ᠤᠳᠬ᠎ᠠ ᠵᠣᠬᠢᠶᠠᠯ ᠤᠨ ᠣᠲᠣᠷ – ᠮ ᠂ ᠠᠰᠠᠷ Утга зохиолын одор – М ᠂ Асар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠳᠬ᠎ᠠ ᠵᠣᠬᠢᠶᠠᠯ ᠤᠨ ᠣᠲᠣᠷ – ᠮ ᠂ ᠠᠰᠠᠷ Утга зохиолын одор – М ᠂ Асар

ᠤᠳᠬ᠎ᠠ ᠵᠣᠬᠢᠶᠠᠯ ᠤᠨ ᠣᠲᠣᠷ – ᠮ ᠂ ᠠᠰᠠᠷ Утга зохиолын одор – М ᠂ Асар

2024-04-18

374


                    —《 ᠰᠢᠷ᠎ᠠ ᠮᠥᠷᠡᠨ  ᠦ᠌ ᠪᠢᠯᠢᠭ  ᠦ᠋ᠨ ᠴᠤᠭᠯᠠᠭᠠᠨ》 ᠪᠠᠭᠠᠷᠢᠨ  ᠳ᠋ᠤ᠌ ᠨᠡᠭᠦᠭᠰᠡᠨ ᠲᠡᠮᠳᠡᠭᠯᠡᠯ  

               ᠨᠢᠭᠡ   

       ᠨᠡᠢᠲᠡ ᠶ᠋ᠢᠨ ᠣᠨ ᠲᠣᠭᠠᠯᠠᠯ ᠤ᠋ᠨ ᠨᠢᠭᠡ ᠮᠢᠩᠭ᠎ᠠ ᠶᠢᠰᠦᠨ ᠵᠠᠭᠤ ᠨᠠᠶᠠᠨ ᠲᠠᠪᠤᠨ ᠣᠨ ᠤ᠋ ᠨᠠᠢ᠍ᠮᠠᠳᠤᠭᠠᠷ ᠰᠠᠷ᠎ᠠ ᠶ᠋ᠢᠨ ᠠᠷᠪᠠᠨ ᠨᠠᠢ᠍ᠮᠠ ᠭᠡᠵᠦ ᠨᠠᠷᠠ ᠨᠠᠯᠠᠢᠵᠤ ᠲᠡᠭᠷᠢ ᠴᠡᠯᠮᠡᠢᠭᠰᠡᠨ ᠰᠠᠢᠬᠠᠨ ᠡᠳᠦᠷ ᠪᠣᠯᠵᠤ ᠪᠢᠯᠡ᠃  
       ᠥᠪᠥᠷ ᠮᠣᠩᠭᠣᠯ ᠤ᠋ᠨ ᠵᠣᠬᠢᠶᠠᠯᠴᠢᠳ ᠤ᠋ᠨ ᠡᠪᠯᠡᠯ ᠪᠣᠯᠤᠨ ᠤᠯᠠᠭᠠᠨᠬᠠᠳᠠ ᠬᠣᠲᠠ ᠶ᠋ᠢᠨ ᠤᠳᠬ᠎ᠠ ᠤᠷᠠᠯᠢᠭ ᠤ᠋ᠨ ᠬᠣᠯᠪᠣᠭ᠎ᠠ ᠠ᠋ᠴᠠ ᠬᠠᠮᠲᠤᠷᠠᠨ ᠡᠷᠬᠢᠯᠡᠭᠰᠡᠨ ᠮᠣᠩᠭᠣᠯ ᠢ᠋ᠶ᠋ᠠᠷ ᠵᠣᠬᠢᠶᠠᠨ ᠪᠦᠲᠦᠭᠡᠬᠦ ᠬᠤᠷᠠᠯᠳᠤᠭᠠᠨ —《 ᠰᠢᠷ᠎ᠠ ᠮᠥᠷᠡᠨ ᠦ᠌ ᠪᠢᠯᠢᠭ ᠦ᠋ᠨ ᠴᠤᠭᠯᠠᠭᠠᠨ》 ᠨᠢ ᠤᠯᠠᠭᠠᠨᠬᠠᠳᠠ ᠳ᠋ᠤ᠌ ᠨᠠᠢ᠍ᠮᠠ ᠬᠣᠨᠣᠭ ᠬᠤᠷᠠᠯᠳᠤᠭᠠᠳ ᠪᠠᠭᠠᠷᠢᠨ ᠤᠷᠤᠭᠤ ᠨᠡᠭᠦᠬᠦ ᠣᠲᠣᠷ ᠤ᠋ᠨ ᠠᠶᠠᠨ ᠳ᠋ᠤ᠌ ᠮᠣᠷᠳᠠᠪᠠ᠃  
       ᠲᠦᠷᠦᠭᠦᠦ ᠦᠳᠡᠰᠢ ᠨᠢ ᠲᠡᠭᠷᠢ ᠠᠪᠤ ᠴᠤ᠌ ᠬᠥᠮᠦᠨ ᠦ᠌ ᠰᠡᠳᠬᠢᠯ ᠳ᠋ᠦ᠍ ᠨᠡᠢᠯᠡᠭᠦᠯᠬᠦ ᠭᠡᠰᠡᠨ ᠰᠢᠭ ᠲᠥᠰᠦᠷᠬᠡᠨ ᠶᠡᠬᠡᠲᠡᠢ ᠰᠢᠷᠦᠭᠦᠨ ᠪᠣᠷᠣᠭᠠᠨ ᠴᠢᠳᠬᠤᠯᠠᠵᠤ ᠡᠬᠢᠯᠡᠭᠰᠡᠨ ᠢ᠋ᠶ᠋ᠡᠨ ᠥᠷᠯᠥᠭᠡ ᠪᠣᠯᠬᠤ ᠶ᠋ᠢᠨ ᠠᠯᠲᠠ ᠳ᠋ᠤ᠌ ᠰᠡᠩᠰᠡᠨ ᠬᠤᠷ᠎ᠠ ᠰᠢᠪᠡᠷᠡᠭᠦᠯᠵᠦ᠂ ᠶᠠᠭ ᠮᠠᠨ ᠢ᠋ ᠮᠣᠷᠳᠠᠬᠤ ᠦᠶ᠎ᠡ  ᠳ᠋ᠦ᠍ ᠴᠢᠪ ᠭᠡᠮᠡᠨ ᠪᠣᠷᠣᠭᠠᠨ ᠵᠣᠭᠰᠣᠵᠤ ᠡᠭᠦᠯᠡ ᠴᠤ᠌ ᠠᠷᠢᠯᠤᠭᠠᠳ ᠵᠠᠮ ᠤ᠋ᠨ ᠲᠣᠭᠣᠰᠣ ᠳᠠᠷᠤᠭᠳᠠᠵᠤ ᠵᠤᠨ ᠤ᠋ ᠬᠠᠯᠠᠭᠤᠨ ᠲᠠᠢᠯᠤᠭᠳᠠᠭᠰᠠᠨ ᠨᠢ ᠠᠶᠠᠨ ᠬᠥᠰᠬᠡ ᠳ᠋ᠦ᠍ ᠮᠢᠨᠢ ᠠᠰᠢᠭᠦᠢ ᠶᠡᠬᠡ ᠠᠵᠠ ᠵᠠᠪᠰᠢᠶᠠᠨ ᠪᠣᠯᠤᠯ᠎ᠠ᠃ 
       ᠤᠯᠠᠭᠠᠨᠬᠠᠳᠠ ᠶ᠋ᠢᠨ ᠠᠷᠤ ᠶ᠋ᠢᠨ ᠬᠥᠭᠥᠷᠭᠡ ᠪᠡᠷ ᠭᠠᠷᠤᠭᠠᠳ ᠰᠤᠮᠤᠨ ᠵᠢᠷᠣᠭ᠎ᠠ ᠰᠤᠨᠤᠮ᠎ᠠ ᠭᠦᠶᠦᠯᠲᠡ ᠪᠡᠷ ᠭᠠᠯᠭᠢᠭᠤᠯᠵᠤ ᠶᠠᠪᠤᠭ᠎ᠠ ᠮᠠᠰᠢᠨ ᠲᠡᠷᠭᠡ ᠶ᠋ᠢᠨ ᠴᠣᠩᠬᠣ  ᠪᠠᠷ ᠨᠢᠳᠦ ᠰᠢᠪᠬᠠᠨ ᠠᠯᠤᠰ ᠢ᠋ ᠪᠠᠷᠠᠯᠠᠬᠤ ᠳ᠋ᠤ᠌ ᠲᠤᠩᠭᠠᠯᠠᠭ ᠴᠡᠯᠮᠡᠭᠦᠨ ᠲᠡᠭᠷᠢ ᠶ᠋ᠢᠨ ᠬᠠᠶᠠᠭ᠎ᠠ ᠬᠠᠷᠠᠭ᠎ᠠ ᠲᠠᠰᠤᠷᠠᠮ᠎ᠠ ᠮᠡᠯᠲᠡᠢᠭᠡᠳ ᠪᠢᠷ ᠦ᠋ᠨ ᠦᠵᠦᠭᠦᠷ ᠱᠠᠭᠠᠢᠭᠰᠠᠨ ᠨᠢᠳᠦᠨ ᠦ᠌ ᠴᠢᠯᠡᠭᠡ ᠶ᠋ᠢ ᠭᠠᠷᠭᠠᠵᠤ᠂ ᠨᠢᠷᠤᠭᠤ ᠭᠡᠳᠡᠢᠨ ᠲᠠᠨᠡᠢᠷᠡᠵᠦ ᠰᠠᠭᠤᠭᠠᠳ ᠠᠮᠢᠰᠬᠤᠭ᠎ᠠ ᠠᠪᠬᠤ ᠳ᠋ᠤ᠌ ᠴᠡᠪᠡᠷ ᠠᠷᠢᠭᠤᠨ ᠠᠭᠠᠷ ᠠᠭᠤᠰᠬᠢ ᠨᠠᠪᠲᠠᠷᠠᠮ᠎ᠠ ᠰᠡᠩᠭᠢᠨᠡᠭᠡᠳ ᠪᠢᠴᠢᠭ ᠦ᠋ᠨ ᠰᠢᠷᠡᠭᠡᠨ ᠳ᠋ᠦ᠍ ᠨᠤᠬᠤᠭᠳᠠᠭᠰᠠᠨ ᠴᠡᠭᠡᠵᠢᠨ ᠦ᠌ ᠶᠥᠭᠡ ᠶ᠋ᠢ ᠠᠷᠢᠯᠭᠠᠨ᠎ᠠ᠃  
       ᠪᠢᠳᠡ ᠪᠣᠯ ᠪᠢᠯᠢᠭ ᠦ᠋ᠨ ᠴᠤᠭᠯᠠᠭᠠᠨ ᠤ᠋ ᠨᠡᠭᠦᠳᠡᠯ ᠪᠣᠯᠬᠣᠷ ᠬᠥᠰᠬᠡ ᠲᠡᠷᠭᠡ ᠪᠡᠨ ᠣᠨᠢ ᠬᠠᠨ᠎ᠠ᠂ ᠲᠣᠭᠣᠭ᠎ᠠ ᠰᠢᠨᠠᠭ᠎ᠠ ᠪᠠᠷ ᠳᠦᠭᠦᠷᠭᠡᠭᠰᠡᠨ ᠪᠢᠰᠢ᠂ ᠤᠷᠮ᠎ᠠ ᠰᠡᠳᠬᠢᠯ᠂ ᠤᠶᠠᠩᠭ᠎ᠠ ᠵᠣᠬᠢᠶᠠᠯ ᠢ᠋ᠶ᠋ᠠᠷ ᠪᠢᠯᠬᠠᠭᠤᠯᠵᠠᠢ᠃ ᠵᠠᠮ ᠤ᠋ᠨ ᠵᠠᠬ᠎ᠠ ᠪᠠᠷ ᠦᠬᠡᠷ ᠬᠣᠨᠢ᠂ ᠠᠳᠤᠭᠤ ᠮᠠᠯ ᠪᠡᠯᠴᠢᠭᠦᠯᠵᠦ ᠶᠠᠪᠤᠭᠰᠠᠨ ᠪᠢᠰᠢ᠂ ᠬᠥᠷ ᠨᠠᠢᠷ᠂ ᠬᠥᠭᠵᠢᠶᠡᠨ ᠨᠠᠷᠭᠢᠶᠠᠨ ᠴᠠᠯᠭᠢᠭᠤᠯᠵᠤ ᠶᠠᠪᠤᠵᠠᠢ᠃  

                ᠬᠣᠶᠠᠷ  
       ᠮᠠᠨ ᠤ᠋ ᠨᠡᠭᠦᠳᠡᠯ ᠦ᠋ᠨ ᠬᠢᠨ ᠭᠡᠵᠦ ᠪᠢᠯᠢᠭ ᠦ᠋ᠨ ᠴᠤᠭᠯᠠᠭᠠᠨ ᠢ᠋ᠶ᠋ᠠᠨ ᠡᠷᠬᠢᠯᠡᠵᠦ ᠪᠠᠢᠭ᠎ᠠ ᠮᠠᠨ ᠤ᠋ ᠣᠷᠣᠨ ᠤ᠋ ᠠᠯᠳᠠᠷᠲᠤ ᠰᠢᠯᠦᠭᠴᠢ ᠪ᠂ ᠣᠰᠣᠷ᠂  ᠯ᠂ᠣᠳᠽᠠᠷ ᠪᠣᠯᠤᠨ ᠲᠤᠰᠬᠠᠢᠯᠠᠨ ᠰᠢᠯᠦᠭ ᠦ᠋ᠨ ᠲᠠᠢᠯᠤᠮᠵᠢ ᠬᠢᠯᠭᠡᠬᠦ  ᠪᠡᠷ ᠤᠷᠢᠭᠰᠠᠨ ᠳᠡᠳ᠋ ᠫᠷᠣᠹᠧᠰᠰᠣᠷ ᠪᠥᠭᠡᠳ ᠠᠯᠳᠠᠷᠲᠤ ᠰᠢᠯᠦᠭᠴᠢ ᠬᠠ‍᠂ ᠳ᠋ᠠᠮᠪᠢᠵᠠᠯᠰᠠᠨ ᠨᠠᠷ ᠢ᠋ᠶ᠋ᠠᠷ ᠭᠠᠯ ᠤ᠋ᠨ ᠠᠬ᠎ᠠ ᠪᠠᠨ ᠪᠣᠯᠭᠠᠭᠰᠠᠨ᠂ ᠡᠯ᠎ᠡ ᠠᠢᠮᠠᠭ ᠬᠣᠲᠠ ᠶ᠋ᠢᠨ ᠳᠥᠴᠢ ᠭᠠᠷᠤᠢ ᠢᠳᠡᠷ ᠵᠠᠯᠠᠭᠤ᠂ ᠡᠷᠡᠭᠲᠡᠢ ᠡᠮᠡᠭᠲᠡᠢ ᠰᠢᠯᠦᠭᠴᠢ ᠵᠣᠬᠢᠶᠠᠯᠴᠢ ᠪᠠᠷ ᠪᠦᠷᠢᠯᠳᠦᠭᠰᠡᠨ᠂ ᠪᠦᠯᠢ ᠣᠯᠠᠨ ᠲᠠᠢ ᠪᠥᠭᠡᠳ ᠡᠪ ᠨᠢᠭᠡᠲᠡᠢ᠂ ᠪᠦᠳᠦᠭᠦᠨ ᠭᠡᠭᠴᠢ ᠶ᠋ᠢᠨ ᠨᠢᠭᠡ ᠭᠠᠯ ᠠᠶᠠᠨ ᠶᠠᠪᠤᠵᠤ ᠪᠠᠢᠯ᠎ᠠ᠃ 
       ᠮᠠᠨ ᠤ᠋ ᠬᠢᠨ ᠦ᠌ ᠳᠣᠲᠣᠷ᠎ᠠ᠂ ᠠᠷᠠᠳ ᠤ᠋ᠨ ᠳᠠᠭᠤᠤ ᠪᠠᠨ ᠠᠮᠲᠠᠯᠢᠭ ᠰᠠᠢᠬᠠᠨ ᠳᠠᠭᠤᠯᠠᠳᠠᠭ ᠠ᠋ᠴᠠ ᠡᠩᠬᠡᠳᠥ᠋ᠪᠰᠢᠨ᠂  ᠵᠢ‍᠂ ᠡᠷᠳᠡᠨᠢ᠂ ᠴ᠂ ᠣᠳᠽᠠᠷ᠂ ᠠᠯᠲᠠᠨᠴᠢᠮᠡᠭ ᠵᠡᠷᠭᠡ ᠶ᠋ᠢᠨ ᠡᠷᠡᠭᠲᠡᠢ ᠡᠮᠡᠭᠲᠡᠢ ᠳᠠᠭᠤᠴᠢᠳ ᠪᠣᠢ᠃ ᠲᠠᠨᠼ ᠪᠥᠵᠢᠭ ᠢ᠋ ᠠᠪᠢᠶᠠᠰᠤᠯᠢᠭ ᠳᠡᠭᠵᠢᠨ ᠬᠢᠳᠡᠭ  ᠡᠴᠡ ᠰᠦᠷᠦᠩᠪᠠᠲᠤ᠂ ᠮᠥᠩᠬᠡᠪᠠᠭᠠᠲᠤᠷ᠂ ᠰᠣᠳᠨᠠᠮᠴᠡᠷᠢᠨ᠂ ᠵᠢᠨᠪᠤᠤ ᠵᠡᠷᠭᠡ ᠶ᠋ᠢᠨ ᠨᠡᠷ᠎ᠡ ᠳ᠋ᠦ᠍ ᠣᠷᠣᠮᠠᠷ ᠪᠦᠵᠢᠭᠴᠢᠳ ᠪᠣᠢ᠃ ᠨᠡᠩ ᠴᠤ᠌ ᠨᠠᠢᠷᠠᠭ ᠰᠢᠯᠦᠭ ᠦ᠋ᠨ ᠲᠠᠯ᠎ᠠ ᠪᠠᠷ ᠭᠡᠪᠡᠯ ᠵᠠᠬ᠎ᠠ ᠠ᠋ᠴᠠ ᠳᠠᠷᠤᠨ ᠨᠢᠭᠡ ᠨᠢᠭᠡ ᠪᠡᠷ ᠢ᠋ᠶ᠋ᠡᠨ ᠪᠦᠷ ᠤᠩᠰᠢᠯᠭ᠎ᠠ ᠰᠠᠢᠲᠠᠢ ᠮᠠᠮᠠ ᠨᠠᠷ ᠯᠠ ᠭᠡᠵᠦ ᠮᠡᠳᠡ᠃ ᠲᠡᠭᠡᠲᠡᠯ᠎ᠡ ᠪᠠᠰᠠ ᠦᠵᠡᠭᠰᠡᠨ ᠰᠣᠨᠣᠰᠤᠭᠰᠠᠨ ᠢ᠋ᠶ᠋ᠠᠨ ᠦᠯᠢᠭᠡᠷ ᠳᠣᠮᠣᠭ ᠰᠢᠭ᠋ ᠦᠵᠡᠭᠳᠡᠮ᠎ᠡ ᠪᠠᠷᠢᠭᠳᠠᠮ᠎ᠠ ᠬᠡᠯᠡᠵᠦ ᠴᠢᠳᠠᠳᠠᠭ ᠢ᠋ᠶ᠋ᠠᠷ ᠢ᠋ᠶ᠋ᠠᠨ《 ᠣᠳᠣ ᠦᠶ᠎ᠡ ᠶ᠋ᠢᠨ ᠱᠣᠭᠴᠢ》 ᠭᠡᠭᠳᠡᠭᠰᠡᠨ《 ᠥᠪᠥᠷ ᠮᠣᠩᠭᠣᠯ ᠤ᠋ᠨ ᠡᠳᠦᠷ ᠦ᠋ᠨ ᠰᠣᠨᠢᠨ》ᠤ᠋ ᠤᠯᠠᠭᠠᠨᠬᠠᠳᠠ ᠳ᠋ᠤ᠌ ᠰᠠᠭᠤᠭ᠎ᠠ ᠰᠤᠷᠪᠤᠯᠵᠢᠯᠠᠭᠴᠢ ᠶ᠋ᠢᠨ ᠥᠷᠲᠡᠭᠡᠨ ᠦ᠌ ᠵᠠᠯᠠᠭᠤ ᠳᠠᠷᠤᠭ᠎ᠠ ᠳᠠᠢᠴᠢᠨ ᠪᠣᠯᠤᠨ ᠭᠡᠷᠡᠯ ᠵᠢᠷᠤᠭ ᠢ᠋ ᠮᠣᠩᠭᠣᠯ ᠢ᠋ᠶ᠋ᠠᠷ ᠲᠠᠲᠠᠵᠤ ᠴᠢᠳᠠᠳᠠᠭ( ᠥᠪᠡᠷ ᠦ᠋ᠨ ᠬᠢᠨᠢ ᠱᠣᠭ ᠦᠭᠡ)《 ᠤᠯᠠᠭᠠᠨᠬᠠᠳᠠ ᠡᠳᠦᠷ ᠦ᠋ᠨ ᠰᠣᠨᠢᠨ》ᠤ᠋ ᠰᠡᠭᠦᠳᠡᠷ ᠵᠢᠷᠤᠭ ᠤ᠋ᠨ ᠰᠤᠷᠪᠤᠯᠵᠢᠯᠠᠭᠴᠢ ᠰᠠᠴᠤᠷᠠᠯᠲᠤ ᠬᠣᠶᠠᠷ ᠴᠤ᠌ ᠨᠡᠢᠳᠡᠮ ᠬᠠᠮᠲᠤ ᠶᠠᠪᠤᠯᠴᠠᠵᠤ᠂ ᠪᠢᠯᠢᠭ ᠦ᠋ᠨ ᠴᠤᠭᠯᠠᠭᠠᠨ ᠤ᠋ ᠬᠥᠭᠵᠢᠶᠡᠨ ᠳ᠋ᠦ᠍ ᠲᠣᠰᠣ ᠨᠡᠮᠡᠵᠦ ᠰᠤᠷ ᠪᠤᠰᠬᠠᠵᠤ ᠪᠠᠢᠯ᠎ᠠ᠃ 
       ᠬᠣᠶᠠᠷ ᠦᠶ᠎ᠡ ᠶ᠋ᠢᠨ ᠬᠥᠮᠦᠰ ᠪᠣᠯᠬᠣᠷ ᠬᠣᠭᠣᠷᠣᠨᠳᠣ ᠪᠠᠨ ᠪᠠᠰᠠ ᠢᠯᠭᠠᠭ᠎ᠠ ᠲᠠᠢ᠃ ᠵᠠᠯᠠᠭᠤᠴᠤᠳ ᠤ᠋ᠨ ᠬᠢᠨᠢ ᠠᠭᠠᠰᠢ ᠵᠠᠩ ᠴᠣᠪᠣᠭᠣ ᠰᠡᠷᠭᠦᠯᠡᠩ᠂ ᠠᠯᠢ ᠨᠢ ᠪᠣᠯᠪᠠᠴᠤ ᠳᠡᠪᠵᠢᠶᠡᠨ ᠦ᠌ ᠣᠩᠭᠣᠳ᠃ ᠢᠳᠡᠷᠴᠦᠳ ᠦ᠋ᠨ ᠬᠢᠨᠢ ᠠᠪᠤᠷᠢ ᠳᠦᠷᠢ ᠯᠠᠪᠳᠠᠭᠤᠨ ᠲᠣᠮᠣᠭᠠᠯᠢᠭ᠂ ᠠᠮᠢᠨ ᠳ᠋ᠠᠭᠠᠨ ᠵᠥᠪ ᠶᠥᠭᠡᠳᠡᠯ ᠦ᠋ᠨ ᠡᠵᠡᠳ᠃ ᠬᠡᠯᠡᠨ ᠦ᠌ ᠮᠥᠷᠥᠢ᠂ ᠦᠭᠡᠨ ᠦ᠌ ᠬᠣᠨᠵᠢᠶ᠎ᠠ᠂ ᠬᠡᠨ ᠬᠡᠨ ᠳ᠋ᠡᠭᠡᠨ ᠠᠪᠲᠠᠬᠤ ᠪᠠᠷ ᠦᠭᠡᠢ᠂ ᠬᠡᠯᠡᠭᠰᠡᠨ ᠦᠭᠡ ᠶ᠋ᠢ ᠳᠣᠣᠷ᠎ᠠ ᠳᠤᠰᠬᠠᠴᠢᠬᠠᠨ᠎ᠠ ᠭᠡᠵᠦ ᠪᠤᠤ ᠵᠣᠪᠠ᠃ ᠭᠡᠪᠡᠴᠦ ᠬᠡᠨ ᠠᠯᠢᠨ ᠨᠢ ᠭᠡᠳ ᠬᠠᠴᠢᠷ᠎ᠠ ᠦᠭᠡᠢ᠂ ᠡᠷᠬᠡ ᠲᠡᠭᠰᠢ᠂ ᠡᠶ᠎ᠡ ᠨᠠᠢᠷᠲᠠᠢ᠂ ᠡᠷᠡᠭᠡ ᠵᠢᠷᠣᠭ᠎ᠠ ᠭᠡᠵᠦ ᠶᠡᠷᠦ ᠡᠴᠡ ᠠᠯᠠᠭ᠎ᠠ᠃ ᠬᠡᠯᠡᠳᠡᠭ ᠢ᠋ᠶ᠋ᠡᠨ ᠬᠡᠯᠡᠵᠦ᠂ ᠮᠠᠷᠭᠤᠳᠠᠭ ᠢ᠋ᠶ᠋ᠠᠨ ᠮᠠᠷᠭᠤᠵᠤ᠂ ᠪᠢᠴᠢᠳᠡᠭ ᠢ᠋ᠶ᠋ᠡᠨ ᠪᠢᠴᠢᠵᠦ᠂ ᠵᠠᠰᠠᠳᠠᠭ ᠢ᠋ᠶ᠋ᠠᠨ ᠵᠠᠰᠠᠵᠠᠭᠠᠨ᠎ᠠ᠃ ᠲᠡᠭᠡᠬᠦ ᠪᠡᠷ ᠢ᠋ᠶ᠋ᠡᠨ ᠮᠠᠨ ᠤ᠋ ᠡᠨᠡ ᠤᠳᠠᠭ᠎ᠠ ᠶ᠋ᠢᠨ ᠪᠢᠯᠢᠭ ᠦ᠋ᠨ ᠴᠤᠭᠯᠠᠭᠠᠨ᠂ ᠡᠬᠢᠯᠡᠬᠦ ᠡᠴᠡ ᠳᠠᠭᠤᠰᠲᠠᠯ᠎ᠠ᠂ ᠥᠷᠯᠥᠭᠡ ᠡᠴᠡ ᠦᠳᠡᠰᠢ ᠪᠣᠯᠲᠠᠯ᠎ᠠ᠂ ᠵᠥᠩᠳᠡᠭᠡᠨ ᠢᠨᠢᠶᠡᠳᠦ᠂ ᠲᠠᠩᠳᠠ ᠪᠠᠶᠠᠷ ᠢ᠋ᠶ᠋ᠠᠷ ᠪᠢᠯᠬᠠᠭᠠᠳ ᠡᠳᠦᠷ ᠦ᠋ᠨ ᠭᠤᠷᠪᠠᠨ ᠴᠠᠭ ᠤ᠋ᠨ ᠬᠣᠭᠣᠯᠠᠨ ᠳ᠋ᠠᠭᠠᠨ ᠬᠦᠷᠲᠡᠯ᠎ᠡ ᠬᠥᠷ ᠬᠥᠭᠡᠷᠴᠡᠭᠡ ᠪᠡᠷ ᠭᠣᠣᠯ ᠵᠠᠭᠤᠰᠢ ᠪᠠᠨ ᠪᠣᠯᠭᠠᠴᠢᠬᠠᠯ᠎ᠠ ᠭᠡᠪᠡᠯ ᠨᠢᠭᠡ ᠯᠡ ᠦᠭᠡ᠃ ᠲᠡᠷᠡ ᠨᠢ ᠪᠠᠭ᠎ᠠ ᠭᠡᠳ ᠪᠠᠰᠠ ᠥᠩᠭᠡ ᠪᠣᠳᠣᠭ᠂ ᠦᠨᠦᠷ ᠠᠮᠲᠠ ᠶ᠋ᠢ ᠨᠢ ᠨᠠᠢᠷᠠᠭᠤᠯᠵᠤ ᠪᠠᠢᠭᠠᠳ ᠨᠠᠷᠭᠢᠯᠳᠤᠳᠠᠭ ᠢ᠋ ᠨᠢ ᠶᠠᠭᠠᠬᠢᠨ᠎ᠠ᠃ 
       ᠵᠢᠱ᠌ᠢᠶᠡᠯᠡᠪᠡᠯ᠄ ᠡᠨᠡ ᠤᠳᠠᠭ᠎ᠠ ᠶ᠋ᠢᠨ ᠪᠢᠯᠢᠭ ᠦ᠋ᠨ ᠴᠤᠭᠯᠠᠭᠠᠨ ᠢ᠋ ᠮᠠᠨᠠᠢᠬᠢᠨ ᠪᠠᠰᠠ ᠴᠠᠭᠠᠨ᠂ ᠬᠠᠷ᠎ᠠ᠂ ᠤᠯᠠᠭᠠᠨ᠂ ᠪᠣᠷᠣ ᠳᠥᠷᠪᠡᠨ《 ᠣ》 ᠲᠡᠷᠢᠭᠦᠲᠡᠢ ᠴᠤᠭᠯᠠᠭᠠᠨ ᠭᠡᠵᠡᠭᠡᠳᠡᠭ᠃ ᠠᠯᠢ ᠳᠥᠷᠪᠡ  ᠪᠡᠨ ᠬᠡᠯᠡᠴᠢᠬᠡᠪᠡ ᠳᠡ? ᠭᠡᠪᠡᠯ᠂ ᠴᠠᠭᠠᠨ《 ᠣ》 ᠭᠡᠵᠦ ᠠ‍᠂ ᠣᠳᠽᠠᠷ ᠢ᠋᠂ ᠬᠠᠷ᠎ᠠ《 ᠣ》 ᠭᠡᠵᠦ  ᠪ᠂ ᠣᠰᠣᠷ ᠢ᠋᠂ ᠤᠯᠠᠭᠠᠨ《 ᠣ》 ᠭᠡᠵᠦ ᠯ᠂ ᠣᠳᠽᠠᠷ ᠢ᠋᠂ ᠪᠣᠷᠣ《 ᠣ》 ᠭᠡᠵᠦ ᠂ ᠣᠳᠬᠠᠨᠴᠢᠮᠡᠭ ᠢ᠋ ᠲᠤᠰ ᠲᠤᠰ ᠵᠢᠭᠠᠵᠤ ᠪᠠᠢᠭ᠎ᠠ ᠪᠣᠯᠤᠨ᠎ᠠ᠃ ᠡᠨᠡ ᠨᠢ ᠲᠡᠳᠡᠨᠦᠰ ᠦ᠋ᠨ ᠣᠷᠣᠨ ᠤ᠋ ᠪᠤᠶᠤ ᠠᠢᠮᠠᠭ ᠬᠣᠲᠠ ᠶ᠋ᠢᠨ ᠤᠳᠬ᠎ᠠ ᠤᠷᠠᠯᠢᠭ ᠤ᠋ᠨ ᠬᠣᠯᠪᠣᠭ᠎ᠠ ᠪᠣᠯᠤᠨ ᠵᠣᠬᠢᠶᠠᠯᠴᠢᠳ ᠤ᠋ᠨ ᠡᠪᠯᠡᠯ ᠳ᠋ᠦ᠍ ᠬᠠᠷᠢᠭᠤᠴᠠᠵᠤ ᠪᠠᠢᠭ᠎ᠠ ᠲᠡᠷᠢᠭᠦᠯᠡᠭᠴᠢ ᠪᠤᠶᠤ ᠳᠡᠳ᠋ ᠲᠡᠷᠢᠭᠦᠯᠡᠭᠴᠢ ᠶ᠋ᠢᠨ ᠲᠤᠰᠢᠶᠠᠯ ᠢ᠋ᠶ᠋ᠠᠷ ᠨᠢ ᠲᠡᠭᠡᠵᠦ ᠴᠣᠯᠠᠯᠠᠭᠰᠠᠨ ᠶᠤᠮ᠃  
       ᠮᠠᠨ ᠤ᠋ ᠠᠬᠠᠮᠠᠳ ᠦᠶ᠎ᠡ ᠶ᠋ᠢᠨ ᠠᠯᠳᠠᠷᠲᠤ ᠵᠣᠬᠢᠶᠠᠯᠴᠢ᠂ ᠣᠳᠣ ᠦᠶ᠎ᠡ ᠶ᠋ᠢᠨ ᠮᠣᠩᠭᠣᠯ ᠲᠤᠭᠤᠵᠢᠰ ᠤ᠋ᠨ ᠵᠣᠬᠢᠶᠠᠯ ᠤ᠋ᠨ ᠤᠤᠭᠠᠨ ᠳᠠᠷᠬᠠᠨ ᠠ‍᠂ ᠣᠳᠽᠠᠷ ᠭᠤᠸᠠᠢ ᠮᠠᠨᠢ ᠡᠨᠡ ᠤᠳᠠᠭ᠎ᠠ ᠶ᠋ᠢᠨ ᠪᠢᠯᠢᠭ ᠦ᠋ᠨ ᠴᠤᠭᠯᠠᠭᠠᠨ ᠤ᠋ ᠡᠬᠢᠯᠡᠯᠲᠡ ᠳᠡᠭᠡᠷ᠎ᠡ ᠥᠪᠥᠷ ᠮᠣᠩᠭᠣᠯ ᠤ᠋ᠨ ᠤᠳᠬ᠎ᠠ ᠤᠷᠠᠯᠢᠭ ᠤ᠋ᠨ ᠬᠣᠯᠪᠣᠭ᠎ᠠ ᠪᠣᠯᠤᠨ ᠵᠣᠬᠢᠶᠠᠯᠴᠢᠳ ᠤ᠋ᠨ ᠡᠪᠯᠡᠯ ᠦ᠋ᠨ ᠡᠮᠦᠨ᠎ᠡ ᠡᠴᠡ ᠢᠷᠦᠭᠡᠯ ᠲᠠᠯᠪᠢᠵᠤ᠂ ᠳᠤᠮᠳᠠ ᠨᠢ《 ᠥᠭᠦᠯᠡᠯᠭᠡ ᠲᠤᠭᠤᠵᠢᠰ ᠤ᠋ᠨ ᠵᠣᠬᠢᠶᠠᠯ ᠳ᠋ᠤ᠌ ᠠᠮᠢᠳᠤᠷᠠᠯ ᠢ᠋ ᠬᠡᠷᠬᠢᠨ ᠭᠦᠨᠵᠡᠭᠡᠢ ᠲᠤᠰᠬᠠᠬᠤ ᠲᠤᠬᠠᠢ》 ᠲᠠᠢᠯᠤᠮᠵᠢ ᠬᠢᠭᠡᠳ ᠵᠢᠷᠢᠮ ᠠᠢᠮᠠᠭ ᠤ᠋ᠨ ᠨᠠᠭᠠᠳᠤᠮ ᠤ᠋ᠨ ᠬᠤᠷᠠᠯ ᠳ᠋ᠤ᠌ ᠤᠷᠢᠭᠳᠠᠨ ᠶᠠᠪᠤᠭᠰᠠᠨ ᠪᠣᠯᠬᠣᠷ ᠪᠢᠯᠢᠭ ᠦ᠋ᠨ ᠴᠤᠭᠯᠠᠭᠠᠨ ᠤ᠋ ᠣᠲᠣᠷ ᠤ᠋ᠨ ᠠᠶᠠᠨ ᠳ᠋ᠤ᠌ ᠣᠷᠣᠯᠴᠠᠵᠤ ᠴᠢᠳᠠᠭᠰᠠᠨ ᠦᠭᠡᠢ᠃ ᠭᠡᠪᠡᠴᠦ ᠨᠥᠭᠦᠭᠡ ᠬᠠᠷ᠎ᠠ᠂ ᠤᠯᠠᠭᠠᠨ᠂ ᠪᠣᠷᠣ ᠭᠤᠷᠪᠠᠨ《 ᠣ 》 ᠨᠢ ᠪᠢᠯᠢᠭ ᠦ᠋ᠨ ᠴᠤᠭᠯᠠᠭᠠᠨ ᠢ᠋ ᠳᠠᠭᠤᠰᠤᠨ ᠳᠠᠭᠤᠰᠲᠠᠯ᠎ᠠ ᠪᠢᠳᠡ ᠪᠦᠬᠦᠨ ᠦ᠌ ᠪᠡᠨ ᠬᠥᠷ ᠨᠠᠷᠭᠢᠶᠠᠨ ᠳ᠋ᠤ᠌ ᠥᠩᠭᠡ ᠪᠣᠳᠣᠭ ᠢ᠋ᠶ᠋ᠠᠨ ᠨᠡᠮᠡᠵᠦ᠂ ᠦᠨᠦᠷ ᠠᠮᠲᠠ ᠣᠷᠣᠭᠤᠯᠤᠭᠰᠠᠭᠠᠷ ᠶᠠᠪᠤᠵᠠᠢ᠃ 
       ᠣᠳᠣ ᠪᠣᠳᠣᠪᠠᠯ᠂ ᠡᠨᠡ ᠤᠳᠠᠭ᠎ᠠ ᠶ᠋ᠢᠨ ᠴᠤᠭᠯᠠᠭᠠᠨ ᠨᠢ ᠵᠣᠬᠢᠶᠠᠯ ᠪᠦᠲᠦᠭᠡᠯ ᠦ᠋ᠨ ᠰᠣᠯᠢᠯᠴᠠᠭ᠎ᠠ᠂ ᠠᠷᠭ᠎ᠠ ᠲᠤᠷᠰᠢᠯᠭ᠎ᠠ ᠶ᠋ᠢᠨ ᠰᠣᠯᠢᠯᠴᠠᠭ᠎ᠠ᠂ ᠦᠵᠡᠯ ᠰᠡᠳᠬᠢᠯ ᠦ᠋ᠨ ᠰᠣᠯᠢᠯᠴᠠᠭ᠎ᠠ ᠵᠡᠷᠭᠡ ᠲᠠᠯ᠎ᠠ ᠪᠠᠷ ᠠᠯᠢ ᠠᠯᠢᠨ ᠳ᠋ᠤᠨᠢ ᠢᠳᠡᠷ ᠵᠠᠯᠠᠭᠤ ᠬᠣᠶᠠᠷ ᠦᠶ᠎ᠡ ᠶ᠋ᠢᠨ ᠬᠢᠨ ᠡᠭᠡᠭᠡ ᠠᠳᠠᠯᠢᠬᠠᠨ ᠡᠯᠪᠡᠭ ᠬᠤᠷᠢᠶᠠᠯᠲᠠ ᠲᠠᠢ ᠠᠮᠵᠢᠯᠲᠠ ᠲᠡᠭᠦᠰ ᠴᠤᠭᠯᠠᠭᠠᠨ ᠪᠣᠯᠵᠠᠢ᠃   
       ᠡᠨᠳᠡ ᠣᠨᠴᠠᠯᠠᠨ ᠲᠡᠮᠳᠡᠭᠯᠡᠭᠦᠰᠢᠲᠡᠢ ᠨᠢ ᠭᠡᠪᠡᠯ᠂ ᠴᠤᠭᠯᠠᠭᠠᠨ ᠳᠡᠭᠡᠷᠡᠬᠢ ᠵᠣᠬᠢᠶᠠᠯ ᠪᠦᠲᠦᠭᠡᠯ ᠢ᠋ ᠰᠢᠢᠳᠪᠦᠷᠢᠯᠡᠭᠰᠡᠨ ᠥᠭᠭᠢᠶᠡᠮᠦᠷᠴᠢ ᠠᠭᠤᠳᠠᠮ᠂ ᠥᠪᠡᠷᠮᠢᠴᠡ ᠵᠠᠷᠴᠢᠮ ᠪᠣᠯᠤᠨ᠎ᠠ᠃ ᠡᠨᠡ ᠤᠳᠠᠭ᠎ᠠ ᠶ᠋ᠢᠨ ᠪᠢᠯᠢᠭ ᠦ᠋ᠨ ᠴᠤᠭᠯᠠᠭᠠᠨ ᠢ᠋ ᠪᠣᠯ ᠤᠯᠠᠭᠠᠨᠬᠠᠳᠠ ᠬᠣᠲᠠ ᠶ᠋ᠢᠨ ᠤᠳᠬ᠎ᠠ ᠤᠷᠠᠯᠢᠭ ᠤ᠋ᠨ ᠬᠣᠯᠪᠣᠭ᠎ᠠ ᠠ᠋ᠴᠠ ᠭᠠᠷᠳᠠᠨ ᠪᠡᠯᠡᠳᠬᠡᠵᠦ ᠭᠣᠣᠯᠯᠠᠨ ᠡᠷᠬᠢᠯᠡᠭᠰᠡᠨ ᠦ᠌ ᠬᠤᠪᠢ ᠳ᠋ᠤ᠌᠂ ᠡᠩ ᠦ᠋ᠨ ᠵᠤᠷᠰᠢᠯ ᠢ᠋ᠶ᠋ᠠᠷ ᠪᠣᠯ ᠡᠬᠡ ᠪᠢᠴᠢᠭ ᠦ᠋ᠳ ᠢ᠋ ᠰᠢᠢᠳᠪᠦᠷᠢᠯᠡᠬᠦ ᠪᠦᠷᠢᠨ ᠡᠷᠬᠡ ᠨᠢ ᠴᠣᠬᠣᠮ  ᠳ᠋ᠠᠭᠠᠨ《 ᠰᠢᠷ᠎ᠠ ᠮᠥᠷᠡᠨ》 ᠰᠡᠳᠬᠦᠯ ᠦ᠋ᠨ ᠬᠢ ᠪᠠᠢᠪᠠᠯ ᠵᠣᠬᠢᠬᠤ ᠶᠤᠮ᠃ ᠭᠡᠲᠡᠯ᠎ᠡ᠂ ᠲᠡᠭᠡᠭᠰᠡᠨ ᠦᠭᠡᠢ᠂ ᠬᠠᠷᠢᠨ ᠰᠢᠯᠦᠭᠴᠢ ᠵᠣᠬᠢᠶᠠᠯᠴᠢ ᠨᠠᠷ ᠤ᠋ᠨ ᠰᠠᠢᠨ ᠳᠤᠷ᠎ᠠ ᠶ᠋ᠢ ᠦᠨᠳᠦᠰᠦᠯᠡᠨ ᠵᠥᠪᠬᠡᠨ ᠨᠢᠭᠡ ᠪᠦᠯᠦᠭ ᠵᠣᠬᠢᠶᠠᠯ ᠢ᠋ ᠦᠯᠡᠳᠡᠭᠡᠵᠦ ᠠᠪᠤᠭᠰᠠᠨ ᠠ᠋ᠴᠠ ᠪᠤᠰᠤᠳ ᠢ᠋ ᠨᠢ ᠪᠦᠷ ᠠᠬ᠎ᠠ ᠳᠡᠭᠦᠦ ᠠᠢᠮᠠᠭ ᠤ᠋ᠨ ᠰᠡᠳᠬᠦᠯ ᠡᠴᠡ ᠢᠷᠡᠭᠰᠡᠨ ᠨᠠᠢᠷᠠᠭᠤᠯᠤᠭᠴᠢ ᠨᠠᠷ ᠳᠤ ᠠᠯᠢ ᠰᠠᠢᠨ ᠢ᠋ ᠨᠢ᠂ ᠠᠯᠢ ᠲᠣᠭᠣᠭᠰᠠᠨ ᠢ᠋ᠶ᠋ᠠᠨ ᠰᠣᠩᠭᠣᠵᠤ ᠠᠪᠬᠤ ᠳᠠᠷᠬᠠᠨ ᠡᠷᠬᠡ ᠶ᠋ᠢ ᠣᠯᠭᠣᠵᠤ ᠪᠢᠯᠡ᠃ ᠲᠡᠢᠮᠦ ᠡᠴᠡ ᠴᠤᠭᠯᠠᠭᠠᠨ ᠳ᠋ᠤ᠌ ᠣᠷᠣᠯᠴᠠᠭᠰᠠᠨ ᠡᠯ᠎ᠡ ᠰᠡᠳᠬᠦᠯ  ᠦ᠋ᠨ ᠨᠠᠢᠷᠠᠭᠤᠯᠤᠭᠴᠢ ᠨᠠᠷ ᠬᠤᠪᠢ ᠬᠣᠪᠢᠨ ᠤ᠋ ᠪᠠᠨ ᠪᠠᠬᠠᠷᠠᠵᠤ ᠲᠣᠭᠣᠭᠰᠠᠨ ᠤ᠋ᠳ ᠢ᠋ ᠪᠠᠷᠳᠠᠮ ᠰᠣᠩᠭᠣᠵᠤ᠂ ᠰᠠᠨᠠᠭ᠎ᠠ ᠠᠮᠤᠷ ᠰᠤᠭᠤᠪᠳᠠᠵᠤ ᠠᠪᠤᠭᠠᠳ ᠬᠡᠨ ᠠᠯᠢᠨ ᠨᠢ ᠪᠦᠷ ᠭᠠᠷ ᠬᠣᠭᠣᠰᠣᠨ ᠦᠭᠡᠢ᠂ ᠭᠠᠨᠵᠤᠭ᠎ᠠ ᠰᠤᠯᠠ ᠦᠭᠡᠢ᠂ ᠣᠯᠵᠠ ᠣᠮᠣᠭᠲᠠᠢᠬᠠᠨ ᠪᠤᠴᠠᠵᠠᠭᠠᠭᠰᠠᠨ ᠪᠠᠢᠳᠠᠭ᠃ ᠡᠨᠡ ᠪᠣᠯ ᠥᠩᠭᠡᠷᠡᠭᠰᠡᠨ ᠦ᠌ ᠡᠢᠮᠦ ᠬᠤᠷᠠᠯᠳᠤᠭᠠᠨ ᠪᠤᠶᠤ ᠰᠤᠷᠤᠯᠴᠠᠬᠤ ᠠᠩᠭᠢ ᠳ᠋ᠤ᠌ ᠶᠡᠷᠦ ᠡᠴᠡ ᠦᠵᠡᠭᠳᠡᠭᠡ ᠦᠭᠡᠢ ᠰᠢᠨ ᠶᠠᠪᠤᠳᠠᠯ ᠰᠢᠭ᠋ ᠰᠠᠨᠠᠭᠳᠠᠭᠰᠠᠨ ᠠ᠋ᠴᠠ ᠡᠨᠳᠡ ᠪᠢ ᠤᠴᠢᠷ ᠪᠣᠯᠭᠠᠨ ᠣᠨᠴᠠᠭᠠᠢᠯᠠᠨ ᠳᠤᠷᠠᠳᠴᠤ ᠪᠠᠢᠨ᠎ᠠ᠃ 
       ᠡᠳᠦᠷ ᠦ᠋ᠨ ᠰᠠᠢᠬᠠᠨ ᠳ᠋ᠤ᠌ ᠠᠶᠠᠯᠠᠵᠤ᠂ ᠨᠤᠲᠤᠭ ᠤ᠋ᠨ ᠰᠠᠢᠬᠠᠨ ᠢ᠋ ᠵᠣᠷᠢᠭᠰᠠᠨ ᠤ᠋ ᠬᠢ ᠯᠡ ᠶᠦᠮ ᠪᠢᠵᠡ᠂ ᠲᠡᠷᠡ ᠡᠳᠦᠷ ᠦ᠋ᠨ ᠲᠡᠷᠭᠡ ᠴᠤ᠌ ᠭᠡᠵᠦ ᠰᠤᠭᠤᠷᠠᠭᠠᠳ ᠭᠠᠷᠤᠭᠰᠠᠨ ᠰᠤᠮᠤ ᠰᠢᠭ᠋ ᠱᠤᠤᠭᠢᠭᠠᠳ᠂ ᠲᠡᠭᠰᠢᠬᠡᠨ ᠰᠠᠷᠠᠭᠤᠯ ᠵᠠᠮ ᠭᠡᠳᠡᠭ ᠴᠢᠨᠢ ᠥᠭᠡᠳᠡ ᠡᠴᠡ ᠬᠠᠷᠢᠨ ᠪᠣᠰᠤᠭᠠᠳ ᠢᠷᠡᠵᠦ ᠪᠠᠢᠬᠤ ᠰᠢᠭ᠋ ᠯᠡ ᠦᠵᠡᠭᠳᠡᠵᠦ ᠪᠠᠢᠪᠠ᠃ 

               ᠭᠤᠷᠪᠠ  
       ᠪᠢᠯᠢᠭ ᠦ᠋ᠨ ᠴᠤᠭᠯᠠᠭᠠᠨ ᠤᠷᠤᠭᠤ ᠣᠲᠣᠷᠯᠠᠳᠠᠭ ᠤ᠋ᠨ ᠤᠴᠢᠷ ᠭᠡᠪᠡᠯ᠂ ᠬᠡᠯᠡᠬᠦ ᠦᠭᠡᠢ ᠴᠤ᠌ ᠭᠡᠰᠡᠨ ᠢᠯᠡᠬᠡᠨ ᠪᠠᠢᠭ᠎ᠠ ᠪᠢᠰᠢ ᠤᠤ᠃  ᠮᠠᠯ ᠰᠦᠷᠦᠭ ᠦ᠋ᠨ ᠨᠡᠭᠦᠳᠡᠯ ᠨᠢ ᠪᠡᠯᠴᠢᠭᠡᠷ ᠤᠰᠤ ᠪᠠᠷ ᠲᠡᠩᠴᠡᠭᠰᠡᠨ ᠥᠩ ᠰᠢᠮᠡᠯᠢᠭ ᠨᠤᠲᠤᠭ ᠢ᠋ ᠡᠷᠢᠵᠦ ᠪᠠᠭᠤᠳᠠᠭ ᠪᠣᠯ᠂ ᠤᠳᠬ᠎ᠠ ᠵᠣᠬᠢᠶᠠᠯ ᠤ᠋ᠨ ᠣᠲᠣᠷ ᠨᠢ ᠪᠢᠷ ᠪᠡᠬᠢᠰ ᠦ᠋ᠨ ᠦᠨᠦᠷ ᠠᠩᠬᠢᠯᠤᠭᠰᠠᠨ ᠪᠡᠯᠭᠡ ᠳᠡᠮᠪᠡᠷᠢᠯ ᠲᠡᠢ ᠭᠠᠵᠠᠷ ᠢ᠋ ᠵᠣᠷᠢᠵᠤ ᠣᠴᠢᠬᠤ ᠨᠢ ᠠᠶᠠᠨᠳᠠᠭᠠᠨ ᠰᠢᠦ ᠳᠡ᠃  
     ᠪᠠᠭᠠᠷᠢᠨ ᠭᠡᠵᠦ ᠴᠡᠴᠡᠭ ᠦ᠋ᠨ ᠬᠤᠷ᠎ᠠ ᠰᠢᠪᠡᠷᠡᠵᠦ᠂ ᠪᠢᠯᠢᠭ ᠦ᠋ᠨ ᠰᠣᠯᠣᠩᠭ᠎ᠠ ᠲᠠᠲᠠᠵᠤ᠂ ᠰᠢᠯᠦᠭ ᠦ᠋ᠨ ᠣᠳᠣᠨ ᠲᠦᠭᠡᠭᠰᠡᠨ ᠢ᠋ᠶ᠋ᠡᠷ ᠢ᠋ᠶ᠋ᠡᠨ ᠮᠠᠨ ᠤ᠋ ᠣᠷᠣᠨ  ᠤ᠋ ᠣᠯᠠᠨ ᠮᠣᠩᠭᠣᠯ ᠬᠣᠰᠢᠭᠤ ᠨᠤᠲᠤᠭ ᠤ᠋ᠨ ᠢ᠋ᠶ᠋ᠠᠨ ᠳᠣᠲᠣᠷ᠎ᠠ ᠣᠯᠳᠠᠬᠤᠶ᠎ᠠ ᠪᠡᠷᠬᠡ ᠬᠣᠪᠣᠷᠬᠠᠨ ᠪᠠᠢᠳᠠᠭ ᠰᠠᠢᠬᠠᠨ ᠨᠤᠲᠤᠭ ᠶᠤᠮ᠃ ᠱᠠᠭᠳᠠᠷ ᠠ᠋ᠴᠠ ᠴᠠᠰᠢᠬᠢ ᠱᠠᠰᠲᠢᠷ ᠲᠡᠦᠬᠡ ᠶ᠋ᠢ ᠨᠢ ᠪᠢᠳᠡ ᠲᠣᠭᠠᠴᠢᠬᠤ ᠪᠠᠨ ᠪᠠᠢᠶ᠎ᠠ᠂ ᠴᠢᠯᠥᠭᠡᠯᠡᠭᠳᠡᠭᠰᠡᠨ ᠡᠴᠡ ᠨᠠᠰᠢᠬᠢ ᠪᠣᠳᠠᠲᠠᠢ ᠪᠠᠢᠳᠠᠯ ᠢ᠋ ᠨᠢ ᠠᠪᠤᠭᠠᠳ ᠦᠵᠡᠭᠰᠡᠨ ᠴᠤ᠌ ᠪᠠᠭᠠᠷᠢᠨ ᠢ᠋ ᠪᠢᠳᠡ ᠪᠠᠬᠠᠷᠬᠠᠬᠤ ᠦᠭᠡᠢ ᠪᠠᠢᠬᠤ ᠶ᠋ᠢᠨ ᠠᠷᠭ᠎ᠠ ᠦᠭᠡᠢ ᠯᠡ ᠳᠡ᠃ ᠡᠨᠳᠡ ᠡᠴᠡ ᠠ‍᠂ ᠣᠳᠽᠠᠷ᠂   ᠪ᠂ ᠪᠦᠷᠢᠨᠪᠡᠬᠢ᠂  ᠴᠢᠮᠡᠳᠳᠣᠷᠵᠢ᠂   ᠬᠠ‍᠂ ᠳ᠋ᠠᠮᠪᠢᠵᠠᠯᠰᠠᠨ᠂  ᠨᠠ᠊᠂ ᠰᠠᠢᠰᠢᠶᠠᠯᠲᠤ᠂  ᠲ᠂ ᠦᠷᠭᠦᠨ ᠭᠡᠬᠦ ᠵᠡᠷᠭᠡ ᠶ᠋ᠢᠨ ᠠᠬᠠᠮᠠᠳ ᠦᠶ᠎ᠡ ᠶ᠋ᠢᠨ ᠠᠯᠳᠠᠷᠲᠤ ᠬᠥᠮᠦᠰ᠂ ᠨᠣᠯᠮᠠᠰᠡᠷᠡᠩ᠂ ᠥᠯᠵᠡᠢᠪᠠᠲᠤ᠂ ᠴᠢ᠂ ᠣᠳᠬᠠᠨᠴᠢᠮᠡᠭ᠂ ᠰ᠂ ᠥᠯᠵᠡᠢᠪᠠᠲᠤ᠂ ᠲ᠂ ᠴᠢᠮᠡᠳ ᠵᠡᠷᠭᠡ ᠶ᠋ᠢᠨ ᠢᠳᠡᠷ ᠨᠠᠰᠤᠨ ᠤ᠋ ᠴᠤᠤᠲᠤ ᠡᠷᠡᠰ᠂  ᠠ‍᠂ ᠪᠠᠶᠠᠷ᠂  ᠰᠡᠴᠡᠨᠲᠦ᠂  ᠨᠤᠷᠪᠤᠪᠠᠽᠠᠷ᠂  ᠴᠢᠩᠵᠣᠷᠢᠬᠲᠤ᠂ ᠨᠠᠰᠤᠲᠤ᠂ ᠠᠯᠲᠠᠨᠭᠠᠷᠤᠳᠢ᠂  ᠨᠠ᠊᠂ ᠪᠤᠶᠠᠨᠬᠡᠰᠢᠭ ᠵᠡᠷᠭᠡ ᠶ᠋ᠢᠨ ᠨᠠᠷᠭᠢᠮ᠎ᠠ ᠵᠠᠯᠠᠭᠤ ᠴᠣᠯᠭᠣᠷᠠᠭᠰᠠᠨ ᠭᠠᠷ ᠤ᠋ᠳ ᠦᠶ᠎ᠡ ᠤᠯᠠᠷᠢᠨ ᠭᠠᠷᠴᠤ᠂ ᠦᠨᠳᠦᠰᠦ ᠰᠤᠷᠪᠤᠯᠵᠢ ᠪᠠᠨ ᠵᠠᠯᠭᠠᠭᠰᠠᠭᠠᠷ ᠪᠠᠢᠨ᠎ᠠ᠃ ᠡᠨᠡ ᠬᠦ᠌᠂ ᠪᠦᠷᠢᠨ ᠪᠤᠰᠤ ᠪᠦᠷᠢᠳᠬᠡᠯ ᠢ᠋ ᠪᠠᠭ᠎ᠠ ᠲᠣᠭ᠎ᠠ ᠪᠠᠷ ᠪᠢᠲᠡᠭᠡᠢ ᠦᠵᠡᠭᠡᠴᠢ᠂ ᠢᠯᠠᠩᠭᠤᠶ᠎ᠠ ᠨᠢᠭᠡ ᠯᠡ ᠬᠤᠰᠢᠭᠤᠨ ᠤ᠋ ᠬᠡᠪᠴᠢᠶᠡᠨ ᠳ᠋ᠦ᠍ ᠠᠪᠴᠤ ᠬᠡᠯᠡᠪᠡᠯ ᠠᠮᠠᠷ ᠦᠭᠡᠢ ᠲᠣᠭ᠎ᠠ ᠰᠢᠦ ᠳᠡ᠃ ᠲᠣᠭ᠎ᠠ ᠪᠠᠷ ᠯᠠ ᠵᠣᠭᠰᠣᠬᠤ ᠪᠢᠰᠢ᠂ ᠵᠢᠩ ᠴᠢᠨᠠᠷ ᠢ᠋ᠶ᠋ᠠᠷ ᠴᠤ᠌ ᠭᠡᠰᠡᠨ ᠮᠠᠨ ᠤ᠋ ᠮᠣᠩᠭᠣᠯ ᠤᠳᠬ᠎ᠠ ᠵᠣᠬᠢᠶᠠᠯ ᠤ᠋ᠨ ᠳᠠᠩᠰᠠᠨ ᠤ᠋ ᠦᠵᠦᠭᠦᠷ ᠢ᠋ ᠬᠢᠷᠢ ᠵᠡᠷᠭᠡ ᠳᠡᠭᠡᠭᠰᠢᠯᠡᠭᠦᠯᠵᠦ ᠪᠠᠢᠭ᠎ᠠ ᠶ᠋ᠢ ᠡᠨᠳᠡ ᠪᠢᠳᠡ ᠲᠡᠳᠡᠭᠡᠷ ᠰᠢᠯᠦᠭ ᠵᠣᠬᠢᠶᠠᠯᠴᠢ ᠶ᠋ᠢᠨ ᠪᠦᠲᠦᠭᠡᠯ ᠦ᠋ᠳ ᠢ᠋ ᠨᠢᠭᠡ ᠨᠢᠭᠡ ᠪᠡᠷ ᠵᠢᠭᠰᠠᠭᠠᠨ ᠪᠠᠢᠵᠤ ᠭᠡᠷᠡᠴᠢᠯᠡᠭᠰᠡᠨ ᠦ᠌ ᠬᠡᠷᠡᠭ ᠦᠭᠡᠢ ᠪᠠᠢᠬ᠎ᠠ᠂ ᠪᠢᠳᠡ ᠪᠦᠭᠦᠳᠡᠭᠡᠷ ᠢ᠋ᠶ᠋ᠡᠨ ᠪᠦᠷ ᠰᠠᠢᠬᠠᠨ ᠮᠡᠳᠡᠭᠰᠡᠭᠡᠷ ᠪᠠᠢᠭ᠎ᠠ ᠪᠢᠰᠢ ᠤᠤ᠃   
      ᠲᠡᠳᠡᠭᠡᠷ ᠰᠢᠯᠦᠭᠴᠢ ᠵᠣᠬᠢᠶᠠᠯᠴᠢ ᠬᠡᠷᠪᠡ ᠠᠯᠲᠠ ᠮᠥᠩᠭᠥ ᠶ᠋ᠢᠨ ᠠᠯᠢ ᠨᠢᠭᠡ ᠨᠢ ᠪᠠᠢᠭᠰᠠᠨ ᠰᠠᠨ ᠪᠣᠯ᠂ ᠡᠨᠡ ᠦᠶ᠎ᠡ ᠳ᠋ᠦ᠍ ᠬᠥᠮᠦᠰ ᠬᠡᠳᠦᠢᠨ ᠦᠭᠡᠢ ᠳᠥᠷᠪᠡᠨ ᠵᠦᠭ ᠡᠴᠡ ᠨᠢ ᠰᠢᠪᠲᠤᠯᠤᠨ ᠢᠷᠡᠵᠦ᠂ ᠪᠠᠭᠠᠷᠢᠨ ᠢ᠋ ᠠᠯᠲᠠ ᠪᠤᠶᠤ ᠮᠥᠩᠭᠥᠨ ᠠᠶᠠᠭ᠎ᠠ ᠨᠡᠷᠡᠯᠡᠴᠢᠬᠡᠭᠰᠡᠨ ᠦᠢᠯᠡᠳᠪᠦᠷᠢ ᠠᠭᠤᠷᠬᠠᠢ ᠪᠠᠢᠭᠤᠯᠤᠭᠠᠳ ᠥᠨᠳᠥᠷ ᠥᠨᠳᠥᠷ ᠥᠷᠥᠮᠳᠡᠭᠦᠷ ᠦ᠋ᠨ ᠴᠠᠮᠬᠠᠭ ᠢ᠋ ᠡᠭᠦᠯᠡᠨ ᠳ᠋ᠦ᠍ ᠰᠢᠷᠭᠤᠲᠠᠯ᠎ᠠ ᠪᠤᠰᠬᠠᠴᠢᠬᠠᠭᠰᠠᠨ ᠪᠠᠢᠬ᠎ᠠ᠃ ᠲᠡᠳᠡᠭᠡᠷ ᠰᠢᠯᠦᠭᠴᠢ ᠵᠣᠬᠢᠶᠠᠯᠴᠢ ᠬᠡᠷᠪᠡ ᠭᠠᠷᠤᠳᠢ ᠲᠣᠭᠣᠰ ᠮᠡᠲᠦ ᠶ᠋ᠢᠨ ᠭᠠᠢᠬᠠᠮᠰᠢᠭᠲᠤ ᠠᠮᠢᠲᠠᠨ ᠪᠣᠯᠤᠭᠰᠠᠨ ᠰᠠᠨ ᠪᠣᠯ᠂ ᠡᠨᠡ ᠬᠢᠷᠢ ᠳ᠋ᠦ᠍ ᠤᠯᠤᠰ ᠬᠡᠳᠦᠢᠨ ᠦᠭᠡᠢ ᠨᠠᠢ᠍ᠮᠠᠨ ᠵᠣᠪᠬᠢᠰ ᠠ᠋ᠴᠠ ᠨᠢ ᠴᠤᠪᠤᠯᠳᠤᠨ ᠢᠷᠡᠵᠦ᠂ ᠪᠠᠭᠠᠷᠢᠨ ᠢ᠋ ᠭᠠᠷᠤᠳᠢ ᠶ᠋ᠢᠨ ᠪᠤᠶᠤ ᠲᠣᠭᠣᠰ ᠤ᠋ᠨ ᠡᠭᠦᠷ ᠡᠷᠭᠦᠮᠵᠢᠯᠡᠴᠢᠬᠡᠭᠰᠡᠨ ᠴᠡᠩᠭᠡᠯ ᠵᠤᠭᠠᠴᠠᠯ ᠤ᠋ᠨ ᠣᠷᠣᠨ ᠪᠣᠯᠭᠠᠭᠠᠳ ᠪᠢᠯᠧᠲ ᠬᠤᠳᠠᠯᠳᠤᠬᠤ ᠲᠠᠭᠲᠤ ᠰᠠᠷᠠᠪᠴᠢ ᠶ᠋ᠢ ᠪᠠᠭᠠᠷᠢᠨ ᠬᠥᠭᠥᠷᠭᠡ ᠶ᠋ᠢᠨ ᠦᠵᠦᠭᠦᠷ ᠳᠡᠭᠡᠷ᠎ᠡ ᠪᠠᠷᠢᠴᠢᠬᠠᠭᠰᠠᠨ ᠪᠠᠢᠬ᠎ᠠ᠃ ᠰᠢᠯᠦᠭᠴᠢ᠂ ᠵᠣᠬᠢᠶᠠᠯᠴᠢ ᠭᠡᠵᠦ ᠠᠯᠲᠠ ᠮᠥᠩᠭᠥ ᠪᠢᠰᠢ᠂ ᠭᠠᠷᠤᠳᠢ ᠲᠣᠭᠣᠰ ᠴᠤ᠌ ᠪᠢᠰᠢ ᠪᠣᠯᠬᠣᠷ ᠪᠠᠭᠠᠷᠢᠨ ᠴᠤ᠌ ᠲᠥᠷᠥ ᠳ᠋ᠦ᠍ ᠠᠰᠢᠭᠲᠠᠢ᠂ ᠲᠦᠮᠡᠨ ᠳ᠋ᠦ᠍ ᠲᠤᠰᠠᠲᠠᠢ᠂ ᠲᠥᠪ ᠲᠦ᠍ ᠨᠡᠷᠡᠲᠡᠢ ᠠᠪᠤᠷᠭᠤ ᠠᠭᠤᠷᠬᠠᠢ ᠪᠤᠶᠤ ᠲᠣᠮᠣ ᠴᠡᠴᠡᠷᠯᠢᠭ ᠪᠣᠯᠵᠤ ᠴᠢᠳᠠᠯ ᠦᠭᠡᠢ ᠪᠠᠭᠠᠷᠢᠨ ᠬᠡᠪ ᠢ᠋ᠶ᠋ᠡᠷ ᠢ᠋ᠶ᠋ᠡᠨ ᠪᠠᠢᠭᠰᠠᠭᠠᠷ᠃ ᠴᠣᠬᠣᠮ ᠶᠣᠰᠣᠨ ᠳ᠋ᠠᠭᠠᠨ ᠪᠣᠯ᠂ ᠲᠥᠴᠢᠨᠡᠨ ᠣᠯᠠᠨ ᠠᠪᠢᠶᠠᠰ ᠪᠢᠯᠢᠭ ᠲᠡᠢ ᠰᠢᠯᠦᠭᠴᠢ ᠵᠣᠬᠢᠶᠠᠯᠴᠢ ᠶ᠋ᠢ ᠥᠰᠬᠡᠵᠦ ᠪᠣᠢᠵᠢᠭᠤᠯᠤᠭᠰᠠᠭᠠᠷ ᠪᠠᠢᠭ᠎ᠠ ᠪᠠᠭᠠᠷᠢᠨ ᠭᠡᠳᠡᠭ ᠡᠨᠡ ᠬᠦ᠌ ᠦᠯᠵᠢ ᠮᠥᠷᠲᠡᠢ ᠨᠤᠲᠤᠭ ᠢ᠋ ᠤᠳᠬ᠎ᠠ ᠵᠣᠬᠢᠶᠠᠯ ᠤ᠋ᠨ ᠥᠯᠥᠭᠡᠢ ᠨᠡᠷᠡᠢᠳᠴᠦ᠂ ᠣᠶᠤᠨ ᠪᠣᠯᠪᠠᠰᠤᠨ ᠤ᠋ ᠣᠷᠳᠣᠨ ᠪᠣᠯᠭᠠᠵᠤ  ᠪᠠᠢᠭᠤᠯᠬᠤ ᠳ᠋ᠤ᠌ ᠪᠣᠯᠬᠤ ᠯᠠ ᠭᠠᠵᠠᠷ ᠶᠤᠮ᠃ ᠭᠡᠲᠡᠯ᠎ᠡ ᠢᠩᠭᠢᠵᠦ ᠬᠢᠬᠦ ᠶ᠋ᠢ ᠪᠠᠢᠲᠤᠭᠠᠢ᠂ ᠢᠩᠭᠢᠵᠦ ᠦᠵᠡᠬᠦ ᠬᠥᠮᠦᠨ ᠴᠤ᠌ ᠦᠭᠡᠢ᠃ ᠵᠠᠷᠢᠮ ᠨᠢ ᠥᠪᠡᠷ ᠢ᠋ᠶ᠋ᠡᠨ ᠢᠩᠭᠢᠵᠦ ᠦᠵᠡᠬᠦ ᠶ᠋ᠢ ᠪᠤᠤ ᠬᠡᠯᠡ᠂ ᠥᠭᠡᠷ᠎ᠡ ᠬᠥᠮᠦᠨ ᠢ᠋ ᠴᠤ᠌ ᠢᠩᠭᠢᠵᠦ ᠦᠵᠡᠭᠦᠯᠬᠦ ᠳᠤᠷ᠎ᠠ ᠦᠭᠡᠢ᠃ ᠬᠡᠨ ᠬᠡᠷᠪᠡ ᠢᠩᠭᠢᠵᠦ ᠦᠵᠡᠬᠦ ᠳ᠋ᠦ᠍ ᠬᠦᠷᠪᠡᠯ ᠪᠡᠶ᠎ᠡ ᠪᠡᠨ ᠮᠡᠳᠡᠭᠰᠡᠨ ᠦᠭᠡᠢ ᠳ᠋ᠦ᠍ ᠲᠣᠭᠠᠴᠠᠭᠳᠠᠵᠤ᠂ ᠲᠡᠳᠡᠭᠡᠷ《 ᠵᠠᠷᠢᠮ》 ᠤ᠋ᠳ ᠬᠣᠩᠰᠢᠶᠠᠷ ᠴᠢᠬᠢ ᠨᠡᠢᠯᠡᠭᠦᠯᠦᠨ ᠬᠤᠷᠤᠭᠤ ᠬᠢᠮᠤᠰᠤ ᠭᠣᠵᠣᠢᠯᠭᠠᠭᠠᠳ ᠲᠡᠷᠡ ᠬᠥᠮᠦᠨ ᠦ᠌ ᠮᠠᠩᠨᠠᠢ ᠳ᠋ᠤᠨᠢ ᠠᠰᠢᠭ ᠭᠠᠷᠭᠠᠬᠤ ᠦᠭᠡᠢ ᠪᠣᠯ ᠳᠤᠬᠤ ᠶ᠋ᠢ ᠨᠢ ᠡᠪᠡᠷᠰᠢᠭᠦᠯᠬᠦ ᠡᠴᠡ ᠨᠠᠰᠢ ᠵᠣᠭᠰᠣᠬᠤ ᠦᠭᠡᠢ᠃ ᠲᠡᠳᠡ ᠪᠣᠯ ᠪᠦᠯᠲᠡᠢᠭᠰᠡᠨ ᠪᠦᠳᠦᠭᠦᠨ ᠨᠢᠳᠦ ᠲᠡᠢ ᠪᠣᠯᠪᠠᠴᠤ ᠪᠦᠷᠦᠭᠡᠯᠵᠡᠭᠰᠡᠨ ᠪᠦᠳᠡᠭᠢ ᠬᠠᠷᠠᠭ᠎ᠠ ᠲᠠᠢ᠂ ᠲᠡᠢᠮᠦ ᠡᠴᠡ ᠲᠡᠳᠡ ᠥᠪᠡᠷ ᠦ᠋ᠨ ᠢ᠋ᠶ᠋ᠡᠨ ᠶᠠᠭᠤᠮ᠎ᠠ ᠶ᠋ᠢ ᠣᠯᠵᠤ ᠦᠵᠡᠬᠦ ᠦᠭᠡᠢ᠂ ᠣᠯᠵᠤ ᠦᠵᠡᠪᠡᠴᠦ ᠶᠠᠭᠤᠮᠠᠨ ᠳ᠋ᠤ᠌ ᠪᠣᠳᠣᠬᠤ ᠦᠭᠡᠢ᠃ ᠨᠡᠩ ᠴᠤ᠌ ᠰᠠᠢᠨ ᠢ᠋ ᠨᠢ ᠮᠡᠳᠡᠳᠡᠭ ᠦᠭᠡᠢ᠂ ᠮᠡᠳᠡᠪᠡᠴᠦ ᠮᠡᠳᠡᠷᠡᠳᠡᠭ ᠦᠭᠡᠢ᠃ ᠡᠢᠮᠦ《 ᠵᠠᠷᠢᠮ》ᠤ᠋ᠳ ᠮᠠᠨ ᠤ᠋ ᠬᠢᠨ ᠳ᠋ᠦ᠍ ᠡᠷᠲᠡᠨ ᠡᠴᠡ ᠠᠪᠤᠭᠠᠳ ᠡᠳᠦᠭᠡ ᠪᠣᠯᠲᠠᠯ᠎ᠠ ᠪᠠᠢᠭᠰᠠᠭᠠᠷ ᠯᠠ ᠡᠭᠦᠨ ᠡᠴᠡ ᠬᠣᠢᠰᠢ ᠪᠠᠰᠠ ᠪᠠᠢᠬᠤ ᠨᠢ ᠳᠠᠮᠵᠢᠭ ᠦᠭᠡᠢ᠃ ᠭᠡᠪᠡᠴᠦ ᠲᠣᠭ᠎ᠠ ᠬᠡᠮᠵᠢᠶ᠎ᠡ ᠨᠢ ᠴᠥᠭᠡᠷᠡᠵᠦ᠂ ᠲᠣᠯᠣᠭᠠᠢ ᠲᠠᠷᠢᠬᠢ ᠨᠢ ᠰᠡᠬᠡᠭᠡᠷᠡᠬᠦ ᠪᠣᠯᠤᠭᠠᠰᠠᠢ! ᠲᠡᠭᠡᠭᠰᠡᠭᠡᠷ ᠮᠠᠨ ᠤ᠋ ᠥᠪᠥᠷ ᠳᠥᠴᠢ ᠶᠢᠰᠦᠨ ᠬᠣᠰᠢᠭᠤ ᠬᠡᠵᠢᠶ᠎ᠡ ᠨᠢᠭᠡᠨ ᠡᠳᠦᠷ ᠨᠡᠢᠳᠡᠮ ᠳ᠋ᠡᠭᠡᠨ ᠪᠦᠷ ᠪᠠᠭᠠᠷᠢᠨ ᠰᠢᠭ᠋ ᠪᠣᠯᠤᠭᠠᠳ ᠮᠠᠨ ᠤ᠋ ᠦᠨᠳᠦᠰᠦᠲᠡᠨ ᠦ᠌ ᠰᠣᠶᠣᠯ ᠪᠣᠯᠪᠠᠰᠤᠷᠠᠯ ᠶᠠᠭᠤᠲᠠᠢ᠂ ᠬᠥᠭᠵᠢᠨ ᠪᠠᠳᠠᠷᠠᠵᠤ᠂ ᠮᠠᠨ ᠤ᠋ ᠮᠣᠩᠭᠣᠯ ᠤᠳᠬ᠎ᠠ ᠵᠣᠬᠢᠶᠠᠯ ᠤᠷᠠᠯᠢᠭ ᠤ᠋ᠨ ᠦᠢᠯᠡᠰ ᠬᠡᠴᠢᠨᠡᠨ ᠥᠷᠨᠢᠨ ᠴᠡᠴᠡᠭᠯᠡᠳᠡᠭ ᠪᠣᠯ⁈  
       ᠮᠢᠨᠦ ᠪᠣᠳᠣᠬᠤ ᠪᠠᠷ᠂ ᠮᠠᠨ ᠤ᠋ ᠡᠨᠡ ᠤᠳᠠᠭ᠎ᠠ ᠶ᠋ᠢᠨ ᠪᠢᠯᠢᠭ ᠦ᠋ᠨ ᠴᠤᠭᠯᠠᠭᠠᠨ ᠤ᠋ ᠨᠡᠭᠦᠳᠡᠯ ᠢ᠋ ᠳᠠᠢᠴᠢᠯᠠᠨ ᠶᠠᠪᠤᠭ᠎ᠠ ᠭᠠᠯ ᠤ᠋ᠨ ᠠᠬ᠎ᠠ ᠨᠠᠷ ᠤ᠋ᠨ ᠭᠠᠪᠢᠶ᠎ᠠ ᠨᠢ ᠭᠡᠪᠡᠯ᠂ ᠪᠠᠭᠠᠷᠢᠨ ᠳ᠋ᠤ᠌ ᠣᠲᠣᠷᠯᠠᠬᠤ ᠮᠡᠷᠭᠡᠨ ᠰᠢᠳᠪᠦᠷᠢ ᠶ᠋ᠢ ᠭᠠᠷᠭᠠᠵᠤ᠂ ᠪᠢᠳᠡ ᠪᠦᠬᠦᠨ ᠳ᠋ᠦ᠍ ᠰᠢᠷᠠᠮᠦᠷᠡᠨ ᠦ᠌ ᠤᠰᠤ ᠪᠠᠷ ᠪᠡᠬᠡ ᠪᠡᠨ ᠨᠠᠢᠷᠠᠵᠤ᠂ ᠰᠠᠢᠬᠠᠨ ᠬᠠᠨ ᠤ᠋ ᠴᠢᠯᠠᠭᠤ ᠪᠠᠷ ᠪᠢᠷ ᠢ᠋ᠶ᠋ᠡᠨ ᠭᠦᠢᠴᠡᠭᠡᠨ᠂ ᠪᠠᠶᠠᠨᠲᠠᠯ᠎ᠠ ᠶ᠋ᠢᠨ ᠳᠡᠨᠵᠢᠨ ᠳ᠋ᠦ᠍ ᠴᠠᠭᠠᠰᠤ ᠪᠠᠨ ᠳᠡᠯᠭᠡᠵᠦ ᠰᠠᠭᠤᠭᠠᠳ᠂ ᠪᠢᠯᠢᠭ ᠢ᠋ᠶ᠋ᠡᠨ ᠰᠣᠷᠢᠵᠤ ᠰᠢᠯᠦᠭ ᠢ᠋ᠶ᠋ᠡᠨ ᠤᠷᠢᠬᠤ ᠰᠠᠢᠨ ᠰᠠᠢᠬᠠᠨ ᠲᠣᠬᠢᠶᠠᠯ ᠢ᠋ ᠣᠯᠭᠣᠵᠤ ᠥᠭᠭᠦᠭᠰᠡᠨ ᠳ᠋ᠦ᠍ ᠪᠠᠢᠨ᠎ᠠ᠃ 
       ᠣᠲᠣᠷ ᠤ᠋ᠨ ᠭᠠᠵᠠᠷ ᠣᠯᠠᠨ ᠤ᠋ ᠰᠠᠨᠠᠭᠠᠨ ᠳ᠋ᠤ᠌ ᠲᠠᠭᠠᠷᠠᠭᠰᠠᠨ ᠠ᠋ᠴᠠ ᠬᠥᠮᠦᠨ ᠪᠦᠷᠢ ᠶ᠋ᠢᠨ ᠤᠷᠮ᠎ᠠ ᠰᠡᠳᠬᠢᠯ ᠬᠥᠭᠵᠢᠵᠦ᠂ ᠬᠥᠭᠡᠷᠦᠯᠴᠡᠭᠡ ᠶᠠᠷᠢᠯᠴᠠᠭ᠎ᠠ ᠵᠠᠮ ᠤ᠋ᠨ ᠲᠤᠵᠢ ᠲᠠᠰᠤᠷᠠᠯ ᠦᠭᠡᠢ ᠦᠷᠭᠦᠯᠵᠢᠯᠡᠭᠰᠡᠨ ᠲᠡᠳᠦᠢ ᠦᠭᠡᠢ᠂ ᠵᠠᠷᠢᠮ ᠤ᠋ᠨ ᠬᠢᠨᠢ ᠰᠢᠯᠦᠭ ᠦ᠋ᠨ ᠰᠢᠲᠦᠭᠡᠨ ᠴᠤ᠌ ᠵᠠᠯᠠᠷᠠᠭᠠᠳ ᠪᠠᠭᠤᠴᠢᠬᠠᠭᠰᠠᠨ ᠪᠠᠢᠵᠤ ᠪᠢᠯᠡ᠃ ᠳ᠋ᠠᠪᠠᠨ ᠳ᠋ᠤ᠌ ᠪᠢᠳᠡ ᠦᠳᠡ ᠥᠩᠭᠡᠷᠡᠭᠡᠳ ᠰᠠᠶᠢ ᠬᠦᠷᠦᠭᠰᠡᠨ ᠪᠠᠢᠳᠠᠭ᠃ ᠭᠡᠲᠡᠯ᠎ᠡ ᠦᠳᠡᠰᠢ ᠶ᠋ᠢᠨ ᠬᠢᠨᠢ ᠨᠠᠢᠷ ᠳᠡᠭᠡᠷ᠎ᠡ ᠦᠵᠦᠮᠦᠴᠢᠨ ᠦ᠌ ᠵᠠᠯᠠᠭᠤ ᠰᠢᠯᠦᠭᠴᠢ ᠰᠠᠢᠨᠴᠤᠭ᠎ᠠ ᠪᠣᠰᠴᠤ ᠢᠷᠡᠭᠡᠳ ᠵᠠᠮ ᠵᠠᠭᠤᠷ᠎ᠠ ᠪᠦᠲᠦᠭᠡᠭᠰᠡᠨ ᠪᠠᠭᠠᠷᠢᠨ ᠤ᠋ ᠲᠤᠬᠠᠢ ᠰᠢᠯᠦᠭ ᠢ᠋ᠶ᠋ᠡᠨ ᠪᠠᠷᠢᠨ ᠤᠩᠰᠢᠭᠠᠳ ᠣᠯᠠᠨ ᠤ᠋ ᠠᠯᠠᠭ᠎ᠠ ᠶ᠋ᠢ ᠨᠢᠵᠢᠭᠢᠨᠡᠭᠦᠯᠦᠨ ᠨᠠᠢᠷ ᠤ᠋ᠨ ᠬᠥᠭ ᠢ᠋ ᠥᠨᠳᠥᠷᠲᠦᠭᠡᠵᠦ ᠪᠠᠢᠭᠰᠠᠨ ᠢ᠋ ᠮᠠᠨ ᠤ᠋ ᠨᠥᠬᠥᠳ ᠠᠷᠠᠢ ᠮᠠᠷᠲᠠᠭ᠎ᠠ ᠦᠭᠡᠢ ᠪᠢᠵᠡ᠃  
       ᠲᠡᠷᠡ ᠡᠳᠦᠷ ᠦ᠋ᠨ ᠲᠡᠷᠭᠡᠨ ᠦ᠌ ᠵᠢᠯᠣᠭᠣᠴᠢ ᠴᠤ᠌ ᠮᠠᠨᠤᠰ ᠤ᠋ᠨ ᠶᠠᠷᠢᠶ᠎ᠠ ᠬᠥᠭᠡᠷᠦᠯᠴᠡᠭᠡ ᠲᠡᠢ ᠥᠰᠢᠯᠳᠦᠬᠦ ᠭᠡᠰᠡᠨ ᠰᠢᠭ ᠯᠡ ᠳᠠᠭᠤ ᠰᠢᠩᠭᠡᠭᠡᠬᠦ ᠮᠠᠰᠢᠨ ᠤ᠋ ᠪᠠᠨ ᠴᠢᠨᠡᠭᠡ ᠪᠡᠷ ᠰᠢᠶᠠᠩᠭᠠᠩ᠂ ᠲᠠᠢᠸᠠᠨ ᠪᠣᠯᠤᠨ ᠶᠡᠬᠡ ᠬᠠᠭᠤᠷᠠᠢ ᠪᠠᠷ ᠳᠡᠯᠭᠡᠷᠡᠵᠦ ᠪᠦᠬᠦᠢ ᠳᠠᠭᠤᠤ ᠬᠥᠭᠵᠢᠮ ᠢ᠋ ᠬᠣᠢᠨ᠎ᠠ ᠬᠣᠢᠨ᠎ᠠ ᠠ᠋ᠴᠠ ᠨᠢ ᠬᠠᠩᠭᠢᠨᠠᠵᠤ ᠳᠠᠩᠭᠢᠨᠠᠲᠠᠯ᠎ᠠ ᠲᠠᠯᠪᠢᠵᠤ ᠪᠠᠢᠪᠠ᠃ ᠲᠡᠭᠡᠭᠰᠡᠨ ᠴᠢᠨᠢ ᠮᠠᠰᠢᠨ ᠲᠡᠷᠭᠡ ᠡᠭᠡᠭᠡ ᠯᠡ ᠮᠣᠲ᠋ᠣᠷ ᠤ᠋ᠨ ᠢ᠋ᠶ᠋ᠠᠨ ᠴᠢᠳᠠᠯ ᠢ᠋ᠶ᠋ᠠᠷ ᠶᠠᠪᠤᠵᠤ ᠪᠠᠢᠭ᠎ᠠ ᠪᠢᠰᠢ᠂ ᠬᠠᠷᠢᠨ ᠮᠠᠨᠤᠰ ᠤ᠋ᠨ ᠬᠥᠷ ᠨᠠᠷᠭᠢᠶᠠᠨ ᠤ᠋ ᠬᠦᠴᠦ ᠪᠣᠯᠤᠨ ᠲᠡᠭᠦᠨ ᠦ᠌ ᠲᠠᠯᠪᠢᠵᠤ ᠪᠠᠢᠭ᠎ᠠ ᠳᠠᠭᠤᠤ ᠬᠥᠭᠵᠢᠮ ᠦ᠋ᠨ ᠡᠭᠡᠰᠢᠭ ᠢ᠋ᠶ᠋ᠡᠷ ᠳᠠᠪᠬᠢᠵᠤ ᠪᠠᠢᠬᠤ ᠰᠢᠭ᠋ ᠠᠢᠵᠠᠮᠲᠠᠢᠬᠠᠨ ᠳᠣᠷᠭᠢᠯᠵᠤ ᠠᠶᠠᠲᠠᠢᠬᠠᠨ ᠬᠥᠪᠦᠯᠵᠡᠵᠦ ᠪᠠᠢᠯ᠎ᠠ᠃ 

             ᠳᠥᠷᠪᠡ       

       ᠲᠡᠷᠡ ᠦᠶ᠎ᠡ ᠳ᠋ᠦ᠍᠂ ᠤᠯᠠᠭᠠᠨᠬᠠᠳᠠ ᠠ᠋ᠴᠠ ᠪᠣᠷᠣᠬᠤᠲᠠ ᠣᠷᠣᠬᠤ ᠵᠠᠮ ᠤ᠋ᠨ ᠵᠠᠷᠢᠮ ᠬᠡᠰᠡᠭ ᠢ᠋ ᠨᠢ ᠰᠡᠯᠪᠢᠨ ᠵᠠᠰᠠᠵᠤ ᠪᠠᠢᠭᠰᠠᠨ ᠪᠣᠯᠬᠣᠷ ᠮᠠᠨ ᠤ᠋ ᠠᠶᠠᠨ ᠬᠥᠯ ᠪᠠᠬᠠᠨ ᠤᠳᠠᠭᠠᠰᠢᠷᠠᠵᠤ᠂ ᠦᠳᠡ ᠰᠢᠬᠠᠵᠤ ᠪᠠᠢᠭᠠᠳ ᠰᠠᠶᠢ ᠪᠣᠷᠣᠬᠣᠲᠠ ᠳ᠋ᠤ᠌ ᠬᠦᠷᠪᠡ᠃  
       ᠮᠠᠰᠢᠨ ᠳᠦᠭᠦᠷᠡᠩ ᠢᠨᠢᠶᠡᠳᠦ᠂ ᠵᠡᠭᠡᠯᠢ ᠳᠦᠭᠦᠷᠡᠩ ᠠᠰᠬᠠᠭᠳᠠᠭᠠᠳ ᠠᠶᠠᠨ ᠬᠥᠰᠬᠡ ᠲᠦᠷ ᠵᠠᠭᠤᠷ᠎ᠠ ᠠᠮᠤᠰᠬᠢᠬᠦ ᠪᠣᠯᠪᠠ᠃ 
       ᠵᠠᠮ ᠬᠠᠪᠴᠢᠭᠰᠠᠨ ᠵᠠᠬ᠎ᠠ ᠳᠡᠯᠭᠡᠭᠦᠷ ᠡᠴᠡ ᠨᠢ ᠪᠢᠳᠡ᠂ ᠦᠨᠳᠦᠰᠦ ᠵᠡᠯ᠎ᠡ ᠡᠴᠡ ᠪᠡᠨ ᠰᠠᠯᠤᠭᠠᠳ ᠡᠳᠦᠷ ᠥᠨᠵᠢᠭᠡ ᠦᠭᠡᠢ ᠰᠢᠨ᠎ᠡ ᠬᠡᠮᠬᠡ᠂ ᠰᠢᠨ᠎ᠡ ᠲᠠᠷᠪᠤᠰ᠂ ᠰᠢᠨ᠎ᠡ ᠡᠷᠳᠡᠨᠢ ᠰᠢᠰᠢ ᠵᠡᠷᠭᠡ ᠶ᠋ᠢᠨ ᠰᠣᠷᠭᠣᠭ ᠰᠣᠨᠢᠨ ᠵᠦᠢᠯᠡᠰ ᠢ᠋ ᠬᠤᠪᠢ ᠬᠣᠪᠢᠨ ᠤ᠋ ᠪᠠᠨ ᠳᠤᠷᠠᠰᠢᠯ ᠢ᠋ᠶ᠋ᠠᠷ ᠬᠤᠳᠠᠯᠳᠤᠨ ᠠᠪᠴᠤ᠂ ᠬᠣᠭᠣᠷᠣ ᠬᠣᠭᠣᠷᠣᠨᠳᠣ ᠪᠠᠨ ᠪᠠᠰᠠ ᠰᠣᠯᠢᠯᠴᠠᠨ ᠢᠳᠡᠭᠡᠳ᠂ ᠲᠡᠳᠡᠭᠡᠷ ᠬᠥᠳᠡᠭᠡ ᠶ᠋ᠢᠨ ᠠᠮᠲᠠ᠂ ᠬᠥᠳᠡᠯᠮᠦᠷᠢ ᠶ᠋ᠢᠨ ᠦᠷ᠎ᠡ᠂ ᠲᠠᠷᠢᠶᠠᠴᠢᠳ ᠤ᠋ᠨ ᠪᠦᠲᠦᠭᠡᠯ ᠢ᠋ ᠳᠡᠭᠡᠵᠢᠯᠡᠨ ᠲᠠᠮᠰᠢᠶᠠᠯᠠᠵᠤ᠂ ᠪᠠᠶᠠᠷ ᠬᠥᠷ ᠦ᠋ᠨ ᠢ᠋ᠶ᠋ᠡᠨ ᠢᠨᠢᠶᠡᠳᠦ ᠲᠡᠢ ᠬᠠᠮᠲᠤ ᠪᠠᠯ ᠪᠤᠷᠠᠮ ᠰᠢᠭ᠋ ᠠᠮᠲᠠᠷᠬᠠᠨ ᠵᠠᠵᠢᠯᠤᠭᠰᠠᠭᠠᠷ ᠠᠶᠠᠨ ᠤ᠋ ᠦᠳᠡ ᠪᠡᠨ ᠠᠪᠴᠤ ᠪᠢᠯᠡ᠃  
       ᠪᠣᠷᠣᠬᠤᠲᠠ ᠠ᠋ᠴᠠ ᠴᠠᠰᠢ ᠪᠣᠯ ᠵᠠᠰᠠᠯᠲᠠ ᠦᠭᠡᠢ ᠳᠠᠷᠳᠠᠩ ᠰᠠᠷᠠᠭᠤᠯ ᠵᠠᠮ ᠪᠣᠯᠬᠣᠷ ᠤᠳᠠᠵᠤ ᠲᠦᠳᠡᠭᠰᠡᠨ ᠴᠤ᠌ ᠦᠭᠡᠢ ᠪᠡᠷ ᠰᠢᠷᠠᠮᠦᠷᠡᠨ ᠦ᠌ ᠬᠥᠭᠦᠷᠭᠡᠨ ᠳᠡᠭᠡᠷ᠎ᠡ ᠭᠠᠷᠤᠭᠠᠳ ᠣᠴᠢᠬᠤ ᠨᠢ ᠲᠡᠷᠡ᠃ ᠣᠩᠨᠢᠭᠤᠳ ᠪᠠᠭᠠᠷᠢᠨ ᠬᠣᠶᠠᠷ ᠬᠣᠰᠢᠭᠤ ᠬᠣᠭᠣᠷᠣᠨᠳᠣ ᠪᠠᠨ ᠡᠨᠡ ᠬᠥᠭᠥᠷᠭᠡ ᠪᠡᠷ ᠵᠠᠭᠠᠭᠯᠠᠭᠳᠠᠵᠤ ᠪᠠᠢᠭ᠎ᠠ ᠪᠣᠯᠤᠨ᠎ᠠ᠃  
       ᠬᠥᠭᠥᠷᠭᠡ ᠶ᠋ᠢᠨ ᠴᠢᠨᠠᠳᠤ ᠦᠵᠦᠭᠦᠷ ᠨᠢ ᠪᠠᠭᠤᠭᠠᠳ ᠣᠴᠢᠬᠤ ᠨᠢ ᠪᠠᠭᠤᠭᠠᠳ ᠣᠴᠢᠬᠤ ᠨᠢ ᠲᠡᠷᠡ᠂ ᠪᠠᠭᠠᠷᠢᠨ ᠬᠤᠰᠢᠭᠤᠨ ᠤ᠋ ᠵᠠᠬ᠎ᠠ ᠳ᠋ᠤ᠌ ᠣᠷᠣᠭᠠᠳ ᠨᠤᠲᠤᠭ ᠤᠰᠤᠨ ᠤ᠋ ᠪᠠᠢᠳᠠᠯ ᠭᠡᠵᠦ ᠨᠢᠭᠡ ᠯᠡ ᠣᠨᠳᠣᠣ ᠪᠣᠯᠵᠤ᠂ ᠲᠡᠷᠭᠡᠨ ᠳᠣᠲᠣᠷᠠᠬᠢ ᠨᠠᠷᠭᠢᠶᠠᠨ ᠱᠤᠤᠭᠢᠶᠠᠨ ᠴᠤ᠌ ᠲᠣᠣᠷᠬᠠᠨ ᠢ᠋ᠶ᠋ᠠᠨ ᠨᠠᠮᠬᠢᠭᠡᠳ᠂ ᠬᠥᠮᠦᠰ ᠦ᠋ᠨ ᠨᠢᠳᠦ ᠪᠦᠷ ᠬᠡᠯᠡᠯᠴᠡᠭᠡ ᠲᠡᠢ ᠶᠤᠮᠰᠢᠭ ᠭᠠᠳᠠᠭᠰᠢ ᠬᠠᠷᠠᠨ ᠭᠠᠢᠬᠠᠰᠢ ᠠᠯᠳᠠᠭᠰᠠᠭᠠᠷ ᠬᠠᠷᠠᠭ᠎ᠠ ᠪᠡᠯᠴᠢᠭᠡᠵᠦ ᠡᠬᠢᠯᠡᠪᠡ᠃ 
       ᠵᠠᠮ ᠤ᠋ᠨ ᠬᠠᠵᠠᠭᠤ᠂ ᠵᠢᠯᠠᠭ᠎ᠠ ᠶ᠋ᠢᠨ ᠬᠥᠨᠳᠡᠢ ᠶ᠋ᠢ ᠪᠦᠷᠬᠦᠭᠰᠡᠨ ᠡᠪᠡᠰᠦ ᠤᠷᠭᠤᠮᠠᠯ ᠤ᠋ᠳ ᠨᠢ ᠮᠠᠨ ᠢ᠋ ᠤᠭᠲᠤᠬᠤ ᠭᠡᠵᠦ ᠥᠨᠳᠡᠢᠵᠦ ᠪᠠᠢᠭᠰᠠᠭᠠᠷ᠂ ᠥᠨᠳᠥᠷ ᠪᠣᠯᠴᠢᠬᠠᠭᠰᠠᠨ ᠰᠢᠭ᠋ ᠦᠵᠡᠭᠳᠡᠨ᠎ᠡ᠃ ᠪᠠᠷᠳᠠᠮ ᠰᠦᠷᠯᠢᠭ ᠪᠠᠶᠠᠩᠬᠠᠨ᠂ ᠣᠮᠣᠭ ᠵᠢᠪᠬᠤᠭᠠᠲᠤ ᠣᠩᠭᠣᠨ ᠠᠭᠤᠯᠠ ᠨᠢ ᠡᠭᠦᠳᠡ ᠪᠡᠨ ᠰᠠᠬᠢᠭ᠎ᠠ ᠬᠣᠶᠠᠷ ᠮᠠᠨᠠᠭ᠎ᠠ ᠰᠢᠭ᠋᠂ ᠥᠭᠡᠳᠡ ᠡᠴᠡ ᠲᠣᠰᠤᠭ᠎ᠠ ᠬᠣᠣᠰ ᠤᠭᠲᠤᠭᠤᠯ ᠭᠡᠮᠡᠷ ᠣᠢᠷᠠᠲᠤᠭᠰᠠᠭᠠᠷ ᠨᠠᠰᠢᠯᠠᠨ᠎ᠠ᠃ ᠲᠡ᠊ - ᠷᠠ ᠬᠣᠯᠠ᠂ ᠰᠡᠢᠮᠡᠬᠡᠢ ᠤᠨᠢᠶᠠᠷ ᠤ᠋ᠨ ᠴᠠᠭᠠᠨ᠎ᠠ ᠠ᠋ᠴᠠ ᠰᠡᠮᠡᠵᠡᠨ  ᠡᠭᠦᠯᠡ ᠶ᠋ᠢᠨ ᠳᠡᠭᠡᠭᠦᠷ ᠴᠤᠬᠤᠰ ᠴᠤᠬᠤᠰ ᠭᠡᠷᠡᠯᠲᠦᠨ ᠲᠤᠰᠬᠤ ᠰᠠᠢᠬᠠᠨ ᠬᠠᠨ ᠤ᠋ ᠲᠤᠶᠠᠭᠠᠲᠤ ᠣᠷᠭᠢᠯ ᠨᠢᠳᠦᠨ ᠦ᠌ ᠬᠠᠷᠠᠭ᠎ᠠ ᠶ᠋ᠢ ᠲᠠᠲᠠᠵᠤ᠂ ᠨᠤᠲᠤᠭ ᠤ᠋ᠨ ᠰᠦᠷ ᠢ᠋ ᠭᠠᠢᠬᠠᠭᠤᠯᠤᠨ᠎ᠠ᠃ 
       ᠪᠠᠭᠠᠷᠢᠨ ᠤ᠋ ᠦᠵᠡᠮᠵᠢ᠂ ᠪᠠᠢᠭᠠᠯᠢ ᠶ᠋ᠢᠨ ᠰᠠᠢᠬᠠᠨ ᠳ᠋ᠤ᠌ ᠰᠣᠭᠲᠣᠭᠤᠷᠠᠭᠰᠠᠨ ᠮᠠᠨᠤᠰ ᠤ᠋ᠨ ᠬᠥᠭᠵᠢᠶᠡᠨ ᠲᠦᠷ ᠵᠠᠭᠤᠷ᠎ᠠ ᠨᠠᠮᠬᠠᠷᠠᠰᠬᠢᠬᠦ ᠶ᠋ᠢᠨ ᠲᠡᠷᠡᠬᠡᠨ ᠵᠠᠪᠰᠠᠷ᠂  ᠮᠠᠰᠢᠨ ᠲᠡᠷᠭᠡᠨ ᠦ᠌ ᠮᠣᠲ᠋ᠣᠷ ᠤ᠋ᠨ ᠳᠣᠷᠭᠢᠯᠲᠠ ᠪᠣᠯᠤᠨ ᠵᠢᠯᠣᠭᠣᠴᠢ ᠶ᠋ᠢᠨ ᠲᠠᠯᠪᠢᠵᠤ ᠪᠠᠢᠭ᠎ᠠ ᠳᠠᠭᠤᠤ ᠬᠥᠭᠵᠢᠮ᠂ ᠣᠳᠣ ᠴᠤ᠌ ᠨᠢᠭᠡ ᠵᠠᠪᠰᠢᠶᠠᠨ ᠣᠯᠲᠠᠯ᠎ᠠ ᠭᠡᠰᠡᠨ ᠲᠥᠯᠥᠪᠲᠡᠢ ᠴᠢᠬᠢ ᠲᠦᠵᠢᠷᠡᠵᠦ᠂ ᠲᠠᠷᠢᠬᠢ ᠳᠦᠢᠷᠡᠮ᠎ᠡ ᠳᠦᠩᠭᠢᠨᠡᠵᠦ ᠭᠠᠷᠪᠠ᠃ ᠲᠡᠭᠡᠲᠡᠯ᠎ᠡ ᠬᠡᠨ ᠨᠢ ᠪᠢᠯᠡ? ᠨᠢᠭᠡ ᠯᠡ ᠳᠣᠣᠷ᠎ᠠ ᠪᠣᠳᠣᠵᠤ ᠣᠯᠬᠤ ᠪᠠᠨ ᠪᠠᠢᠴᠢᠬᠠᠯ᠎ᠠ᠂ ᠯᠠᠪᠲᠠᠢ ᠪᠠᠭᠠᠷᠢᠨ ᠤ᠋ ᠨᠥᠬᠥᠳ ᠦ᠋ᠨ ᠨᠢᠭᠡ ᠨᠢ ᠶᠦᠮ᠄   
          ᠮᠥᠭᠡᠷᠦᠦ ᠮᠥᠭᠡᠷᠦᠦ ᠱᠣᠷᠣᠩ ᠬᠠᠳᠠ ᠬᠦ   
          ᠮᠥᠩᠭᠥᠨ ᠳ᠋ᠦ᠍ ᠠᠳᠠᠯᠢ ᠡᠯᠡᠰᠦ ᠮᠠᠩᠬ᠎ᠠ ᠬᠦ ᠭᠡᠵᠦ ᠨᠤᠲᠤᠭ ᠤ᠋ᠨ ᠢ᠋ᠶ᠋ᠠᠨ ᠳᠠᠭᠤᠤ ᠶ᠋ᠢ ᠡᠬᠢᠯᠡᠬᠦ ᠲᠡᠢ ᠵᠡᠷᠭᠡ ᠠᠷᠤ ᠠ᠋ᠴᠠ ᠨᠢ ᠬᠥᠷ ᠭᠡᠲᠡᠯ᠎ᠡ ᠡᠯᠭᠦᠵᠦ ᠠᠪᠤᠭᠠᠳ᠄ 
          ᠮᠥᠮᠥ ᠶ᠋ᠢᠨ ᠮᠢᠨᠢ ᠥᠰᠬᠡᠭᠰᠡᠨ ᠨᠤᠲᠤᠭ ᠶᠤᠮ 
          ᠮᠥᠷᠥᠭᠡᠳᠦᠨ ᠰᠠᠨᠠᠭᠳᠠᠭᠠᠳ ᠤᠢᠳᠬᠠᠷᠯᠠᠨ ᠪᠠᠢᠨ᠎ᠠ ᠭᠡᠵᠦ ᠠᠮᠠ ᠲᠠᠢ ᠪᠣᠯᠭᠠᠨ ᠳᠠᠭᠠᠵᠤ ᠠᠯᠠᠭ᠎ᠠ ᠲᠠᠰᠢᠨ ᠳᠠᠭᠤᠯᠠᠵᠠᠭᠠᠨ᠎ᠠ᠃  
       ᠰᠠᠷᠠᠭᠤᠯ ᠠᠭᠤᠳᠠᠮ ᠪᠠᠭᠠᠷᠢᠨ ᠨᠤᠲᠤᠭ ᠢ᠋ᠶ᠋ᠠᠷ ᠲᠠᠩᠬᠢᠮ ᠪᠣᠯᠭᠠᠵᠤ᠂ ᠵᠢᠷᠠ ᠭᠠᠷᠤᠢ ᠰᠠᠭᠤᠳᠠᠯ ᠲᠠᠢ《 ᠬᠤᠸᠠᠩ ᠬᠠᠢ》 ᠲᠡᠮᠳᠡᠭᠲᠦ ᠲᠣᠮᠣ ᠮᠠᠰᠢᠨ ᠢ᠋ᠶ᠋ᠠᠷ ᠲᠠᠢᠰᠠ ᠪᠣᠯᠭᠠᠭᠰᠠᠨ ᠳᠥᠴᠢ ᠭᠠᠷᠤᠢ ᠬᠥᠮᠦᠨ ᠦ᠌ ᠲᠦᠷᠡᠯᠭᠡ ᠨᠢᠭᠡᠲᠡᠢ ᠬᠣᠭᠣᠯᠠᠢ ᠳ᠋ᠤ᠌ ᠮᠣᠲ᠋ᠣᠷ ᠤ᠋ᠨ ᠳᠠᠭᠤᠨ ᠳᠠᠷᠤᠭᠳᠠᠵᠤ᠂ ᠮᠠᠰᠢᠨ ᠤ᠋ ᠲᠤᠷᠭᠢᠯᠲᠠ ᠵᠥᠭᠡᠯᠡᠷᠡᠭᠡᠳ ᠨᠢᠭᠡ ᠯᠡ ᠬᠥᠭ ᠢ᠋ᠶ᠋ᠡᠷ ᠬᠥᠪᠦᠯᠵᠡᠨ ᠨᠠᠮᠠᠯᠵᠠᠨ᠎ᠠ᠃ ᠡᠨᠡ ᠬᠦ᠌ ᠨᠤᠲᠤᠭ ᠤᠰᠤᠨ ᠤ᠋ ᠲᠤᠬᠠᠢ ᠬᠤᠷ ᠳᠠᠭᠤᠯᠠᠯ ᠤ᠋ᠨ ᠲᠦᠷᠡᠯᠲᠡ ᠳ᠋ᠦ᠍ ᠮᠠᠰᠢᠨ ᠲᠡᠷᠭᠡ ᠬᠡᠷᠪᠡ ᠳᠠᠯᠠᠪᠴᠢ ᠲᠠᠢ ᠪᠣᠯᠤᠭᠰᠠᠨ ᠪᠣᠯ ᠳᠥᠷᠪᠡᠨ ᠪᠤᠯᠤ ᠨᠢ ᠬᠡᠢ ᠳᠡᠭᠡᠷ᠎ᠡ ᠳᠡᠭᠳᠡᠭᠡᠳ ᠲᠡᠢᠷᠦᠯᠲᠦ ᠣᠩᠭᠣᠴᠠ ᠰᠢᠭ᠋ ᠬᠥᠭᠡᠷᠦᠭᠡᠳ ᠪᠣᠰᠴᠢᠬᠠᠬᠤ ᠳ᠋ᠤ᠌ ᠰᠠᠭᠠᠲᠠᠬᠤ ᠦᠭᠡᠢ ᠪᠠᠢᠯ᠎ᠠ᠃ 
       ᠪᠢ ᠴᠤ᠌ ᠭᠡᠰᠡᠨ ᠪᠦᠷ ᠨᠢᠭᠡᠮᠦᠰᠦᠨ ᠰᠠᠨᠠᠭ᠎ᠠ ᠰᠡᠳᠬᠢᠯ ᠰᠠᠭᠭᠠᠵᠤ᠂ ᠵᠢᠷᠦᠬᠡ ᠭᠣᠣᠯ ᠪᠤᠯᠭᠢᠯᠠᠨ᠂ ᠪᠦᠬᠦ ᠪᠡᠶ᠎ᠡ ᠳᠣᠯᠭᠢᠰᠤᠭᠠᠳ᠂ ᠲᠡᠢᠷᠦᠯᠲᠦ ᠣᠩᠭᠣᠴᠠᠨ ᠳ᠋ᠤ᠌ ᠰᠠᠭᠤᠵᠤ ᠰᠠᠨᠰᠠᠷ ᠤ᠋ᠨ ᠴᠡᠭᠡᠯ ᠢ᠋ᠶ᠋ᠡᠷ ᠠᠶᠠᠯᠠᠵᠤ ᠶᠠᠪᠤᠭ᠎ᠠ ᠪᠢᠰᠢ᠂ ᠲᠠᠯᠠᠮᠠᠨ ᠵᠢᠷᠣᠭ᠎ᠠ ᠮᠣᠷᠢ ᠤᠨᠤᠭᠠᠳ ᠠᠭᠤᠳᠠᠮ ᠰᠠᠷᠠᠭᠤᠯ ᠲᠠᠯ᠎ᠠ ᠶ᠋ᠢᠨ ᠳᠡᠨᠵᠢ ᠪᠡᠷ ᠤᠰᠤᠨ ᠪᠣᠯᠣᠷ ᠵᠡᠷᠭᠡᠯᠭᠡᠨ ᠲᠡᠢ ᠤᠷᠤᠯᠳᠤᠵᠤ ᠪᠠᠢᠬᠤ ᠰᠢᠭ᠋ ᠪᠣᠯᠤᠨ᠎ᠠ᠃ 
          ᠵᠠᠩ ᠮᠥᠷᠡᠨ ᠦ᠌ ᠤᠰᠤ ᠶ᠋ᠢ ᠨᠢ  
          ᠵᠠᠢᠷ ᠢ᠋ ᠨᠢ ᠦᠵᠡᠵᠦ ᠲᠤᠭᠤᠯᠤᠶ᠎ᠠ ᠬᠦᠢ  
          ᠵᠠᠯᠠᠭᠤ ᠢᠳᠡᠷ ᠨᠠᠰᠤᠨ ᠳ᠋ᠠᠭᠠᠨ  
          ᠵᠠᠪᠠᠯ ᠰᠠᠨᠠᠭᠰᠠᠨ ᠢ᠋ᠶ᠋ᠠᠨ ᠭᠦᠢᠴᠡᠭᠡᠶ᠎ᠡ ᠬᠦᠢ    
       ᠮᠠᠰᠢᠨ ᠲᠡᠷᠭᠡ ᠬᠤᠷᠳᠤᠯᠠᠭᠰᠠᠭᠠᠷ᠂ ᠮᠠᠨ ᠤ᠋ ᠳᠠᠭᠤᠤ ᠦᠷᠭᠦᠯᠵᠢᠯᠡᠭᠰᠡᠭᠡᠷ᠃  ᠦᠭᠡ ᠶ᠋ᠢ ᠨᠢ ᠮᠡᠳᠡᠬᠦ ᠦᠭᠡᠢ ᠵᠠᠷᠢᠮ ᠨᠢ ᠠᠶ᠎ᠠ ᠶ᠋ᠢ ᠨᠢ ᠳᠠᠭᠤᠯᠠᠭᠠᠳ ᠲᠦᠷᠡᠵᠦ ᠥᠭᠭᠦᠨ᠎ᠡ᠃ ᠥᠷᠥᠴᠡ ᠴᠡᠭᠡᠵᠢᠨ ᠦ᠌ ᠪᠡᠨ ᠴᠠᠭᠠᠨ᠎ᠠ ᠠ᠋ᠴᠠ ᠵᠢᠷᠦᠬᠡᠨ ᠲᠠᠮᠢᠷ ᠢ᠋ᠶ᠋ᠠᠨ ᠰᠢᠪᠬᠠᠵᠤ ᠪᠠᠢᠨ᠎ᠠ᠃ ᠠᠷᠠᠳ ᠤ᠋ᠨ ᠳᠠᠭᠤᠤ᠂ ᠨᠤᠲᠤᠭ ᠤ᠋ᠨ ᠳᠠᠭᠤᠤ᠂ ᠠᠪᠤ ᠶ᠋ᠢᠨ ᠬᠡᠦᠬᠡᠳ ᠦ᠋ᠨ ᠬᠣᠭᠣᠯᠠᠢ ᠶ᠋ᠢ ᠨᠡᠢᠯᠡᠭᠦᠯᠵᠦ ᠰᠡᠳᠬᠢᠯ ᠢ᠋ ᠨᠢᠭᠡᠳᠬᠡᠨ᠎ᠡ᠃  
       ᠪᠢ ᠭᠡᠵᠦ ᠣᠯᠢᠭ ᠦᠭᠡᠢ ᠶᠦᠮ ᠠ᠋! ᠣᠯᠠᠨ ᠢ᠋ ᠳᠠᠭᠠᠭᠠᠳ ᠬᠡᠳᠦᠬᠡᠨ ᠣᠷᠢᠯᠠᠭᠰᠠᠨ ᠴᠢᠨᠢ ᠠᠮᠠ ᠴᠠᠩᠭᠠᠵᠤ᠂ ᠬᠡᠯᠡ ᠬᠠᠲᠠᠭᠠᠳ᠂ ᠬᠣᠭᠣᠯᠠᠢ ᠪᠦᠷ ᠰᠥᠭᠡᠴᠢᠬᠡᠪᠡ᠃ ᠲᠡᠭᠡᠭᠡᠳ ᠯᠡ ᠪᠢ ᠴᠢᠨᠢ ᠠᠯᠠᠭ᠎ᠠ ᠲᠡᠰᠢᠨ ᠣᠯᠠᠨ ᠳ᠋ᠠᠭᠠᠨ ᠬᠠᠪᠰᠤᠷᠬᠤ ᠠ᠋ᠴᠠ ᠣᠨᠳᠣᠣ ᠠᠷᠭ᠎ᠠ ᠭᠡᠵᠦ ᠠᠯᠠᠭ᠎ᠠ ᠪᠣᠯᠬᠤ ᠳ᠋ᠠᠭᠠᠨ ᠠᠮᠢᠨ ᠤ᠋ ᠬᠢ ᠪᠡᠨ ᠪᠣᠳᠣᠵᠤ ᠯᠠ ᠶᠠᠪᠤᠯ᠎ᠠ᠃ 

              ᠲᠠᠪᠤ  

     ᠪᠠᠭᠠᠷᠢᠨ ᠬᠤᠰᠢᠭᠤᠨ ᠳ᠋ᠤ᠌ ᠪᠢ ᠠᠩᠬ᠎ᠠ ᠢᠷᠡᠵᠦ ᠪᠠᠢᠭ᠎ᠠ ᠪᠢᠰᠢ᠂ ᠪᠠᠭᠠᠷᠢᠨ ᠨᠥᠬᠥᠳ ᠲᠡᠢ ᠪᠢ ᠲᠦᠷᠦᠭᠦᠦ ᠲᠠᠨᠢᠯᠴᠠᠵᠤ ᠪᠠᠢᠭ᠎ᠠ ᠪᠢᠰᠢ᠃ ᠭᠡᠪᠡᠴᠦ᠂ ᠪᠠᠭᠠᠷᠢᠨ ᠠ᠋ᠴᠠ ᠶᠠᠭᠠᠬᠢᠭᠠᠳ ᠰᠢᠯᠦᠭᠴᠢ ᠵᠣᠬᠢᠶᠠᠯᠴᠢ ᠭᠠᠷᠳᠠᠭ ᠢ᠋᠂ ᠪᠠᠭᠠᠷᠢᠨ᠂ ᠬᠥᠮᠦᠨ ᠶᠠᠭᠠᠬᠢᠭᠠᠳ ᠰᠢᠯᠦᠭ ᠵᠣᠬᠢᠶᠠᠯ ᠳ᠋ᠤ᠌ ᠠᠪᠢᠶᠠᠰ ᠲᠠᠢ ᠪᠠᠢᠳᠠᠭ ᠢ᠋ ᠥᠩᠭᠡᠷᠡᠭᠰᠡᠨ ᠳ᠋ᠦ᠍ ᠪᠢ ᠪᠣᠳᠣᠵᠤ ᠦᠵᠡᠭᠰᠡᠨ ᠴᠤ᠌ ᠮᠡᠳᠡᠵᠦ ᠴᠢᠳᠠᠭᠰᠠᠨ ᠦᠭᠡᠢ᠃ ᠡᠨᠡ ᠤᠳᠠᠭ᠎ᠠ᠂ ᠦᠭᠡᠢ᠂᠂ ᠡᠨᠡᠭᠦᠬᠡᠨ ᠬᠣᠭᠣᠷᠣᠨᠳᠣ᠂ ᠭᠡᠨᠡᠳᠲᠡ ᠬᠠᠷᠢᠨ ᠨᠢᠭᠡ ᠶᠠᠭᠤᠮ᠎ᠠ ᠶ᠋ᠢ ᠣᠯᠵᠤ ᠮᠡᠳᠡᠬᠦ ᠰᠢᠭ ᠪᠣᠯᠤᠯ᠎ᠠ᠃  
     《᠁ ᠮᠥᠮᠥ  ᠶ᠋ᠢᠨ ᠮᠢᠨᠢ ᠥᠰᠬᠡᠭᠰᠡᠨ ᠨᠤᠲᠤᠭ ᠶᠤᠮ ᠳᠠ᠂ ᠮᠥᠷᠥᠭᠡᠳᠦᠨ ᠰᠠᠨᠠᠭᠳᠠᠭᠠᠳ ᠤᠢᠳᠬᠠᠷᠯᠠᠨ᠂ ᠪᠠᠢᠨ᠎ᠠ᠁》 ᠪ᠂ ᠪᠦᠷᠢᠨᠪᠡᠬᠢ  ᠶ᠋ᠢᠨ(《 ᠮᠥᠭᠡᠷᠦᠦ ᠮᠥᠭᠡᠷᠦᠦ ᠱᠣᠷᠣᠩ ᠬᠠᠳᠠ》 ᠭᠡᠰᠡᠨ ᠳᠠᠭᠤᠤ) ᠡᠨᠡ ᠰᠡᠳᠬᠢᠯ᠂《᠁ ᠪᠢ ᠴᠢᠮ᠎ᠠ ᠳ᠋ᠤ᠌ ᠬᠠᠢᠷᠠᠲᠠᠢ! ᠪᠠᠭᠠᠷᠢᠨ ᠨᠤᠲᠤᠭ ᠮᠢᠨᠢ᠁ ᠤᠬᠠᠭᠠᠨ ᠰᠠᠨᠠᠭ᠎ᠠ ᠪᠠᠨ ᠴᠢᠨᠦ ᠲᠡᠨᠳᠡ ᠡᠴᠡ ᠰᠡᠯᠪᠢᠵᠦ᠂ ᠤᠶᠠᠩᠭ᠎ᠠ ᠰᠡᠳᠬᠢᠯᠭᠡ ᠪᠡᠨ ᠴᠢᠨᠦ ᠵᠦᠭ ᠡᠷᠭᠦᠶ᠎ᠡ!》  ᠠ‍᠂ ᠣᠳᠽᠠᠷ ᠤ᠋ᠨ(《 ᠪᠠᠭᠠᠷᠢᠨ ᠳ᠋ᠠᠭᠠᠨ ᠡᠷᠭᠦᠬᠦ ᠤᠶᠠᠩᠭ᠎ᠠ》 ᠭᠡᠰᠡᠨ ᠨᠠᠢᠷᠠᠭᠤᠯᠤᠯ) ᠡᠨᠡ ᠰᠡᠳᠬᠢᠯ᠂《᠁ ᠤᠳᠠᠭᠠᠨ ᠵᠢᠯ ᠰᠠᠯᠤᠭᠰᠠᠨ ᠬᠦᠦ ᠨᠢ ᠪᠢ᠂ ᠠᠭᠤᠯᠵᠠᠬᠤ ᠪᠠᠷ ᠢᠷᠡᠬᠦ ᠳ᠋ᠦ᠍ ᠮᠢᠨᠦ ᠨᠤᠲᠤᠭ᠂ ᠠᠭᠤᠵᠢᠮ ᠡᠪᠦᠷ ᠢ᠋ᠶ᠋ᠡᠨ ᠳᠡᠯᠭᠡᠭᠡᠳ ᠲᠡᠪᠡᠷᠢᠭᠰᠡᠨ ᠨᠢ᠂ ᠤᠯᠠᠭᠠᠨ ᠨᠠᠷᠠᠨ ᠤ᠋ ᠢᠯᠴᠢ ᠡᠴᠡ ᠳᠤᠯᠠᠭᠠᠨ ᠠ᠋!》 ᠭᠡᠵᠦ ᠬᠠ‍᠂ ᠳ᠋ᠨᠪᠢᠵᠠᠯᠰᠠᠨ ᠤ᠋(《 ᠨᠤᠲᠤᠭ ᠤ᠋ᠨ ᠰᠢᠷᠣᠢ》ᠭᠡᠰᠡᠨ ᠰᠢᠯᠦᠭ) ᠡᠨᠡ ᠰᠡᠳᠬᠢᠯ᠃  《᠁ ᠡᠪᠦᠭᠡᠨ ᠪᠤᠭᠤᠷᠤᠯ ᠪᠠᠶᠠᠨ ᠬᠠᠨ ᠮᠢᠨᠢ ᠦᠭᠡ ᠮᠡᠳᠡᠳᠡᠭ ᠴᠤ᠌ ᠪᠣᠯᠤᠭᠠᠰᠠᠢ᠂ ᠦᠷᠦ ᠵᠢᠷᠦᠬᠡᠨ ᠦ᠌ ᠳᠣᠭᠳᠣᠯᠤᠯ ᠢ᠋ᠶ᠋ᠠᠨ ᠥᠭᠦᠯᠡᠭᠡᠳ ᠴᠢᠮ᠎ᠠ ᠳ᠋ᠤ᠌ ᠶᠠᠷᠢᠬᠤ ᠶᠤᠮ ᠰᠠᠨ》 ᠨᠠ᠊᠂ ᠰᠠᠢᠰᠢᠶᠠᠯᠲᠤ ᠶ᠋ᠢᠨ(《 ᠪᠠᠶᠠᠨ ᠬᠠᠨ ᠮᠢᠨᠢ》 ᠭᠡᠰᠡᠨ ᠰᠢᠯᠦᠭ) ᠡᠨᠡ ᠰᠡᠳᠬᠢᠯ᠂《᠁ ᠨᠠᠭᠠᠳᠤ ᠳᠡᠯᠡᠬᠡᠢ ᠬᠡᠳᠦᠢ ᠠᠭᠤᠳᠠᠮ ᠴᠤ᠌᠂ ᠨᠠᠭᠠᠳᠴᠤ ᠥᠰᠦᠭᠰᠡᠨ ᠢ᠋ᠶ᠋ᠡᠷ ᠢ᠋ᠶ᠋ᠡᠨ ᠨᠤᠲᠤᠭ ᠯᠠ ᠮᠢᠨᠢ᠂ ᠨᠠᠰᠤ ᠳᠤᠮᠳᠠ ᠬᠦᠷᠴᠦ ᠪᠠᠢᠪᠠᠴᠤ᠂ ᠨᠠᠷᠠᠰᠤᠲᠤ ᠣᠩᠭᠣᠨ ᠤ᠋ ᠰᠠᠷᠠ ᠯᠠ ᠶᠤᠮ》(《 ᠣᠩᠭᠣᠨ ᠠᠭᠤᠯᠠ ᠶ᠋ᠢᠨ ᠰᠠᠷᠠ》 ᠭᠡᠰᠡᠨ ᠰᠢᠯᠦᠭ) ᠭᠡᠳᠡᠭ ᠣᠷᠴᠢᠯᠠᠩ ᠶᠢᠷᠲᠢᠨᠴᠦ ᠶ᠋ᠢᠨ ᠠᠯᠢ ᠥᠨᠴᠥᠭ ᠲᠦ᠍ ᠷᠠᠪᠤᠵᠤ ᠪᠠᠢᠭᠰᠠᠨ ᠴᠤ᠌ ᠣᠩᠭᠣᠨ ᠠᠭᠤᠯᠠ ᠶ᠋ᠢᠨ ᠰᠠᠷᠠ ᠨᠢ ᠦᠵᠡᠭᠳᠡᠭᠡᠳ ᠪᠠᠢᠳᠠᠭ᠂ ᠰᠠᠨᠠᠭᠳᠠᠭᠠᠳ ᠪᠠᠢᠳᠠᠭ ᠨᠣᠯᠮᠠᠰᠡᠷᠡᠩ ᠦ᠋ᠨ ᠡᠨᠡ ᠰᠡᠳᠬᠢᠯ᠂《 ᠬᠥᠷᠥᠰᠥᠲᠦ ᠳᠡᠯᠡᠬᠡᠢ ᠶ᠋ᠢᠨ ᠴᠠᠭᠠᠨ ᠵᠤᠯᠠᠢ᠂ ᠬᠥᠬᠡᠮᠳᠦᠭ ᠬᠠᠨ ᠤ᠋ ᠡᠩᠭᠡᠷ ᠲᠦ᠍᠂ ᠬᠥᠳᠡᠭᠡ ᠰᠠᠷᠠᠭᠤᠯ ᠨᠤᠲᠤᠭ ᠤᠰᠤ ᠪᠣᠢ᠂ ᠲᠡᠷᠡ ᠪᠣᠯ ᠮᠢᠨᠦ ᠪᠠᠭᠠᠷᠢᠨ ᠨᠤᠲᠤᠭ᠂ ᠬᠥᠬᠥᠨ ᠦ᠌  ᠠᠩᠭᠢᠷ ᠤᠭᠤᠷᠠᠭ ᠪᠣᠯᠭᠠᠵᠤ᠂ ᠤᠰᠤ ᠪᠠᠷ ᠨᠢ ᠪᠢ ᠤᠮᠳᠠᠯᠠᠭᠰᠠᠨ᠂ ᠬᠦᠲᠦᠰᠦᠨ ᠠᠷᠢᠭᠤᠨ ᠮᠠᠨᠴᠤᠢ ᠪᠣᠯᠭᠠᠵᠤ᠂ ᠡᠪᠦᠷ ᠲᠤᠨᠢ ᠪᠢ ᠲᠣᠷᠨᠢᠭᠰᠠᠨ ᠁》 ᠰ᠂ ᠥᠯᠵᠡᠢᠪᠠᠲᠤ ᠶ᠋ᠢᠨ(《 ᠪᠠᠭᠠᠷᠢᠨ ᠨᠤᠲᠤᠭ》 ᠭᠡᠰᠡᠨ ᠰᠢᠯᠦᠭ) ᠥᠩᠭᠡᠪᠴᠢ ᠪᠤᠰᠤ ᠡᠨᠡ ᠰᠡᠳᠬᠢᠯ᠂ ᠤᠷᠠᠯᠠᠯ ᠪᠢᠰᠢ ᠤᠯᠠᠭᠠᠨ ᠭᠣᠣᠯ ᠤ᠋ᠨ ᠬᠢᠨᠢ ᠡᠨᠡ ᠳᠣᠭᠳᠣᠯᠤᠯ ᠪᠣᠯᠤᠨ ᠣᠳᠣ ᠶᠠᠭ ᠡᠨᠡ ᠮᠠᠰᠢᠨ ᠲᠡᠷᠭᠡᠨ ᠦ᠌ ᠳᠣᠲᠣᠷ᠎ᠠ ᠬᠣᠪᠳᠣᠯ ᠵᠢᠷᠦᠬᠡᠨ ᠦ᠌ ᠪᠡᠨ ᠴᠣᠬᠢᠯᠭ᠎ᠠ ᠪᠠᠷ ᠬᠣᠭᠣᠯᠠᠢ ᠨᠡᠢᠯᠡᠭᠦᠯᠦᠨ᠄   
         ᠪᠠᠶᠠᠨ ᠲᠤᠩᠭᠠᠯᠠᠭ ᠨᠤᠲᠤᠭ ᠤ᠋ᠨ ᠮᠢᠨᠢ 
         ᠠᠭᠤᠳᠠᠮ ᠰᠠᠷᠠᠭᠤᠯ ᠳᠡᠨᠵᠢᠨ ᠳᠡᠭᠡᠷ᠎ᠡ  
         ᠤᠤᠭᠤᠭᠠᠳ ᠥᠰᠦᠭᠰᠡᠨ ᠤᠰᠤ ᠮᠢᠨᠢ  
         ᠤ᠌ᠤ ᠮᠥᠷᠡᠨ ᠦ᠌ ᠤᠰᠤ ᠰᠢᠦ ᠳᠡ ᠭᠡᠵᠦ ᠬᠠᠩᠭᠢᠨᠠᠲᠠᠯ᠎ᠠ ᠳᠠᠭᠤᠯᠠᠭᠠᠳ ᠮᠡᠯᠮᠡᠷᠡᠭᠦᠯᠵᠦ ᠪᠠᠢᠭ᠎ᠠ ᠪᠠᠭᠠᠷᠢᠨ ᠨᠥᠬᠥᠳ ᠦ᠋ᠨ ᠡᠨᠡ ᠰᠡᠳᠬᠢᠯ᠂ ᠬᠣᠭᠣᠯᠠᠢ ᠬᠠᠪᠰᠤᠷᠤᠨ ᠲᠦᠷᠡᠵᠦ ᠪᠠᠢᠭ᠎ᠠ ᠬᠣᠯᠠ ᠠ᠋ᠴᠠ ᠢᠷᠡᠭᠰᠡᠨ ᠨᠠᠢᠵᠠ ᠨᠥᠬᠥᠳ ᠪᠢᠳᠡᠨ ᠳ᠋ᠦ᠍ ᠴᠤ᠌ ᠨᠤᠲᠤᠭ ᠢ᠋ ᠮᠢᠨᠢ ᠰᠠᠨᠠᠭᠳᠠᠭᠤᠯᠵᠤ᠂ ᠨᠢᠯᠪᠤᠰᠤ ᠶ᠋ᠢ ᠮᠢᠨᠢ ᠪᠥᠮᠪᠥᠷᠢᠭᠦᠯᠵᠦ ᠪᠠᠢᠨ᠎ᠠ᠃ 
       ᠬᠥᠮᠦᠨ ᠦ᠌ ᠰᠡᠳᠬᠢᠯ᠂ ᠥᠩᠭᠡᠪᠴᠢ ᠪᠢᠰᠢ ᠦᠨᠡᠨ ᠰᠡᠳᠬᠢᠯ᠂ ᠥᠰᠴᠦ ᠲᠥᠷᠥᠭᠰᠡᠨ ᠨᠤᠲᠤᠭ ᠤᠰᠤ ᠪᠠᠨ ᠭᠡᠪᠡᠯ ᠥᠨᠥᠴᠢᠨ ᠡᠯᠢᠭᠡ ᠨᠢ ᠥᠨᠳᠡᠢᠭᠡᠳ ᠪᠠᠢᠳᠠᠭ ᠡᠢᠮᠦ ᠰᠡᠳᠬᠢᠯ᠂ ᠡᠷ᠎ᠡ ᠵᠣᠷᠢᠭ ᠤ᠋ᠨ ᠡᠨᠧᠷᠭᠢ᠂ ᠡᠯᠢᠭᠡᠨ ᠬᠠᠢᠷ᠎ᠠ ᠶ᠋ᠢᠨ ᠤᠷᠠᠢ᠃ ᠥᠩᠭᠡᠷᠡᠭᠰᠡᠨ ᠳ᠋ᠦ᠍ ᠭᠠᠳᠠ ᠮᠡᠢᠷᠡᠨ᠂ ᠲᠣᠭᠲᠠᠬᠤ ᠮᠡᠲᠦ ᠶ᠋ᠢᠨ ᠬᠠᠳᠠᠨ ᠵᠣᠷᠢᠭᠲᠤ ᠡᠷᠡᠰ ᠢ᠋ ᠮᠡᠨᠳᠦᠯᠡᠭᠦᠯᠦᠭᠰᠡᠨ ᠨᠢ᠂ ᠥᠨᠥᠳᠥᠷ ᠡᠳᠡᠭᠡᠷ ᠣᠯᠠᠨ ᠠᠪᠢᠶᠠᠰ ᠪᠢᠯᠢᠭᠲᠡᠢ ᠰᠢᠯᠦᠬᠴᠢ ᠵᠣᠬᠢᠶᠠᠯᠴᠢ ᠶ᠋ᠢ ᠲᠥᠷᠥᠭᠦᠯᠵᠦ ᠪᠠᠢᠭ᠎ᠠ ᠨᠢ ᠡᠭᠡᠭᠡ ᠠᠳᠠᠯᠢᠬᠠᠨ ᠡᠨᠡ ᠰᠡᠳᠬᠢᠯ᠂ ᠡᠢᠮᠦ ᠬᠠᠢᠷ᠎ᠠ ᠪᠢᠰᠢ ᠭᠡᠵᠦ ᠤᠤ?  
       ᠨᠠᠭᠤᠷ ᠲᠠᠩᠭᠢᠰ ᠲᠦᠪᠰᠢᠨ ᠪᠣᠯ ᠨᠤᠭᠤᠰᠤ ᠰᠢᠪᠠᠭᠤ ᠪᠠᠷᠳᠠᠮ ᠭᠡᠳᠡᠭ᠂ ᠨᠤᠲᠤᠭ ᠤᠰᠤ ᠰᠠᠢᠬᠠᠨ ᠪᠣᠯ ᠬᠥᠮᠦᠨ ᠦ᠌ ᠰᠡᠳᠬᠢᠯ ᠪᠠᠷᠳᠠᠮ ᠭᠡᠳᠡᠭ᠃ ᠪᠠᠷᠳᠠᠮ ᠰᠡᠳᠬᠢᠯ ᠦ᠋ᠨ ᠳᠣᠭᠳᠣᠯᠤᠯ᠂ ᠪᠠᠬᠠᠷᠠᠮ᠎ᠠ ᠬᠠᠢᠷ᠎ᠠ ᠶ᠋ᠢᠨ ᠳᠠᠭᠤᠯᠠᠯ᠂ ᠬᠠᠰᠢᠯᠭ᠎ᠠ ᠳᠠᠪᠠᠭᠰᠠᠨ ᠦᠶᠡᠷ᠂ ᠬᠠᠳᠠ ᠠᠰᠬ᠎ᠠ ᠶ᠋ᠢᠨ ᠴᠤᠤᠷᠢᠶ᠎ᠠ! 
       ᠬᠥᠮᠦᠨ ᠦ᠌ ᠰᠡᠳᠬᠢᠯ ᠬᠡᠷᠪᠡ ᠪᠤᠴᠠᠯᠵᠤ ᠪᠣᠯᠳᠠᠭ ᠰᠠᠨ ᠪᠣᠯ ᠪᠠᠭᠠᠷᠢᠨ ᠨᠥᠬᠥᠳ ᠦ᠋ᠨ ᠰᠡᠳᠬᠢᠯ ᠢ᠋ ᠣᠳᠣ ᠣᠷᠭᠢᠯᠴᠢᠬᠠᠯ᠎ᠠ ᠭᠡᠵᠦ ᠮᠡᠳᠡ᠃ ᠬᠥᠮᠦᠨ ᠦ᠌ ᠬᠠᠢᠷ᠎ᠠ ᠬᠡᠷᠪᠡ ᠨᠣᠴᠣᠵᠤ ᠪᠣᠯᠳᠠᠭ ᠰᠠᠨ ᠪᠣᠯ ᠪᠠᠭᠠᠷᠢᠨ ᠨᠥᠬᠥᠳ ᠦ᠋ᠨ ᠬᠠᠢᠷ᠎ᠠ ᠶ᠋ᠢ ᠣᠳᠣ ᠳᠦᠷᠡᠯᠵᠡᠴᠢᠬᠡᠯ᠎ᠡ ᠭᠡᠵᠦ ᠪᠣᠳᠣ᠃  ᠡᠨᠡ ᠰᠡᠳᠬᠢᠯ ᠡᠨᠡ ᠬᠠᠢᠷ᠎ᠠ᠂ ᠨᠤᠲᠤᠭ ᠠ᠋ᠴᠠ ᠪᠠᠨ ᠰᠡᠯᠪᠢᠭᠰᠡᠨ ᠤᠬᠠᠭᠠᠨ ᠪᠢᠯᠢᠭ! ᠡᠢᠮᠦ ᠰᠡᠳᠬᠢᠯ ᠡᠢᠮᠦ ᠬᠠᠢᠷ᠎ᠠ᠂ ᠡᠬᠡ ᠨᠤᠲᠤᠭ ᠲᠠᠭᠠᠨ ᠡᠷᠭᠦᠭᠰᠡᠨ ᠤᠶᠠᠩᠭ᠎ᠠ ᠰᠢᠯᠦᠭ! 
          ᠰᠦᠯᠳᠡ ᠲᠡᠭᠷᠢ ᠡᠴᠡ ᠡᠰᠢ ᠲᠡᠢ ᠶᠦᠮ  
          ᠱ᠌ᠢᠷᠦ ᠨᠣᠮᠢᠨ ᠵᠢᠩᠰᠡ ᠲᠠᠢ ᠶᠤᠮ  
          ᠰᠦᠯᠳᠡ ᠬᠡᠢᠮᠣᠷᠢ ᠲᠠᠢ ᠲᠠᠨ ᠲᠠᠢ ᠪᠠᠨ 
          ᠰᠥᠩᠨᠡᠨ ᠰᠠᠭᠤᠭᠠᠳ ᠨᠠᠢᠷᠠᠯᠠᠶ᠎ᠠ ᠬᠦᠢ  
       ᠮᠠᠰᠢᠨ ᠲᠡᠷᠭᠡ ᠬᠤᠷᠳᠤᠯᠠᠭᠰᠠᠭᠠᠷ᠂ ᠮᠠᠨ ᠤ᠋ ᠳᠠᠭᠤᠤ ᠦᠷᠭᠦᠯᠵᠢᠯᠡᠭᠰᠡᠭᠡᠷ᠂ ᠳ᠋ᠠᠪᠠᠨ ᠣᠷᠣᠲᠠᠯ᠎ᠠ ᠲᠠᠩᠳᠠ— ᠳᠠᠭᠤᠤ ᠁ 

             ᠵᠢᠷᠭᠤᠭ᠎ᠠ    

       ᠪᠠᠶᠠᠷᠯᠠᠯ᠎ᠠ᠂ ᠪᠠᠭᠠᠷᠢᠨ ᠨᠤᠲᠤᠭ ᠠ᠋! 
       ᠪᠠᠶᠠᠷᠯᠠᠯ᠎ᠠ᠂  ᠪᠠᠭᠠᠷᠢᠨ ᠨᠥᠬᠥᠳ ᠠ᠋! 
       ᠰᠡᠳᠬᠢᠯ ᠭᠡᠳᠡᠭ ᠰᠢᠮᠡᠯᠢᠭ᠂ ᠬᠥᠷᠥᠰᠥᠨ ᠡᠴᠡ ᠤᠷᠭᠤᠭᠰᠠᠨ ᠬᠠᠢᠷ᠎ᠠ ᠭᠡᠳᠡᠭ ᠰᠠᠬᠤᠯᠢᠭ ᠮᠣᠳᠣᠨ ᠳᠡᠭᠡᠷ᠎ᠡ ᠯᠡ ᠰᠠᠶᠢ ᠰᠢᠯᠦᠭ ᠭᠡᠳᠡᠭ ᠱᠦᠭᠦᠰᠦᠯᠢᠭ ᠵᠢᠮᠢᠰ ᠰᠠᠭᠤᠳᠠᠭ ᠭᠡᠰᠡᠨ ᠢ᠋ ᠮᠡᠳᠡᠭᠦᠯᠦᠭᠰᠡᠨ ᠳ᠋ᠦ᠍ ᠴᠢᠨᠢ ᠪᠠᠶᠠᠷᠯᠠᠯ᠎ᠠ!  
       ᠪᠠᠶᠠᠷᠯᠠᠬᠤ ᠶ᠋ᠢᠨ ᠦᠵᠦᠭᠦᠷ ᠲᠠᠯᠠᠷᠬᠠᠯ ᠪᠣᠯᠭᠠᠵᠤ᠂ ᠡᠨᠡ ᠬᠦ᠌ ᠣᠯᠳᠣᠢ ᠲᠡᠮᠳᠡᠭᠯᠡᠯ ᠢ᠋ ᠨᠡᠬᠡᠮᠵᠢᠯᠡᠨ ᠪᠢᠴᠢᠭᠡᠳ᠂ ᠰᠡᠳᠬᠢᠯ ᠦ᠋ᠨ ᠬᠠᠷᠢᠭᠤ ᠰᠡᠳᠬᠢᠯ ᠢ᠋ᠶ᠋ᠡᠨ ᠡᠷᠭᠦᠨ ᠳᠡᠪᠰᠢᠭᠦᠯᠵᠦ ᠪᠠᠢᠨ᠎ᠠ᠃  

                       1985.11.17  ᠤ᠋ ᠥᠷᠯᠥᠭᠡ  ᠶ᠋ᠢᠨ 1 ᠴᠠᠭ ᠲᠤ

       《 ᠬᠣᠶᠠᠳᠡᠬᠢ ᠤᠳᠠᠭᠠᠨ ᠤ ᠮᠣᠩᠭᠣᠯ ᠢᠶᠡᠷ ᠢᠶᠡᠨ ᠪᠢᠴᠢᠬᠦ ᠪᠤᠤᠭᠢᠶ᠎ᠠ ᠠᠵᠢᠯᠯᠠᠭᠠᠨ  ᠳᠤ ᠣᠷᠣᠯᠴᠠᠵᠤ ᠬᠠᠭᠤᠯᠤᠨ ᠪᠢᠴᠢᠭᠰᠡᠨ ᠠᠭᠤᠯᠭ᠎ᠠ 
                ᠬᠠᠭᠤᠯᠤᠨ ᠪᠢᠴᠢᠭᠰᠡᠨ ᠨᠢ ᠄ ᠲᠤᠭᠴᠢ ᠰᠠᠷᠠᠨ᠎ᠠ  
                    2024᠂ 04᠂ 18