ᠠᠷᠪᠠᠨ ᠬᠣᠶᠠᠷ ᠪᠦᠵᠢᠭᠴᠢᠨ ᠭᠦᠩᠵᠦбүжигчин гүнж_Dancing Princess
ᠠᠷᠪᠠᠨ ᠬᠣᠶᠠᠷ ᠪᠦᠵᠢᠭᠴᠢᠨ ᠭᠦᠩᠵᠦ
ᠡᠷᠲᠡ ᠤᠷᠢᠳᠤ ᠶ᠋ᠢᠨ ᠴᠠᠭ ᠲᠤ᠌ ᠠᠷᠪᠠᠨ ᠬᠣᠶᠠᠷ ᠥᠬᠢᠨ ᠲᠡᠢ ᠨᠢᠭᠡᠨ ᠬᠠᠭᠠᠨ ᠪᠠᠢᠵᠠᠢ᠃ ᠠᠷᠪᠠᠨ ᠬᠣᠶᠠᠷ ᠭᠦᠩᠵᠦ ᠭᠡᠰᠡᠨ ᠦᠭᠡ ᠰᠢᠦ ᠳᠡ᠂ ᠪᠦᠭᠦᠳᠡ ᠨᠢᠭᠡ ᠨᠢ ᠨᠥᠭᠦᠭᠡ ᠡᠴᠡ ᠪᠡᠨ ᠢᠯᠡᠭᠦᠦ ᠬᠥᠭᠡᠷᠦᠬᠦᠨ᠂ᠪᠦᠭᠦᠳᠡ ᠵᠠᠯᠠᠭᠤ ᠪᠦᠰᠡᠭᠦᠢᠴᠦᠳ ᠪᠣᠯᠵᠠᠢ᠃ ᠬᠠᠭᠠᠨ ᠭᠦᠩᠵᠦ ᠨᠠᠷ ᠢ᠋ᠶ᠋ᠠᠨ ᠭᠡᠷᠯᠡᠭᠦᠯᠬᠦ ᠠᠷᠭ᠎ᠠ ᠪᠣᠳᠣᠵᠤ ᠣᠯᠵᠠᠢ᠃ ᠭᠡᠪᠡᠴᠦ ᠤᠳᠠᠯ ᠦᠭᠡᠢ ᠬᠠᠭᠠᠨ ᠠᠷᠪᠠᠨ ᠬᠣᠶᠠᠷ ᠭᠦᠩᠵᠦ ᠨᠢ ᠰᠥᠨᠢᠵᠢᠨ ᠪᠥᠵᠢᠭᠯᠡᠳᠡᠭ ᠪᠣᠯᠬᠤ ᠶ᠋ᠢ ᠣᠯᠵᠤ ᠮᠡᠳᠡᠯ᠎ᠡ᠃ ᠲᠡᠳᠡᠨ ᠦ᠌ ᠬᠠᠮᠢᠭ᠎ᠠ ᠣᠴᠢᠭᠰᠠᠨ ᠢ᠋ ᠰᠢᠯᠲᠦᠭᠡᠨ ᠳ᠋ᠦ᠍ ᠮᠡᠳᠡᠬᠦ ᠬᠥᠮᠦᠨ ᠪᠠᠢᠭᠰᠠᠨ ᠦᠭᠡᠢ᠃ ᠬᠠᠭᠠᠨ ᠤ᠋ ᠰᠠᠨᠠᠭ᠎ᠠ ᠵᠣᠪᠠᠯ᠎ᠠ᠃ ᠲᠡᠷᠡ ᠭᠦᠩᠵᠦ ᠨᠠᠷ ᠢ᠋ᠶ᠋ᠠᠨ ᠭᠠᠳᠠᠭᠰᠢ ᠨᠢ ᠭᠠᠷᠭᠠᠬᠤ ᠦᠭᠡᠢ ᠭᠡᠵᠦ ᠬᠠᠭᠠᠯᠭ᠎ᠠ ᠶ᠋ᠢ ᠨᠢ ᠴᠣᠣᠵᠢᠯᠠᠳᠠᠭ ᠪᠠᠢᠵᠠᠢ᠃ ᠭᠡᠪᠡᠴᠦ ᠭᠦᠩᠵᠦ ᠨᠠᠷ ᠤ᠋ᠨ ᠭᠤᠲᠤᠯ ᠴᠣᠭᠣᠷᠠᠭᠰᠠᠨ ᠢ᠋ ᠬᠠᠷᠠᠭᠠᠳ ᠪᠦᠬᠦ ᠬᠢᠴᠢᠶᠡᠯ ᠵᠢᠳᠬᠦᠯ ᠨᠢ ᠲᠠᠯᠠᠭᠠᠷ ᠪᠣᠯᠤᠭᠰᠠᠨ ᠢ᠋ ᠬᠠᠭᠠᠨ ᠮᠡᠳᠡᠯ᠎ᠡ᠃ ᠬᠠᠭᠠᠨ ᠤ᠋ ᠰᠠᠨᠠᠭ᠎ᠠ ᠵᠣᠪᠠᠵᠤ ᠨᠢᠭᠡᠨ ᠮᠡᠳᠡᠭᠳᠡᠯ ᠭᠠᠷᠭᠠᠵᠠᠢ᠃
《 ᠭᠦᠩᠵᠦ ᠨᠠᠷ ᠤ᠋ᠨ ᠪᠥᠵᠢᠭ ᠦ᠋ᠨ ᠲᠠᠯ᠎ᠠ ᠪᠠᠷ ᠬᠢ ᠨᠢᠭᠤᠴᠠ ᠶ᠋ᠢ ᠣᠯᠵᠤ ᠮᠡᠳᠡᠭᠰᠡᠨ ᠬᠡᠨ ᠪᠣᠯᠪᠠᠴᠤ ᠬᠦᠰᠡᠭᠰᠡᠨ ᠭᠦᠩᠵᠦ ᠲᠡᠢ ᠪᠡᠨ ᠭᠡᠷᠯᠡᠬᠦ ᠪᠣᠯᠣᠮᠵᠢᠲᠠᠢ ᠪᠣᠯᠵᠤ᠂ ᠲᠡᠭᠡᠭᠡᠳ ᠪᠠᠰᠠ ᠨᠠᠮ᠎ᠠ ᠶ᠋ᠢ ᠦᠬᠦᠭᠰᠡᠨ ᠦ᠌ ᠳᠠᠷᠠᠭ᠎ᠠ ᠬᠠᠭᠠᠨ ᠪᠣᠯᠤᠨ᠎ᠠ ᠭᠡᠰᠡᠨ ᠦᠭᠡ᠂ ᠭᠡᠪᠡᠴᠦ ᠲᠡᠷᠡ ᠬᠥᠮᠦᠨ ᠭᠤᠷᠪᠠ ᠬᠣᠨᠣᠭ ᠤ᠋ᠨ ᠳᠣᠲᠣᠷ᠎ᠠ ᠨᠢᠭᠤᠴᠠ ᠶ᠋ᠢ ᠣᠯᠵᠤ ᠴᠢᠳᠠᠬᠤ ᠦᠭᠡᠢ ᠪᠣᠯ ᠠᠮᠢ ᠪᠠᠨ ᠠᠯᠳᠠᠨ᠎ᠠ ᠭᠡᠰᠡᠨ ᠦᠭᠡ
ᠰᠢᠦ》
ᠡᠨᠡ ᠮᠡᠳᠡᠭᠡ ᠰᠠᠯᠬᠢ ᠮᠡᠲᠦ ᠲᠠᠷᠬᠠᠵᠤ ᠤᠳᠠᠯ ᠦᠭᠡᠢ ᠨᠢᠭᠡᠨ ᠬᠠᠨ ᠬᠦᠦ ᠭᠦᠩᠵᠦ ᠨᠠᠷ ᠤ᠋ᠨ ᠨᠢᠭᠤᠴᠠ ᠶ᠋ᠢ ᠣᠯᠵᠤ ᠮᠡᠳᠡᠬᠦ ᠪᠡᠷ ᠵᠣᠷᠢᠭ ᠰᠢᠯᠤᠭᠤᠳᠪᠠ᠃
《ᠪᠢ ᠪᠣᠯ ᠲᠠᠨ ᠤ᠋ ᠬᠦᠷᠰᠢ ᠬᠠᠭᠠᠨᠲᠤ ᠤᠯᠤᠰ ᠤ᠋ᠨ ᠬᠠᠨ ᠬᠦᠦ ᠪᠠᠢᠨ᠎ᠠ᠂ ᠪᠠᠰᠠ ᠪᠢ ᠭᠦᠩᠵᠦ ᠨᠠᠷ ᠤ᠋ᠨ ᠨᠢᠭᠤᠴᠠ ᠶ᠋ᠢ ᠣᠯᠵᠤ ᠮᠡᠳᠡᠬᠦ ᠪᠡᠷ ᠡᠨᠳᠡ ᠬᠦᠷᠦᠯᠴᠡᠨ ᠢᠷᠡᠯ᠎ᠡ》
ᠲᠡᠭᠦᠨ ᠢ᠋ ᠬᠠᠭᠠᠨ ᠤ᠋ ᠣᠷᠳᠣᠨ ᠬᠠᠯᠠᠭᠤᠨ ᠳᠣᠲᠣᠨᠣ ᠪᠠᠷ ᠬᠦᠯᠢᠶᠡᠵᠦ ᠠᠪᠤᠯ᠎ᠠ᠂ ᠣᠷᠣᠢ ᠶ᠋ᠢᠨ ᠵᠣᠭᠣᠭ ᠤ᠋ᠨ ᠳᠠᠷᠠᠭ᠎ᠠ ᠬᠠᠨ ᠬᠦᠦ ᠳ᠋ᠦ᠍ ᠤᠨᠲᠠᠬᠤ ᠥᠷᠭᠥᠭᠡ ᠭᠠᠷᠭᠠᠵᠤ ᠥᠭᠪᠡ᠃ ᠲᠡᠷᠡ ᠥᠷᠭᠥᠭᠡ ᠭᠦᠩᠵᠦ ᠨᠠᠷ ᠤ᠋ᠨ ᠥᠷᠭᠥᠭᠡ ᠶ᠋ᠢᠨ ᠳᠡᠷᠭᠡᠳᠡ ᠪᠠᠢᠳᠠᠭ᠃ ᠲᠡᠭᠦᠨ ᠦ᠌ ᠣᠷᠣ ᠶ᠋ᠢ ᠭᠦᠩᠵᠦ ᠨᠠᠷ ᠢ᠋ ᠬᠠᠮᠢᠭ᠎ᠠ ᠣᠴᠢᠵᠤ ᠪᠥᠵᠢᠭᠯᠡᠳᠡᠭ ᠢ᠋ ᠰᠢᠭᠤᠳ ᠬᠠᠷᠠᠵᠤ ᠪᠣᠯᠬᠤ ᠪᠠᠷ ᠭᠠᠵᠠᠷ ᠲᠤ ᠲᠠᠯᠪᠢᠵᠠᠢ᠃ ᠭᠦᠩᠵᠦ ᠨᠠᠷ ᠤ᠋ᠨ ᠦᠷᠭᠦᠭᠡᠨ ᠦ᠌ ᠬᠠᠭᠠᠯᠭ᠎ᠠ ᠶ᠋ᠢ ᠨᠡᠭᠡᠭᠡᠯᠲᠡ ᠲᠡᠢ ᠣᠷᠬᠢᠯ᠎ᠠ. ᠬᠠᠨ ᠬᠦᠦ ᠦᠷᠭᠦᠭᠡᠨ ᠳ᠋ᠦ᠍ ᠪᠡᠨ ᠪᠠᠢᠪᠠ᠃ ᠬᠣᠶᠠᠷ ᠭᠦᠩᠵᠦ ᠲᠡᠭᠦᠨ ᠳᠡᠭᠡᠷ᠎ᠡ ᠢᠷᠡᠵᠦ ᠬᠤᠨᠳᠠᠭ᠎ᠠ ᠳᠠᠷᠠᠰᠤ ᠪᠠᠷᠢᠯ᠎ᠠ᠃ ᠬᠠᠨ ᠬᠦᠦ ᠳᠠᠷᠠᠰᠤ ᠤᠤᠭᠤᠭᠠᠳ ᠭᠦᠩᠵᠦ ᠨᠠᠷ ᠶᠠᠭᠤ ᠬᠢᠳᠡᠭ ᠢ᠋ ᠠᠵᠢᠭᠯᠠᠵᠤ ᠡᠬᠢᠯᠡᠯ᠎ᠡ᠂ ᠲᠡᠷᠡ ᠬᠡᠰᠡᠭ ᠰᠠᠭᠤᠭᠠᠳ ᠲᠣᠯᠣᠭᠠᠢ ᠨᠢ ᠬᠦᠨᠳᠦᠷᠡᠵᠦ ᠨᠠᠮ ᠤᠨᠲᠠᠭᠠᠳ ᠥᠭᠭᠦᠯ᠎ᠡ᠃ ᠥᠷᠯᠥᠭᠡ ᠰᠡᠷᠡᠲᠡᠯ᠎ᠡ ᠭᠦᠩᠵᠦ ᠨᠠᠷ ᠬᠡᠵᠢᠶᠡᠨ ᠦ᠌ ᠪᠥᠵᠢᠭᠯᠡᠭᠡᠳ ᠠᠮᠵᠢᠭᠰᠠᠨ ᠪᠠᠢᠪᠠ᠃ ᠳᠠᠷᠠᠭ᠎ᠠ ᠶ᠋ᠢᠨ ᠬᠣᠶᠠᠷ ᠰᠥᠨᠢ ᠴᠤ᠌ ᠪᠠᠰᠠ ᠯᠠ ᠡᠢᠮᠦ ᠶᠠᠭᠤᠮ᠎ᠠ ᠪᠣᠯᠤᠯ᠎ᠠ᠂ ᠳᠥᠷᠪᠡᠳᠡᠬᠢ ᠡᠳᠦᠷ ᠨᠢ ᠬᠠᠨ ᠬᠦᠦ ᠬᠠᠭᠠᠨᠲᠠᠨ ᠳ᠋ᠤ᠌ ᠬᠠᠷᠢᠭᠤᠯᠲᠠ ᠣᠯᠵᠤ ᠥᠭᠴᠦ ᠴᠢᠳᠠᠭ᠎ᠠ ᠦᠭᠡᠢ ᠤᠴᠢᠷ ᠬᠠᠭᠠᠨ ᠶᠠᠮᠠᠷ ᠴᠤ᠌ ᠥᠷᠥᠰᠢᠶᠡᠯ ᠦᠭᠡᠢ ᠴᠠᠭᠠᠵᠠ ᠪᠠᠷ ᠠᠪᠴᠢᠬᠠᠪᠠ᠃ ᠳᠠᠷᠠᠭ᠎ᠠ ᠨᠢ ᠣᠯᠠᠨ ᠬᠥᠮᠦᠨ ᠡᠨᠡ ᠦᠢᠯᠡᠰ ᠦ᠋ᠨ ᠲᠥᠯᠥᠭᠡ ᠵᠣᠷᠢᠭ ᠰᠢᠯᠤᠭᠤᠳᠤᠭᠰᠠᠨ ᠴᠤ᠌ ᠪᠦᠭᠦᠳᠡ ᠨᠢᠭᠤᠴᠠ ᠶ᠋ᠢ ᠣᠯᠵᠤ ᠴᠢᠳᠠᠭᠰᠠᠨ ᠦᠭᠡᠢ᠂ ᠬᠠᠭᠠᠨ ᠪᠦᠭᠦᠳᠡ ᠶ᠋ᠢᠨ ᠬᠢᠨᠢ ᠲᠣᠯᠣᠭᠠᠢ ᠶ᠋ᠢ ᠠᠪᠤᠯ᠎ᠠ᠃ ᠬᠠᠭᠠᠨ ᠲᠣᠯᠣᠭᠠᠢ ᠶ᠋ᠢ ᠨᠢ ᠠᠪᠴᠤ ᠪᠠᠢᠭ᠎ᠠ ᠳ᠋ᠤ᠌ ᠪᠠᠨ ᠪᠠᠶᠠᠷᠯᠠᠭ᠎ᠠ ᠦᠭᠡᠢ᠂ ᠪᠠᠰᠠ ᠲᠡᠭᠦᠨ ᠳ᠋ᠦ᠍ ᠭᠦᠩᠵᠦ ᠨᠠᠷ ᠤ᠋ᠨ ᠪᠥᠵᠢᠭ ᠦ᠋ᠨ ᠨᠢᠭᠤᠴᠠ ᠶ᠋ᠢ ᠣᠯᠵᠤ ᠴᠢᠳᠠᠬᠤ ᠦᠭᠡᠢ ᠭᠡᠵᠦ ᠬᠡᠯᠡᠵᠡᠢ᠃
ᠡᠵᠡᠨᠲᠦ ᠭᠦᠷᠦᠨ ᠳ᠋ᠦ᠍ ᠭᠡᠮᠲᠦᠯ ᠠᠪᠤᠭᠰᠠᠨ ᠠ᠋ᠴᠠ ᠪᠠᠨ ᠪᠣᠯᠤᠭᠠᠳ ᠴᠡᠷᠢᠭ ᠡᠴᠡ ᠭᠠᠷᠤᠭᠰᠠᠨ ᠨᠢᠭᠡᠨ ᠴᠡᠷᠢᠭ ᠪᠠᠢᠵᠠᠢ᠃ ᠠᠮᠢᠳᠤᠷᠠᠯ ᠳ᠋ᠤ᠌ ᠪᠠᠨ ᠬᠢᠬᠦ ᠶᠠᠭᠤᠮ᠎ᠠ ᠦᠭᠡᠢ ᠪᠣᠯᠤᠭᠰᠠᠨ ᠲᠡᠷᠡ ᠬᠠᠭᠠᠨ ᠤ᠋ ᠣᠷᠳᠣᠨ ᠤᠷᠤᠭᠤ ᠶᠠᠪᠤᠬᠤ ᠪᠠᠷ ᠰᠢᠢᠳᠦᠯ᠎ᠡ᠂ ᠨᠡᠢᠰᠯᠡᠯ ᠤᠷᠤᠭᠤ ᠶᠠᠪᠤᠬᠤ ᠵᠠᠮ ᠳ᠋ᠤ᠌ ᠪᠠᠨ ᠲᠡᠷᠡ ᠨᠢᠭᠡᠨ ᠡᠮᠡᠭᠡᠨ ᠳ᠋ᠦ᠍ ᠲᠤᠰᠠᠯᠠᠵᠠᠢ᠃ ᠡᠮᠡᠭᠡᠨ ᠲᠡᠭᠦᠨ ᠳ᠋ᠦ᠍ ᠲᠠᠯᠠᠷᠬᠠᠭᠠᠳ ᠢᠩᠭᠢᠵᠦ ᠠᠰᠠᠭᠤᠪᠠ᠄《ᠬᠠᠮᠢᠭᠠᠰᠢ ᠪᠠᠨ ᠶᠠᠪᠤᠵᠤ ᠪᠠᠢᠭ᠎ᠠ ᠶᠤᠮ?》
《 ᠮᠡᠳᠡᠬᠦ ᠦᠭᠡᠢ᠂ ᠬᠠᠭᠠᠨ ᠤ᠋ ᠣᠷᠳᠣᠨ ᠤᠷᠤᠭᠤ ᠯᠠ ᠶᠠᠪᠤᠳᠠᠭ ᠶᠤᠮ ᠤᠤ ᠭᠡᠳ ᠶᠠᠪᠤᠵᠤ ᠯᠠ ᠪᠠᠢᠨ᠎ᠠ》
《 ᠦ᠂ ᠭᠦᠩᠵᠦ ᠨᠠᠷ ᠤ᠋ᠨ ᠲᠥᠯᠥᠭᠡ ᠤᠤ?》
《 ᠦᠭᠡᠢ᠂ ᠭᠦᠩᠵᠦ ᠨᠠᠷ ᠶᠠᠮᠠᠷ ᠬᠠᠮᠢᠶᠠᠲᠠᠢ ᠶᠤᠮ ᠪᠣᠢ?》
《ᠬᠠᠭᠠᠨ ᠤ᠋ ᠵᠠᠷᠯᠠᠯ ᠤ᠋ᠨ ᠲᠠᠯ᠎ᠠ ᠪᠠᠷ ᠮᠡᠳᠡᠭᠡ ᠦᠭᠡᠢ ᠶᠦ᠍ᠮ ᠤᠤ?》
《 ᠠ᠁ ᠪᠢ ᠲᠡᠷᠡ ᠲᠠᠯ᠎ᠠ ᠪᠠᠷ ᠰᠣᠨᠣᠰᠤᠭᠰᠠᠨ ᠭᠡᠬᠦ ᠳ᠋ᠦ᠍ ᠪᠡᠨ ᠪᠢ ᠲᠡᠭᠡᠵᠦ ᠵᠣᠷᠢᠭᠯᠠᠪᠠᠯ ᠠᠮᠢ ᠪᠠᠨ ᠠᠯᠳᠠᠬᠤ ᠪᠠᠢᠬᠤ ᠭᠡᠵᠦ ᠪᠣᠳᠣᠵᠤ ᠪᠠᠢᠨ᠎ᠠ ᠯᠠ ᠳᠠ᠂ ᠦᠵᠡᠭᠡᠳ ᠠᠯᠳᠠᠭᠰᠠᠨ ᠣᠯᠠᠨ ᠬᠥᠮᠦᠨ ᠦ᠌ ᠠᠳᠠᠯᠢ ᠪᠠᠷ》
《ᠣᠷᠣᠨ ᠳ᠋ᠤ᠌ ᠪᠠᠨ ᠣᠷᠣᠬᠤ ᠶ᠋ᠢᠨ ᠴᠢᠨᠢ ᠡᠮᠦᠨ᠎ᠡ ᠥᠭᠬᠦ ᠳᠠᠷᠠᠰᠤ ᠶ᠋ᠢ ᠯᠡ ᠤᠤᠭᠤᠵᠤ ᠪᠣᠯᠬᠤ ᠦᠭᠡᠢ ᠲᠡᠭᠡᠭᠡᠳ ᠤᠨᠲᠠᠭᠰᠠᠨ ᠳᠦᠷᠢ ᠡᠰᠬᠡ》
ᠡᠮᠡᠭᠡᠨ ᠢᠩᠭᠢᠵᠦ ᠬᠡᠯᠡᠭᠡᠳ ᠨᠢᠭᠡᠨ ᠨᠥᠮᠥᠷᠭᠡ ᠥᠭᠴᠡᠢ᠃
《ᠡᠨᠡ ᠨᠥᠮᠥᠷᠭᠡ ᠶ᠋ᠢ ᠨᠥᠮᠥᠷᠪᠡᠯ ᠴᠢ ᠦᠯᠦ ᠦᠵᠡᠭᠳᠡᠭᠴᠢ ᠪᠣᠯᠤᠨ᠎ᠠ᠃ ᠲᠡᠷᠡ ᠠᠷᠪᠠᠨ ᠬᠣᠶᠠᠷ ᠭᠦᠩᠵᠦ ᠶ᠋ᠢ ᠳᠠᠭᠠᠬᠤ ᠳ᠋ᠤ᠌ ᠴᠢᠨᠢ ᠲᠤᠰᠠᠯᠠᠬᠤ ᠪᠣᠯᠤᠨ᠎ᠠ》
ᠲᠡᠷᠡ ᠭᠡᠷ ᠦ᠋ᠨ ᠨᠥᠭᠦᠭᠡ ᠡᠮᠡᠭᠲᠡᠢ ᠳ᠋ᠦ᠍ ᠪᠠᠶᠠᠷᠯᠠᠭᠰᠠᠨ ᠢ᠋ᠶ᠋ᠠᠨ ᠬᠡᠯᠡᠭᠡᠳ ᠰᠢᠯᠲᠦᠭᠡᠨ ᠢ᠋ ᠵᠣᠷᠢᠯ᠎ᠠ᠃ ᠬᠠᠭᠠᠨ ᠲᠡᠭᠦᠨ ᠢ᠋ ᠴᠤ᠌ ᠤᠭᠲᠤᠵᠤ ᠠᠪᠴᠠᠢ᠃ ᠴᠡᠷᠢᠭ ᠢ᠋ ᠪᠤᠰᠤᠳ ᠲᠠᠢ ᠠᠳᠠᠯᠢ ᠳᠠᠢᠯᠠᠵᠤ ᠴᠡᠢᠯᠡᠯᠡ᠃ ᠦᠳᠡᠰᠢ ᠪᠣᠯᠬᠤ ᠳ᠋ᠤ᠌ ᠲᠡᠭᠦᠨ ᠢ᠋ ᠭᠦᠩᠵᠦ ᠨᠠᠷ ᠤ᠋ᠨ ᠦᠷᠭᠦᠭᠡᠨ ᠦ᠌ ᠳᠡᠷᠭᠡᠳᠡᠬᠢ ᠦᠷᠭᠦᠭᠡᠨ ᠳ᠋ᠦ᠍ ᠣᠷᠣᠭᠤᠯᠤᠯ᠎ᠠ᠂ ᠬᠡᠰᠡᠭ ᠬᠤᠭᠤᠴᠠᠭᠠᠨ ᠤ᠋ ᠳᠠᠷᠠᠭ᠎ᠠ ᠤᠤᠭᠠᠨ ᠭᠦᠩᠵᠦ ᠴᠡᠷᠢᠭ ᠦ᠋ᠨ ᠥᠷᠥᠭᠡᠨ ᠳ᠋ᠦ᠍ ᠣᠷᠣᠵᠤ ᠢᠷᠡᠯ᠎ᠡ᠃
《ᠰᠠᠢᠨ ᠪᠠᠢᠨ᠎ᠠ ᠤᠤ? ᠭᠦᠩᠵᠦ ᠮᠢᠨᠢ》
《 ᠰᠠᠢᠨ᠂ ᠪᠢ ᠲᠠᠨ ᠳ᠋ᠤ᠌ ᠳᠠᠷᠠᠰᠤ ᠠᠪᠴᠢᠷᠠᠯ᠎ᠠ ᠪᠢᠳᠡ ᠪᠦᠭᠦᠳᠡ ᠶ᠋ᠢᠨ ᠨᠠᠢᠷᠰᠠᠭ ᠵᠠᠩ ᠤ᠋ᠨ ᠪᠡᠯᠡᠭ ᠢ᠋ ᠬᠦᠯᠢᠶᠡᠵᠦ ᠠᠪᠤᠨ᠎ᠠ ᠤᠤ?》
ᠴᠡᠷᠢᠭ ᠡᠨᠡ ᠲᠠᠯ᠎ᠠ ᠪᠠᠷ ᠮᠡᠳᠡᠵᠦ ᠪᠠᠢᠯ᠎ᠠ᠂ ᠳᠠᠷᠠᠰᠤ ᠶ᠋ᠢ ᠪᠦᠭᠦᠳᠡ ᠶ᠋ᠢ ᠠᠮᠠᠨ ᠳ᠋ᠤ᠌ ᠪᠠᠨ ᠬᠢᠭᠰᠡᠨ ᠴᠦ᠍ ᠵᠠᠯᠭᠢᠭᠰᠠᠨ ᠦᠭᠡᠢ ᠠᠮᠠᠨ ᠳᠣᠣᠷ᠎ᠠ ᠪᠠᠨ ᠳᠠᠷᠠᠰᠤ ᠠᠭᠤᠰᠬᠠᠬᠤ ᠳᠠᠪᠤᠤ ᠬᠢᠵᠡᠢ᠃ ᠭᠦᠩᠵᠦ ᠶ᠋ᠢ ᠥᠷᠥᠭᠡᠨ ᠡᠴᠡ ᠭᠠᠷᠤᠭᠰᠠᠨ ᠤ᠋ ᠳᠠᠷᠠᠭ᠎ᠠ ᠳᠠᠪᠤᠤ ᠶ᠋ᠢ ᠭᠠᠷᠭᠠᠭᠠᠳ ᠲᠡᠷᠡ ᠤᠨᠲᠠᠭᠰᠠᠨ ᠳᠦᠷᠢ ᠡᠰᠬᠡᠯᠡ᠃ ᠤᠨᠲᠠᠵᠤ ᠪᠠᠢᠭ᠎ᠠ ᠶ᠋ᠢ ᠨᠢ ᠬᠠᠷᠠᠭᠠᠳ ᠭᠦᠩᠵᠦ ᠨᠠᠷ ᠪᠠᠶᠠᠷᠯᠠᠵᠠᠢ᠃ ᠪᠦᠭᠦᠳᠡ ᠭᠠᠳᠠᠭᠰᠢ ᠪᠠᠨ ᠭᠠᠷᠬᠤ ᠪᠠᠷ ᠭᠤᠶᠤᠵᠤ ᠭᠣᠣᠳᠠᠪᠠ᠃ ᠪᠦᠭᠦᠳᠡ ᠪᠡᠯᠡᠨ ᠪᠣᠯᠬᠤ ᠳ᠋ᠤ᠌ ᠤᠤᠭᠠᠨ ᠭᠦᠩᠵᠦ ᠣᠷᠣ ᠪᠠᠨ ᠲᠣᠭᠰᠢᠲᠠᠯᠠ ᠣᠷᠣ ᠨᠢ ᠭᠠᠵᠠᠷ ᠲᠤ ᠠᠭᠤᠰᠤᠨ ᠠᠯᠠᠭ᠎ᠠ ᠪᠣᠯᠪᠠ᠃ ᠠᠷᠪᠠᠨ ᠬᠣᠶᠠᠷ ᠭᠦᠩᠵᠦ ᠨᠢᠭᠡ ᠨᠢᠭᠡ ᠪᠡᠷ ᠢ᠋ᠶ᠋ᠡᠨ ᠲᠡᠷᠡ ᠨᠦᠬᠡ ᠤᠷᠤᠭᠤ ᠪᠠᠭᠤᠯ᠎ᠠ᠃ ᠴᠡᠷᠢᠭ ᠡᠷ᠎ᠡ ᠡᠭᠦᠨ ᠢ᠋ ᠨᠢ ᠬᠠᠷᠠᠵᠤ ᠪᠠᠢᠪᠠ᠃ ᠲᠡᠷᠡ ᠨᠥᠮᠥᠷᠭᠡ ᠪᠡᠨ ᠨᠥᠮᠥᠷᠦᠭᠡᠳ ᠲᠡᠳᠡᠨ ᠢ᠋ ᠳᠠᠭᠠᠯ᠎ᠠ᠃ ᠴᠡᠷᠢᠭ ᠡᠷ᠎ᠡ ᠤᠳᠬᠤᠨ ᠭᠦᠩᠵᠦ ᠲᠡᠢ ᠬᠠᠮᠲᠤ ᠤᠷᠤᠭᠤᠳᠠᠪᠠ᠃ ᠱᠠᠲᠤᠨ ᠤ᠋ ᠲᠠᠯ᠎ᠠ ᠳ᠋ᠤ᠌ ᠣᠷᠣᠭᠠᠳ ᠤᠳᠬᠤᠨ ᠭᠦᠩᠵᠦ ᠠᠶᠤᠵᠠᠢ᠃
《ᠨᠢᠭᠡ ᠬᠥᠮᠦᠨ ᠨᠠᠳᠠ ᠲᠠᠢ ᠬᠠᠮᠲᠤ ᠶᠠᠪᠤᠭᠠᠳ ᠪᠠᠢᠬᠤ ᠰᠢᠭ᠋ ᠪᠠᠢᠨ᠎ᠠ》
《ᠬᠠᠷᠠᠩᠭᠤᠢ ᠳ᠋ᠤ᠌ ᠠᠯᠬᠤᠬᠤ ᠪᠠᠷ ᠬᠠᠶᠠ ᠲᠡᠭᠡᠵᠦ ᠰᠠᠨᠠᠭᠳᠠᠳᠠᠭ ᠶᠤᠮ ᠠ᠋᠂ ᠶᠠᠪᠤᠵᠠᠭᠠᠶ᠎ᠠ》
ᠴᠡᠷᠢᠭ ᠡᠷ᠎ᠡ ᠲᠡᠭᠦᠨ ᠦ᠌ ᠳᠠᠰᠢᠨᠵᠠ ᠠ᠋ᠴᠠ ᠵᠥᠭᠡᠯᠡᠨ ᠲᠠᠲᠠᠪᠠ᠂ ᠭᠦᠩᠵᠦ ᠪᠦᠷ ᠶᠡᠬᠡ ᠠᠶᠤᠵᠠᠢ᠃
《 ᠨᠢᠭᠡ ᠶᠠᠭᠤᠮ᠎ᠠ ᠮᠢᠨᠦ ᠳᠠᠰᠢᠨᠵᠠᠨ ᠠ᠋ᠴᠠ ᠲᠠᠲᠠᠭᠠᠳ ᠪᠠᠢᠨ᠎ᠠ ᠪᠢ ᠶᠡᠬᠡ ᠠᠶᠤᠵᠤ ᠪᠠᠢᠨ᠎ᠠ》
《 ᠴᠢ ᠬᠠᠳᠠᠭᠠᠰᠤᠨ ᠳ᠋ᠤ᠌ ᠲᠡᠭᠡᠭᠯᠡᠭᠦᠯᠴᠢᠬᠡᠵᠡᠢ᠂ ᠬᠠᠳᠠᠭᠠᠰᠤᠨ ᠠ᠋ᠴᠠ ᠨᠢ ᠭᠠᠷᠭᠠᠭᠠᠳ ᠳᠠᠭᠠᠭᠠᠳ ᠶᠠᠪᠤ》
ᠴᠡᠷᠢᠭ ᠢᠨᠢᠶᠡᠮᠰᠦᠭᠯᠡᠭᠡᠳ ᠭᠦᠩᠵᠦ ᠨᠠᠷ ᠢ᠋ ᠳᠠᠭᠠᠯ᠎ᠠ᠃ ᠭᠦᠩᠵᠦ ᠨᠠᠷ ᠶᠡᠬᠡ ᠰᠠᠢᠬᠠᠨ ᠴᠡᠴᠡᠷᠯᠢᠭ ᠲᠦ᠍ ᠣᠷᠣᠯ᠎ᠠ᠃ ᠲᠡᠨᠳᠡ ᠪᠦᠬᠦ ᠮᠣᠳᠣ ᠨᠢ ᠮᠥᠩᠭᠥᠨ ᠳᠡᠯᠪᠢ ᠲᠡᠢ᠂ ᠴᠡᠷᠢᠭ ᠡᠷ᠎ᠡ ᠨᠤᠲᠠᠯᠠᠭ᠎ᠠ ᠪᠣᠯᠭᠠᠵᠤ ᠨᠢᠭᠡ ᠳᠡᠯᠪᠢ ᠠᠪᠤᠯ᠎ᠠ᠃ ᠳᠡᠯᠪᠢ ᠲᠠᠰᠤᠷᠠᠬᠤ ᠳ᠋ᠤ᠌ ᠳᠡᠰ ᠬᠢᠬᠦ ᠴᠢᠮᠡᠭᠡ ᠭᠠᠷᠤᠯ᠎ᠠ᠂ ᠤᠳᠬᠤᠨ ᠭᠦᠩᠵᠦ ᠳᠠᠬᠢᠭᠠᠳ ᠯᠠ ᠠᠶᠤᠵᠠᠢ᠃
《ᠡᠨᠡ ᠴᠢᠮᠡᠭᠡ ᠶ᠋ᠢ ᠰᠣᠨᠣᠰᠪᠠ ᠤᠤ?》
《 ᠲᠡᠢᠮᠦ ᠠ᠋᠂ ᠠᠵᠠ ᠵᠢᠷᠭᠠᠯ ᠤ᠋ᠨ ᠫᠤᠤ ᠶ᠋ᠢᠨ ᠳᠠᠭᠤᠨ᠂ ᠪᠢᠳᠡ ᠳᠠᠬᠢᠭᠠᠳ ᠨᠢᠭᠡ ᠬᠥᠮᠦᠨ ᠡᠴᠡ ᠰᠠᠯᠵᠤ ᠪᠠᠢᠭ᠎ᠠ ᠨᠢ ᠡᠨᠡ》
ᠲᠡᠳᠡ ᠴᠠᠭᠠᠰᠢ ᠶᠠᠪᠤᠭᠰᠠᠭᠠᠷ ᠮᠣᠳᠣ ᠪᠦᠷᠢ ᠨᠢ ᠠᠯᠲᠠᠨ ᠳᠡᠯᠪᠢ ᠲᠡᠢ ᠪᠠᠰᠠ ᠨᠢᠭᠡᠨ ᠴᠡᠴᠡᠷᠯᠢᠭ ᠲᠦ᠍ ᠣᠷᠣᠯ᠎ᠠ᠂ ᠴᠡᠷᠢᠭ ᠨᠢᠭᠡ ᠨᠠᠪᠴᠢ ᠠᠪᠤᠯ᠎ᠠ᠃ ᠳᠠᠬᠢᠭᠠᠳ ᠯᠠ ᠳᠡᠰ ᠬᠢᠬᠦ ᠴᠢᠮᠡᠭᠡ ᠭᠠᠷᠪᠠ᠃ ᠤᠤᠭᠠᠨ ᠭᠦᠩᠵᠦ ᠤᠳᠬᠤᠨ ᠭᠦᠩᠵᠦ ᠳ᠋ᠦ᠍ ᠪᠢᠲᠡᠭᠡᠢ ᠲᠣᠭᠣ ᠭᠡᠪᠡ᠃ ᠴᠠᠭᠠᠰᠢ ᠪᠠᠨ ᠶᠠᠪᠤᠭᠠᠳ ᠭᠦᠩᠵᠦ ᠨᠠᠷ ᠸᠴᠢᠷ ᠡᠷᠳᠡᠨᠢ ᠳᠦᠭᠦᠷᠡᠩ ᠥᠷᠭᠡᠨ ᠴᠢᠯᠥᠭᠡᠨ ᠳ᠋ᠦ᠍ ᠣᠷᠣᠯ᠎ᠠ᠃ ᠴᠡᠷᠢᠭ ᠡᠷ᠎ᠡ ᠨᠢᠭᠡ ᠸᠴᠢᠷ ᠡᠷᠳᠡᠨᠢ ᠠᠪᠤᠪᠠ᠃ ᠡᠨᠡ ᠤᠳᠠᠭ᠎ᠠ ᠳ᠋ᠤ᠌ ᠴᠤ᠌ ᠪᠠᠰᠠ ᠤᠳᠬᠤᠨ ᠭᠦᠩᠵᠦ ᠳᠡᠰ ᠬᠢᠬᠦ ᠴᠢᠮᠡᠭᠡ ᠰᠣᠨᠣᠰᠤᠭᠠᠳ ᠮᠠᠰᠢ ᠶᠡᠬᠡ ᠠᠶᠤᠵᠠᠢ᠃
ᠳᠠᠷᠠᠭ᠎ᠠ ᠨᠢ ᠲᠡᠨᠳᠡ ᠨᠢᠭᠡ ᠨᠠᠭᠤᠷ ᠲᠤ ᠬᠦᠷᠲᠡᠯ᠎ᠡ ᠲᠡᠨᠳᠡ ᠠᠷᠪᠠᠨ ᠬᠣᠶᠠᠷ ᠵᠠᠪᠢ ᠲᠠᠢ ᠠᠷᠪᠠᠨ ᠬᠣᠶᠠᠷ ᠬᠠᠨ ᠬᠦᠦ ᠲᠡᠳᠡᠨ ᠢ᠋ ᠬᠦᠯᠢᠶᠡᠵᠦ ᠪᠠᠢᠪᠠ᠃ ᠭᠦᠩᠵᠦ ᠨᠠᠷ ᠨᠢᠭᠡ ᠨᠢᠭᠡ ᠪᠡᠷ ᠢ᠋ᠶ᠋ᠡᠨ ᠬᠠᠨ ᠬᠥᠪᠡᠭᠦᠳ ᠦ᠋ᠨ ᠵᠠᠪᠢᠨ ᠳ᠋ᠤ᠌ ᠰᠠᠭᠤᠪᠠ᠂ ᠴᠡᠷᠢᠭ ᠡᠷ᠎ᠡ ᠣᠳᠬᠣᠨ ᠭᠦᠩᠵᠦ ᠶ᠋ᠢᠨ ᠵᠠᠪᠢ ᠶ᠋ᠢ ᠰᠣᠩᠭᠣᠯ᠎ᠠ᠃
《 ᠭᠦᠩᠵᠦ ᠮᠢᠨᠢ ᠥᠨᠥᠳᠥᠷ ᠵᠠᠪᠢ ᠬᠦᠨᠳᠦ ᠪᠠᠢᠭ᠎ᠠ ᠨᠢ ᠮᠡᠳᠡᠭᠳᠡᠵᠦ ᠪᠠᠢᠨ᠎ᠠ᠃ ᠪᠢ ᠪᠦᠷ ᠪᠦᠬᠦ ᠬᠦᠴᠦ ᠪᠡᠷ ᠢ᠋ᠶ᠋ᠡᠨ ᠰᠡᠯᠢᠭᠦᠷᠳᠡᠵᠦ ᠪᠠᠢᠨ᠎ᠠ ᠰᠢᠦ ᠳᠡ》
《 ᠮᠡᠳᠡᠬᠦ ᠦᠭᠡᠢ ᠶᠦ᠍ᠮ ᠳᠡ ᠭᠡᠬᠦ ᠳ᠋ᠦ᠍ ᠪᠡᠨ ᠨᠠᠳᠠ ᠳ᠋ᠤ᠌ ᠨᠢᠭᠡ ᠯᠡ ᠳᠤᠯᠠᠭᠠᠬᠠᠨ ᠪᠠᠢᠨ᠎ᠠ》
ᠠᠷᠪᠠᠨ ᠬᠣᠶᠠᠷ ᠵᠠᠪᠢ ᠨᠠᠭᠤᠷ ᠤ᠋ᠨ ᠨᠥᠭᠦᠭᠡ ᠲᠠᠯ᠎ᠠ ᠳ᠋ᠤ᠌ ᠬᠦᠷᠦᠯ᠎ᠡ᠃ ᠲᠡᠨᠳᠡ ᠰᠦᠷᠯᠢᠭ ᠰᠠᠢᠬᠠᠨ ᠰᠢᠯᠲᠦᠭᠡᠨ ᠪᠠᠢᠪᠠ᠃ ᠠᠷᠪᠠᠨ ᠬᠣᠶᠠᠷ ᠬᠣᠣᠰ ᠰᠢᠯᠲᠦᠭᠡᠨ ᠳ᠋ᠦ᠍ ᠣᠷᠣᠯ᠎ᠠ ᠂ᠦᠯᠦ ᠦᠵᠡᠭᠳᠡᠭᠴᠢ ᠴᠡᠷᠢᠭ ᠴᠤ᠌ ᠮᠥᠨ ᠠᠷᠤ ᠠ᠋ᠴᠠ ᠨᠢ ᠣᠷᠣᠪᠠ᠃ ᠲᠡᠳᠡᠨ ᠢ᠋ ᠲᠠᠩᠬᠢᠮ ᠳ᠋ᠤ᠌ ᠣᠷᠣᠬᠤ ᠳ᠋ᠤ᠌ ᠬᠥᠭᠵᠢᠮ ᠡᠬᠢᠯᠡᠯ᠎ᠡ᠃ ᠠᠷᠪᠠᠨ ᠬᠣᠶᠠᠷ ᠭᠦᠩᠵᠦ ᠲᠡᠷᠡ ᠬᠠᠨ ᠬᠥᠪᠡᠭᠦᠳ ᠲᠡᠢ ᠪᠥᠵᠢᠯᠡ᠂ ᠲᠡᠳᠡ ᠭᠤᠷᠪᠠᠨ ᠴᠠᠭ ᠬᠦᠷᠲᠡᠯ᠎ᠡ ᠪᠥᠵᠢᠭᠯᠡᠵᠦ ᠭᠤᠲᠤᠯ ᠳ᠋ᠤ᠌ ᠨᠢ ᠨᠦᠬᠡ ᠭᠠᠷᠴᠠᠢ᠃ ᠲᠡᠳᠡ ᠪᠤᠴᠠᠬᠤ ᠪᠠᠷ ᠰᠢᠢᠳᠴᠡᠢ᠂ ᠠᠷᠪᠠᠨ ᠬᠣᠶᠠᠷ ᠬᠠᠨ ᠬᠦᠦ ᠲᠡᠳᠡᠨ ᠢ᠋ ᠨᠠᠭᠤᠷ ᠤ᠋ᠨ ᠨᠥᠭᠦᠭᠡ ᠲᠠᠯ᠎ᠠ ᠳ᠋ᠤ᠌ ᠭᠠᠷᠭᠠᠪᠠ᠃ ᠡᠨᠡ ᠤᠳᠠᠭ᠎ᠠ ᠴᠡᠷᠢᠭ ᠤᠤᠭᠠᠨ ᠭᠦᠩᠵᠦ ᠲᠡᠢ ᠬᠠᠮᠲᠤ ᠶᠠᠪᠤᠯ᠎ᠠ᠃ ᠲᠡᠳᠡᠨ ᠢ᠋ ᠥᠷᠭᠥᠭᠡ ᠤᠷᠤᠭᠤ ᠪᠠᠨ ᠪᠤᠴᠠᠬᠤ ᠵᠠᠭᠤᠷ᠎ᠠ ᠴᠡᠷᠢᠭ ᠤᠷᠲᠤ ᠨᠢ ᠣᠷᠣᠵᠤ ᠭᠦᠶᠦᠭᠡᠳ ᠭᠦᠩᠵᠦ ᠨᠠᠷ ᠢ᠋ ᠦᠷᠭᠦᠭᠡᠨ ᠳ᠋ᠦ᠍ ᠪᠡᠨ ᠢᠷᠡᠬᠦ ᠦᠶ᠎ᠡ ᠳ᠋ᠦ᠍ ᠣᠷᠣᠨ ᠳᠡᠭᠡᠷ᠎ᠡ ᠪᠡᠨ ᠬᠡᠪᠲᠡᠵᠦ ᠠᠮᠵᠢᠯ᠎ᠠ᠃
《 ᠦ᠂ ᠬᠡ ᠰᠠᠨᠠᠭ᠎ᠠ ᠵᠣᠪᠠᠯᠲᠠ ᠦᠭᠡᠢ ᠬᠤᠪᠴᠠᠰᠤ ᠪᠠᠨ ᠰᠣᠯᠢᠭᠠᠳ ᠣᠷᠣᠨ ᠳ᠋ᠤ᠌ ᠪᠠᠨ ᠣᠷᠣᠵᠠᠭᠠᠶ᠎ᠠ》
ᠰᠥᠨᠢ ᠪᠣᠯᠭᠠᠨ ᠡᠢᠮᠦ ᠶᠠᠪᠤᠳᠠᠯ ᠳᠠᠪᠲᠠᠭᠳᠠᠯᠠ᠃ᠴᠡᠷᠢᠭ ᠲᠡᠳᠡᠨ ᠢ᠋ ᠳᠠᠭᠠᠵᠤ ᠨᠤᠲᠠᠯᠠᠭ᠎ᠠ ᠴᠤᠭᠯᠠᠭᠤᠯᠵᠤ ᠲᠡᠳᠡᠨ ᠡᠴᠡ ᠤᠷᠢᠲᠠᠵᠤ ᠢᠷᠡᠭᠡᠳ ᠣᠷᠣᠨ ᠳ᠋ᠤ᠌ ᠪᠠᠨ ᠬᠡᠪᠲᠡᠨ᠎ᠡ᠃
ᠰᠡᠭᠦᠯᠴᠢ ᠶ᠋ᠢᠨ ᠡᠳᠦᠷ ᠬᠠᠭᠠᠨ ᠴᠡᠷᠢᠭ ᠡᠷ᠎ᠡ ᠶ᠋ᠢ ᠳᠠᠭᠤᠳᠠᠬᠤ ᠳ᠋ᠤ᠌᠄《ᠡᠵᠡᠨᠲᠡᠨ ᠮᠢᠨᠢ ᠠᠷᠪᠠᠨ ᠬᠣᠶᠠᠷ ᠭᠦᠩᠵᠦ ᠦᠷᠭᠦᠭᠡᠨ ᠦ᠌ ᠪᠡᠨ ᠳᠣᠣᠷ᠎ᠠ ᠲᠠᠯ᠎ᠠ ᠤᠷᠤᠭᠤ ᠣᠷᠣᠳᠠᠭ᠂ ᠲᠠᠨ ᠤ᠋ ᠡᠵᠡᠨᠲᠦ ᠭᠦᠷᠦᠨ ᠦ᠌ ᠳᠣᠣᠷ᠎ᠠ ᠨᠢᠭᠡ ᠰᠢᠯᠲᠦᠭᠡᠨ ᠪᠠᠢᠭ᠎ᠠ 》
ᠢᠩᠭᠢᠭᠡᠳ ᠪᠦᠭᠦᠳᠡ ᠶ᠋ᠢ ᠨᠢ ᠶᠠᠷᠢᠵᠤ ᠥᠭᠭᠦᠯ᠎ᠡ᠃ ᠬᠠᠭᠠᠨ ᠭᠦᠩᠵᠦ ᠨᠠᠷ ᠤᠷᠤᠭᠤ ᠬᠠᠷᠠᠯ᠎ᠠ᠃ ᠲᠡᠳᠡ ᠲᠣᠮᠣ ᠬᠥᠰᠢᠭᠡᠨ ᠦ᠌ ᠠᠷᠤ ᠠ᠋ᠴᠠ ᠡᠭᠦᠨ ᠢ᠋ ᠰᠣᠨᠣᠰᠴᠤ ᠪᠠᠢᠵᠠᠢ᠃
《ᠡᠨᠡ ᠲᠡᠭᠡᠭᠡᠳ ᠦᠨᠡᠨ ᠤᠤ?》
《 ᠨᠤᠲᠠᠯᠠᠭ᠎ᠠ ᠨᠢ ᠡᠨᠡ ᠪᠠᠢᠨ᠎ᠠ ᠡᠵᠡᠨᠲᠡᠨ ᠮᠢᠨᠢ》
ᠲᠡᠷᠡ ᠥᠪᠡᠷ ᠦ᠋ᠨ ᠲᠡᠭᠦᠭᠰᠡᠨ ᠠᠯᠲᠠᠨ ᠮᠥᠩᠭᠥᠨ ᠨᠠᠪᠴᠢ ᠸᠴᠢᠷ ᠡᠷᠳᠡᠨᠢ ᠶ᠋ᠢ ᠭᠠᠷᠭᠠᠵᠤ ᠥᠭᠪᠡ᠃ ᠭᠦᠩᠵᠦ ᠨᠠᠷ ᠦᠨᠡᠨ ᠢ᠋ᠶ᠋ᠡᠨ ᠬᠦᠯᠢᠶᠡᠯ᠎ᠡ᠃ ᠲᠡᠳᠡ ᠶᠠᠭᠤ ᠬᠢᠳᠡᠭ ᠢ᠋ᠶ᠋ᠡᠨ ᠦᠨᠡᠨ ᠢ᠋ᠶ᠋ᠡᠷ ᠨᠢ ᠬᠡᠯᠡᠪᠡ᠃ ᠬᠠᠭᠠᠨ ᠦᠨᠡᠨ ᠢ᠋ ᠮᠡᠳᠡᠭᠡᠳ ᠪᠠᠶᠠᠷᠯᠠᠵᠠᠢ᠃ ᠲᠡᠷᠡ ᠴᠡᠷᠢᠭ ᠲᠦ᠍ ᠬᠠᠨᠳᠤᠨ ᠬᠡᠯᠡᠯ᠎ᠡ᠃
《ᠵᠠ᠂ ᠵᠠᠯᠠᠭᠤ ᠮᠢᠨᠢ ᠴᠢ ᠠᠯᠢ ᠥᠬᠢᠨ ᠲᠡᠢ ᠮᠢᠨᠢ ᠭᠡᠷᠯᠡᠮᠡᠷ ᠪᠠᠢᠨ᠎ᠠ?》
《ᠪᠢ ᠵᠠᠯᠠᠭᠤ ᠬᠥᠮᠦᠨ ᠪᠠᠢᠬᠤ ᠪᠠᠨ ᠪᠣᠯᠢᠭᠰᠠᠨ ᠲᠡᠢᠮᠦ ᠡᠴᠡ ᠤᠤᠭᠠᠨ ᠥᠬᠢᠨ ᠲᠡᠢ ᠴᠢᠨᠢ ᠭᠡᠷᠯᠡᠮᠡᠷ ᠪᠠᠢᠨ᠎ᠠ》
ᠬᠠᠭᠠᠨᠲᠠᠨ ᠬᠤᠷᠢᠮ ᠳ᠋ᠤ᠌ ᠪᠡᠯᠡᠳᠬᠡᠵᠦ ᠬᠥᠮᠦᠰ ᠲᠦ᠍ ᠪᠡᠨ ᠵᠠᠷᠯᠢᠭᠳᠠᠯ᠎ᠠ᠂ ᠬᠤᠷᠢᠮ ᠤ᠋ᠨ ᠶᠣᠰᠣᠯᠠᠯ ᠢ᠋ ᠲᠡᠷᠡ ᠡᠳᠦᠷ ᠲᠦ᠍ ᠨᠢ ᠬᠢᠵᠡᠢ᠃
《ᠨᠠᠮ᠎ᠠ ᠶ᠋ᠢ ᠨᠢᠳᠦ ᠠᠨᠢᠭᠰᠠᠨ ᠤ᠋ ᠳᠠᠷᠠᠭ᠎ᠠ ᠬᠦᠷᠭᠡᠨ ᠬᠦᠦ ᠮᠢᠨᠢ ᠲᠢᠲᠢᠮ ᠵᠡᠭᠦ!》
ᠢᠩᠭᠢᠭᠡᠳ ᠲᠡᠳᠡ ᠠᠮᠤᠷ ᠰᠠᠢᠬᠠᠨ ᠳ᠋ᠤ᠌ ᠪᠠᠨ ᠵᠢᠷᠭᠠᠵᠠᠢ᠃
ᠦᠰᠦᠭ ᠠᠮᠢᠯᠠᠭᠤᠯᠤᠭᠴᠢ᠄ ᠲᠦᠮᠡᠨᠴᠡᠴᠡᠭ
ᠦᠰᠦᠭ ᠬᠠᠳᠠᠭᠴᠢ᠄ ᠲᠣᠳᠣᠭᠡᠷᠡᠯ
ᠬᠢᠨᠠᠭᠴᠢ᠄ ᠢᠷᠡᠭᠡᠳᠦᠢ᠂ᠲᠥᠮᠡᠨᠴᠡᠴᠡᠭ
