ᠪᠥᠵᠢᠭᠯᠡᠵᠦ ᠴᠢᠳᠠᠳᠠᠭ ᠦᠭᠡᠢ ᠭᠦᠩᠵᠦБүжиглэж чадаагүй гүнж _ Princess Who Couldn’t Dance ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠵᠢᠭᠯᠡᠵᠦ ᠴᠢᠳᠠᠳᠠᠭ ᠦᠭᠡᠢ ᠭᠦᠩᠵᠦБүжиглэж чадаагүй гүнж _ Princess Who Couldn’t Dance

ᠪᠥᠵᠢᠭᠯᠡᠵᠦ ᠴᠢᠳᠠᠳᠠᠭ ᠦᠭᠡᠢ ᠭᠦᠩᠵᠦБүжиглэж чадаагүй гүнж _ Princess Who Couldn’t Dance

2023-05-10

321

ᠪᠥᠵᠢᠭᠯᠡᠵᠦ ᠴᠢᠳᠠᠳᠠᠭ ᠦᠭᠡᠢ ᠭᠦᠩᠵᠦ

    ᠡᠷᠲᠡ ᠤᠷᠢᠳᠤ ᠶ᠋ᠢᠨ ᠴᠠᠭ ᠲᠤ᠌ ᠠᠯᠤᠰ ᠬᠣᠯᠠ ᠶ᠋ᠢᠨ ᠤᠮᠠᠷᠠᠲᠤ ᠨᠤᠲᠤᠭ ᠪᠦᠵᠢᠭᠴᠢᠳ ᠢ᠋ᠶ᠋ᠡᠷ ᠢ᠋ᠶ᠋ᠡᠨ ᠠᠯᠳᠠᠷᠲᠠᠢ ᠨᠢᠭᠡᠨ ᠡᠵᠡᠨᠲᠦ ᠤᠯᠤᠰ ᠪᠠᠢᠵᠠᠢ᠃ ᠪᠠᠷᠤᠭ ᠦᠳᠡᠰᠢ ᠪᠣᠯᠭᠠᠨ ᠬᠠᠭᠠᠨ ᠤ᠋ ᠣᠷᠳᠣᠨ ᠳ᠋ᠤ᠌ ᠪᠥᠵᠢᠭ ᠪᠣᠯᠳᠠᠭ ᠪᠠᠢᠯ᠎ᠠ᠃ ᠠᠷᠠᠳ ᠢᠷᠭᠡᠳ ᠨᠢ ᠴᠦ᠍ ᠪᠥᠵᠢᠭᠯᠡᠬᠦ ᠳᠤᠷᠠᠲᠠᠢ᠂ ᠪᠦᠷ ᠬᠠᠭᠠᠨ ᠬᠠᠲᠤᠨ ᠬᠣᠶᠠᠷ ᠬᠠᠮᠤᠭ ᠤ᠋ᠨ ᠰᠠᠢᠨ ᠪᠦᠵᠢᠭᠴᠢᠳ ᠪᠠᠢᠵᠠᠢ᠃ ᠭᠡᠬᠦ ᠳ᠋ᠡᠭᠡᠨ ᠡᠵᠡᠨᠲᠦ ᠤᠯᠤᠰ ᠤ᠋ᠨ ᠭᠦᠩᠵᠦ ᠪᠥᠵᠢᠭᠯᠡᠵᠦ ᠴᠢᠳᠠᠳᠠᠭ ᠦᠭᠡᠢ ᠭᠡᠳᠡᠭ ᠢ᠋ ᠳᠤᠭᠤᠯᠤᠭᠠᠳ ᠪᠢᠲᠡᠭᠡᠢ ᠭᠠᠢᠬᠠᠭᠠᠷᠠᠢ ᠳᠠ᠃
ᠨᠢᠭᠡ᠂ ᠬᠣᠶᠠᠷ᠂ ᠭᠤᠷᠪᠠ᠂ ᠨᠢᠭᠡ᠂ ᠬᠣᠶᠠᠷ᠂ ᠭᠤᠷᠪᠠ
ᠦᠭᠡᠢ ᠦᠭᠡᠢ᠂ ᠪᠢᠰᠢ᠂ Twyla᠂ ᠢᠩᠭᠢᠵᠦ ᠲᠣᠩᠭᠣᠢᠬᠤ ᠦᠭᠡᠢ᠂ ᠢᠩᠭᠢᠵᠦ ᠪᠢᠰᠢ
ᠪᠢ ᠪᠢᠰᠢ ᠪᠠᠢᠨ᠎ᠠ ᠭᠡᠵᠦ ᠤᠤ?
ᠡᠩ!
ᠵᠦᠭᠡᠷ ᠤᠤ? ᠦ᠂ ᠡᠨᠡ ᠪᠥᠵᠢᠭ ᠦ᠋ᠨ ᠰᠢᠨ᠎ᠡ ᠲᠥᠷᠥᠯ ᠶᠦᠮ ᠤᠤ ᠳᠠ ᠬᠠᠲᠤᠨᠲᠠᠨ ᠠ᠋᠂ ᠪᠢ Twyla ᠭᠦᠩᠵᠦ ᠳ᠋ᠦ᠍ ᠴᠢᠳᠠᠬᠤ ᠪᠦᠬᠦᠨ ᠢ᠋ᠶ᠋ᠡᠨ ᠯᠡ ᠵᠢᠭᠠᠵᠤ ᠥᠭᠭᠦᠯ᠎ᠡ᠂ ᠳᠠᠩᠴᠤ ᠭᠦᠩᠵᠦ ᠶᠠᠭᠤ ᠴᠤ᠌ ᠰᠤᠷᠬᠤ ᠦᠭᠡᠢ ᠶᠦᠮ ᠪᠠᠢᠨ᠎ᠠ᠃
ᠬᠠᠲᠤᠨ ᠶᠠᠳᠠᠷᠠᠭᠰᠠᠨ ᠥᠬᠢᠨ ᠤᠷᠤᠭᠤ ᠪᠠᠨ ᠬᠠᠷᠠᠭᠠᠳ᠂ ᠪᠥᠵᠢᠭ ᠦ᠋ᠨ ᠪᠠᠭᠰᠢ ᠶ᠋ᠢ ᠠᠵᠢᠯ ᠠ᠋ᠴᠠ ᠨᠢ ᠬᠠᠯᠠᠯ᠎ᠠ᠃
Twyla!
ᠶᠠᠮᠠᠷ ᠴᠤ᠌ ᠬᠡᠷᠡᠭ ᠠᠯᠠᠭ᠎ᠠ ᠠ᠋ ᠡᠵᠢ ᠠ᠋᠂ ᠶᠠᠭᠠᠬᠢᠵᠤ ᠴᠤ᠌ ᠬᠢᠴᠢᠶᠡᠭᠰᠡᠨ ᠴᠦ᠍ ᠨᠡᠮᠡᠷᠢ ᠠᠯᠠᠭ᠎ᠠ᠃
ᠭᠤᠷᠪᠠᠨ ᠵᠠᠭᠤ ᠲᠠᠪᠢᠨ ᠪᠠᠭᠰᠢ ᠪᠠᠷ ᠵᠢᠭᠠᠯᠭᠠᠭᠠᠳ ᠴᠤ᠌ ᠨᠡᠮᠡᠷᠢ ᠠᠯᠠᠭ᠎ᠠ ᠪᠠᠢᠨ᠎ᠠ᠃
ᠥᠬᠢᠨ ᠮᠢᠨᠢ᠂ ᠴᠢ ᠵᠠᠯᠠᠭᠤ ᠪᠠᠢᠨ᠎ᠠ᠂ ᠰᠤᠷᠬᠤ ᠴᠠᠭ ᠬᠠᠩᠭᠠᠯᠲᠠᠲᠠᠢ ᠪᠠᠢᠭ᠎ᠠ᠂ ᠰᠡᠳᠬᠢᠯ ᠢ᠋ᠶ᠋ᠡᠷ ᠤᠨᠠᠬᠤ ᠬᠡᠷᠡᠭ ᠦᠭᠡᠢ ᠳᠡ᠂ ᠡᠮᠦᠨᠡᠲᠦ ᠨᠤᠲᠤᠭ ᠤ᠋ᠨ ᠬᠣᠶᠠᠷ ᠭᠦᠩᠵᠦ ᠴᠢᠮ᠎ᠠ ᠲᠠᠢ ᠠᠭᠤᠯᠵᠠᠬᠤ ᠪᠠᠷ ᠢᠷᠡᠭᠰᠡᠨ ᠪᠠᠢᠨ᠎ᠠ᠃
ᠶᠠᠭᠤ? ᠦ᠂ ᠪᠢ ᠠᠭᠤᠯᠵᠠᠮᠠᠷ ᠦᠭᠡᠢ ᠪᠠᠢᠨ᠎ᠠ᠃
ᠵᠣᠴᠢᠳ ᠲᠤ᠌ ᠪᠠᠨ ᠡᠢᠮᠦ ᠪᠦᠳᠦᠭᠦᠯᠢᠭ ᠬᠠᠨᠳᠤᠵᠤ ᠪᠣᠯᠬᠤ ᠦᠭᠡᠢ᠃
ᠢᠩᠭᠢᠭᠡᠳ ᠡᠮᠦᠨᠡᠲᠦ ᠨᠤᠲᠤᠭ ᠠ᠋ᠴᠠ ᠢᠷᠡᠭᠰᠡᠨ ᠬᠣᠶᠠᠷ ᠭᠦᠩᠵᠦ Twyla ᠵᠢᠨ ᠥᠷᠥᠭᠡᠨ ᠳ᠋ᠦ᠍ ᠣᠷᠣᠵᠤ ᠢᠷᠡᠯ᠎ᠡ᠃ ᠭᠦᠩᠵᠦ ᠡᠶᠡᠯᠳᠡᠭ ᠢ᠋ᠶ᠋ᠡᠷ ᠮᠡᠨᠳᠦᠯᠡᠭᠰᠡᠨ ᠪᠣᠯᠪᠠᠴᠤ ᠲᠡᠢᠮᠦ ᠴᠦ᠍ ᠳᠣᠲᠣᠨᠣ ᠪᠠᠢᠵᠤ ᠴᠢᠳᠠᠭᠰᠠᠨ ᠦᠭᠡᠢ᠂ ᠬᠣᠶᠠᠷ ᠭᠦᠩᠵᠦ ᠰᠠᠢᠨ ᠪᠥᠵᠢᠭᠯᠡᠳᠡᠭ ᠪᠠᠢᠭᠰᠠᠨ ᠲᠤᠯᠠ Twyla ᠵᠢ  ᠪᠦᠳᠦᠭᠦᠯᠢᠭ ᠢ᠋ᠶ᠋ᠡᠷ ᠱᠣᠣᠯᠠᠵᠠᠭᠠᠵᠤ ᠭᠡᠨ᠎ᠡ᠃
Twyla ᠠ᠋! ᠬᠥᠯ ᠳ᠋ᠡᠭᠡᠨ ᠪᠦᠳᠦᠷᠢᠬᠦ ᠦᠭᠡᠢ ᠪᠡᠷ ᠪᠥᠵᠢᠭᠯᠡᠵᠦ ᠰᠤᠷᠤᠭᠰᠠᠨ ᠤᠤ?
ᠪᠢ ᠶᠠᠭ ᠣᠳᠣ ᠪᠥᠵᠢᠭᠯᠡᠵᠦ ᠴᠢᠳᠠᠬᠤ ᠦᠭᠡᠢ᠂ ᠭᠡᠬᠦ ᠳ᠋ᠡᠭᠡᠨ ᠣᠢᠷ᠎ᠠ ᠳ᠋ᠤ᠌ ᠢᠳᠡᠪᠬᠢᠲᠡᠢ ᠰᠤᠷᠴᠤ ᠪᠠᠢᠭ᠎ᠠ᠃
Adrian ᠬᠠᠨ ᠬᠦᠦ ᠶ᠋ᠢᠨ ᠡᠵᠡᠨᠲᠦ ᠤᠯᠤᠰ ᠲᠤ᠌ ᠦᠳᠡᠰᠢᠯᠡᠭᠡ ᠲᠡᠢ ᠭᠡᠯ᠎ᠡ ᠤᠤ?Adrian ᠬᠠᠨ ᠬᠦᠦ ᠲᠡᠢ ᠪᠥᠵᠢᠭᠯᠡᠮᠡᠷ ᠰᠠᠨᠠᠭᠳᠠᠴᠢᠬᠠᠯ᠎ᠠ᠃
ᠬᠠᠮᠤᠭ ᠤ᠋ᠨ ᠰᠢᠯᠢᠳᠡᠭ ᠪᠥᠵᠢᠭᠴᠢᠨ ᠭᠡᠰᠡᠨ᠂ ᠴᠢ ᠣᠷᠣᠯᠴᠠᠬᠤ ᠬᠡᠷᠡᠭᠲᠡᠢ Twyla !
ᠠ! ᠦᠭᠡᠢ ᠠ᠋᠂ ᠡᠨᠡ ᠶ᠋ᠢ ᠬᠡᠵᠢᠶ᠎ᠡ ᠴᠦ᠍ ᠠᠯᠳᠠᠵᠤ ᠪᠣᠯᠬᠤ ᠦᠭᠡᠢ᠂ ᠥ᠂ ᠲᠡᠢᠮᠦ ᠠ᠋! ᠪᠢ ᠣᠷᠣᠯᠴᠠᠨ᠎ᠠ!
ᠲᠡᠭᠡᠭᠡᠳ ᠴᠢ ᠬᠡᠨ ᠲᠡᠢ ᠪᠥᠵᠢᠭᠯᠡᠬᠦ ᠶᠦᠮ ᠪᠣᠢ?
ᠬᠡᠨ Twyla ᠲᠠᠢ ᠪᠥᠵᠢᠭᠯᠡᠬᠦ ᠪᠣᠯ? Adrian ᠯᠠᠪ ᠪᠥᠵᠢᠭᠯᠡᠬᠦ ᠦᠭᠡᠢ ᠪᠠᠢᠬᠤ᠃ ᠬᠠ ᠬᠠ ᠬᠠ᠁
Adrian ᠯᠠᠪ ᠪᠥᠵᠢᠭᠯᠡᠬᠦ ᠦᠭᠡᠢ᠂ ᠬᠠ ᠬᠠ ᠬᠠ᠁
ᠬᠥᠭᠡᠷᠦᠬᠦᠢ Twyla ᠰᠡᠳᠬᠢᠯ ᠢ᠋ᠶ᠋ᠡᠷ ᠤᠨᠠᠯ᠎ᠠ᠃ ᠠᠪᠤ ᠡᠵᠢ ᠨᠢ ᠬᠠᠮᠤᠭ ᠤ᠋ᠨ ᠰᠠᠢᠨ ᠪᠠᠭᠰᠢ ᠨᠠᠷ ᠢ᠋ ᠬᠡᠳᠦᠢ ᠠᠪᠴᠢᠷᠠᠭᠰᠠᠨ ᠪᠣᠯᠪᠠᠴᠤ ᠬᠡᠨ ᠨᠢ ᠴᠦ᠍ ᠵᠥᠪ ᠭᠢᠰᠬᠢᠵᠦ᠂ ᠵᠥᠪ ᠰᠠᠢᠨ ᠪᠦᠵᠢᠭᠯᠡᠭᠦᠯᠵᠦ ᠰᠤᠷᠭᠠᠵᠤ ᠴᠢᠳᠠᠭᠰᠠᠨ ᠦᠭᠡᠢ ᠭᠡᠨ᠎ᠡ᠃ ᠦᠳᠡᠰᠢᠯᠡᠭᠡ ᠪᠣᠯᠬᠤ ᠶ᠋ᠢᠨ ᠡᠮᠦᠨᠡᠬᠢ ᠰᠥᠨᠢ Twyla ᠭᠠᠭᠴᠠᠭᠠᠷ ᠢ᠋ᠶ᠋ᠠᠨ ᠬᠢᠴᠢᠶᠡᠩᠭᠦᠢᠯᠡᠨ ᠪᠡᠯᠡᠳᠬᠡᠭᠰᠡᠭᠡᠷ ᠯᠡ ᠪᠠᠢᠯ᠎ᠠ᠃
ᠦ! ᠡᠨᠡ ᠪᠢᠰᠢ ᠶᠤᠮᠰᠠᠨ! ᠲᠣᠭ᠎ᠠ ᠰᠢᠭ᠋ ᠡᠩ ᠦ᠋ᠨ ᠪᠠᠢᠳᠠᠭ ᠪᠣᠯᠤᠭᠠᠰᠠᠢ᠃ ᠨᠢᠭᠡ ᠠᠯᠬᠤᠭᠠᠳ ᠬᠣᠶᠠᠷ ᠡᠷᠭᠢᠭᠡᠳ ᠲᠣᠩᠭᠣᠢᠭᠠᠳ᠁ ᠡᠰᠡᠬᠦᠯ᠎ᠡ ᠬᠣᠶᠠᠷ᠁ ᠦᠭᠡᠢ᠁ ᠦᠭᠡᠢ᠂ ᠭᠤᠷᠪᠠ ᠠᠯᠬᠤᠭᠠᠳ ᠲᠣᠩᠭᠣᠢᠭᠠᠳ ᠡᠷᠭᠢᠬᠦ ᠪᠢᠯᠡ ᠤᠤ? ᠡᠨᠡ ᠵᠥᠪ ᠪᠢᠯᠡ ᠤᠤ? ᠠ᠁ ᠲᠡᠢᠮᠦ ᠠ᠋᠂ ᠡᠨᠡ ᠠᠷᠭ᠎ᠠ ᠪᠦᠲᠦᠬᠦ ᠡᠰᠡᠬᠦ ᠶ᠋ᠢ ᠬᠠᠷᠠᠶ᠎ᠠ᠃
Twyla ᠬᠠᠭᠠᠨ ᠤ᠋ ᠣᠷᠳᠣᠨ ᠳ᠋ᠤ᠌ ᠢᠷᠡᠭᠡᠳ ᠪᠥᠵᠢᠭ ᠦ᠋ᠨ ᠲᠢᠩᠬᠢᠮ ᠳ᠋ᠦ᠍ ᠬᠥᠮᠦᠰ ᠵᠣᠯᠪᠣᠭᠠᠯᠢᠭ ᠪᠥᠵᠢᠭᠯᠡᠵᠦ ᠪᠠᠢᠭ᠎ᠠ ᠶ᠋ᠢ ᠬᠠᠷᠠᠭᠠᠳ ᠰᠡᠳᠬᠢᠯ ᠨᠢ ᠶᠡᠬᠡᠳᠡ ᠬᠥᠳᠡᠯᠦᠯ᠎ᠡ᠃ ᠠ᠁ ᠪᠢ ᠤᠭ ᠨᠢ ᠪᠥᠵᠢᠭᠯᠡᠬᠦ ᠳᠤᠷ᠎ᠠ ᠲᠠᠢ ᠶᠤᠮᠰᠠᠨ᠂ ᠳᠠᠩᠴᠤ ᠪᠥᠵᠢᠭᠯᠡᠵᠦ ᠴᠢᠳᠠᠬᠤ ᠦᠭᠡᠢ ᠨᠢ᠃ ᠬᠣᠶᠠᠷ ᠨᠠᠢᠵᠠ ᠨᠢ ᠪᠤᠯᠤᠩ ᠳ᠋ᠤ᠌ ᠵᠣᠭᠰᠣᠵᠤ ᠪᠠᠢᠭ᠎ᠠ ᠶ᠋ᠢ ᠠᠩᠵᠠᠭᠠᠷᠠᠵᠤ ᠬᠠᠷᠠᠯ᠎ᠠ᠃ ᠲᠡᠭᠡᠭᠡᠳ ᠬᠠᠨ ᠬᠦᠦ Adrian ᠢ ᠪᠥᠵᠢᠭ ᠦ᠋ᠨ ᠲᠢᠩᠬᠢᠮ ᠳ᠋ᠦ᠍ ᠢᠷᠡᠭᠡ ᠦᠭᠡᠢ ᠪᠠᠢᠭ᠎ᠠ ᠶ᠋ᠢ ᠠᠩᠵᠠᠭᠠᠷᠠᠭᠰᠠᠨ ᠶᠤᠮ( ᠠᠩᠵᠠᠭᠠᠷᠠᠵᠠᠢ)᠃
ᠥᠭᠡᠷ᠎ᠡ ᠬᠠᠨ ᠬᠦᠦ ᠨᠢ ᠪᠥᠵᠢᠭᠯᠡᠬᠦ ᠪᠡᠷ ᠢᠷᠡᠭᠰᠡᠨ ᠪᠢᠵᠡ ᠳᠡ?
 ᠬᠡᠩ᠂ ᠲᠡᠳᠡ ᠨᠠᠷ ᠬᠠᠮᠢᠶ᠎ᠠ ᠦᠭᠡᠢ
Twyla ᠭᠥᠵᠢᠭᠦᠳ ᠬᠣᠶᠠᠷ ᠭᠦᠩᠵᠦ ᠤᠷᠤᠭᠤ ᠲᠣᠯᠣᠭᠠᠢ ᠪᠠᠨ ᠰᠡᠭᠰᠦᠷᠦᠭᠡᠳ ᠪᠥᠵᠢᠭᠯᠡᠵᠦ ᠪᠠᠢᠭ᠎ᠠ ᠬᠥᠮᠦᠰ ᠤᠷᠤᠭᠤ ᠡᠷᠭᠢᠨ ᠬᠠᠷᠠᠯ᠎ᠠ᠃ ᠤᠳᠠᠯ ᠦᠭᠡᠢ ᠬᠠᠨ ᠬᠦᠦ ᠲᠡᠭᠦᠨ ᠳᠡᠭᠡᠷ᠎ᠡ ᠢᠷᠡᠵᠦ ᠪᠥᠵᠢᠭᠯᠡᠬᠦ ᠶ᠋ᠢ ᠤᠷᠢᠯ᠎ᠠ᠃
ᠭᠦᠩᠵᠦ ᠠᠶᠤᠳᠠᠰ ᠲᠤ᠌ ᠠᠪᠲᠠᠯ᠎ᠠ᠃ ᠪᠢ᠁ ᠴᠢᠳᠠ᠁ ᠴᠢᠳᠠ᠁ ᠪᠢ᠁
ᠭᠦᠩᠵᠦ ᠶ᠋ᠢ ᠲᠠᠲᠠᠭᠠᠯᠵᠠᠬᠤ ᠠ᠋ᠴᠠ ᠡᠮᠦᠨ᠎ᠡ ᠬᠠᠨ ᠬᠦᠦ ᠬᠠᠮᠲᠤ ᠪᠥᠵᠢᠭᠯᠡᠵᠦ ᠡᠬᠢᠯᠡᠯ᠎ᠡ᠃
ᠵᠦᠭᠡᠷ ᠠ᠋᠂ ᠰᠠᠨᠳᠤᠷᠬᠤ ᠬᠡᠷᠡᠭ ᠦᠭᠡᠢ᠂ ᠵᠦᠭᠡᠷ ᠯᠡ ᠲᠣᠭ᠎ᠠ ᠰᠢᠦ ᠳᠡ᠃ ᠨᠢᠭᠡ ᠠᠯᠬᠤᠭᠠᠳ ᠬᠣᠶᠠᠷ ᠡᠷᠭᠢᠭᠡᠳ᠂ ᠦᠭᠡᠢ᠂ ᠡᠨᠡ ᠪᠢᠰᠢ ᠪᠠᠢᠨ᠎ᠠ᠂ ᠭᠤᠷᠪᠠ ᠠᠯᠬᠤᠭᠠᠳ ᠲᠣᠩᠭᠣᠢᠨ᠎ᠠ᠂ ᠦ᠋᠂ ᠦᠭᠡᠢ᠁
ᠡᠷᠭᠢᠨ ᠲᠣᠭᠣᠷᠢᠨ ᠤ᠋ ᠬᠢ ᠨᠢ ᠬᠥᠮᠦᠰ ᠭᠦᠩᠵᠦ ᠶ᠋ᠢ ᠬᠠᠷᠠᠵᠤ ᠢᠨᠢᠶᠡᠵᠦ ᠱᠣᠣᠯᠠᠯ᠎ᠠ᠃
ᠡᠩ᠂ ᠪᠢ ᠪᠥᠵᠢᠭᠯᠡᠬᠦ ᠥᠭᠡᠷ᠎ᠡ ᠭᠦᠩᠵᠦ ᠬᠠᠢᠵᠤ ᠣᠯᠤᠶ᠎ᠠ ᠳᠠ᠃
Twyla ᠪᠦᠷ ᠢᠴᠢᠵᠦ ᠣᠷᠬᠢᠯ᠎ᠠ᠃ ᠲᠡᠭᠡᠭᠡᠳ ᠣᠷᠳᠣᠨ ᠠ᠋ᠴᠠ ᠭᠦᠶᠦᠨ ᠭᠠᠷᠤᠭᠠᠳ ᠥᠪᠡᠷ ᠦ᠋ᠨ ᠣᠷᠳᠣᠨ ᠳ᠋ᠠᠭᠠᠨ ᠣᠴᠢᠯ᠎ᠠ᠃ ᠠᠪᠤ ᠡᠵᠢ ᠬᠣᠶᠠᠷ ᠨᠢ ᠶᠠᠷᠢᠯᠴᠠᠬᠤ ᠶ᠋ᠢ ᠣᠷᠣᠯᠳᠣᠭᠰᠠᠨ ᠪᠣᠯᠪᠠᠴᠤ ᠭᠦᠩᠵᠦ ᠬᠡᠨ ᠦ᠌ ᠴᠦ᠍ ᠦᠭᠡ ᠶ᠋ᠢ ᠰᠣᠨᠣᠰᠬᠤ ᠶ᠋ᠢ ᠬᠦᠰᠡᠬᠦ ᠦᠭᠡᠢ ᠪᠠᠢᠭᠰᠠᠨ ᠶᠤᠮ᠃ ᠮᠠᠷᠭᠠᠰᠢ ᠨᠢ Twyla ᠣᠷᠳᠣᠨ ᠠ᠋ᠴᠠ ᠰᠡᠮᠡᠭᠡᠷᠬᠡᠨ ᠭᠠᠷᠤᠭᠠᠳ ᠬᠠᠮᠢᠭᠠᠰᠢ ᠪᠠᠨ ᠶᠠᠪᠤᠵᠤ ᠪᠠᠢᠭ᠎ᠠ ᠪᠠᠨ ᠴᠤ᠌ ᠮᠡᠳᠡᠬᠦ ᠦᠭᠡᠢ ᠠᠯᠬᠤᠵᠤ ᠡᠬᠢᠯᠡᠵᠡᠢ᠃
ᠶᠠᠭᠠᠬᠢᠵᠤ ᠪᠥᠵᠢᠭᠯᠡᠵᠦ ᠰᠤᠷᠬᠤ ᠪᠣᠢ? ᠭᠦᠩᠵᠦ ᠠᠯᠬᠤᠵᠤ ᠶᠠᠪᠤᠭᠠᠳ ᠨᠢᠭᠡ ᠵᠢᠵᠢᠭ ᠭᠣᠷᠣᠬᠠᠨ ᠤ᠋ ᠬᠠᠵᠠᠭᠤᠳᠠ ᠰᠡᠳᠬᠢᠯ ᠳᠤᠨᠳᠠᠭᠤᠷ ( ᠳᠤᠮᠳᠠᠭᠤᠷ)ᠰᠠᠭᠤᠯ᠎ᠠ᠂ ᠠ ᠡᠩ᠂ ᠪᠢ ᠪᠥᠵᠢᠭᠯᠡᠮᠡᠷ ᠪᠠᠢᠨ᠎ᠠ
ᠦ ᠬᠦ( ᠬᠡᠦᠬᠡ)
ᠴᠢ ᠬᠡᠨ ᠪᠣᠢ?
ᠪᠢ Adrian ᠪᠠᠢᠨ᠎ᠠ᠂ ᠵᠡᠭᠦᠨ ᠡᠵᠡᠨᠲᠦ ᠤᠯᠤᠰ ᠤ᠋ᠨ ᠬᠠᠨ ᠬᠦᠦ᠂ ᠬᠠᠷᠢᠨ ᠴᠢ ᠬᠡᠨ ᠪᠣᠢ?
ᠪᠢ Twyla ᠂ ᠤᠮᠠᠷᠠᠲᠤ ᠡᠵᠡᠨᠲᠦ ᠤᠯᠤᠰ ᠤ᠋ᠨ ᠭᠦᠩᠵᠦ᠂ ᠲᠠ ᠬᠠᠮᠤᠭ ᠤ᠋ᠨ ᠰᠠᠢᠨ ᠪᠥᠵᠢᠭᠴᠢᠨ ᠪᠢᠵᠡ ᠳᠡ?
ᠠ᠂ ᠮᠢᠨᠦ ᠰᠢᠲᠦᠨ ᠪᠢᠰᠢᠷᠡᠭᠴᠢᠳ ᠨᠠᠷ ᠬᠠᠮᠢᠭ᠎ᠠ ᠰᠠᠢ ᠦᠭᠡᠢ ᠨᠠᠮᠠᠢ ᠶ᠋ᠢ ᠳᠠᠭᠠᠳᠠᠭ᠃
ᠪᠢ ᠴᠢᠨᠦ ᠰᠢᠳᠦᠨ ᠪᠢᠰᠢᠷᠡᠭᠴᠢ ᠪᠢᠰᠢ᠃
Adrian ᠭᠠᠢᠬᠠᠭᠠᠳ ᠶᠠᠭᠠᠬᠢᠵᠤ ᠡᠢᠮᠦ ᠴᠢᠩᠭ᠎ᠠ ᠬᠠᠰᠬᠢᠷᠴᠤ ᠪᠠᠢᠭ᠎ᠠ ᠶ᠋ᠢ ᠨᠢ ᠠᠰᠠᠭᠤᠯ᠎ᠠ᠃
ᠨᠡᠯᠢᠶᠡᠳ ᠡᠷᠡᠭᠡᠯᠵᠡᠭᠰᠡᠨ ᠦ᠌ ᠡᠴᠦᠰ ᠲᠦ᠍ ᠪᠥᠵᠢᠭᠯᠡᠬᠦ ᠳ᠋ᠦ᠍ ᠬᠥᠯ ᠳᠡᠭᠡᠷ᠎ᠡ ᠪᠡᠨ ᠭᠢᠰᠬᠢᠴᠢᠬᠡᠭᠡᠳ ᠪᠠᠢᠳᠠᠭ ᠲᠤᠬᠠᠢ ᠪᠠᠨ ᠭᠦᠩᠵᠦ ᠬᠡᠯᠡᠭᠰᠡᠨ ᠶᠦᠮ᠃ ᠥᠪᠡᠷ ᠢ᠋ ᠨᠢ ᠱᠣᠣᠯᠠᠵᠤ ᠢᠨᠢᠶᠡᠬᠦ ᠦᠭᠡᠢ ᠪᠠᠢᠭ᠎ᠠ ᠶ᠋ᠢ ᠬᠠᠷᠠᠭᠠᠳ ᠭᠦᠩᠵᠦ ᠮᠠᠰᠢ ᠶᠡᠬᠡ ᠪᠠᠶᠠᠷᠯᠠᠵᠤ ᠪᠠᠢᠪᠠ᠃
Twyla ᠶᠠᠭᠠᠬᠢᠵᠤ ᠪᠥᠵᠢᠭᠯᠡᠳᠡᠭ ᠢ᠋ᠶ᠋ᠡᠨ ᠨᠠᠳᠠ ᠳ᠋ᠤ᠌ ᠬᠠᠷᠠᠭᠤᠯᠬᠤ ᠦᠭᠡᠢ ᠤᠤ?
ᠶᠠᠭᠤ? ᠪᠥᠵᠢᠭᠯᠡᠵᠦ ᠴᠢᠳᠠᠬᠤ ᠦᠭᠡᠢ ᠭᠡᠳᠡᠭ ᠢ᠋ ᠬᠡᠯᠡᠭᠰᠡᠨ ᠪᠢᠵᠡ ᠳᠡ᠃
ᠭᠡᠪᠡᠴᠦ Adrian ᠣᠢᠭ᠎ᠠ ᠦᠭᠡᠢ ᠱᠠᠯᠠᠭᠰᠠᠨ ᠤ᠋ ᠡᠴᠦᠰ ᠲᠦ᠍ ᠭᠦᠩᠵᠦ ᠪᠣᠰᠤᠯ᠎ᠠ᠃
ᠵᠠ᠂ ᠪᠠᠢᠵᠠ᠂ ᠬᠣᠶᠠᠷ ᠠᠯᠬᠤᠭᠠᠳ᠂ ᠨᠢᠭᠡ ᠡᠷᠭᠢᠭᠡᠳ᠂ ᠡᠩ᠂ ᠨᠢᠭᠡ ᠪᠥᠬᠥᠢᠨ᠎ᠡ᠃
ᠭᠦᠩᠵᠦ ᠶ᠋ᠢ ᠪᠥᠵᠢᠭᠯᠡᠵᠦ ᠳᠠᠭᠤᠰᠬᠤ ᠳ᠋ᠤ᠌ ᠬᠠᠨ ᠬᠦᠦ ᠫᠦᠰ ᠭᠡᠲᠡᠯ᠎ᠡ ᠢᠨᠢᠶᠡᠵᠦ ᠣᠷᠬᠢᠪᠠ᠃
ᠢᠨᠢᠶᠡᠮᠡᠷ ᠪᠠᠢᠪᠠᠯ ᠢᠨᠢᠶᠡ ᠢᠨᠢᠶᠡ᠂ ᠭᠡᠬᠦ ᠳ᠋ᠦ᠍ ᠪᠡᠨ ᠪᠢ ᠡᠨᠡ ᠡᠴᠡ ᠥᠭᠡᠷ᠎ᠡ ᠶ᠋ᠢ ᠮᠡᠳᠡᠬᠦ ᠦᠭᠡᠢ᠃
ᠪᠥᠵᠢᠭ ᠪᠣᠯ ᠲᠣᠭᠠᠨ ᠤ᠋ ᠰᠢᠯᠭᠠᠯᠲᠠ ᠪᠢᠰᠢ᠃
ᠵᠦᠭᠡᠷ ᠯᠡ ᠮᠡᠳᠡᠷᠡᠮᠵᠢ᠂ ᠰᠡᠳᠬᠢᠯ ᠴᠢᠨᠢ ᠰᠡᠷᠭᠦᠬᠦ ᠪᠡᠷ ᠴᠢ ᠢᠨᠢᠶᠡᠳᠡᠭ ᠪᠢᠵᠡ ᠳᠡ᠂ ᠡᠨᠡ ᠶ᠋ᠢ ᠯᠡ ᠪᠥᠵᠢᠭ ᠭᠡᠳᠡᠭ ᠶᠦᠮ᠃
Twyla ᠶᠠᠭᠠᠬᠢᠬᠤ ᠪᠠᠨ ᠮᠡᠳᠡᠬᠦ ᠪᠡᠨ ᠪᠣᠯᠢᠪᠠ᠃
ᠭᠡᠪᠡᠴᠦ ᠬᠠᠨ ᠬᠦᠦ ᠪᠥᠵᠢᠭ ᠦ᠋ᠨ ᠲᠤᠬᠠᠢ ᠶᠠᠷᠢᠵᠤ ᠪᠠᠢᠬᠤ ᠳ᠋ᠠᠭᠠᠨ ᠨᠢᠳᠦ ᠨᠢ ᠬᠦᠷᠲᠡᠯ᠎ᠡ ᠪᠥᠵᠢᠭᠯᠡᠵᠦ ᠪᠠᠢᠭ᠎ᠠ ᠶ᠋ᠢ ᠭᠦᠩᠵᠦ ᠠᠩᠵᠠᠭᠠᠷᠠᠯ᠎ᠠ᠃ ᠪᠠᠭᠰᠢ ᠨᠠᠷ ᠤ᠋ᠨ ᠬᠢᠨᠢ ᠵᠢᠭᠠᠳᠠᠭ ᠠ᠋ᠴᠠ ᠳᠡᠰ ᠥᠭᠡᠷ᠎ᠡ ᠪᠡᠷ ᠰᠢᠦ ᠳᠡ᠃
ᠵᠠ᠂ ᠬᠡᠮᠨᠡᠯ ᠢ᠋ ᠶᠠᠭᠠᠬᠢᠵᠤ ᠮᠡᠳᠡᠷᠡᠬᠦ ᠶ᠋ᠢ ᠡᠬᠢᠯᠡᠭᠡᠳ ᠵᠢᠭᠠᠵᠤ ᠥᠭᠭᠦᠶ᠎ᠡ᠃ ᠬᠠᠲᠤᠭᠲᠠᠢ Brook ᠨᠠᠮ᠎ᠠ ᠶ᠋ᠢ ᠰᠣᠨᠣᠰᠴᠤ ᠪᠠᠢᠨ᠎ᠠ ᠤᠤ?
ᠭᠡᠨᠡᠳᠲᠡ ᠭᠣᠷᠣᠬᠠᠨ ᠠ᠋ᠴᠠ ᠤᠰᠤᠨ ᠠ᠋ᠴᠠ ᠪᠦᠷᠢᠳᠦᠭᠰᠡᠨ ᠰᠢᠳᠢᠲᠦ ᠡᠮᠡᠭᠲᠡᠢ ᠭᠠᠷᠴᠤ ᠢᠷᠡᠯ᠎ᠡ᠂ ᠲᠡᠭᠡᠭᠡᠳ Twyla ᠤᠷᠤᠭᠤ ᠲᠠᠭᠠᠯᠠᠮᠵᠢᠲᠠᠢ ᠬᠠᠷᠠᠴᠠ ᠪᠠᠷ ᠬᠠᠷᠠᠬᠤ ᠬᠠᠲᠤᠭᠲᠠᠢ Brook ᠳᠦ Adrian ᠪᠦᠭᠦᠳᠡ ᠶ᠋ᠢ ᠲᠠᠢᠯᠪᠤᠷᠢᠯᠠᠵᠤ ᠥᠭᠭᠦᠭᠰᠡᠨ ᠶᠦᠮ᠃
ᠦ᠂ ᠬᠦ᠂ ᠰᠠᠢᠨ ᠤᠤ? Adrian ?
ᠦ᠁ ᠡᠨᠡ ᠬᠡᠨ ᠪᠣᠢ?
ᠨᠠᠮ᠎ᠠ ᠶ᠋ᠢ᠂ ᠨᠠᠮ ᠢ᠋ Twyla ᠭᠡᠳᠡᠭ᠃
ᠬᠠᠷᠢᠨ ᠣᠳᠣ ᠡᠨᠡ ᠬᠡᠮᠨᠡᠯ ᠢ᠋ ᠮᠡᠳᠡᠷᠡᠴᠢᠬᠡᠶ᠎ᠡ!
ᠦ᠂ ᠬᠦ᠂ ᠬᠡᠮᠨᠡᠯ ᠰᠤᠷᠬᠤ ᠭᠡᠰᠡᠨ ᠶᠦᠮ ᠤᠤ?
ᠡᠨᠡ ᠶᠠᠮᠠᠷ ᠪᠠᠢᠨ᠎ᠠ?
Blub-doob-doob-doob
Blub-doob-doob-doob
Blub-doob-doob-doob
ᠭᠡᠬᠦ ᠳ᠋ᠡᠭᠡᠨ ᠂ ᠭᠡᠬᠦ ᠳ᠋ᠡᠭᠡᠨ
ᠵᠦᠭᠡᠷ ᠳᠡ᠂ ᠬᠥᠭᠵᠢᠯᠲᠡᠢ ᠪᠠᠢᠬᠤ ᠬᠡᠷᠡᠭᠲᠡᠢ᠂ ᠦ᠂ ᠬᠠ ᠬᠠ ᠬᠠ
ᠵᠦᠢᠲᠡᠢ᠂ ᠴᠢᠳᠠᠵᠤ ᠪᠠᠢᠨ᠎ᠠ ᠰᠢᠲᠠ( ᠪᠠᠢᠨ᠎ᠠ ᠯᠠ ᠳᠠ)᠃
ᠣᠳᠣ ᠬᠡᠮᠨᠡᠯ ᠢ᠋ ᠰᠤᠷᠴᠢᠬᠠᠯ᠎ᠠ ᠰᠢᠦ ᠳᠡ᠃
ᠬᠠᠷᠢᠨ ᠣᠳᠣ ᠡᠷᠭᠢᠯᠳᠦᠬᠦ ᠶ᠋ᠢ ᠰᠤᠷᠴᠠᠭᠠᠶ᠎ᠠ᠃
ᠨᠣᠶᠠᠨ ᠰᠠᠯᠬᠢ ᠠ᠂ ᠦ᠂ ᠵᠦᠢᠲᠡᠢ᠂ ᠦ᠂ ᠶᠠᠭᠤ?
ᠦ ᠬᠦ᠂Adrian ᠴᠢ ᠰᠠᠢᠬᠠᠨ ᠬᠡᠮᠨᠡᠯ ᠢ᠋ᠶ᠋ᠡᠷ ᠪᠥᠵᠢᠭᠯᠡᠵᠦ ᠪᠠᠢᠨ᠎ᠠ ᠰᠢᠦ᠂ ᠪᠢᠳᠡ ᠨᠠᠷ Twyla ᠎᠎᠎  ᠳᠤ ᠶᠠᠭᠠᠬᠢᠵᠤ ᠪᠥᠵᠢᠭᠯᠡᠬᠦ ᠶ᠋ᠢ ᠵᠢᠭᠠᠵᠤ ᠥᠭᠴᠦ ᠪᠠᠢᠭ᠎ᠠ ᠶᠤᠮ᠂ ᠲᠠ ᠲᠤᠰᠠLana ᠪᠢᠳᠡ ᠳᠠ᠃
ᠦ᠂ ᠳᠡᠭᠡᠯ ᠦᠭᠡᠢ ᠶᠠᠭᠠᠬᠢᠬᠤᠪ᠂ ᠠᠯᠢᠪᠠ᠂ ᠥᠬᠢᠨ ᠮᠢᠨᠢ ᠶᠠᠭᠠᠬᠢᠵᠤ ᠡᠷᠭᠢᠯᠳᠦᠬᠦ ᠶ᠋ᠢ ᠵᠢᠭᠠᠵᠤ ᠥᠭᠭᠦᠶ᠎ᠡ᠃
ᠦ᠂ ᠦ᠂ ᠦ
ᠡᠩ᠁ ᠬᠡᠲᠦᠷᠬᠡᠢ ᠪᠡᠶ᠎ᠡ ᠪᠡᠨ ᠪᠠᠷᠢᠭᠠᠳ ᠪᠠᠢᠭ᠎ᠠ ᠶᠤᠮ ᠪᠠᠢᠨ᠎ᠠ ᠳᠠ᠂ ᠠᠯᠢᠪᠠ ᠠᠯᠢᠪᠠ᠂ ᠡᠷᠬᠡ ᠴᠢᠯᠥᠭᠡ ᠶ᠋ᠢ ᠮᠠᠲᠠᠷᠠ! ᠥᠪᠡᠷ ᠢ᠋ ᠪᠡᠨ ᠪᠦᠷᠢᠨ ᠴᠢᠯᠥᠭᠡᠯᠡ!
ᠦ᠂ ᠬᠠ ᠬᠠ ᠬᠠ᠂ ᠪᠢ᠁ ᠪᠢ ᠴᠢᠳᠠᠵᠤ ᠪᠠᠢᠨ᠎ᠠ᠃
ᠡᠨᠡ ᠪᠣᠯ ᠰᠡᠳᠬᠢᠯ ᠰᠠᠨᠠᠭ᠎ᠠ
Blub-doob-doob-doob
Blub-doob-doob-doob
Blub-doob-doob-doob
ᠦ᠂ ᠬᠦ᠂ ᠰᠠᠢᠨ ᠪᠥᠵᠢᠭᠯᠡᠵᠦ ᠪᠠᠢᠨ᠎ᠠ ᠰᠢᠦ᠂ ᠬᠠ ᠬᠠ ᠬᠠ ᠬᠠ
ᠡᠩ᠂ ᠭᠡᠬᠦ ᠳ᠋ᠡᠭᠡᠨ ᠯᠡ ᠳᠠᠬᠢᠭᠠᠳ ᠬᠤᠷᠳᠤᠨ ᠬᠥᠳᠡᠯᠵᠦ ᠰᠤᠷᠬᠤ ᠬᠡᠷᠡᠭᠲᠡᠢ᠃ ᠴᠢᠮ᠎ᠠ ᠶ᠋ᠢ ᠳᠠᠯᠠᠢ ᠶ᠋ᠢᠨ ᠡᠷᠭᠢ ᠳᠡᠭᠡᠷ᠎ᠡ ᠬᠦᠷᠭᠡᠵᠦ ᠥᠭᠭᠦᠶ᠎ᠡ᠂ ᠴᠢᠮ᠎ᠠ ᠳ᠋ᠤ᠌ ᠰᠠᠢᠨ ᠲᠤᠰᠠᠯᠠᠬᠤ ᠪᠠᠢᠬ᠎ᠠ᠃
ᠢᠩᠭᠢᠭᠡᠳ ᠲᠡᠳᠡ ᠬᠠᠲᠤᠭᠲᠠᠢ Brook ᠳᠦ ᠰᠠᠯᠬᠤ ᠶᠣᠰᠣ ᠬᠢᠭᠡᠳ ᠳᠠᠯᠠᠢ ᠶ᠋ᠢᠨ ᠡᠷᠭᠢ ᠤᠷᠤᠭᠤ ᠨᠢᠰᠦᠨ ᠣᠳᠤᠯ᠎ᠠ᠃
ᠥᠪᠡᠷ ᠢ᠋ ᠪᠡᠨ ᠶᠠᠮᠠᠷ ᠰᠠᠢᠨ ᠪᠥᠵᠢᠭᠯᠡᠵᠦ ᠪᠠᠢᠭ᠎ᠠ ᠶ᠋ᠢ ᠮᠡᠳᠡᠵᠦ ᠪᠠᠢᠨ᠎ᠠ ᠤᠤ? ᠥᠨᠥᠳᠥᠷ ᠢ᠋ ᠬᠦᠷᠲᠡᠯ᠎ᠡ ᠵᠥᠪ ᠪᠠᠭᠰᠢ ᠪᠠᠨ ᠯᠠ ᠣᠯᠵᠤ ᠴᠢᠳᠠᠭ᠎ᠠ ᠦᠭᠡᠢ ᠶᠦᠮ ᠪᠠᠢᠨ᠎ᠠ ᠰᠢᠦ ᠳᠡ!
ᠬᠡ ᠬᠡ ᠬᠡ᠂ ᠴᠢᠮ᠎ᠠ ᠶ᠋ᠢ ᠣᠯᠤᠭᠰᠠᠨ ᠳ᠋ᠠᠭᠠᠨ ᠪᠠᠶᠠᠷᠲᠠᠢ ᠪᠠᠢᠨ᠎ᠠ᠂ ᠬᠥᠮᠦᠰ ᠦ᠋ᠨ ᠴᠢᠳᠠᠵᠤ ᠪᠠᠢᠭ᠎ᠠ ᠪᠥᠵᠢᠭ ᠢ᠋ ᠪᠥᠵᠢᠭᠯᠡᠵᠦ ᠴᠢᠳᠠᠬᠤ ᠦᠭᠡᠢ ᠪᠠᠢᠭ᠎ᠠ ᠳ᠋ᠠᠭᠠᠨ ᠪᠢ ᠶᠡᠬᠡ ᠪᠤᠬᠢᠨᠢᠳᠤᠳᠠᠭ ᠪᠠᠢᠭᠰᠠᠨ᠃
ᠨᠠᠢᠵᠠ ᠨᠤᠭᠤᠳ ᠨᠢ ᠥᠪᠡᠷ ᠢ᠋ ᠨᠢ ᠱᠣᠣᠯᠠᠬᠤ ᠶᠠᠮᠠᠷ ᠬᠡᠴᠡᠭᠦᠦ ᠪᠠᠢᠭᠰᠠᠨ ᠲᠤᠬᠠᠢ ᠪᠠᠨ ᠬᠠᠨ ᠬᠦᠦ ᠳ᠋ᠦ᠍ ᠶᠠᠷᠢᠯ᠎ᠠ᠃
ᠰᠡᠳᠬᠢᠯ ᠢ᠋ᠶ᠋ᠡᠷ ᠤᠨᠠᠬᠤ ᠬᠡᠷᠡᠭ ᠦᠭᠡᠢ ᠳᠡ᠃
ᠲᠡᠳᠡ ᠰᠠᠢᠨ ᠪᠦᠵᠢᠭᠴᠢᠳ ᠪᠠᠢᠵᠤ ᠮᠠᠭᠠᠳ ᠦᠭᠡᠢ᠂ ᠭᠡᠪᠡᠴᠦ ᠲᠡᠳᠡ ᠴᠢᠮ᠎ᠠ ᠰᠢᠭ ᠬᠥᠭᠡᠷᠦᠬᠦᠨ ᠪᠢᠰᠢ ᠰᠢᠦ ᠳᠡ᠃
ᠦ ᠬᠦ( ᠡᠩ)᠂ ᠮᠠᠭᠲᠠᠭᠰᠠᠨ ᠳ᠋ᠤ᠌ ᠪᠠᠶᠠᠷᠯᠠᠯ᠎ᠠ᠃
ᠬᠡ ᠬᠡ ᠬᠡ ᠬᠡ ᠬᠡ
ᠲᠡᠳᠡ ᠤᠳᠠᠯ ᠦᠭᠡᠢ ᠳᠠᠯᠠᠢ ᠶ᠋ᠢᠨ ᠡᠷᠭᠢ ᠳ᠋ᠦ᠍ ᠣᠴᠢᠭᠠᠳ ᠲᠡᠨᠳᠡ ᠪᠠᠭᠤᠯ᠎ᠠ᠃
ᠬᠠᠷᠢᠨ ᠣᠳᠣ ᠬᠠᠲᠤᠭᠲᠠᠢ Lana  ᠎ᠶᠢ ᠳᠠᠭᠤᠳᠠᠵᠤ ᠪᠠᠢᠨ᠎ᠠ᠃
ᠪᠢ ᠳᠠᠭᠤᠳᠠᠴᠢᠬᠠᠶ᠎ᠠ᠂ Lana᠂  ᠶᠣ ᠬᠦ
ᠡᠨᠡ ᠪᠣᠯ ᠬᠠᠲᠤᠭᠲᠠᠢ Lana
ᠦᠭᠡᠢ ᠠ᠋᠂ ᠪᠢᠳᠡ ᠣᠯᠠᠨ ᠠᠷᠪᠢᠨ ᠵᠢᠯ ᠨᠠᠢᠵᠠᠯᠠᠵᠤ ᠪᠠᠢᠭ᠎ᠠ᠂ ᠡᠨᠡ ᠣᠯᠠᠨ ᠵᠢᠯ ᠬᠥᠮᠦᠨ ᠬᠦᠨᠳᠦᠯᠡᠳᠡᠭ ᠦᠭᠡᠢ ᠬᠡᠪ ᠢ᠋ᠶ᠋ᠡᠷ ᠢ᠋ᠶ᠋ᠡᠨ ᠪᠠᠢᠬᠤ ᠰᠢᠪ ᠳᠡ᠃
ᠦ᠂ ᠰᠠᠢᠨ ᠤᠤ? Lana
ᠶᠠᠭᠤ ᠶ᠋ᠢ ᠬᠦᠰᠡᠪᠡ ᠪᠣᠢ?
Twyla ᠳᠤ ᠵᠢᠭᠠᠵᠤ ᠥᠭᠭᠦᠴᠡᠭᠡᠶ᠎ᠡ
ᠠ᠂ ᠨᠠᠮᠠᠢ Twyla ᠭᠡᠳᠡᠭ᠃
ᠠ᠂ ᠲᠡᠢᠮᠦ᠂ Twyla ᠂ ᠶᠠᠭᠠᠬᠢᠵᠤ ᠪᠥᠵᠢᠭᠯᠡᠬᠦ ᠶ᠋ᠢ
ᠡᠩ᠂ ᠡᠩ᠁ ᠶᠠᠭᠠᠬᠢᠵᠤ ᠡᠩ᠂ Adrian ᠳᠡᠯᠭᠡᠷᠡᠩᠭᠦᠢ ᠲᠠᠢᠯᠪᠤᠷᠢᠯᠠᠵᠤ ᠥᠭᠬᠦ ᠪᠠᠢᠬ᠎ᠠ᠃
Adrian ᠤ ᠶᠠᠷᠢᠶ᠎ᠠ ᠶ᠋ᠢ ᠲᠠᠩᠭᠢᠰ ᠤ᠋ᠨ ᠳᠠᠭᠢᠨᠢ ᠠᠩᠬᠠᠷᠤᠯᠲᠠᠢ ᠰᠣᠨᠣᠰᠤᠭᠠᠳ Twyla ᠳ᠋ᠤ᠌ ᠬᠠᠨᠳᠤᠨᠬᠡᠯᠡᠯ᠎ᠡ᠄ ᠶᠠᠭᠤ ᠰᠤᠷᠤᠭᠰᠠᠨ ᠢ᠋ᠶ᠋ᠠᠨ ᠨᠠᠳᠠ ᠳ᠋ᠤ᠌ ᠦᠵᠡᠭᠦᠯᠦᠭᠡᠴᠢ᠃
Twyla ᠶᠢᠨ ᠨᠢᠭᠡ ᠬᠥᠯ ᠡᠴᠡ ᠪᠡᠨ ᠨᠥᠭᠦᠭᠡ ᠬᠥᠯ ᠤᠷᠤᠭᠤ ᠪᠠᠨ ᠡᠭᠡᠯᠵᠢᠯᠡᠨ ᠳᠡᠪᠬᠡᠴᠡᠬᠦ ᠳ᠋ᠦ᠍ ᠰᠠᠯᠬᠢ ᠠᠮᠠ ᠪᠠᠷ ᠢ᠋ᠶ᠋ᠠᠨ ᠳᠠᠭᠤᠤ ᠠᠶᠠᠯᠤᠯ᠎ᠠ᠃
Blub-doob-doob-doob
Blub-doob-doob-doob
ᠬᠠ ᠬᠠ ᠬᠠ᠁
ᠦ᠂ ᠦ᠂ ᠬᠦᠯᠢᠶᠡᠭᠡᠷᠡᠢ᠂ ᠶᠠᠭᠤ ᠪᠣᠢ
ᠱᠠᠯᠠᠮᠠᠭ ᠬᠥᠳᠡᠯᠵᠦ ᠰᠤᠷᠬᠤ ᠬᠡᠷᠡᠭᠲᠡᠢ
ᠱᠠᠯᠠᠮᠠᠭ ᠬᠥᠳᠡᠯᠭᠡᠭᠡᠨ ᠳᠠᠯᠠᠢ ᠶ᠋ᠢᠨ ᠳᠠᠪᠠᠯᠭᠠᠨ ᠰᠢᠭ᠋ ᠡᠯᠡᠰᠦ ᠱᠦᠭᠦᠷᠳᠡᠳᠡᠭ᠂ ᠳᠠᠪᠠᠯᠭᠠᠨ ᠠ᠋ᠴᠠ ᠵᠢᠭᠤᠲᠠᠵᠤ ᠰᠤᠷᠤᠶ᠎ᠠ ᠂ Twyla ᠥᠪᠡᠷ ᠤᠷᠤᠭᠤ ᠨᠢ ᠤᠷᠤᠰᠤᠨ ᠢᠷᠡᠬᠦ ᠳᠠᠪᠠᠯᠭᠠᠨ ᠪᠦᠷᠢ ᠡᠴᠡ ᠪᠤᠯᠲᠠᠨ᠂ ᠬᠡᠮᠨᠡᠯ ᠢ᠋ᠶ᠋ᠡᠷ ᠦᠰᠦᠷᠴᠦ ᠡᠷᠭᠢᠯᠳᠦᠵᠦ ᠪᠠᠢᠯ᠎ᠠ᠃ ᠤᠳᠠᠯ ᠦᠭᠡᠢ ᠬᠠᠮᠤᠭ ᠤ᠋ᠨ ᠰᠠᠢᠨ ᠪᠥᠵᠢᠭᠯᠡᠵᠦ ᠰᠤᠷᠴᠠᠢ᠃
ᠵᠦᠢᠲᠡᠢ Twyla ᠂ ᠴᠢ ᠪᠥᠵᠢᠭᠯᠡᠵᠦ ᠪᠠᠢᠨ᠎ᠠ᠃
ᠭᠡᠪᠡᠴᠦ Twyla ᠪᠥᠵᠢᠭ ᠲᠡᠭᠡᠨ ᠬᠥᠭᠡᠷᠴᠦ ᠪᠠᠶᠠᠰᠤᠭᠠᠳ ᠬᠠᠨ ᠬᠦᠦ ᠶ᠋ᠢᠨ ᠬᠡᠯᠡᠭᠰᠡᠨ ᠢ᠋ ᠰᠣᠨᠣᠰᠤᠭᠰᠠᠨ ᠦᠭᠡᠢ᠂ ᠡᠴᠦᠰ ᠲᠦ᠍ ᠨᠢ ᠬᠡᠮᠨᠡᠯ ᠵᠣᠭᠰᠣᠬᠤ ᠳ᠋ᠤ᠌ Twyla ᠪᠥᠵᠢᠭᠯᠡᠬᠦ ᠪᠡᠨ ᠪᠣᠯᠢᠬᠤ ᠳ᠋ᠤ᠌ ᠨᠢᠳᠦᠨ ᠳ᠋ᠦ᠍ ᠨᠢ ᠣᠴᠢ ᠭᠢᠯᠠᠯᠵᠠᠭᠰᠠᠨ ᠪᠠᠢᠯ᠎ᠠ᠃
ᠠ᠁
ᠪᠢ ᠪᠥᠵᠢᠭᠯᠡᠵᠦ ᠴᠢᠳᠠᠵᠤ ᠪᠠᠢᠨ᠎ᠠ᠁ᠪᠢ ᠪᠥᠵᠢᠭᠯᠡᠵᠦ ᠴᠢᠳᠠᠵᠤ ᠪᠠᠢᠨ᠎ᠠ
ᠣᠳᠣ ᠬᠥᠮᠦᠰ ᠲᠦ᠍ ᠶᠠᠭᠤ ᠴᠢᠳᠠᠳᠠᠭ ᠢ᠋ᠶ᠋ᠠᠨ ᠬᠠᠷᠠᠭᠤᠯᠵᠠᠭᠠᠶ᠎ᠠ᠃ ᠮᠠᠷᠭᠠᠰᠢ ᠮᠠᠨ ᠤ᠋ ᠡᠵᠡᠨᠲᠦ ᠤᠯᠤᠰ ᠲᠤ᠌ ᠪᠥᠵᠢᠭ ᠪᠣᠯᠤᠨ᠎ᠠ᠃
ᠦ᠁ ᠭᠡᠬᠦ ᠳ᠋ᠡᠭᠡᠨ
ᠰᠠᠨᠠᠭ᠎ᠠ ᠵᠣᠪᠠᠬᠤ  ᠬᠡᠷᠡᠭ ᠦᠭᠡᠢ᠂ ᠪᠢ ᠴᠢᠮ᠎ᠠ ᠲᠠᠢ ᠬᠠᠮᠲᠤ ᠪᠠᠢᠨ᠎ᠠ᠃
ᠪᠠᠢᠵᠠ᠂ ᠡᠨᠡ ᠶ᠋ᠢ ᠠᠪᠤᠭᠠᠳ ᠶᠠᠪᠤ
ᠰᠠᠢᠬᠠᠨ ᠪᠥᠵᠢᠭᠯᠡᠳᠡᠭ ᠬᠥᠮᠦᠨ ᠳ᠋ᠦ᠍ ᠥᠭᠳᠡᠭ ᠪᠡᠯᠡᠭ ᠪᠠᠢᠭ᠎ᠠ ᠶᠤᠮ᠃
ᠪᠠᠶᠠᠷᠯᠠᠯ᠎ᠠ᠂ ᠪᠢ ᠦᠷᠭᠦᠯᠵᠢ ᠨᠠᠨᠳᠢᠩᠨᠠᠵᠤ ᠶᠠᠪᠤᠨ᠎ᠠ᠃
ᠰᠠᠯᠬᠢ᠂Twyla ᠂ Adrian ᠬᠣᠶᠠᠷ ᠢ᠋ ᠥᠪᠡᠷᠰᠡᠳ ᠦ᠋ᠨ ᠬᠢᠨᠢ ᠡᠵᠡᠨᠲᠦ ᠤᠯᠤᠰ ᠲᠤ᠌ ᠨᠢ ᠬᠦᠷᠭᠡᠵᠦ ᠥᠭᠭᠦᠯ᠎ᠡ᠃
ᠮᠠᠷᠭᠠᠰᠢ ᠣᠷᠣᠢ ᠨᠢ Twyla ᠂ Adrian ᠲᠠᠢ ᠬᠠᠮᠲᠤ ᠳᠠᠭᠤᠤ ᠬᠥᠭᠵᠢᠮ ᠳᠠᠭᠤᠰᠬᠤ ᠬᠦᠷᠲᠡᠯ᠎ᠡ ᠪᠥᠵᠢᠭᠯᠡᠭᠰᠡᠨ ᠶᠦᠮ᠃
ᠡᠮᠦᠨ᠎ᠡ ᠨᠢ ᠡᠢᠮᠦ ᠦᠵᠡᠰᠬᠦᠯᠡᠩᠲᠡᠢ ᠪᠥᠵᠢᠭᠴᠢᠨ ᠬᠠᠷᠠᠭ᠎ᠠ ᠦᠭᠡᠢ ᠬᠥᠮᠦᠰ ᠶᠡᠬᠡᠳᠡ ᠴᠣᠴᠢᠷᠳᠠᠵᠠᠢ᠃
ᠡᠨᠡ ᠨᠡᠭᠡᠷᠡᠨ Twyla ᠮᠥᠨ ᠭᠡᠵᠦ ᠤᠤ?
ᠭᠡᠬᠦ ᠳ᠋ᠡᠭᠡᠨ ᠲᠡᠷᠡ ᠪᠥᠵᠢᠭᠯᠡᠵᠦ ᠪᠠᠢᠨ᠎ᠠ᠃
Adrian ᠲᠠᠢ ᠬᠠᠮᠲᠤ
Adrian Twyla ᠬᠣᠶᠠᠷ ᠪᠦᠬᠦ ᠡᠵᠡᠨᠲᠦ ᠤᠯᠤᠰ ᠤ᠋ᠳ ᠤ᠋ᠨ ᠬᠠᠮᠤᠭ ᠤ᠋ᠨ ᠰᠢᠯᠢᠳᠡᠭ ᠪᠦᠵᠢᠭᠴᠢᠳ ᠪᠣᠯᠵᠠᠢ᠃
ᠤᠳᠠᠯ ᠦᠭᠡᠢ ᠨᠢᠭᠡ ᠵᠢᠯ ᠦ᠋ᠨ ᠳᠠᠷᠠᠭ᠎ᠠ ᠲᠡᠳᠡ ᠭᠡᠷᠯᠡᠵᠦ ᠠᠵᠠ ᠵᠢᠷᠭᠠᠯ ᠲᠠᠢ ᠠᠮᠢᠳᠤᠷᠠᠵᠤ ᠭᠡᠨ᠎ᠡ᠃
ᠪᠥᠵᠢᠭ ᠥᠪᠡᠷ ᠢ᠋ ᠨᠢ ᠰᠠᠢᠨ ᠬᠥᠮᠦᠨ ᠪᠣᠯᠭᠠᠳᠠᠭ ᠦᠭᠡᠢ ᠭᠡᠳᠡᠭ ᠢ᠋ Twyla ᠣᠢᠯᠠᠭᠠᠭᠰᠠᠨ᠂ ᠬᠠᠷᠢᠨ ᠥᠪᠡᠷ ᠢ᠋ᠶ᠋ᠡᠨ ᠬᠠᠢᠷᠠᠯᠠᠵᠤ᠂ ᠥᠪᠡᠷ ᠲᠡᠭᠡᠨ ᠪᠠᠢᠭ᠎ᠠ ᠶᠠᠭᠤᠮᠠᠨ ᠳ᠋ᠤ᠌ ᠪᠠᠨ ᠬᠠᠢᠷᠠᠲᠠᠢ ᠪᠣᠯᠬᠤ ᠶ᠋ᠢ ᠵᠢᠭᠠᠳᠠᠭ ᠭᠡᠳᠡᠭ ᠢ᠋ ᠲᠡᠷᠡ ᠣᠢᠯᠠᠭᠠᠭᠰᠠᠨ ᠶᠤᠮ᠃

   ᠦᠰᠦᠭ ᠠᠮᠢᠯᠠᠭᠤᠯᠤᠭᠴᠢ᠄ ᠰ᠂ ᠳᠣᠷᠣᠨ᠎ᠠ ᠠᠰᠬ᠎ᠠ
   ᠦᠰᠦᠭ ᠬᠠᠳᠠᠭᠴᠢ᠄ ᠬᠠᠪᠤᠷᠵᠢᠶ᠎ᠠ
   ᠬᠢᠨᠠᠭᠴᠢ᠄ ᠭᠠᠷᠮ᠎ᠠ  ᠠᠰᠬ᠎ᠠ ᠠᠵᠠᠵᠠᠶᠠᠭ᠎ᠠ