ᠡᠵᠢ ᠮᠢᠨᠢ ᠯᠡ ᠪᠠᠢᠪᠠᠯ᠁ ᠱ᠂ ᠭᠦᠷᠦᠪᠠᠽᠠᠷЭэж минь л байвал…Ш.Гүрбазар
ᠡᠵᠢ ᠮᠢᠨᠢ ᠯᠡ ᠪᠠᠢᠪᠠᠯ
ᠱ᠂ ᠭᠦᠷᠦᠪᠠᠽᠠᠷ
ᠵᠡᠭᠦᠨ ᠠᠭᠤᠯᠠ ᠶ᠋ᠢᠨ ᠰᠣᠯᠣᠩᠭ᠎ᠠ ᠨᠢ
ᠪᠠᠷᠠᠭᠤᠨ᠎ᠠ ᠲᠠᠲᠠᠭᠰᠠᠨ ᠴᠤ᠌ ᠶᠠᠭᠠᠬᠢᠬᠤ ᠪᠣᠢ ᠳᠠ
ᠵᠡᠭᠦᠳᠦᠯᠡᠭᠡᠳ ᠰᠡᠷᠡᠬᠦ ᠳ᠋ᠦ᠍ ᠡᠵᠢ ᠮᠢᠨᠢ
ᠳᠡᠷᠭᠡᠳᠡ ᠮᠢᠨᠢ ᠯᠡ ᠪᠠᠢᠪᠠᠯ ᠵᠢᠷᠭᠠᠯᠲᠠᠢ
ᠡᠳᠦᠷ ᠡᠳᠦᠷ ᠦ᠋ᠨ ᠠᠭᠠᠰᠢᠨ ᠳ᠋ᠤᠨᠢ
ᠤᠬᠢᠯᠠᠵᠤ ᠳᠠᠭᠤᠯᠠᠬᠤ ᠮᠢᠨᠢ ᠴᠦ᠍ ᠶᠠᠭᠠᠬᠢᠬᠤ ᠪᠣᠢ ᠳᠠ
ᠥᠮᠥᠯᠵᠡᠭᠰᠡᠨ ᠬᠣᠰᠢᠭᠤ ᠪᠠᠨ ᠪᠢ ᠡᠵᠢ ᠳ᠋ᠡᠭᠡᠨ
ᠦᠨᠦᠷᠯᠡᠭᠦᠯᠵᠦ ᠯᠡ ᠪᠠᠢᠪᠠᠯ ᠬᠦᠦ ᠨᠢ ᠵᠢᠷᠭᠠᠯᠲᠠᠢ
ᠳᠤᠲᠠᠭᠤ ᠲᠠᠢ᠂ ᠬᠠᠲᠠᠭᠤ ᠲᠠᠢ ᠬᠣᠷᠸ᠎ᠠ ᠳ᠋ᠤ᠌
ᠪᠦᠲᠦᠨ ᠵᠢᠷᠭᠠᠭ᠎ᠠ ᠦᠭᠡᠢ ᠴᠤ᠌ ᠶᠠᠭᠠᠬᠢᠬᠤ ᠪᠣᠢ ᠳᠠ
ᠳᠠᠭᠤᠤ ᠶ᠋ᠢ ᠮᠥᠩᠬᠡ ᠶ᠋ᠢᠨ ᠡᠬᠢᠯᠡᠬᠦ ᠰᠢᠭ ᠮᠢᠨᠦ ᠡᠵᠢ
ᠳᠡᠷᠭᠡᠳᠡ ᠮᠢᠨᠢ ᠯᠡ ᠪᠠᠢᠪᠠᠯ ᠵᠢᠷᠭᠠᠯᠲᠠᠢ
ᠡᠭᠦᠳᠡᠨ ᠭᠤᠷᠪᠠᠨ ᠰᠠᠷ᠎ᠠ ᠠ᠋ᠴᠠ ᠨᠢ
ᠨᠢᠭᠡ ᠨᠢ ᠳᠤᠲᠠᠭᠰᠠᠨ ᠴᠤ᠌ ᠶᠠᠭᠠᠬᠢᠬᠤ ᠪᠣᠢ ᠳᠠ
ᠦᠯᠢᠭᠡᠷ ᠦ᠋ᠨ ᠲᠡᠭᠦᠰᠬᠡᠯ ᠰᠢᠭ ᠮᠢᠨᠦ ᠡᠵᠢ
ᠦᠷ᠎ᠡ ᠳ᠋ᠡᠭᠡᠨ ᠯᠡ ᠬᠠᠷᠠᠭᠳᠠᠵᠤ ᠪᠠᠢᠪᠠᠯ ᠵᠢᠷᠭᠠᠯᠲᠠᠢ
ᠮᠢᠨᠦ ᠡᠵᠢ ᠮᠥᠩᠬᠡ ᠶ᠋ᠢᠨ ᠡᠨᠡᠷᠢᠯ
ᠰᠠᠨᠠᠭᠠᠨ ᠳ᠋ᠤ᠌ ᠮᠢᠨᠢ ᠭᠡᠢᠭᠰᠡᠨ ᠨᠠᠷᠠᠨ ᠲᠩᠷᠢ
ᠮᠢᠨᠦ ᠡᠵᠢ ᠮᠥᠩᠬᠡ ᠶ᠋ᠢᠨ ᠡᠯᠪᠡᠷᠢᠯ
ᠨᠠᠷᠠᠨ ᠭᠠᠭᠴᠠᠭᠠᠷᠳᠠᠬᠤ ᠶᠢᠷᠲᠢᠨᠴᠦ᠂ ᠮᠢᠨᠦ ᠡᠵᠢ!
2024.4.11
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠸ᠎ᠠ
