ᠤᠬᠠᠭᠠᠨᠲᠤ ᠲᠠᠤᠯᠠᠢ ᠶᠢᠨ ᠦᠯᠢᠭᠡᠷУхаант туулайн үлгэр
ᠤᠬᠠᠭᠠᠨᠲᠤ ᠲᠠᠤᠯᠠᠢ ᠶ᠋ᠢᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠂ ᠤᠨᠠᠭ᠎ᠠ ᠬᠡᠭᠡᠷ᠎ᠡ ᠤᠨᠲᠠᠵᠤ ᠪᠠᠢᠭᠠᠳ ᠡᠬᠡ ᠡᠴᠡ ᠪᠡᠨ ᠲᠥᠭᠡᠷᠢᠵᠦ ᠬᠣᠴᠣᠷᠴᠤ ᠭᠡᠨ᠎ᠡ᠃ ᠲᠡᠭᠡᠭᠡᠳ ᠭᠠᠭᠴᠠᠭᠠᠷ ᠢ᠋ᠶ᠋ᠠᠨ ᠢᠵᠢᠯᠢ ᠣᠯᠠᠨ ᠰᠦᠷᠦᠭ ᠂ ᠢᠵᠢᠢ ᠪᠡᠨ ᠬᠠᠢᠵᠤ ᠶᠠᠪᠤᠭᠠᠳ ᠨᠢᠭᠡᠨ ᠤᠭᠤᠲᠠ ᠲᠠᠢ ᠵᠦᠢᠯ ᠲᠡᠢ ᠲᠠᠭᠠᠷᠠᠵᠤ ᠭᠡᠨ᠎ᠡ᠃ ᠤᠨᠠᠭ᠎ᠠ ᠤᠭᠤᠲᠠ ᠲᠠᠢ ᠵᠦᠢᠯ ᠢ᠋ ᠶᠡᠬᠡᠳᠡ ᠰᠣᠨᠢᠷᠬᠠᠨ ᠪᠠᠬᠠᠨ ᠠᠵᠢᠭᠯᠠᠯ᠎ᠠ᠂ ᠡᠴᠦᠰ ᠲᠦ᠋ᠨᠢ ᠰᠣᠨᠢᠭᠤᠴᠢ ᠵᠠᠩ ᠳ᠋ᠤ᠌ ᠪᠠᠨ ᠲᠠᠢᠯᠳᠠᠨ ᠣᠩᠭᠣᠢᠯᠭᠠᠵᠤ ᠦᠵᠡᠬᠦ ᠪᠡᠷ ᠰᠢᠢᠳᠴᠡᠢ᠃ ᠲᠡᠭᠡᠭᠡᠳ ᠤᠭᠤᠲᠠᠨ ᠤ᠋ ᠠᠮᠠ ᠶ᠋ᠢ ᠳᠡᠢᠯᠲᠡᠯᠡ ᠳᠣᠲᠣᠷ᠎ᠠ ᠠ᠋ᠴᠠ ᠨᠢ ᠥᠯᠥᠨ ᠬᠥᠬᠡ ᠴᠢᠨᠣ᠎ᠠ ᠠᠷᠠᠭ᠎ᠠ ᠰᠢᠳᠦ ᠪᠡᠨ ᠢᠷᠵᠠᠯᠵᠠᠭᠤᠯᠤᠨ ᠦᠰᠦᠷᠦᠨ ᠭᠠᠷᠴᠤ ᠢᠷᠡᠭᠡᠳ ᠄ 《 ᠬᠣᠳᠣᠭᠣᠳᠣ ᠭᠡᠳᠡᠰᠦ ᠬᠣᠩᠬᠣᠯᠵᠠᠵᠤ ᠪᠠᠢᠨ᠎ᠠ ᠭᠡᠵᠦ ᠵᠢᠭᠲᠡᠢᠬᠡᠨ᠂ ᠬᠤᠷᠮᠤᠰᠲᠠ ᠲᠡᠭᠷᠢ ᠡᠭᠦᠨ ᠢ᠋ ᠮᠡᠳᠡᠭᠡᠳ ᠨᠠᠳᠠ ᠳ᠋ᠤ᠌ ᠠᠮᠲᠠᠲᠤ ᠵᠥᠭᠡᠯᠡᠨ ᠵᠣᠭᠣᠭ ᠶᠠᠪᠤᠭᠤᠯᠵᠠᠢ᠃ ᠬᠠ ᠬᠠ ᠬᠠ ᠁ 》 ᠭᠡᠳ ᠤᠨᠠᠭ᠎ᠠ ᠶ᠋ᠢ ᠢᠳᠡᠬᠦ ᠪᠡᠷ ᠵᠠᠪᠳᠤᠵᠠᠢ ᠃ ᠤᠨᠠᠭ᠎ᠠ ᠮᠠᠰᠢ ᠶᠡᠬᠡ ᠠᠶᠤᠨ ᠰᠠᠨᠳᠤᠷᠴᠤ ᠂ ᠶᠠᠭᠠᠬᠢᠬᠤ ᠪᠠᠨ ᠮᠡᠳᠡᠬᠦ ᠦᠭᠡᠢ ᠪᠦᠯᠲᠡᠯᠵᠡᠨ ᠪᠠᠢᠲᠠᠯ᠎ᠠ ᠂ ᠪᠤᠲᠠᠨ ᠳᠤᠮᠳᠠ ᠠ᠋ᠴᠠ ᠪᠣᠷᠣ ᠲᠠᠤᠯᠠᠢ ᠳᠡᠭᠳᠡᠨ ᠳᠡᠭᠳᠡᠨ ᠭᠠᠷᠴᠤ ᠢᠷᠡᠵᠦ ᠭᠡᠨ᠎ᠡ᠃ 《 ᠵᠠ ᠂ ᠲᠠ ᠬᠣᠶᠠᠷ ᠴᠢᠨᠢ ᠶᠠᠭᠤ ᠪᠣᠯᠤᠭ᠎ᠠ ᠪᠣᠢ ? 》 《ᠪᠢ ᠬᠠᠷᠢᠨ ᠡᠨᠡ ᠴᠢᠨᠣ᠎ᠠ ᠭᠤᠸᠠᠢ ᠶ᠋ᠢ ᠡᠨᠡ ᠤᠭᠤᠲᠠᠨ ᠠ᠋ᠴᠠ ᠭᠠᠷᠭᠠᠵᠤ ᠦᠭᠭᠦᠭᠰᠡᠨ ᠴᠢᠨᠢ ᠨᠠᠮ᠎ᠠ ᠶ᠋ᠢ ᠢᠳᠡᠨ᠎ᠡ ᠭᠡᠳ ᠪᠠᠢᠬᠤ ᠶᠤᠮ᠃ 》 《 ᠴᠢᠨᠣ᠎ᠠ ᠭᠤᠸᠠᠢ ᠂ ᠴᠢᠨᠣ᠎ᠠ ᠭᠤᠸᠠᠢ ᠂ ᠲᠠ ᠡᠨᠡ ᠥᠴᠦᠬᠡᠨ ᠵᠢᠵᠢᠭ ᠤᠭᠤᠲᠠᠨ ᠳ᠋ᠤ᠌ ᠪᠠᠭᠲᠠᠵᠤ ᠪᠠᠢᠭᠰᠠᠨ ᠭᠡᠵᠦ ᠤᠤ ? ᠪᠢ ᠯᠠᠪ ᠢᠲᠡᠭᠡᠬᠦ ᠦᠭᠡᠢ ! ᠬᠡᠷᠪᠡ ᠪᠠᠭᠲᠠᠪᠠᠯ ᠪᠢ ᠤᠨᠠᠭ᠎ᠠ ᠲᠠᠢ ᠬᠠᠮᠲᠤ ᠥᠪᠡᠷ ᠢ᠋ ᠪᠡᠨ ᠪᠠᠰᠠ ᠢᠳᠡᠭᠦᠯᠦᠶ᠎ᠡ 》 ᠲᠡᠭᠡᠬᠦ ᠳ᠋ᠦ᠍ ᠨᠢ ᠴᠢᠨᠣ᠎ᠠ ᠮᠠᠭᠠᠳ ᠤᠭᠤᠲᠠᠨ ᠳ᠋ᠤ᠌ ᠪᠠᠭᠲᠠᠬᠤ ᠨᠢ ᠳᠠᠮᠵᠢᠭ ᠦᠭᠡᠢ ᠲᠤᠯᠠ ᠬᠠᠷᠢᠨ ᠤᠨᠠᠭᠠᠨ ᠳᠡᠭᠡᠷ᠎ᠡ ᠡᠴᠡ ᠲᠠᠤᠯᠠᠢ ᠶ᠋ᠢ ᠨᠡᠮᠡᠭᠡᠳ ᠵᠣᠭᠣᠭᠯᠠᠬᠤ ᠪᠣᠯᠤᠯ᠎ᠠ ᠭᠡᠮᠡᠨ ᠰᠡᠳᠬᠢᠵᠦ ᠵᠥᠪᠰᠢᠶᠡᠷᠡᠭᠡᠳ ᠤᠭᠤᠲᠠ ᠤᠷᠤᠭᠤ ᠣᠷᠣᠬᠤ ᠪᠠᠷ ᠪᠣᠯᠵᠤ ᠭᠡᠨ᠎ᠡ ᠃ ᠲᠡᠭᠡᠭᠡᠳ ᠤᠭᠤᠲᠠ ᠤᠷᠤᠭᠤ ᠤᠭᠤᠬᠢᠯᠠᠨ ᠣᠷᠣᠲᠠᠯ᠎ᠠ ᠲᠠᠤᠯᠠᠢ ᠄ 《ᠲᠡᠷᠡ ᠬᠡᠯᠡᠭᠡ ᠦᠭᠡᠢ ᠤᠤ ? ᠰᠡᠭᠦᠯ ᠨᠢ ᠪᠠᠭᠲᠠᠬᠤ ᠦᠭᠡᠢ ᠪᠠᠢᠨ᠎ᠠ ᠰᠢᠲᠠ 》 ᠭᠡᠬᠦ ᠳ᠋ᠦ᠍ ᠴᠢᠨᠣ᠎ᠠ ᠰᠡᠭᠦᠯ ᠢ᠋ᠶ᠋ᠡᠨ ᠤᠭᠤᠲᠠᠨ ᠳ᠋ᠤ᠌ ᠬᠢᠲᠡᠯ᠎ᠡ ᠤᠨᠠᠭ᠎ᠠ ᠲᠠᠤᠯᠠᠢ ᠬᠣᠶᠠᠷ ᠡᠪᠯᠡᠨ ᠂ ᠤᠭᠤᠲᠠᠨ ᠤ᠋ ᠠᠮᠠ ᠶ᠋ᠢ ᠨᠢ ᠰᠠᠢᠨ ᠪᠣᠭᠣᠭᠠᠳ ᠬᠡᠭᠡᠷ᠎ᠡ ᠣᠷᠬᠢᠵᠠᠢ᠃
ᠢᠩᠭᠢᠵᠦ ᠤᠨᠠᠭ᠎ᠠ ᠂ ᠤᠬᠠᠭᠠᠨᠲᠤ ᠲᠠᠤᠯᠠᠢ ᠶᠢᠨ ᠠᠴᠢ ᠪᠠᠷ ᠴᠢᠨᠣ᠎ᠠ ᠳ᠋ᠤ᠌ ᠢᠳᠡᠭᠦᠯᠬᠦ ᠠᠶᠤᠯ ᠠ᠋ᠴᠠ ᠠᠪᠤᠷᠠᠭᠳᠠᠭᠰᠠᠨ ᠭᠡᠨ᠎ᠡ ᠪᠢᠯᠡ᠃
ᠢᠩᠭᠢᠵᠦ ᠤᠨᠠᠭ᠎ᠠ ᠂ ᠤᠬᠠᠭᠠᠨᠲᠤ ᠲᠠᠤᠯᠠᠢ ᠶᠢᠨ ᠠᠴᠢ ᠪᠠᠷ ᠴᠢᠨᠣ᠎ᠠ ᠳ᠋ᠤ᠌ ᠢᠳᠡᠭᠦᠯᠬᠦ ᠠᠶᠤᠯ ᠠ᠋ᠴᠠ ᠠᠪᠤᠷᠠᠭᠳᠠᠭᠰᠠᠨ ᠭᠡᠨ᠎ᠡ ᠪᠢᠯᠡ᠃
