ᠫᠣᠷᠣᠷᠣ᠋ ᠨᠢᠭᠡᠳᠦᠭᠡᠷ ᠪᠦᠯᠦᠭ03 ᠠᠩᠭᠢ ПоророPororo
ᠫᠣᠷᠣᠷᠣ᠋ ᠨᠢᠭᠡᠳᠦᠭᠡᠷ ᠪᠦᠯᠦᠭ03 ᠠᠩᠭᠢ
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠳᠠᠭ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠬᠠ ᠬᠠ᠁ ᠬᠠ ᠬᠠ᠁
ᠠᠲᠠᠭᠠᠷᠬᠠᠬᠤ ᠮᠠᠭᠤᠬᠠᠢ
ᠴᠠᠰᠤ ᠮᠥᠰᠥᠨ ᠦ᠌ ᠣᠷᠣᠨ
ᠣᠢ ᠮᠣᠳᠣ ᠲᠠᠢ ᠨᠢᠭᠡᠨ ᠵᠢᠵᠢᠭᠬᠡᠨ ᠲᠣᠰᠬᠣᠨ ᠳ᠋ᠤ᠌ ᠠᠢᠳᠢ ᠬᠡᠮᠡᠬᠦ ᠪᠢᠴᠢᠬᠠᠨᠦᠨᠡᠭᠡᠨ ᠦ᠌ ᠵᠤᠯᠵᠠᠭ᠎ᠠ ᠠᠮᠢᠳᠤᠷᠠᠳᠠᠭ ᠪᠠᠢᠵᠠᠢ᠃
ᠠᠢᠳᠢ ᠄ ᠬᠥᠶᠢ᠂ ᠰᠠᠢᠨ ᠤᠤ? ᠨᠠᠮ᠎ᠠ ᠶ᠋ᠢ ᠠᠢᠳᠢ ᠭᠡᠳᠡᠭ᠃
— ᠠᠢᠳᠢ ᠥᠨᠥᠳᠥᠷ ᠨᠠᠢᠵᠠ ᠨᠤᠭᠤᠳ ᠲᠠᠢ ᠪᠠᠨ ᠭᠣᠣᠯ ᠤ᠋ᠨ ᠮᠥᠰᠥ ᠤᠬᠤᠵᠤ ᠵᠢᠭᠠᠰᠤ ᠵᠠᠯᠠᠬᠤ ᠪᠠᠷ ᠪᠣᠯᠵᠠᠢ᠃
ᠠᠢᠳᠢ᠄ ᠰᠠᠢᠨ ᠤᠤ? ᠨᠠᠢᠵᠠ ᠨᠤᠭᠤᠳ ᠠ᠋
ᠣᠯᠠᠨ᠄ ᠰᠠᠢᠨ᠂ ᠰᠠᠢᠨ ᠤᠤ?
ᠺᠣᠷᠣᠮ᠄ ᠺᠣᠷᠠ
ᠠᠢᠳᠢ ᠄ ᠪᠦᠬᠦ ᠵᠢᠭᠠᠰᠤ ᠨᠤᠭᠤᠳ ᠢ᠋ ᠨᠢ ᠪᠠᠷᠢᠭᠠᠳ ᠥᠭᠭᠦᠨ᠎ᠡ᠃ ᠵᠠ᠂ ᠡᠬᠢᠯᠡᠯ᠎ᠡ ᠰᠢᠦ!
ᠺᠣᠷᠣᠮ᠄ ᠺᠣᠷᠠ
ᠫᠣᠷᠣᠷᠣ᠋᠄ ᠪᠠᠷᠢᠴᠢᠬᠠᠯ᠎ᠠ
ᠠᠢᠳᠢ᠄ ᠶᠣᠰᠣᠲᠠᠢ ᠨᠢᠭᠡ ᠁
ᠪᠦᠪᠢ᠄ ᠠ᠋᠁ᠡᠢ ᠁ ᠠᠢᠳᠢ ᠁ ᠬᠡ ᠬᠠ ᠬᠠ᠁ ᠬᠡ ᠬᠡ᠁
ᠷᠦᠪᠢ᠄ ᠬᠢ ᠬᠢ᠁
ᠠᠢᠳᠢ᠄ ᠪᠦᠪᠢ ᠠ᠋
ᠪᠦᠪᠢ᠄ ᠠ?
ᠠᠢᠳᠢ᠄ ᠬᠣᠶᠠᠭᠤᠯᠠ ᠪᠠᠨ ᠪᠠᠢᠷᠢ ᠪᠠᠨ ᠰᠣᠯᠢᠬᠤ ᠤᠤ?
ᠪᠦᠪᠢ᠄ ᠦ᠂ ᠲᠡᠭᠡᠶ᠎ᠡ
ᠠᠢᠳᠢ᠄ ᠶᠠᠭᠠᠬᠢᠬᠤ? ᠠ᠂
ᠪᠦᠪᠢ ᠄ ᠬᠠᠢ ᠬᠠᠢ ᠁
ᠫᠣᠷᠣᠷᠣ᠋᠄ᠢᠩᠭᠢᠭᠡᠳ ᠪᠣᠯᠤᠭ᠎ᠠ ᠤᠤ?
ᠠᠢᠳᠢ᠄ ᠠ
ᠪᠦᠪᠢ᠄ ᠠᠢᠳᠢ ᠠ᠋
ᠠᠢᠳᠢ᠄ ᠶᠠᠭᠠᠬᠢᠭᠰᠠᠨ?
ᠪᠦᠪᠢ᠄ ᠬᠦᠷᠦᠭᠡᠳ ᠢᠷ᠎ᠡ᠂ ᠬᠠᠮᠲᠤ ᠪᠠᠷᠢᠶ᠎ᠠ
ᠠᠢᠳᠢ᠄ ᠪᠢ ᠵᠢᠭᠠᠰᠤ ᠪᠠᠷᠢᠬᠤ ᠦᠭᠡᠢ
ᠫᠣᠷᠣᠷᠣ᠋ ᠄ ᠳᠠᠬᠢᠭᠠᠳ ᠪᠠᠷᠢᠴᠢᠬᠠᠯ᠎ᠠ
ᠣᠯᠠᠨ ᠢ᠋ᠶ᠋ᠠᠷ᠄ ᠬᠥᠶᠢ᠂ ᠶᠠᠮᠠᠷ ᠭᠣᠶᠣ ᠶᠤᠮ ᠪᠣᠢ
ᠠᠢᠳᠢ ᠄ ᠵᠢᠭᠠᠰᠤ ᠪᠠᠷᠢᠬᠤ ᠠ᠋ᠴᠠ ᠢᠯᠡᠭᠦᠦ ᠰᠣᠨᠢᠷᠬᠠᠯᠲᠠᠢ
ᠫᠣᠷᠣᠷᠣ᠋ ᠄ ᠠᠢᠳᠢ ᠂ ᠪᠢ ᠨᠢᠭᠡ ᠰᠠᠭᠤᠵᠤ ᠦᠵᠡᠶ᠎ᠡ
ᠠᠢᠳᠢ ᠄ ᠪᠣᠯᠬᠤ ᠦᠭᠡᠢ
ᠷᠦᠪᠢ᠄ ᠨᠠᠮ᠎ᠠ ᠶ᠋ᠢ ᠭᠠᠭᠴᠠ ᠰᠠᠭᠤᠯᠭᠠᠴᠢᠬᠠ ᠯᠠ ᠳᠠ
ᠠᠢᠳᠢ ᠄ ᠬᠡᠩ᠂ ᠪᠣᠯᠬᠤ ᠦᠭᠡᠢ
ᠠᠢᠳᠢ ᠨᠠᠢᠵᠠ ᠨᠤᠭᠤᠳ ᠢ᠋ᠶ᠋ᠠᠨ ᠴᠤ᠌ ᠰᠠᠭᠤᠯᠭᠠᠬᠤ ᠦᠭᠡᠢ ᠭᠠᠭᠴᠠᠭᠠᠷ ᠢ᠋ᠶ᠋ᠠᠨ ᠴᠢᠷᠭ᠎ᠠ ᠪᠠᠷ ᠭᠤᠯᠭᠤᠵᠤ ᠡᠬᠢᠯᠡᠪᠡ᠃
ᠬᠣᠭᠣᠰᠣᠨ ᠪᠠᠢᠭᠰᠠᠨ ᠠᠢᠳᠢ ᠶ᠋ᠢᠨ ᠵᠢᠭᠠᠰᠤᠨ ᠤ᠋ ᠰᠠᠪᠠ ᠵᠢᠭᠠᠰᠤ ᠨᠤᠭᠤᠳ ᠢ᠋ᠶ᠋ᠠᠷ ᠳᠦᠭᠦᠷᠦᠭᠰᠡᠨ ᠪᠠᠢᠪᠠ᠃ ᠨᠠᠢᠵᠠ ᠨᠤᠭᠤᠳ ᠢ᠋ᠶ᠋ᠠᠨ ᠰᠠᠢᠬᠠᠨ ᠰᠡᠳᠬᠢᠯ ᠢ᠋ ᠣᠢᠯᠠᠭᠠᠭᠰᠠᠨ ᠠᠢᠳᠢ ᠣᠳᠣ ᠯᠠ ᠬᠠᠷᠠᠮᠰᠠᠵᠤ ᠡᠬᠢᠯᠡᠪᠡ᠃
ᠠᠢᠳᠢ ᠄ ᠨᠠᠢᠵᠠ ᠨᠤᠭᠤᠳ ᠠ᠋
ᠣᠯᠠᠨ ᠢ᠋ᠶ᠋ᠠᠷ᠄ ᠰᠠᠢᠨ ᠤᠤ? ᠠᠢᠳᠢ
ᠠᠢᠳᠢ ᠄ ᠰᠢᠨ᠎ᠡ ᠪᠡᠷ ᠬᠢᠭᠰᠡᠨ ᠴᠢᠷᠭ᠎ᠠ
ᠫᠣᠷᠣᠷᠣ᠋ ᠄ ᠬᠤᠷᠳᠤᠨ ᠶᠠᠪᠤ ᠂ ᠬᠤᠷᠳᠤᠨ ᠶᠠᠪᠤ ᠠ᠋᠂ ᠶᠠᠪᠤᠵᠤ ᠪᠠᠢᠨ᠎ᠠ
ᠣᠯᠠᠨ ᠢ᠋ᠶ᠋ᠠᠷ᠄ ᠪᠦᠪᠢ᠂᠂ ᠵᠦᠭᠡᠷ ᠤᠤ?
— ᠠᠲᠠᠭᠠᠷᠬᠠᠬᠤ ᠦᠨᠡᠬᠡᠷ ᠮᠠᠭᠤᠬᠠᠢ᠂ ᠫᠣᠷᠣᠷᠣ᠋ ᠪᠣᠯᠤᠨ ᠲᠡᠭᠦᠨ ᠦ᠌ ᠨᠠᠢᠵᠠ ᠨᠤᠭᠤᠳ ᠶᠠᠭᠤ ᠴᠤ᠌ ᠪᠠᠢᠭᠰᠠᠨ ᠦᠷᠭᠦᠯᠵᠢ ᠬᠠᠮᠲᠤ ᠳ᠋ᠤ᠌ ᠪᠠᠨ ᠬᠢᠵᠡᠭᠡᠳᠡᠭ ᠰᠠᠢᠬᠠᠨ ᠬᠠᠷᠢᠯᠴᠠᠭ᠎ᠠ ᠲᠠᠢ ᠬᠡᠦᠬᠡᠳ ᠦ᠋ᠳ
ᠲᠡᠭᠦᠰᠬᠡᠯ ᠦ᠋ᠨ ᠳᠠᠭᠤᠤ
ᠯᠠ ᠯᠠ᠁ ᠯᠠ᠁ ᠺᠣᠷᠠ
ᠯᠠ ᠯᠠ᠁ ᠯᠠ᠁ ᠺᠣᠷᠠ
ᠯᠠ ᠯᠠ᠁ ᠯᠠ ᠯᠠ᠁ ᠯᠠ ᠺᠣᠷᠠ
ᠮᠥᠰᠥᠨ ᠦ᠌ ᠴᠠᠭᠠᠨ ᠪᠠᠭᠠᠪᠠᠭᠠᠢ ᠪᠦᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠠᠢᠳᠢ
ᠰᠠᠢᠬᠠᠨ ᠰᠡᠳᠬᠢᠯᠲᠦ ᠮᠢᠨᠵᠢ ᠥᠬᠢᠨ ᠷᠥᠪᠢ
ᠳ᠋ᠢᠨᠰᠠᠪᠤᠤᠷ ᠤ᠋ᠨ ᠵᠤᠯᠵᠠᠭ᠎ᠠ ᠺᠣᠷᠣᠮ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠦ᠍ ᠪᠡᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠣᠢᠯᠠᠭᠠᠵᠤ
ᠪᠢᠳᠡ ᠰᠠᠢᠨ ᠨᠠᠢᠵᠠ ᠨᠤᠭᠤᠳ ᠪᠢᠯᠡ
ᠶᠠ ᠶᠠ ᠁ ᠶᠠ ᠺᠣᠷᠠ ᠺᠣᠷᠠ
ᠦᠰᠦᠭ ᠠᠮᠢᠯᠠᠭᠤᠯᠤᠭᠰᠠᠨ ᠨᠢ ᠄ ᠳᠡᠭᠵᠢᠨ
ᠦᠰᠦᠭ ᠬᠠᠲᠠᠭᠰᠠᠨ ᠨᠢ ᠄ ᠳᠡᠭᠵᠢᠨ
ᠬᠢᠨᠠᠭᠰᠠᠨ ᠨᠢ ᠄ᠾᠤᠩ ᠸᠧᠢ᠂ ᠱᠤᠳᠤᠷᠭᠤ ᠂ ᠮᠥᠴᠢᠷ
