠰᠢᠬᠢᠷ ᠢᠳᠡᠵᠦ ᠲᠣᠭᠯᠠᠭᠠᠮ ᠤ᠋ᠳ ᠳᠡᠭᠡᠷ᠎ᠡ ᠲᠣᠭᠯᠠᠵᠤ ᠵᠤᠭᠠᠴᠠᠵᠤ ᠡᠬᠢᠯᠡᠪᠡ᠃ ᠭᠣᠶᠣ ᠠ᠋᠁ ᠬᠦ᠁ ᠬᠦ᠁ᠲᠡᠳᠡ ᠲᠣᠭᠯᠠᠭᠠᠮ ᠤ᠋ᠨ ᠣᠷᠣᠨ ᠳ᠋ᠤ᠌ ᠣᠯᠠᠨ ᠡᠳᠦᠷ ᠪᠣᠯᠵᠠᠢ᠃
ᠨᠢᠭᠡ ᠡᠳᠦᠷ ᠫᠢᠨᠤᠺᠺᠢᠣ᠋ ᠪᠡᠶ᠎ᠡ ᠨᠢ ᠨᠢᠭᠡᠯᠡ ᠬᠠᠴᠢᠨ ᠥᠭᠡᠷᠡᠴᠢᠯᠡᠭᠳᠡᠭᠡᠳ ᠪᠠᠢᠬᠤ ᠶ᠋ᠢ ᠮᠡᠳᠡᠷᠡᠪᠡ ᠭᠡᠨ᠎ᠡ᠃ ᠲᠡᠷᠡ ᠡᠯᠵᠢᠭᠡᠨ ᠦ᠌ ᠲᠣᠮᠣ ᠴᠢᠬᠢ ᠤᠷᠲᠤ ᠰᠡᠭᠦᠯ ᠲᠡᠢ ᠪᠣᠯᠵᠠᠢ᠃ ᠠ ᠂ ᠠ ᠂ ᠪᠢ ᠶᠠᠭᠠᠬᠢᠭᠠᠳ ᠪᠠᠢᠨ᠎ᠠ? ᠡᠨᠡ ᠭᠠᠵᠠᠷ ᠨᠢᠭᠡᠯᠡ ᠰᠡᠵᠢᠭᠲᠡᠢ ᠪᠠᠢᠨ᠎ᠠ ᠳᠠ᠂ ᠲᠡᠳᠡᠨ ᠡᠴᠡ ᠵᠠᠢᠲᠠᠢ ᠨᠢᠭᠡ ᠬᠥᠮᠦᠨ ᠡᠯᠵᠢᠭᠡ ᠬᠥᠯᠭᠡᠯᠡᠨ ᠶᠠᠪᠤᠬᠤ ᠶ᠋ᠢ ᠬᠠᠷᠠᠯ᠎ᠠ᠃ ᠬᠤᠷᠳᠤᠨ ᠶᠠᠪᠤᠭᠠᠴᠢ᠂ ᠪᠢ ᠲᠠ ᠨᠠᠷ ᠢ᠋ ᠵᠠᠬ᠎ᠠ ᠳᠡᠭᠡᠷ᠎ᠡ ᠠᠪᠠᠴᠢᠵᠤ ᠵᠠᠷᠤᠨ᠎ᠠ ᠮᠠᠭᠤ ᠲᠡᠨᠡᠭ ᠦ᠋ᠳ ᠠ᠋! ᠫᠢᠨᠤᠺᠺᠢᠣ᠋ ᠡᠨᠡ ᠪᠦᠬᠦᠨ ᠵᠠᠯᠢ ᠪᠠᠢᠭᠰᠠᠨ ᠢ᠋ ᠣᠢᠯᠠᠭᠠᠯ᠎ᠠ᠃ ᠲᠣᠭᠯᠠᠭᠠᠮ ᠤ᠋ᠨ ᠣᠷᠣᠨ ᠢ᠋ ᠬᠣᠷᠣᠨ ᠰᠠᠨᠠᠭᠠᠲᠤ ᠡᠯᠵᠢᠭᠡᠨ ᠦ᠌ ᠬᠤᠳᠠᠯᠳᠤᠭᠠᠴᠢᠨ ᠡᠵᠡᠮᠰᠢᠳᠡᠭ ᠪᠠᠢᠵᠠᠢ᠃ ᠬᠡᠦᠬᠡᠳ ᠦ᠋ᠳ ᠢ᠋ ᠠᠮᠲᠠᠲᠠᠨ ᠲᠣᠭᠯᠠᠭᠠᠮ ᠢ᠋ᠶ᠋ᠠᠷ ᠤᠷᠠᠬᠠᠳᠠᠨ ᠠᠪᠴᠢᠷᠠᠵᠤ ᠡᠯᠵᠢᠭᠡ ᠪᠣᠯᠭᠠᠵᠤ ᠬᠤᠪᠢᠷᠠᠭᠠᠭᠠᠳ ᠵᠠᠬ᠎ᠠ ᠳᠡᠭᠡᠷ᠎ᠡ ᠵᠠᠷᠤᠳᠠᠭ ᠪᠠᠢᠪᠠ᠃ ᠫᠢᠨᠤᠺᠺᠢᠣ᠋ ᠲᠡᠨᠳᠡ ᠡᠴᠡ ᠴᠢᠳᠠᠬᠤ ᠴᠢᠨᠡᠭᠡ ᠪᠡᠷ ᠢ᠋ᠶ᠋ᠡᠨ ᠬᠤᠷᠳᠤᠨ ᠵᠢᠭᠤᠲᠠᠯ᠎ᠠ᠃ ᠲᠣᠰᠬᠣᠨ ᠤ᠋ ᠵᠠᠬ᠎ᠠ ᠳᠡᠭᠡᠷ᠎ᠡ ᠬᠦᠷᠬᠦ ᠳ᠋ᠦ᠍ ᠪᠠᠰᠠ ᠬᠥᠮᠦᠰ ᠦ᠋ᠨ ᠶᠠᠷᠢᠵᠤ ᠪᠠᠢᠬᠤ ᠶ᠋ᠢ ᠰᠣᠨᠣᠰᠪᠠ᠃ ᠵᠢᠫᠢᠲ᠋ᠣ᠋ ᠶ᠋ᠢᠨ ᠲᠠᠯ᠎ᠠ ᠪᠠᠷ ᠳᠤᠭᠤᠯᠪᠠ ᠤᠤ? ᠲᠣᠰᠬᠣᠨ ᠳᠠᠶᠠᠭᠠᠷ ᠬᠦᠦ ᠪᠡᠨ ᠬᠠᠢᠭᠠᠳ ᠣᠯᠵᠤ ᠴᠢᠳᠠᠭ᠎ᠠ ᠦᠭᠡᠢ ᠭᠡᠨ᠎ᠡ᠃
ᠲᠡᠭᠡᠭᠡᠳ ᠬᠦᠦ ᠪᠡᠨ ᠬᠠᠢᠵᠤ ᠲᠠᠩᠭᠢᠰ ᠲᠤ᠌ ᠭᠠᠷᠤᠭᠰᠠᠨ ᠭᠡᠨ᠎ᠡ᠃ ᠲᠡᠢᠮᠦ ᠠ᠋! ᠪᠠᠰᠠ ᠵᠠᠪᠢ ᠨᠢ ᠰᠢᠭᠤᠷᠭᠠᠨ ᠳ᠋ᠤ᠌ ᠵᠢᠪᠦᠭᠰᠡᠨ ᠢ᠋ ᠲᠤᠭᠤᠯᠤᠭᠰᠠᠨ ᠨᠢ ᠭᠤᠨᠢᠭᠲᠠᠢ ᠶᠤᠮ ᠰᠢᠦ᠃ ᠡᠨᠡ ᠶ᠋ᠢ ᠰᠣᠨᠣᠰᠤᠭᠠᠳ ᠫᠢᠨᠤᠺᠺᠢᠣ᠋ ᠮᠠᠰᠢ ᠶᠡᠬᠡ ᠭᠤᠨᠢᠭᠯᠠᠵᠤ ᠭᠡᠮᠰᠢᠪᠡ᠃ ᠲᠡᠭᠡᠭᠡᠳ ᠭᠦᠶᠦᠭᠰᠡᠭᠡᠷ ᠵᠢᠪᠦᠨ᠎ᠡ ᠭᠡᠵᠦ ᠴᠦ᠍ ᠠᠶᠤᠯ ᠦᠭᠡᠢ ᠲᠠᠩᠭᠢᠰ ᠤᠷᠤᠭᠤ ᠦᠰᠦᠷᠴᠢᠬᠡᠯ᠎ᠡ ᠬᠤᠪᠢ ᠪᠠᠨ ᠬᠢᠴᠢᠶᠡᠭᠰᠡᠨ ᠵᠠᠩ ᠳ᠋ᠠᠭᠠᠨ ᠭᠡᠮᠰᠢᠭᠰᠡᠨ ᠪᠣᠯᠬᠣᠷ ᠫᠢᠨᠤᠺᠺᠢᠣ᠋ ᠪᠤᠴᠠᠭᠠᠳ ᠬᠡᠪ ᠲᠦ᠍ ᠪᠡᠨ ᠣᠷᠣᠵᠠᠢ ᠭᠡᠨ᠎ᠡ᠃ ᠤᠷᠲᠤ ᠰᠡᠭᠦᠯ ᠲᠣᠮᠣ ᠴᠢᠬᠢ ᠪᠠᠢᠬᠤ ᠦᠭᠡᠢ ᠪᠣᠯᠤᠯ᠎ᠠ᠃ ᠲᠡᠭᠦᠨ ᠢ᠋ ᠮᠣᠳᠣ ᠪᠠᠷ ᠬᠢᠭᠰᠡᠨ ᠪᠣᠯᠬᠣᠷ ᠤᠰᠤᠨ ᠳ᠋ᠤ᠌ ᠬᠥᠪᠴᠦ ᠪᠠᠢᠪᠠ᠃ ᠬᠠᠮᠢᠭᠠᠰᠢ ᠪᠠᠨ ᠴᠤ᠌ ᠶᠠᠪᠤᠬᠤ ᠪᠠᠨ ᠮᠡᠳᠡᠬᠦ ᠦᠭᠡᠢ ᠰᠡᠯᠢᠭᠡᠳ ᠯᠡ ᠰᠡᠯᠢᠭᠡᠳ ᠯᠡ ᠪᠠᠢᠵᠢ ᠭᠡᠨ᠎ᠡ᠃ ᠲᠠᠩᠭᠢᠰ ᠤ᠋ᠨ ᠳᠤᠮᠳᠠ ᠶᠠᠪᠤᠲᠠᠯ᠎ᠠ ᠤᠰᠤᠨ ᠠ᠋ᠴᠠ ᠲᠣᠮᠣ ᠠᠮᠠ ᠠᠩᠭᠠᠢᠵᠤ ᠭᠠᠷᠴᠤ ᠢᠷᠡᠭᠡᠳ ᠫᠢᠨᠤᠺᠺᠢᠣ᠋ ᠶ᠋ᠢ ᠵᠠᠯᠭᠢᠴᠢᠬᠠᠯ᠎ᠠ᠃ ᠠ᠁ ᠠ᠁ ᠠᠪᠤᠷᠭᠤ ᠲᠣᠮᠣ ᠬᠠᠯᠢᠮᠤ ᠪᠠᠢᠵᠠᠢ᠃ ᠬᠡ᠁ ᠪᠢ ᠬᠠᠮᠢᠭ᠎ᠠ ᠪᠠᠢᠨ᠎ᠠ! ᠡᠨᠳᠡ ᠬᠠᠪ ᠬᠠᠷᠠᠩᠭᠤᠢ ᠶᠤᠮ? ᠠᠪᠤ ᠮᠢᠨᠢ ᠳᠡ ᠂ ᠪᠢ ᠶᠠᠭᠤ ᠬᠢᠴᠢᠬᠡᠪᠡ? ᠲᠠᠨ ᠲᠠᠢ ᠪᠠᠨ ᠳᠠᠬᠢᠭᠠᠳ ᠭᠠᠭᠴᠠ ᠤᠳᠠᠭ᠎ᠠ ᠠᠭᠤᠯᠵᠠᠳᠠᠭ ᠴᠤ᠌ ᠪᠣᠯᠤᠭᠠᠰᠢ! ᠳᠡᠭᠡᠯ ᠦᠭᠡᠢ ᠶᠠᠭᠠᠬᠢᠬᠤᠪ ᠬᠦᠦ ᠮᠢᠨᠢ ᠠᠪᠤ ᠨᠢ ᠴᠢᠨᠦ ᠪᠡᠨ ᠳᠡᠷᠭᠡᠳᠡ ᠪᠠᠢᠨ᠎ᠠ᠃ ᠠᠪᠤ ᠠ᠁ᠫᠢᠨᠤᠺᠺᠢᠣ᠋ ᠠ᠋᠁ ᠠᠪᠤ ᠬᠦᠦ ᠬᠣᠶᠠᠷ ᠲᠡᠪᠡᠷᠢᠯᠳᠦᠨ ᠠᠭᠤᠯᠵᠠᠯ᠎ᠠ᠃
ᠨᠠᠮ᠎ᠠ ᠶ᠋ᠢ ᠠᠭᠤᠴᠢᠯᠠᠭᠠᠷᠠᠢ ᠠᠪᠤ ᠠ᠋ ! ᠪᠢ ᠲᠠᠨ ᠢ᠋ ᠬᠤᠳᠠᠯ ᠬᠡᠯᠡᠭᠡᠳ ᠥᠭᠭᠦᠭᠰᠡᠨ ᠮᠥᠩᠭᠥ ᠪᠡᠷ ᠴᠢᠨᠢ ᠼᠢᠷᠺ ᠦᠵᠡᠴᠢᠬᠡᠭᠰᠡᠨ ᠶᠦᠮ᠂ ᠫᠢᠨᠤᠺᠺᠢᠣ᠋ ᠠᠪᠤ ᠳ᠋ᠠᠭᠠᠨ ᠪᠦᠬᠦ ᠦᠨᠡᠨ ᠢ᠋ᠶ᠋ᠡᠨ ᠬᠡᠯᠡᠯ᠎ᠡ᠃ ᠵᠦᠭᠡᠷ ᠳᠡ ᠬᠦᠦ ᠮᠢᠨᠢ ᠪᠢ ᠴᠢᠮ᠎ᠠ ᠶ᠋ᠢ ᠪᠡᠨ ᠠᠭᠤᠴᠢᠯᠠᠯ᠎ᠠ! ᠣᠳᠣ ᠬᠣᠶᠠᠭᠤᠯᠠ ᠡᠨᠳᠡ ᠡᠴᠡ ᠵᠢᠭᠤᠲᠠᠬᠤ ᠬᠡᠷᠡᠭᠲᠡᠢ᠂ ᠶᠠᠭᠠᠬᠢᠵᠤ ᠵᠢᠭᠤᠲᠠᠬᠤ ᠪᠣᠢ? ᠠᠪᠤ ᠠ᠋᠂ ᠲᠠᠨ ᠳ᠋ᠤ᠌ ᠴᠦᠢᠳᠡᠩ ᠪᠠᠢᠭ᠎ᠠ ᠪᠢᠵᠡ ᠳᠡ ? ᠲᠡᠢᠮᠦ ᠠ᠋᠂ ᠪᠠᠰᠠ ᠡᠨᠳᠡ ᠪᠢᠳᠡᠨ ᠳ᠋ᠦ᠍ ᠰᠦᠢᠷᠡᠭᠰᠡᠨ ᠵᠠᠪᠢᠨ ᠤ᠋ ᠦᠯᠡᠳᠡᠭᠳᠡᠯ ᠶᠡᠬᠡ ᠪᠠᠢᠨ᠎ᠠ᠃ ᠲᠡᠢᠮᠦ ᠠ᠋ ᠪᠢ ᠡᠨᠡ ᠮᠣᠳᠣ ᠶ᠋ᠢ ᠰᠢᠲᠠᠭᠠᠵᠤ ᠬᠠᠯᠢᠮᠤᠨ ᠤ᠋ ᠵᠠᠯᠭᠢᠭᠰᠠᠨ ᠵᠢᠭᠠᠰᠤ ᠨᠤᠭᠤᠳ ᠢ᠋ ᠰᠢᠷᠠᠳᠠᠭ᠂ ᠲᠡᠭᠡᠵᠦ ᠯᠡ ᠪᠢ ᠤᠳᠠᠭᠠᠨ ᠠᠮᠢᠳᠤ ᠶᠠᠪᠤᠭᠰᠠᠨ ᠰᠢᠦ ᠳᠡ ! ᠵᠠ ᠲᠡᠭᠡᠪᠡᠯ ᠬᠣᠶᠠᠭᠤᠯᠠ ᠪᠠᠨ ᠡᠨᠳᠡ ᠪᠠᠢᠭ᠎ᠠ ᠪᠦᠬᠦ ᠮᠣᠳᠣ ᠶ᠋ᠢ ᠰᠢᠲᠠᠭᠠᠵᠤ ᠡᠴᠦᠰ ᠲᠦ᠍ ᠨᠢ ᠤᠲᠤᠭ᠎ᠠ ᠬᠣᠭᠣᠯᠠᠢ ᠬᠠᠮᠠᠷ ᠲᠤ᠌ ᠨᠢ ᠬᠦᠷᠦᠨ᠎ᠡ᠂ ᠲᠡᠢᠮᠦ ᠪᠢᠵᠡ ᠳᠡ ᠂ ᠰᠠᠢᠬᠠᠨ ᠰᠠᠨᠠᠭ᠎ᠠ ᠪᠠᠢᠨ᠎ᠠ᠂ ᠫᠢᠨᠤᠺᠺᠢᠣ᠋ ᠠᠪᠤ ᠨᠢ ᠠᠯᠢ ᠡᠷᠲᠡ ᠢᠩᠭᠢᠬᠦ ᠶᠣᠰᠣᠲᠠᠢ ᠪᠠᠢᠭᠰᠠᠨ ᠶᠤᠮ᠃ ᠠᠪᠤ ᠬᠦᠦ ᠬᠣᠶᠠᠷ ᠶᠡᠬᠡ ᠮᠣᠳᠣ ᠬᠤᠷᠢᠶᠠᠵᠤ ᠪᠠᠢᠭᠠᠳ ᠰᠢᠲᠠᠭᠠᠯ᠎ᠠ᠃ ᠭᠠᠯ ᠠ᠋ᠴᠠ ᠶᠡᠬᠡ ᠳᠥᠯᠥ ᠬᠠᠷ᠎ᠠ ᠤᠲᠤᠭ᠎ᠠ ᠭᠠᠷᠪᠠ᠃ ᠬᠠᠯᠢᠮᠤᠨ ᠤ᠋ ᠭᠡᠳᠡᠰᠦᠨ ᠳᠣᠲᠣᠷ᠎ᠠ ᠰᠢᠲᠠᠵᠤ ᠪᠠᠢᠭ᠎ᠠ ᠨᠢ ᠮᠡᠳᠡᠷᠡᠭᠳᠡᠵᠦ ᠡᠬᠢᠯᠡᠪᠡ᠃
ᠬᠠᠯᠢᠮᠤ ᠬᠠᠨᠢᠶᠠᠬᠤ ᠳ᠋ᠠᠭᠠᠨ ᠵᠢᠫᠢᠲ᠋ᠣ᠋ ᠫᠢᠨᠤᠺᠺᠢᠣ᠋ ᠬᠣᠶᠠᠷ ᠢ᠋ ᠠᠮᠠᠨ ᠠ᠋ᠴᠠ ᠪᠠᠨ ᠭᠠᠷᠭᠠᠪᠠ᠃ ᠲᠡᠷᠡ ᠬᠣᠶᠠᠷ ᠡᠷᠭᠢ ᠤᠷᠤᠭᠤ ᠰᠡᠯᠢᠵᠦ ᠭᠠᠷᠤᠯ᠎ᠠ᠂ ᠫᠢᠨᠤᠺᠺᠢᠣ᠋ ᠴᠢ ᠨᠠᠮ᠎ᠠ ᠶ᠋ᠢ ᠠᠪᠤᠷᠠᠯ᠎ᠠ᠃ ᠪᠢ ᠪᠣᠯ ᠲᠠᠨ ᠤ᠋ ᠬᠦᠦ ᠲᠠᠨ ᠢ᠋ ᠬᠠᠮᠠᠭᠠᠯᠠᠬᠤ ᠨᠢ ᠮᠢᠨᠦ ᠡᠭᠦᠷᠭᠡ᠂᠂ ᠣᠮ ᠁ᠠᠪᠤ ᠨᠢ ᠬᠦᠦ ᠪᠡᠷ ᠢ᠋ᠶ᠋ᠡᠨ ᠪᠠᠬᠠᠷᠬᠠᠵᠤ ᠪᠠᠢᠨ᠎ᠠ᠃ ᠲᠡᠷᠡ ᠦᠶ᠎ᠡ ᠰᠢᠳᠢᠲᠦ ᠳᠠᠭᠢᠨᠢ ᠭᠠᠷᠴᠤ ᠢᠷᠡᠯ᠎ᠡ᠃ ᠫᠢᠨᠤᠺᠺᠢᠣ᠋ ᠡᠴᠦᠰ ᠦ᠋ᠨ ᠡᠴᠦᠰ ᠲᠦ᠍ ᠴᠢ ᠰᠠᠢᠨ ᠬᠦᠦ ᠭᠡᠳᠡᠭ ᠢ᠋ᠶ᠋ᠡᠨ ᠪᠠᠲᠤᠯᠠᠯ᠎ᠠ᠃ ᠴᠢ ᠠᠪᠤ ᠶ᠋ᠢ ᠪᠡᠨ ᠠᠪᠤᠷᠠᠯ᠎ᠠ ᠰᠢᠦ ᠳᠡ ᠃ ᠬᠡᠯᠡᠵᠦ ᠪᠠᠢᠭᠰᠠᠨ ᠶᠣᠰᠣ ᠪᠠᠷ ᠢ᠋ᠶ᠋ᠠᠨ ᠪᠢ ᠴᠢᠮ᠎ᠠ ᠳ᠋ᠤ᠌ ᠣᠨᠴᠣᠭᠣᠢ ᠪᠡᠯᠡᠭ ᠥᠭᠴᠦ ᠪᠠᠢᠨ᠎ᠠ᠃ ᠳᠠᠭᠢᠨᠢ ᠰᠢᠳᠢᠲᠦ ᠳᠣᠬᠢᠭᠤᠷ ᠢ᠋ᠶ᠋ᠠᠨ ᠫᠢᠨᠤᠺᠺᠢᠣ᠋ ᠳᠡᠭᠡᠷ᠎ᠡ ᠳᠣᠬᠢᠯ᠎ᠠ᠃ ᠠ ᠁ᠨᠢᠭᠡ ᠶᠠᠭᠤᠮ᠎ᠠ ᠴᠣᠬᠢᠯᠠᠭᠠᠳ ᠪᠠᠢᠨ᠎ᠠ᠃ ᠪᠠᠰᠠ ᠮᠢᠨᠦ ᠠᠷᠠᠰᠤ᠂ ᠪᠢ ᠬᠥᠮᠦᠨ ᠪᠣᠯᠴᠢᠬᠠᠵᠠᠢ! ᠮᠢᠨᠦ ᠵᠢᠷᠦᠬᠡ ᠴᠣᠬᠢᠯᠠᠵᠤ ᠪᠠᠢᠨ᠎ᠠ᠃
ᠠ᠋᠁ ᠳᠠᠭᠢᠨᠢ ᠮᠢᠨᠢ᠂ ᠲᠠ ᠨᠠᠳᠠ ᠳ᠋ᠤ᠌ ᠬᠦᠦ ᠪᠡᠯᠡᠭᠯᠡᠯ᠎ᠡ᠃ ᠲᠠᠨ ᠤ᠋ ᠰᠠᠢᠬᠠᠨ ᠰᠡᠳᠬᠢᠯ ᠳ᠋ᠦ᠍ ᠲᠠᠯᠠᠷᠬᠠᠶ᠎ᠠ! ᠲᠠᠨ ᠤ᠋ ᠰᠠᠢᠨ ᠦᠢᠯᠡᠰ ᠦ᠋ᠨ ᠲᠥᠯᠥᠭᠡ ᠡᠨᠡ ᠰᠠᠢᠨ ᠦᠢᠯᠡᠰ ᠪᠦᠲᠦᠭᠡᠵᠦ ᠶᠠᠪᠤᠭ᠎ᠠ ᠴᠠᠭ ᠲᠤ᠌ ᠡᠨᠡ ᠣᠷᠴᠢᠯᠠᠩ ᠦᠷᠭᠦᠯᠵᠢ ᠢᠪᠡᠭᠡᠯ ᠢ᠋ᠶ᠋ᠡᠨ ᠬᠠᠢᠷᠠᠯᠠᠵᠤ ᠪᠠᠢᠳᠠᠭ ᠶᠤᠮ᠃ ᠲᠡᠷᠡ ᠴᠠᠭ ᠠ᠋ᠴᠠ ᠬᠣᠢᠰᠢ ᠫᠢᠨᠤᠺᠺᠢᠣ᠋᠂ ᠵᠢᠫᠢᠲ᠋ᠣ᠋ ᠬᠣᠶᠠᠷ ᠠᠵᠠ ᠵᠢᠷᠭᠠᠯ ᠲᠠᠢ ᠠᠮᠢᠳᠤᠷᠠᠵᠤ ᠬᠡᠦᠬᠡᠳ ᠦ᠋ᠳ ᠲᠦ᠍ ᠵᠣᠷᠢᠭᠤᠯᠵᠤ ᠤᠯᠠᠮ ᠶᠡᠬᠡ ᠭᠣᠶᠣ ᠲᠣᠭᠯᠠᠭᠠᠮ ᠬᠢᠬᠦ ᠪᠣᠯᠵᠠᠢ᠃

   ᠦᠰᠦᠭ ᠠᠮᠢᠯᠠᠭᠤᠯᠤᠭᠰᠠᠨ ᠨᠢ ᠄ ᠭᠡᠷᠡᠯᠴᠢᠮᠡᠭ
   ᠦᠰᠦᠭ ᠬᠠᠲᠠᠭᠰᠠᠨ ᠨᠢ ᠄ ᠭᠠᠸᠠ 
   ᠦᠰᠦᠭ ᠬᠢᠨᠠᠭᠴᠢ ᠄ ᠢᠷᠡᠭᠡᠳᠦᠢ᠂ᠬᠠᠨᠳᠠᠵᠠᠪ  ᠤᠷᠠᠨᠲᠠᠨ᠎ᠠ