ᠬᠠᠰ ᠤᠨ ᠬᠠᠢᠷᠴᠠᠭ ᠬᠤᠷᠢᠶᠠᠩᠭᠤᠢ ᠰᠤᠳᠤᠷ ᠣᠷᠣᠰᠢᠪᠠᠢ – ᠡᠮᠦᠨᠡᠬᠢ ᠦᠭᠡ Хасын хаярцаг хураангуй судар оршбай – Өмнөх үг
ᠡᠮᠦᠨᠡᠬᠢ ᠦᠭᠡ
ᠮᠣᠩᠭᠣᠯᠴᠤᠳ ᠠᠯᠢ ᠡᠷᠲᠡ ᠦᠶ᠎ᠡ ᠡᠴᠡ ᠣᠯᠠᠨ ᠵᠦᠢᠯ ᠦ᠋ᠨ ᠵᠢᠷᠤᠬᠠᠢ ᠶ᠋ᠢᠨ ᠶᠣᠰᠣ ᠤᠴᠢᠷ ᠢ ᠬᠡᠷᠡᠭᠯᠡᠵᠦ ᠪᠠᠢᠭᠰᠠᠨ ᠪᠢᠯᠡ᠃ ᠢᠯᠠᠩᠭᠤᠶ᠎ᠠ ᠴᠡᠷᠢᠭ ᠲᠡᠢᠨ ᠬᠢᠬᠦ ᠪᠢ ᠠᠩ ᠭᠥᠷᠥᠭᠡᠯᠡᠬᠦ ᠨᠡᠭᠦᠳᠡᠯᠯᠡᠵᠦ ᠪᠠᠭᠤᠳᠠᠯᠯᠠᠬᠤ ᠠᠵᠢᠯ ᠦᠢᠯᠡᠰ ᠡᠷᠬᠢᠯᠡᠬᠦ ᠬᠦᠷᠲᠡᠯ᠎ᠡ ᠴᠥᠮ ᠵᠦᠭ ᠴᠢᠭᠯᠡᠯ ᠰᠠᠷ᠎ᠠ ᠡᠳᠦᠷ ᠢ ᠢᠯᠭᠠᠵᠤ ᠦᠵᠡᠯᠭᠡ ᠰᠢᠨᠵᠢᠯᠡᠭᠡ ᠬᠢᠵᠦ ᠪᠠᠢᠵᠠᠢ᠃ ᠡᠳᠡᠭᠡᠷ ᠵᠢᠷᠤᠬᠠᠢ ᠨᠢ ᠬᠥᠮᠦᠨ ᠪᠠᠢᠭᠠᠯᠢ ᠣᠷᠴᠢᠨ ᠤ ᠬᠠᠷᠢᠯᠴᠠᠭ᠎ᠠ ᠬᠣᠯᠪᠣᠭ᠎ᠠ᠂ ᠲᠡᠳᠡᠨ ᠤ ᠬᠣᠭᠣᠷᠣᠨᠳᠣᠬᠢ ᠨᠥᠯᠥᠭᠡᠯᠡᠬᠦ ᠬᠦᠴᠦᠨ ᠪᠠ ᠦᠷ᠎ᠡ ᠳ᠋ᠦᠩ ᠢ ᠰᠢᠰᠲ᠋ᠧᠮᠴᠢᠯᠡᠨ ᠳ᠋ᠦᠩᠨᠡᠭᠰᠡᠨ ᠵᠣᠬᠢᠬᠤ ᠪᠣᠳᠠᠰᠴᠢ ᠭᠦᠨ ᠤᠬᠠᠭᠠᠨ ᠤ ᠦᠨᠳᠦᠰᠦᠯᠡᠯ ᠲᠡᠢ ᠶᠦᠮ᠃ ᠮᠥᠨ ᠴᠦ᠍ ᠮᠣᠩᠭᠣᠯᠴᠤᠳ ᠤ᠋ᠨ ᠡᠷᠲᠡᠨ ᠦ᠌ ᠰᠣᠶᠣᠯ ᠤ᠋ᠨ ᠥᠪ ᠬᠥᠷᠥᠩᠭᠡ ᠶ᠋ᠢᠨ ᠨᠢᠭᠡ ᠬᠡᠰᠡᠭ ᠨᠢ ᠪᠣᠯᠬᠤ ᠰᠠᠨ᠃ ᠭᠡᠪᠡᠴᠦ ᠲᠡᠦᠬᠡᠲᠦ ᠨᠥᠬᠥᠴᠡᠯ ᠡᠴᠡ ᠪᠣᠯᠵᠤ᠂ ᠲᠡᠭᠦᠨ ᠤ ᠳᠣᠲᠣᠷ᠎ᠠ᠂ ᠰᠡᠳᠬᠢᠯᠴᠢ ᠦᠵᠡᠯ ᠦ᠋ᠨ ᠤᠬᠠᠭᠳᠠᠬᠤᠨ ᠴᠤ᠌ ᠵᠥᠩᠳᠡᠭᠡᠨ ᠬᠠᠷᠠᠭᠳᠠᠵᠤ ᠪᠣᠢ ᠪᠣᠯᠪᠠᠴᠤ ᠲᠡᠷᠡ ᠪᠦᠬᠦᠨ ᠢ᠋ᠶ᠋ᠡᠷ ᠨᠢ ᠦᠭᠡᠢᠰᠬᠡᠵᠦ ᠶᠠᠭᠠᠬᠢᠭᠰᠠᠨ ᠴᠤ᠌ ᠪᠣᠯᠬᠤ ᠦᠭᠡᠢ ᠶᠦᠮ᠃ ᠲᠤᠰ《 ᠬᠤᠷᠢᠶᠠᠩᠭᠤᠢ ᠰᠤᠳᠤᠷ 》 ᠲᠤ᠌ ᠡᠷᠲᠡᠨ ᠤ ᠠᠯᠢ ᠣᠯᠠᠨ ᠮᠣᠩᠭᠣᠯ ᠵᠢᠷᠤᠬᠠᠢ ᠳᠣᠲᠣᠷᠠᠬᠢ ᠰᠢᠮ᠎ᠡ ᠶ᠋ᠢ ᠨᠢ ᠠᠪᠴᠤ ᠰᠢᠭᠠᠷᠤ ᠶ᠋ᠢ ᠨᠢ ᠬᠠᠶᠠᠵᠤ ᠰᠤᠳᠤᠯᠤᠨ ᠠᠰᠢᠭᠯᠠᠬᠤ ᠡᠭᠦᠳᠡᠨ ᠡᠴᠡ ᠨᠡᠯᠢᠶᠡᠳ ᠵᠦᠢᠯ ᠢ ᠬᠤᠷᠢᠶᠠᠩᠭᠤᠢᠯᠠᠨ ᠡᠮᠬᠢᠳᠬᠡᠵᠦ ᠣᠷᠣᠭᠤᠯᠤᠭᠰᠠᠨ ᠪᠠᠢᠨ᠎ᠠ᠃ ᠦᠵᠡᠭᠴᠢᠳ ᠣᠯᠠᠨ ᠰᠢᠭᠦᠮᠵᠢᠯᠡᠨ ᠤᠬᠠᠬᠤ ᠶ᠋ᠢ ᠬᠦᠰᠡᠶ᠎ᠡ᠃
ᠣᠳᠣᠬᠠᠨ᠎ᠠ ᠵᠠᠶᠠᠭ᠎ᠠ ᠪᠣᠳᠣᠭᠴᠢ ᠣᠯᠠᠨ ᠡᠷᠳᠡᠮᠲᠡᠳ ᠦ᠋ᠨ ᠳᠣᠲᠣᠷ᠎ᠠ ᠦᠨᠡᠬᠡᠷ ᠶᠢᠷᠲᠢᠨᠴᠦ ᠶ᠋ᠢᠨ ᠤᠯᠠᠷᠢᠬᠤ ᠬᠤᠪᠢᠷᠠᠬᠤ ᠨᠠᠷᠢᠨ ᠨᠢᠭᠤᠴᠠ ᠶ᠋ᠢ ᠤᠬᠠᠵᠤ᠂ ᠥᠩᠭᠡᠷᠡᠭᠰᠡᠨ ᠪᠠ ᠢᠷᠡᠭᠡᠳᠦᠢ ᠶ᠋ᠢ ᠲᠥᠰᠦᠭᠡᠯᠡᠨ ᠮᠡᠳᠡᠭᠴᠢ ᠬᠡᠳᠦ ᠪᠣᠢ ? ᠬᠠᠷᠢᠨ ᠡᠷᠲᠡᠨ ᠤ ᠬᠥᠮᠦᠰ ᠦ᠋ᠨ ᠦᠯᠡᠳᠡᠭᠡᠰᠡ ᠨᠢᠭᠡ ᠬᠣᠶᠠᠷ ᠪᠢᠴᠢᠭ ᠢ ᠪᠠᠷᠢᠭᠠᠳ ᠳᠤᠷ᠎ᠠ ᠪᠠᠷ ᠶᠠᠷᠢᠵᠤ ᠲᠠᠪᠠ ᠪᠠᠷ ᠮᠡᠷᠭᠡᠯᠡᠬᠦ ᠳ᠋ᠦ᠍ ᠬᠦᠷᠪᠡᠯ ᠢᠨᠢᠶᠡᠳᠦᠮᠲᠡᠢ᠂ ᠮᠥᠨ ᠴᠦ᠍ ᠦᠬᠦᠮᠡᠯ ᠵᠠᠷ ᠢᠲᠡᠭᠡᠭᠡᠳ ᠬᠤᠪᠢ ᠵᠠᠶᠠᠭ᠎ᠠ ᠪᠠᠨ ᠪᠤᠰᠤᠳ ᠲᠤᠷ ᠡᠵᠡᠮᠳᠡᠭᠦᠯᠦᠭᠴᠢ ᠪᠠᠰᠠ ᠬᠥᠭᠡᠷᠦᠬᠦᠢᠯᠡᠯᠲᠡᠢ᠃ ᠲᠡᠭᠦᠨ ᠤ ᠣᠷᠣᠨ ᠳ᠋ᠤ᠌《 ᠬᠤᠷᠢᠶᠠᠩᠭᠤᠢ ᠰᠤᠳᠤᠷ 》 ᠲᠤᠷ ᠵᠢᠰᠦ ᠪᠡᠨ ᠲᠣᠯᠢᠳᠠᠨ᠂ ᠥᠪᠡᠷ ᠦ᠋ᠨ ᠵᠠᠶᠠᠭ᠎ᠠ ᠪᠠᠨ ᠥᠪᠡᠷ ᠢ᠋ᠶ᠋ᠡᠨ ᠪᠣᠳᠣᠵᠤ᠂ ᠰᠠᠨᠠᠭᠠᠨ ᠢ ᠵᠠᠰᠠᠵᠤ ᠮᠠᠭᠤ ᠶ᠋ᠢ ᠬᠠᠶᠠᠨ ᠰᠠᠢᠨ ᠢ ᠦᠢᠯᠡᠳᠴᠦ᠂ ᠬᠠᠷᠠᠩᠭᠤᠢ ᠶᠢ ᠲᠡᠪᠴᠢᠨ ᠭᠡᠭᠡᠬᠡᠨ ᠢ ᠰᠢᠲᠦᠬᠦ ᠢᠨᠤ ᠶᠢᠷᠲᠢᠨᠴᠦ ᠳ᠋ᠦ᠍ᠷ ᠲᠥᠷᠥᠭᠰᠡᠨ ᠬᠥᠮᠦᠨ ᠤ ᠨᠢᠭᠡᠨ ᠤᠬᠠᠭᠠᠷᠠᠯ ᠪᠣᠯᠤᠶᠤ᠃
ᠡᠯᠪᠡᠭ ᠪᠤᠶᠠᠨᠲᠤ ᠬᠡᠰᠢᠭ ᠲᠣᠭᠲᠠᠭᠴᠢ
ᠬᠠᠷᠠᠭᠴᠢᠨ ᠲᠠᠬᠢᠶ᠎ᠠ ᠵᠢᠯ ᠦ᠋ᠨ ᠰᠢᠷᠬᠠᠴᠢᠨ ᠬᠣᠨᠢᠨ ᠰᠠᠷᠠᠢᠨ ᠴᠠᠭᠠᠭᠴᠢᠨ ᠭᠠᠬᠠᠢ ᠥᠯᠵᠡᠢᠴᠢ ᠡᠳᠦᠷ᠃
