ᠪᠢ ᠳᠤᠷ᠎ᠠ ᠦᠭᠡᠢ- ᠴ᠂ ᠬᠤᠯᠠᠨБи дургүй-Ц,Хулан
ᠪᠢ ᠳᠤᠷ᠎ᠠ ᠦᠭᠡᠢ
ᠴ᠂ ᠬᠤᠯᠠᠨ
ᠴᠠᠭ ᠭᠣᠵᠣᠢᠵᠤ ᠪᠠᠢᠬᠤ ᠳ᠋ᠤ᠌
ᠪᠢ ᠠᠯᠤᠰ ᠵᠠᠮ ᠳ᠋ᠤ᠌ ᠭᠠᠷᠬᠤ ᠦᠭᠡᠢ
ᠴᠠᠩᠭᠢᠨᠠᠲᠠᠯ᠎ᠠ ᠬᠤᠨᠳᠠᠭ᠎ᠠ ᠬᠠᠭ᠎ᠠ ᠰᠢᠳᠡᠳᠡᠭ
ᠣᠷᠣᠰ ᠵᠠᠩ ᠳ᠋ᠤ᠌ ᠪᠢ ᠳᠤᠷ᠎ᠠ ᠦᠭᠡᠢ
ᠴᠠᠢ ᠶ᠋ᠢ ᠨᠢ ᠤᠤᠭᠤᠴᠢᠬᠠᠭᠠᠳ
ᠠᠶᠠᠭ᠎ᠠ ᠶ᠋ᠢ ᠨᠢ ᠬᠥᠮᠥᠷᠢᠬᠦ ᠳ᠋ᠦ᠍ ᠳᠤᠷ᠎ᠠ ᠦᠭᠡᠢ
ᠴᠠᠭ ᠢ᠋ᠶ᠋ᠠᠨ ᠣᠯᠵᠤ ᠤᠬᠠᠭᠠᠨᠲᠠᠨ ᠢ᠋ᠶ᠋ᠠᠨ ᠬᠠᠢᠷᠠᠯᠠᠳᠠᠭ ᠦᠭᠡᠢ
ᠮᠣᠩᠭᠣᠯ ᠵᠠᠩ ᠳ᠋ᠤ᠌ ᠪᠢ ᠳᠤᠷ᠎ᠠ ᠦᠭᠡᠢ
ᠥᠯᠢ ᠳ᠋ᠦ᠍ ᠪᠦᠳᠦᠷᠢᠭᠡ ᠦᠭᠡᠢ ᠠᠵᠢᠨᠠᠢ ᠶ᠋ᠢ
ᠮᠠᠭᠲᠠᠭᠠᠯ ᠢ᠋ᠶ᠋ᠠᠷ ᠪᠤᠯᠠᠵᠤ ᠠᠯᠠᠬᠤ ᠳ᠋ᠤ᠌ ᠳᠤᠷ᠎ᠠ ᠦᠭᠡᠢ
ᠦᠬᠦᠯ ᠳ᠋ᠦ᠍ ᠴᠤ᠌ ᠠᠪᠲᠠᠭ᠎ᠠ ᠦᠭᠡᠢ ᠪᠠᠭᠠᠲᠤᠷ ᠡᠷ᠎ᠡ ᠶ᠋ᠢ
ᠣᠳᠣᠨ ᠢ᠋ᠶ᠋ᠠᠷ ᠳᠠᠷᠤᠵᠤ ᠠᠪᠬᠤ ᠳᠤᠷ᠎ᠠ ᠦᠭᠡᠢ
ᠦᠯᠢᠭᠡᠷ ᠨᠢᠯᠠᠭᠤᠨ ᠲᠡᠭᠦᠰᠳᠡᠭ ᠴᠤ᠌
ᠰᠠᠢᠨ ᠬᠥᠮᠦᠨ ᠵᠣᠪᠠᠬᠤ ᠳ᠋ᠤ᠌ ᠪᠢ ᠳᠤᠷ᠎ᠠ ᠦᠭᠡᠢ
ᠦᠰᠦ ᠨᠢ ᠪᠤᠭᠤᠷᠤᠯ ᠬᠥᠭᠰᠢᠨ
ᠨᠠᠮᠪᠠ ᠦᠭᠡᠢ ᠶᠠᠪᠤᠪᠠᠯ ᠪᠦᠷ ᠳᠤᠷ᠎ᠠ ᠦᠭᠡᠢ
ᠴᠡᠷᠢᠭ ᠦ᠋ᠨ ᠳᠠᠷᠤᠭ᠎ᠠ ᠨᠠᠷ
ᠰᠣᠭᠲᠣᠭᠤ ᠭᠤᠢᠪᠢᠬᠤ ᠳ᠋ᠤ᠌ ᠪᠢ ᠳᠤᠷ᠎ᠠ ᠦᠭᠡᠢ
ᠴᠡᠴᠡᠭᠡᠨ ᠥᠬᠢᠳ ᠨᠠᠳᠠ ᠠ᠋ᠴᠠ
ᠶᠠᠨᠵᠤᠤᠷ ᠤ᠋ᠨ ᠭᠠᠯ ᠰᠤᠷᠠᠭᠯᠠᠬᠤ ᠳ᠋ᠤ᠌ ᠳᠤᠷ᠎ᠠ ᠦᠭᠡᠢ
ᠴᠡᠮᠴᠡᠭᠡᠷ ᠨᠢ ᠳᠡᠩᠳᠡᠭᠦᠦ ᠬᠠᠷᠠᠴᠤᠤᠯ
ᠴᠠᠭᠠᠨ ᠭᠠᠷᠳᠠᠨ ᠨᠤᠭᠤᠳ ᠲᠤ᠌ ᠪᠢ ᠳᠤᠷ᠎ᠠ ᠦᠭᠡᠢ
ᠴᠡᠪᠡᠷ ᠴᠠᠭᠠᠰᠤᠨ᠎ᠠ ᠰᠢᠯᠦᠭ ᠪᠢᠰᠢ
ᠮᠠᠲᠠᠭᠠᠰᠤ ᠪᠢᠴᠢᠬᠦ ᠳ᠋ᠦ᠍ ᠪᠦᠷ ᠳᠤᠷ᠎ᠠ ᠦᠭᠡᠢ
ᠳᠣᠭᠣᠯᠠᠩ ᠬᠥᠮᠦᠨ ᠦ᠌ ᠳᠡᠷᠭᠡᠳᠡᠭᠦᠷ ᠪᠢ
ᠭᠦᠶᠦᠵᠦ ᠥᠩᠭᠡᠷᠡᠬᠦ ᠳᠤᠷ᠎ᠠ ᠦᠭᠡᠢ
ᠳᠣᠣᠷ᠎ᠠ ᠪᠠᠨ ᠡᠷᠭᠢᠴᠡᠬᠦ ᠡᠯᠵᠢᠭᠡ ᠮᠡᠲᠦ
ᠣᠯᠠᠨ ᠤ᠋ ᠳᠤᠮᠳᠠ ᠬᠡᠯᠲᠦᠷᠢᠬᠦ ᠳᠤᠷ᠎ᠠ ᠦᠭᠡᠢ
ᠶᠠᠳᠠᠭᠤᠰ ᠤ᠋ᠨ ᠳᠤᠮᠳᠠ ᠭᠠᠩᠭᠠᠯᠠᠬᠤ ᠳᠤᠷ᠎ᠠ ᠦᠭᠡᠢ
ᠲᠠᠩᠰᠤᠭ ᠨᠠᠢᠷ ᠳᠡᠭᠡᠷ᠎ᠡ ᠭᠠᠭᠴᠠᠭᠠᠷᠳᠠᠬᠤ ᠳᠤᠷ᠎ᠠ ᠦᠭᠡᠢ
ᠢᠷᠠᠭᠤ ᠨᠠᠢᠷᠠᠭᠴᠢ ᠶ᠋ᠢ ᠬᠡᠲᠦᠷᠬᠡᠢ ᠤᠷᠲᠤ ᠨᠠᠰᠤᠯᠠᠬᠤ ᠳ᠋ᠤ᠌
ᠶᠠᠭᠠᠬᠢᠭᠠᠳ ᠴᠤ᠌ ᠶᠤᠮ ᠳᠤᠷ᠎ᠠ ᠦᠭᠡᠢ
ᠬᠣᠯᠠ ᠠ᠋ᠴᠠ ᠠᠢᠰᠤᠢ ᠮᠣᠷᠢᠲᠠᠨ ᠭᠡᠨᠡᠳᠲᠡ
ᠥᠭᠡᠷ᠎ᠡ ᠵᠦᠭ ᠲᠦ᠍ ᠳᠠᠪᠬᠢᠬᠤ ᠳ᠋ᠤ᠌ ᠳᠤᠷ᠎ᠠ ᠦᠭᠡᠢ
ᠬᠤᠯᠪᠤᠷᠢᠮᠠᠲᠠᠭᠠᠢ ᠠᠭᠠᠰᠢ
ᠤᠶᠠᠨ ᠵᠢᠳᠠᠨ ᠳ᠋ᠤ᠌ ᠪᠢ ᠳᠤᠷ᠎ᠠ ᠦᠭᠡᠢ
ᠨᠢᠭᠤᠷ ᠠ᠋ᠴᠠ ᠳᠠᠯᠳᠠᠭᠤᠷ
ᠬᠥᠮᠦᠨ ᠮᠠᠭᠤ ᠬᠡᠯᠡᠬᠦ
ᠨᠢᠳᠦᠨ ᠳᠡᠭᠡᠷ᠎ᠡ ᠮᠢᠨᠢ
ᠭᠥᠯᠥᠭᠡ ᠵᠣᠳᠣᠬᠤ ᠳ᠋ᠤ᠌ ᠪᠦᠷ ᠳᠤᠷ᠎ᠠ ᠦᠭᠡᠢ
ᠬᠡᠲᠦᠷᠬᠡᠢ ᠬᠠᠯᠠᠭᠤᠨ
ᠬᠡᠲᠦᠷᠬᠡᠢ ᠬᠦᠢᠲᠡᠨ ᠳ᠋ᠦ᠍ ᠪᠢ ᠳᠤᠷ᠎ᠠ ᠦᠭᠡᠢ
ᠬᠡᠲᠦᠷᠬᠡᠢ ᠣᠮᠣᠭᠣᠯᠠᠩ-
ᠬᠡᠲᠦᠷᠬᠡᠢ ᠨᠣᠮᠣᠢ ᠳ᠋ᠤ᠌ ᠳᠤᠷ᠎ᠠ ᠦᠭᠡᠢ
ᠪᠤᠷᠬᠠᠨ ᠢ᠋ ᠨᠢᠯᠪᠤᠬᠤ
ᠠᠳᠠ ᠶ᠋ᠢ ᠡᠷᠭᠦᠮᠵᠢᠯᠡᠬᠦ ᠳᠤᠷ᠎ᠠ ᠦᠭᠡᠢ
ᠪᠤᠰᠤᠳ ᠲᠤ᠌ ᠳᠠᠭᠠᠷ᠎ᠠ ᠣᠷᠣᠬᠤ
ᠠᠳᠤᠭᠤᠰᠤ ᠶ᠋ᠢ ᠲᠠᠮᠤᠯᠠᠬᠤ ᠳ᠋ᠤ᠌ ᠪᠦᠷ ᠳᠤᠷ᠎ᠠ ᠦᠭᠡᠢ
ᠳᠤᠷ᠎ᠠ ᠦᠭᠡᠢ ᠪᠦᠬᠦᠨ ᠢ᠋ ᠮᠢᠨᠢ ᠨᠠᠳᠠ ᠳ᠋ᠤ᠌ ᠴᠢ
ᠦᠵᠡᠭᠦᠯᠵᠦ ᠬᠠᠨᠤᠭᠰᠠᠨ ᠡᠬᠡ ᠣᠷᠣᠨ ᠮᠢᠨᠢ
ᠳᠤᠷ᠎ᠠ ᠦᠭᠡᠢ ᠪᠡᠨ ᠬᠦᠷᠲᠡᠯ᠎ᠡ ᠬᠠᠢᠷᠠᠯᠠᠬᠤ ᠭᠡᠵᠦ ᠪᠢ
ᠬᠦᠦ ᠴᠢᠨᠢ ᠪᠣᠯᠤᠭᠰᠠᠨ
ᠴᠠᠢ ᠶ᠋ᠢ ᠨᠢ ᠤᠤᠭᠤᠴᠢᠬᠠᠭᠠᠳ
ᠠᠶᠠᠭ᠎ᠠ ᠶ᠋ᠢ ᠨᠢ ᠬᠥᠮᠥᠷᠢᠳᠡᠭ ᠦᠭᠡᠢ ᠶᠣᠰᠣ ᠪᠠᠨ ᠪᠣᠳᠣᠵᠤ
ᠴᠠᠭ ᠭᠣᠵᠣᠢᠵᠤ ᠪᠠᠢᠭᠰᠠᠨ ᠴᠤ᠌ ᠪᠢ ᠲᠠᠨ ᠳᠡᠭᠡᠷ᠎ᠡ
ᠶᠠᠰᠤ ᠪᠠᠨ ᠲᠠᠯᠪᠢᠨ᠎ᠠ ᠳᠠ᠂ ᠡᠬᠡ ᠣᠷᠣᠨ ᠠ᠋
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠬᠢᠨᠠᠭᠴᠢ᠄ ᠢᠷᠡᠭᠡᠳᠦᠢ᠂ ᠠᠯᠲᠠᠨᠴᠢᠮᠡᠭ᠂ ᠤᠷᠠᠨ᠎ᠠ
