ᠨᠣᠭᠣᠭᠠᠨ ᠬᠠᠭᠠᠯᠭ᠎ᠠНогоон хаалга_Green Door ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠭᠣᠭᠠᠨ ᠬᠠᠭᠠᠯᠭ᠎ᠠНогоон хаалга_Green Door

ᠨᠣᠭᠣᠭᠠᠨ ᠬᠠᠭᠠᠯᠭ᠎ᠠНогоон хаалга_Green Door

2023-05-07

427

ᠨᠣᠭᠣᠭᠠᠨ ᠬᠠᠭᠠᠯᠭ᠎ᠠ

    ᠵᠠᠭᠤᠨ ᠵᠢᠯ ᠣᠷᠴᠢᠮ ᠤ᠋ᠨ ᠡᠮᠦᠨ᠎ᠡ ᠯᠢᠲ᠋ᠢᠰᠢᠶᠠ ᠭᠡᠬᠦ ᠨᠢᠭᠡᠨ ᠥᠬᠢᠨ ᠧᠦ᠋ᠷᠣᠫᠠ ᠶ᠋ᠢᠨ ᠨᠢᠭᠡᠨ ᠪᠢᠴᠢᠬᠠᠨ ᠲᠣᠰᠬᠣᠨ ᠳ᠋ᠤ᠌ ᠠᠮᠢᠳᠤᠷᠠᠳᠠᠭ ᠪᠠᠢᠵᠠᠢ᠃
《ᠯᠢᠲ᠋ᠢᠰᠢᠶᠠ᠂ ᠡᠨᠡ ᠱᠥᠯᠥ ᠶ᠋ᠢ ᠤᠤᠭᠤ᠃》
《ᠪᠠᠢᠽᠠᠢ ᠲᠠᠢ ᠱᠥᠯᠥ ᠤᠤ? ᠪᠢ ᠤᠤᠭᠤᠬᠤ ᠦᠭᠡᠢ᠃ ᠪᠢ ᠠᠯᠢᠮᠠᠨ ᠤ᠋ ᠨᠤᠬᠤᠰᠢ᠂ ᠡᠰᠡᠪᠡᠯ ᠵᠢᠮᠢᠰ ᠲᠡᠢ ᠠᠮᠲᠠᠲᠠᠨ ᠢᠳᠡᠮᠡᠷ ᠪᠠᠢᠨ᠎ᠠ᠃》
ᠯᠢᠲ᠋ᠢᠰᠢᠶᠠ ᠳ᠋ᠤ᠌ ᠶᠠᠭᠤ ᠴᠤ᠌ ᠲᠠᠭᠠᠯᠠᠭᠳᠠᠳᠠᠭ ᠦᠭᠡᠢ᠂ ᠪᠦᠬᠦ ᠵᠦᠢᠯ ᠯᠡ ᠮᠠᠭᠤᠬᠠᠢ ᠰᠠᠨᠠᠭᠳᠠᠳᠠᠭ ᠲᠡᠢᠮᠦ ᠬᠡᠦᠬᠡᠳ ᠪᠠᠢᠪᠠ᠃
《ᠠᠪᠤ ᠨᠢ ᠴᠢᠮ᠎ᠠ ᠳ᠋ᠤ᠌ ᠶᠠᠭᠤ ᠠᠪᠤᠭᠰᠠᠨ ᠢ᠋ ᠬᠠᠷᠠ ᠳᠠ᠂ ᠰᠢᠨ᠎ᠡ ᠳᠠᠰᠢᠨᠵᠠ!》
《ᠶᠠᠭᠠᠬᠢᠭᠰᠠᠨ ᠮᠠᠭᠤᠬᠠᠢ ᠥᠩᠭᠡ ᠲᠡᠢ ᠶᠦᠮ ᠪᠣᠢ? ᠪᠠᠰᠠ ᠶᠠᠮᠠᠷ ᠴᠤ᠌ ᠴᠠᠴᠤᠭ ᠲᠤᠤᠵᠠ ᠪᠦᠴᠡ ᠦᠭᠡᠢ ᠶᠦᠮ ᠠ᠋᠂ ᠲᠠ ᠯᠣᠣᠷᠠ ᠶ᠋ᠢᠨ ᠤᠷᠢᠳᠤ ᠡᠳᠦᠷ ᠠᠪᠤᠭᠰᠠᠨ ᠰᠠᠢᠬᠠᠨ ᠠᠯᠲᠠᠨ ᠳᠠᠰᠢᠨᠵᠠ ᠶ᠋ᠢ ᠬᠠᠷᠠᠭᠰᠠᠨ ᠤᠤ? ᠨᠠᠳᠠ ᠳ᠋ᠤ᠌ ᠳᠣᠬᠢ ᠠᠶᠠᠲᠠᠢᠬᠠᠨ ᠶᠠᠭᠤᠮ᠎ᠠ ᠠᠪᠴᠤ ᠥᠭᠬᠦ ᠦᠭᠡᠢ ᠶᠦᠮ ᠠ᠋᠃》
《ᠯᠢᠲ᠋ᠢᠰᠢᠶᠠ᠂ ᠡᠨᠡ ᠪᠣᠯ ᠴᠢᠨᠦ ᠰᠢᠨ᠎ᠡ ᠬᠠᠷᠠᠨᠳᠠ ᠨᠤᠭᠤᠳ᠂ ᠪᠠᠰᠠ ᠦᠵᠦᠭ ᠪᠡᠬᠡ ᠪᠠᠢᠭ᠎ᠠ ᠰᠢᠦ!》
《ᠭᠡᠬᠦ ᠳ᠋ᠡᠭᠡᠨ ᠬᠠᠢᠷᠴᠠᠭ ᠨᠢ ᠶᠡᠬᠡ ᠬᠠᠭᠤᠴᠢᠨ ᠬᠠᠷᠠᠭᠳᠠᠵᠤ ᠪᠠᠢᠨ᠎ᠠ᠂ ᠪᠠᠰᠠ ᠴᠠᠮᠢᠨ ᠪᠢᠰᠢ ᠶᠦᠮ᠂ ᠪᠡᠬᠡᠨ ᠦ᠌ ᠰᠠᠪᠠ ᠨᠢ ᠴᠦ᠍ ᠵᠢᠵᠢᠭᠬᠡᠨ ᠶᠤᠮ ᠠ᠋᠃ ᠬᠠᠷᠢᠨ ᠮᠠᠺᠡᠰ ᠦ᠋ᠨ ᠦᠵᠦᠭ ᠨᠦ᠍ᠭᠦᠳ ᠨᠢ ᠡᠭᠦᠨ ᠡᠴᠡ ᠬᠠᠪᠢ ᠦᠭᠡᠢ ᠢᠯᠡᠭᠦᠦ ᠭᠣᠶᠣ!》
ᠯᠢᠲ᠋ᠢᠰᠢᠶᠠ ᠵᠥᠪᠬᠡᠨ ᠥᠪᠡᠷ ᠦ᠋ᠨ ᠡᠳ᠋ ᠵᠦᠢᠯᠡᠰ ᠲᠦ᠍ ᠪᠠᠨ ᠯᠠ ᠰᠡᠳᠬᠢᠯ ᠬᠠᠩᠭᠠᠯᠤᠭᠤᠨ ᠪᠢᠰᠢ ᠪᠠᠢᠯ᠎ᠠ᠃ ᠲᠡᠷᠡ ᠮᠥᠨ ᠬᠢᠬᠦ ᠶᠣᠰᠣᠲᠠᠢ ᠵᠦᠢᠯᠡᠰ ᠢ᠋ᠶ᠋ᠡᠨ ᠴᠦ᠍ ᠬᠢᠳᠡᠭ ᠦᠭᠡᠢ ᠪᠠᠢᠪᠠ᠃
《ᠯᠢᠲ᠋ᠢᠰᠢᠶᠠ᠂ ᠮᠢᠨᠦ ᠥᠬᠢᠨ ᠲᠡᠦᠬᠡ ᠶ᠋ᠢᠨ ᠬᠢᠴᠢᠶᠡᠯ ᠢ᠋ᠶ᠋ᠡᠨ ᠬᠢᠭᠰᠡᠨ ᠪᠢᠵᠡ ᠳᠡ?》
《ᠪᠢ ᠲᠡᠦᠬᠡ ᠶ᠋ᠢᠨ ᠬᠢᠴᠢᠶᠡᠯ ᠳ᠋ᠦ᠍ ᠳᠤᠷ᠎ᠠ ᠦᠭᠡᠢ!》
《ᠯᠢᠲ᠋ᠢᠰᠢᠶᠠ᠂ ᠠᠯᠢᠪ ᠨᠠᠭᠠᠰᠢ ᠢᠷ᠎ᠡ᠃  ᠪᠢ ᠴᠢᠮ᠎ᠠ ᠳ᠋ᠤ᠌ ᠴᠢᠪᠠᠭᠠᠨ ᠤ᠋ ᠪᠢᠯᠠᠤ ᠬᠡᠷᠬᠢᠨ ᠬᠢᠬᠦ ᠶ᠋ᠢ ᠵᠢᠭᠠᠵᠤ ᠥᠭᠭᠦᠶ᠎ᠡ!》
《ᠡᠵᠢ ᠠ᠋᠂ ᠪᠢ ᠬᠣᠭᠣᠯᠠ ᠬᠢᠬᠦ ᠳᠤᠷ᠎ᠠ ᠦᠭᠡᠢ ᠭᠡᠵᠦ ᠲᠠᠨ ᠳ᠋ᠤ᠌ ᠬᠡᠯᠡᠭᠰᠡᠨ ᠰᠢᠲᠠ᠃ ᠭᠠᠯ ᠲᠣᠭᠣᠭᠠᠨ ᠤ᠋ ᠥᠷᠥᠭᠡᠨ ᠳ᠋ᠦ᠍ ᠬᠠᠯᠠᠭᠤᠨ ᠲᠣᠭᠣᠭᠠᠨ ᠤ᠋ ᠡᠮᠦᠨ᠎ᠡ ᠬᠠᠯᠠᠭᠤᠴᠠᠭᠠᠳ ᠵᠣᠭᠰᠣᠬᠤ ᠳ᠋ᠤ᠌ ᠪᠢ ᠦᠨᠡᠬᠡᠷ ᠳᠤᠷ᠎ᠠ ᠦᠭᠡᠢ᠂ ᠪᠠᠰᠠ ᠴᠢᠪᠠᠭᠠᠨ ᠤ᠋ ᠪᠢᠯᠠᠤ ᠭᠡᠨ᠎ᠡ᠂ ᠮᠠᠭᠤᠬᠠᠢ ᠶᠤᠮ ᠠ᠋᠂ ᠶᠠᠳᠠᠵᠤ ᠲᠠᠷᠢᠮᠢᠰᠤ ᠪᠠᠢᠪᠠᠯ ᠶᠠᠭᠠᠬᠢᠬᠤᠪ ᠭᠡᠰᠡᠨ᠃》
ᠭᠡᠬᠦ ᠳ᠋ᠦ᠍ ᠪᠡᠨ ᠯᠢᠲ᠋ᠢᠰᠢᠶᠠ ᠨᠢᠭᠡ ᠵᠦᠢᠯ ᠬᠢᠬᠦ ᠳᠤᠷ᠎ᠠ ᠲᠠᠢ ᠪᠠᠢᠯ᠎ᠠ᠃ ᠲᠡᠷᠡ ᠨᠢ ᠨᠣᠭᠣᠭᠠᠨ ᠬᠠᠭᠠᠯᠭᠠᠨ ᠤ᠋ ᠡᠮᠦᠨ᠎ᠡ ᠵᠣᠭᠰᠣᠬᠤ᠂ ᠲᠠ ᠪᠦᠬᠦᠨ ᠴᠡᠴᠡᠷᠯᠢᠭ ᠦ᠋ᠨ ᠬᠣᠢᠲᠤ ᠠᠮᠠᠨ ᠳ᠋ᠤ᠌ ᠪᠢᠴᠢᠬᠠᠨ ᠨᠣᠭᠣᠭᠠᠨ ᠬᠠᠭᠠᠯᠭ᠎ᠠ ᠪᠠᠢᠭ᠎ᠠ ᠶ᠋ᠢ ᠬᠠᠷᠠᠵᠤ ᠪᠠᠢᠭ᠎ᠠ ᠪᠠᠢᠬ᠎ᠠ᠂ ᠡᠨᠡ ᠪᠣᠯ ᠲᠣᠮᠣᠴᠤᠳ ᠵᠥᠪᠬᠡᠨ ᠮᠥᠯᠬᠥᠵᠦ ᠣᠷᠣᠬᠤ ᠲᠡᠢᠮᠦ ᠵᠢᠵᠢᠭᠬᠡᠨ ᠬᠠᠭᠠᠯᠭ᠎ᠠ ᠪᠠᠢᠯ᠎ᠠ᠃ ᠭᠡᠬᠦ ᠳ᠋ᠦ᠍ ᠪᠡᠨ ᠦᠷᠭᠦᠯᠵᠢ ᠯᠡ ᠲᠦᠭᠵᠢᠭᠡ ᠲᠡᠢ ᠪᠠᠢᠳᠠᠭ ᠪᠠᠢᠪᠠ᠃ ᠲᠡᠭᠡᠭᠡᠳ ᠯᠢᠲ᠋ᠢᠰᠢᠶᠠ ᠬᠠᠭᠠᠯᠭᠠᠨ ᠤ᠋ ᠴᠠᠭᠠᠨ᠎ᠠ ᠶᠠᠭᠤ ᠪᠠᠢᠭ᠎ᠠ ᠶ᠋ᠢ ᠮᠡᠳᠡᠬᠦ ᠶ᠋ᠢ ᠶᠡᠬᠡᠳᠡ ᠬᠦᠰᠡᠳᠡᠭ ᠪᠠᠢᠯ᠎ᠠ᠃
ᠠᠪᠤ ᠡᠵᠢ ᠶ᠋ᠢ ᠪᠡᠨ ᠬᠠᠭᠠᠯᠭ᠎ᠠ ᠶ᠋ᠢ ᠨᠡᠭᠡᠭᠡᠵᠦ ᠥᠭᠭᠦᠭᠡᠴᠢ ᠭᠡᠵᠦ ᠢᠳᠬᠠᠬᠤ ᠪᠠᠷ ᠰᠢᠢᠳᠴᠡᠢ᠃
《ᠥᠬᠢᠨ ᠮᠢᠨᠢ᠂ ᠴᠢ ᠬᠠᠮᠢᠭ᠎ᠠ ᠪᠠᠢᠪᠠ?》
《ᠡᠵᠢ ᠠ᠋᠂ ᠲᠠ ᠨᠠᠳᠠᠳᠤ ᠨᠣᠭᠣᠭᠠᠨ ᠬᠠᠭᠠᠯᠭ᠎ᠠ ᠶ᠋ᠢ ᠨᠡᠬᠡᠭᠡᠳ ᠥᠭᠭᠦᠭᠡᠴᠢ!》
《ᠯᠢᠲ᠋ᠢᠰᠢᠶᠠ ᠪᠢᠳᠡ ᠡᠮᠦᠨ᠎ᠡ ᠨᠢ ᠡᠨᠡ ᠲᠤᠬᠠᠢ ᠮᠠᠰᠢ ᠣᠯᠠᠨ ᠤᠳᠠᠭ᠎ᠠ ᠶᠠᠷᠢᠵᠤ ᠪᠠᠢᠭᠰᠠᠨ ᠰᠢᠦ ᠳᠡ᠂ ᠴᠢ ᠲᠡᠭᠦᠪᠡᠷ ᠭᠠᠷᠴᠤ ᠪᠣᠯᠬᠤ ᠦᠭᠡᠢ᠂ ᠬᠡᠵᠢᠶ᠎ᠡ ᠴᠦ᠍ ᠲᠡᠢᠰᠢ ᠪᠡᠨ ᠣᠴᠢᠵᠤ ᠪᠣᠯᠬᠤ ᠦᠭᠡᠢ᠂ ᠣᠳᠣ ᠬᠠᠷᠢᠨ ᠥᠷᠯᠥᠭᠡᠨ ᠦ᠌ ᠴᠠᠢ ᠪᠠᠨ ᠤᠤᠭᠤᠴᠢᠬᠠᠭᠠᠳ ᠨᠠᠳᠠ ᠳ᠋ᠤ᠌ ᠳᠡᠭᠡᠪᠦᠷ ᠦ᠋ᠨ ᠥᠷᠥᠭᠡ ᠴᠡᠪᠡᠷᠯᠡᠬᠦ ᠳ᠋ᠦ᠍ ᠲᠤᠰᠠᠯᠠ᠃》
ᠲᠡᠷᠡ ᠡᠳᠦᠷ ᠯᠢᠲ᠋ᠢᠰᠢᠶᠠ ᠡᠵᠢ ᠳ᠋ᠡᠭᠡᠨ ᠲᠤᠰᠠᠯᠠᠬᠤ ᠪᠠᠷ ᠣᠴᠢᠯ᠎ᠠ᠂ ᠤᠯᠠᠮ ᠢ᠋ᠶ᠋ᠠᠷ ᠲᠡᠳᠡ ᠬᠠᠭᠤᠴᠢᠨ ᠱᠦᠭᠦᠢ ᠡᠴᠡ ᠨᠢᠭᠡᠨ ᠡᠷᠳᠡᠨᠢ ᠶ᠋ᠢᠨ ᠵᠢᠷᠤᠭ ᠤ᠋ᠨ ᠴᠣᠮᠣᠭ ᠢ᠋ ᠣᠯᠵᠠᠢ᠂ ᠡᠵᠢ ᠨᠢ ᠨᠡᠭᠡᠭᠡᠵᠦ ᠦᠵᠡᠪᠡ᠃
《ᠡᠵᠢ ᠠ᠋ ᠡᠪᠦᠭᠡ ᠡᠮᠡᠭᠡ ᠲᠡᠢ ᠬᠠᠮᠲᠤ ᠪᠠᠢᠭ᠎ᠠ ᠡᠨᠡ ᠬᠥᠮᠦᠰ ᠬᠡᠨ ᠪᠣᠢ?》
《ᠲᠡᠳᠡ ᠴᠢᠨᠦ ᠡᠪᠦᠭᠡ ᠪᠣᠯᠤᠨ ᠡᠯᠦᠨᠴᠡ ᠡᠪᠦᠭᠡ᠂ ᠵᠢᠶᠦᠨ ᠬᠤᠫᠺᠢᠨᠰ ᠨᠠᠷ᠂ᠬᠠᠷᠢᠨ ᠡᠨᠡ ᠨᠢ ᠲᠡᠭᠦᠨ ᠦ᠌ ᠭᠡᠷᠭᠡᠢ ᠮᠠᠷᠢᠶᠠ ᠬᠤᠫᠺᠢᠨᠰ᠂ ᠬᠠᠷᠢᠨ ᠡᠨᠡ ᠥᠬᠢᠨ ᠨᠢ ᠫᠸᠬᠢ ᠬᠤᠫᠺᠢᠨᠰ ᠴᠢᠨᠦ ᠠᠪᠠᠭ᠎ᠠ ᠡᠭᠡᠴᠢ》 ᠡᠵᠢ ᠶ᠋ᠢ ᠪᠡᠨ ᠴᠣᠮᠣᠭ ᠦᠵᠡᠵᠦ ᠪᠠᠢᠬᠤ ᠵᠠᠭᠤᠷ᠎ᠠ ᠯᠢᠲ᠋ᠢᠰᠢᠶᠠ ᠨᠢᠭᠡ ᠭᠣᠶᠣᠮᠰᠣᠭ ᠬᠠᠢᠷᠴᠠᠭ ᠬᠠᠷᠠᠵᠠᠢ ᠭᠡᠨ᠎ᠡ᠃ ᠲᠡᠭᠡᠭᠡᠳ ᠬᠠᠢᠷᠴᠠᠭ ᠢ᠋ ᠨᠡᠭᠡᠭᠡᠵᠦ ᠦᠵᠡᠪᠡ᠂ᠲᠡᠭᠡᠭᠰᠡᠨ ᠳᠣᠲᠣᠷ᠎ᠠ ᠨᠢ ᠨᠣᠭᠣᠭᠠᠨ ᠲᠤᠤᠵᠠ ᠪᠠᠷ ᠤᠶᠠᠭᠰᠠᠨ ᠲᠦᠯᠬᠢᠭᠦᠷ ᠪᠠᠢᠵᠠᠢ ᠭᠡᠨ᠎ᠡ᠃
《ᠡᠵᠢ ᠠ᠋᠂ ᠡᠨᠡ ᠶᠠᠭᠤᠨ ᠲᠦᠯᠬᠢᠭᠦᠷ ᠪᠣᠢ?》 
《ᠡᠨᠡ ᠵᠦᠭᠡᠷ ᠨᠢᠭᠡ ᠬᠠᠭᠤᠴᠢᠨ ᠲᠦᠯᠬᠢᠭᠦᠷ ᠪᠠᠢᠨ᠎ᠠ᠂ ᠪᠤᠴᠠᠭᠠᠭᠠᠳ ᠬᠢᠴᠢᠬᠡ᠃ ᠲᠡᠭᠡᠭᠡᠳ ᠭᠠᠷᠴᠤ ᠲᠣᠭᠯᠠ᠃》
ᠯᠢᠲ᠋ᠢᠰᠢᠶᠠ ᠲᠦᠯᠬᠢᠭᠦᠷ ᠦ᠋ᠨ ᠲᠤᠬᠠᠢ ᠪᠣᠳᠣᠭᠰᠠᠭᠠᠷ ᠯᠠ ᠪᠠᠢᠯ᠎ᠠ᠂ ᠬᠡᠷᠪᠡ ᠨᠣᠭᠣᠭᠠᠨ ᠬᠠᠭᠠᠯᠭᠠᠨ ᠤ᠋ ᠲᠦᠯᠬᠢᠭᠦᠷ ᠪᠠᠢᠭᠰᠠᠨ ᠪᠣᠯ ᠶᠠᠭᠠᠬᠢᠬᠤ ᠪᠣᠢ? ᠯᠢᠲ᠋ᠢᠰᠢᠶᠠ ᠢᠩᠭᠢᠵᠦ ᠪᠣᠳᠣᠬᠤ ᠲᠣᠰᠤᠮ ᠲᠡᠷᠡ ᠲᠦᠯᠬᠢᠭᠦᠷ ᠢ᠋ ᠬᠠᠭᠠᠯᠭᠠᠨ ᠤ᠋ ᠴᠣᠣᠵᠢᠨ ᠳ᠋ᠤ᠌ ᠲᠠᠭᠠᠷᠠᠬᠤ ᠡᠰᠡᠬᠦ ᠶ᠋ᠢ ᠰᠢᠯᠭᠠᠬᠤ ᠶ᠋ᠢ ᠬᠦᠰᠡᠳᠡᠭ ᠪᠠᠢᠯ᠎ᠠ᠃
ᠨᠢᠭᠡᠨ ᠨᠢᠮ᠎ᠠ ᠭᠠᠷᠠᠭ ᠲᠡᠭᠦᠨ ᠳ᠋ᠦ᠍ ᠪᠣᠯᠤᠮᠵᠢ ᠣᠯᠳᠠᠵᠠᠢ᠃ 
《ᠯᠢᠲ᠋ᠢᠰᠢᠶᠠ ᠪᠢᠳᠡ ᠶᠠᠪᠤᠴᠢᠬᠠᠭᠠᠳ ᠢᠷᠡᠶ᠎ᠡ᠂ ᠭᠡᠷ ᠦ᠋ᠨ ᠳᠠᠭᠠᠭᠠᠯᠭᠠᠪᠤᠷᠢ ᠪᠠᠨ ᠬᠢᠭᠡᠳ ᠭᠡᠷ ᠲᠡᠭᠡᠨ ᠪᠠᠢᠵᠤ ᠪᠠᠢᠭᠠᠷᠠᠢ᠂ ᠪᠢ ᠡᠷᠭᠢᠵᠦ ᠢᠷᠡᠭᠡᠳ ᠰᠢᠯᠭᠠᠨ᠎ᠠ ᠰᠢᠦ!》 
ᠠᠪᠤ ᠡᠵᠢ ᠶ᠋ᠢ ᠪᠡᠨ ᠶᠠᠪᠤᠮᠠᠭᠴᠠ ᠲᠡᠷᠡ ᠳᠡᠭᠡᠪᠦᠷ ᠦ᠋ᠨ ᠥᠷᠥᠭᠡᠨ ᠡᠴᠡ ᠬᠠᠭᠤᠴᠢᠨ ᠲᠦᠯᠬᠢᠭᠦᠷ ᠢ᠋ ᠠᠪᠴᠤ ᠴᠡᠴᠡᠷᠯᠢᠭ ᠤᠷᠤᠭᠤ ᠭᠦᠶᠦᠯ᠎ᠡ᠂ ᠲᠡᠭᠡᠭᠡᠳ ᠲᠡᠷᠡ ᠲᠦᠯᠬᠢᠭᠦᠷ ᠢ᠋ ᠪᠣᠯᠭᠣᠮᠵᠢᠲᠠᠢ ᠴᠣᠣᠵᠢ ᠤᠷᠤᠭᠤ ᠰᠢᠷᠭᠤᠭᠤᠯᠤᠨ ᠡᠷᠭᠢᠭᠦᠯᠦᠯ᠎ᠡ᠃ ᠬᠠᠭᠠᠯᠭ᠎ᠠ ᠣᠩᠭᠣᠢᠵᠤ ᠯᠢᠲ᠋ᠢᠰᠢᠶᠠ ᠬᠠᠭᠠᠯᠭ᠎ᠠ ᠪᠠᠷ ᠣᠷᠣᠵᠠᠢ ᠭᠡᠨ᠎ᠡ᠃ ᠭᠡᠬᠦ ᠳ᠋ᠦ᠍ ᠪᠡᠨ ᠡᠨᠡ ᠶᠠᠭᠤ ᠪᠠᠢᠭᠰᠠᠨ ᠪᠣᠯ ? ᠥᠷᠥᠭᠡ ᠪᠠᠢᠭᠰᠠᠨ ᠦᠭᠡᠢ᠃ ᠬᠠᠷᠢᠨ ᠵᠠᠬ᠎ᠠ ᠬᠢᠵᠠᠭᠠᠷ ᠦᠭᠡᠢ ᠥᠳᠬᠡᠨ ᠣᠢ ᠤᠭᠲᠤᠯ᠎ᠠ᠃ ᠡᠷᠭᠢᠭᠡᠳ ᠬᠠᠷᠠᠲᠠᠯ᠎ᠠ ᠯᠢᠲ᠋ᠢᠰᠢᠶᠠ ᠲᠡᠭᠦᠨ ᠦ᠌ ᠠᠷᠤ ᠳ᠋ᠤ᠌ ᠣᠷᠣᠵᠤ ᠢᠷᠡᠭᠰᠡᠨ ᠨᠥᠭᠦᠭᠡ ᠬᠠᠭᠠᠯᠭ᠎ᠠ ᠨᠢ ᠴᠦ᠍ ᠪᠠᠢᠭᠰᠠᠨ ᠦᠭᠡᠢ᠃ 
《ᠪᠢ᠂ ᠪᠢ᠂ ᠪᠢ ᠬᠠᠮᠢᠭ᠎ᠠ ᠢᠷᠡᠴᠢᠬᠡᠪᠡ ᠠ᠋? ᠪᠤᠷᠬᠠᠨ ᠮᠢᠨᠢ! ᠬᠠᠭᠠᠯᠭ᠎ᠠ᠂ ᠬᠠᠭᠠᠯᠭ᠎ᠠ ᠬᠠᠮᠢᠭ᠎ᠠ ᠪᠠᠢᠨ᠎ᠠ?》
ᠯᠢᠲ᠋ᠢᠰᠢᠶᠠ ᠴᠢᠨᠣ᠎ᠠ ᠶ᠋ᠢᠨ ᠣᠯᠢᠬᠤ᠂ ᠠᠷᠰᠯᠠᠨ ᠤ᠋ ᠠᠷᠬᠢᠷᠠᠬᠤ ᠳᠠᠭᠤ ᠰᠣᠨᠣᠰᠤᠭᠠᠳ ᠮᠠᠰᠢ ᠶᠡᠬᠡ ᠠᠶᠤᠵᠤ ᠬᠠᠷ᠎ᠠ ᠬᠤᠷᠳᠤ ᠪᠠᠷ ᠢ᠋ᠶ᠋ᠠᠨ ᠭᠦᠶᠦᠯ᠎ᠡ᠃ ᠠᠮᠢ ᠪᠠᠨ ᠠᠪᠤᠷᠠᠬᠤ ᠶ᠋ᠢᠨ ᠲᠤᠰᠠᠳᠠ ᠰᠢᠦ ᠳᠡ᠂ ᠭᠡᠬᠦ ᠳ᠋ᠡᠭᠡᠨ ᠥᠬᠢᠨ ᠬᠠᠮᠢᠭᠠᠰᠢ ᠪᠠᠨ ᠭᠦᠶᠦᠵᠦ ᠪᠠᠢᠭ᠎ᠠ ᠪᠠᠨ ᠴᠤ᠌ ᠮᠡᠳᠡᠬᠦ ᠦᠭᠡᠢ ᠪᠠᠢᠪᠠ᠃ ᠭᠡᠨᠡᠳᠲᠡᠬᠡᠨ ᠣᠢ ᠳ᠋ᠤ᠌ ᠬᠡᠨ ᠨᠢᠭᠡᠨ ᠥᠬᠢᠨ ᠦ᠌ ᠭᠠᠷ ᠠ᠋ᠴᠠ ᠲᠡᠳᠡᠨ ᠮᠣᠷᠢᠨ ᠳ᠋ᠤ᠌ ᠪᠠᠨ ᠰᠤᠨᠳᠠᠯᠠᠭᠠᠳ ᠳᠠᠪᠬᠢᠵᠤ ᠣᠳᠤᠯ᠎ᠠ᠃
ᠲᠤᠭ ᠲᠤᠭ
《ᠥᠬᠢᠨ ᠮᠢᠨᠢ ᠣᠷᠣᠭᠠᠳ ᠢᠷ᠎ᠡ ᠠ᠋᠂ ᠡᠨᠳᠡ ᠴᠢ ᠠᠶᠤᠯ ᠦᠭᠡᠢ᠃》 
《ᠬᠣᠩᠭᠣᠷᠬᠠᠨ ᠮᠢᠨᠢ ᠳᠧ᠂ ᠪᠦᠷ ᠳᠠᠭᠠᠷᠠᠴᠢᠬᠠᠵᠠᠢ᠂ ᠠᠯᠢᠪ ᠭᠠᠯ ᠤ᠋ᠨ ᠳᠡᠷᠭᠡᠳᠡ ᠰᠠᠭᠤ᠃》 
《ᠡᠨᠡ ᠥᠬᠢᠨ ᠢ᠋ ᠣᠢ ᠳ᠋ᠤ᠌ ᠭᠦᠶᠦᠵᠦ ᠶᠠᠪᠤᠬᠤ ᠳ᠋ᠤ᠌ ᠨᠢ ᠣᠯᠤᠭᠰᠠᠨ ᠶᠤᠮ᠂ ᠴᠢᠨᠣ᠎ᠠ ᠶ᠋ᠢᠨ ᠰᠦᠷᠦᠭ ᠣᠢᠷᠠᠬᠠᠨ ᠪᠠᠢᠭᠰᠠᠨ ᠨᠢ ᠭᠠᠷᠴᠠᠭ᠎ᠠ ᠦᠭᠡᠢ᠃ ᠪᠤᠷᠬᠠᠨ ᠮᠢᠨᠢ᠂ ᠲᠡᠳᠡᠨ ᠦ᠌ ᠣᠯᠢᠬᠤ ᠴᠤ᠌ ᠁》 
《ᠦ ᠬᠥᠭᠡᠷᠦᠬᠦᠢ᠂ ᠲᠡᠷᠡ ᠶᠡᠬᠡ ᠠᠶᠤᠭᠰᠠᠨ ᠪᠠᠢᠬᠤ ᠳᠠ? ᠫᠸᠬᠢ ᠲᠡᠭᠦᠨ ᠢ᠋ ᠥᠷᠥᠭᠡᠨ ᠳ᠋ᠡᠭᠡᠨ ᠣᠷᠣᠭᠤᠯᠤᠭᠠᠴᠢ᠂ ᠪᠠᠰᠠ ᠳᠠᠰᠢᠨᠵᠠ ᠨᠤᠭᠤᠳ ᠠ᠋ᠴᠠ ᠪᠠᠨ ᠨᠢᠭᠡ ᠶ᠋ᠢ ᠥᠭᠭᠦᠭᠡᠷᠡᠢ!》 
ᠯᠢᠲ᠋ᠢᠰᠢᠶᠠ ᠪᠦᠷ ᠬᠥᠰᠢᠵᠦ ᠣᠷᠬᠢᠵᠠᠢ᠃ ᠥᠬᠢᠨ ᠲᠡᠷᠡ ᠭᠡᠷ ᠪᠦᠯᠢ ᠶ᠋ᠢ ᠰᠢᠷᠲᠡᠭᠰᠡᠭᠡᠷ ᠯᠡ ᠪᠠᠢᠯ᠎ᠠ᠂ ᠲᠡᠭᠦᠨ ᠳ᠋ᠦ᠍ ᠦᠨᠡᠬᠡᠷ ᠰᠣᠨᠢᠷᠬᠠᠯᠲᠠᠢ ᠰᠠᠨᠠᠭᠳᠠᠵᠠᠢ᠃ 
ᠯᠢᠲ᠋ᠢᠰᠢᠶᠠ ᠶᠡᠬᠡᠳᠡ ᠭᠠᠢᠬᠠᠨ ᠬᠠᠷᠠᠵᠤ ᠪᠠᠢᠭᠰᠠᠨ ᠢ᠋ᠶ᠋ᠠᠨ ᠭᠡᠨᠡᠳᠲᠡ ᠨᠢᠭᠡ ᠵᠦᠢᠯ ᠰᠠᠨᠠᠵᠠᠢ ᠭᠡᠨ᠎ᠡ᠂ ᠡᠨᠡ ᠪᠣᠯ ᠵᠢᠶᠦ᠋ᠨ ᠬᠤᠫᠺᠢᠨᠰ ᠤ᠋ᠨ ᠬᠢᠨ ᠪᠠᠢᠯ᠎ᠠ᠃ ᠥᠬᠢᠨ ᠦ᠌ ᠡᠯᠦᠨᠴᠡ ᠡᠪᠦᠭᠡ ᠪᠣᠯᠤᠨ ᠭᠡᠷᠭᠡᠢ ᠮᠠᠷᠢᠶᠠ᠂ ᠪᠢᠴᠢᠬᠠᠨ ᠥᠬᠢᠨ ᠫᠸᠬᠢ ᠨᠠᠷ ᠪᠠᠢᠯ᠎ᠠ᠃ ᠡᠨᠡ ᠴᠢᠨᠢ ᠣᠳᠣ ᠶᠠᠭᠤ ᠪᠣᠯᠬᠤ ᠨᠢ ᠡᠨᠡ ᠪᠣᠢ ᠭᠡᠵᠦ ᠥᠬᠢᠨ ᠮᠠᠰᠢ ᠶᠡᠬᠡ ᠭᠠᠢᠬᠠᠯ᠎ᠠ᠂ᠨᠣᠭᠣᠭᠠᠨ ᠬᠠᠭᠠᠯᠭ᠎ᠠ ᠥᠬᠢᠨ ᠢ᠋ ᠭᠡᠷ ᠪᠦᠯᠢ ᠶ᠋ᠢᠨ ᠬᠢᠨᠢ ᠥᠩᠭᠡᠷᠡᠭᠰᠡᠨ ᠦᠶ᠎ᠡ ᠤᠷᠤᠭᠤ ᠬᠦᠷᠭᠡᠯ᠎ᠡ ᠭᠡᠵᠢ ᠤᠤ? ᠪᠤᠷᠬᠠᠨ ᠮᠢᠨᠢ ᠡᠢᠮᠦ ᠵᠦᠢᠯ ᠪᠠᠢᠵᠤ ᠪᠣᠯᠤᠨ᠎ᠠ ᠭᠡᠵᠢ ᠤᠤ? ᠲᠡᠭᠦᠨ ᠢ᠋ ᠡᠢᠨ ᠬᠦ᠌ ᠪᠣᠳᠣᠯ ᠪᠣᠯᠤᠨ ᠰᠠᠭᠤᠵᠤ ᠪᠠᠢᠬᠤ ᠵᠠᠭᠤᠷ᠎ᠠ ᠠᠪᠠᠭ᠎ᠠ ᠡᠭᠡᠴᠢ ᠨᠢ ᠲᠡᠭᠦᠨ ᠳ᠋ᠦ᠍ ᠡᠩ ᠦ᠋ᠨ ᠨᠢᠭᠡᠨ ᠳᠠᠰᠢᠨᠵᠠ ᠢᠨᠢᠶᠡᠮᠰᠦᠭᠯᠡᠨ ᠥᠭᠭᠦᠯ᠎ᠡ᠃
《ᠨᠠᠳᠠ ᠳ᠋ᠤ᠌ ᠡᠨᠡ ᠳᠠᠰᠢᠨᠵᠠ ᠲᠠᠭᠠᠯᠠᠭᠳᠠᠬᠤ ᠦᠭᠡᠢ ᠪᠠᠢᠨ᠎ᠠ᠂ ᠬᠡᠲᠦᠷᠬᠡᠢ ᠤᠢᠳᠬᠠᠷ ᠲᠠᠢ ᠪᠠᠰᠠ ᠲᠣᠮᠣ ᠶᠤᠮ ᠠ᠋᠃》
《ᠬᠡᠲᠦᠷᠬᠡᠢ ᠤᠢᠳᠬᠠᠷ ᠲᠠᠢ ᠭᠡᠰᠡᠨ ᠴᠢᠨᠢ ᠶᠠᠭᠤ ᠭᠡᠰᠡᠨ ᠦᠭᠡ ᠪᠣᠢ? ᠪᠢ ᠤᠤᠯ ᠨᠢ ᠬᠠᠮᠤᠭ ᠤ᠋ᠨ ᠭᠣᠶᠣ ᠳᠠᠰᠢᠨᠵᠠ ᠨᠤᠭᠤᠳ ᠤ᠋ᠨ ᠢ᠋ᠶ᠋ᠠᠨ ᠨᠢᠭᠡ ᠶ᠋ᠢ ᠠᠪᠴᠢᠷᠠᠭᠰᠠᠨ ᠶᠤᠮ ᠰᠠᠨ᠂ ᠬᠡᠷᠪᠡ ᠴᠢ ᠡᠨᠳᠡ ᠦᠯᠡᠳᠡᠬᠦ ᠶ᠋ᠢ ᠬᠦᠰᠡᠨ ᠬᠦᠰᠡᠵᠦ ᠪᠠᠢᠭ᠎ᠠ ᠪᠣᠯ ᠡᠮᠦᠰᠬᠦ ᠬᠡᠷᠡᠭᠲᠡᠢ᠂ ᠪᠠᠰᠠ ᠡᠨᠡ ᠱᠠᠬᠠᠢ ᠶ᠋ᠢ ᠡᠮᠦᠰ!》
《ᠡᠭᠦᠨ ᠢ᠋ ᠤᠤ? ᠡᠨᠡ ᠴᠢᠨᠢ ᠮᠣᠳᠣ ᠶᠠᠭᠤᠮ᠎ᠠ ᠪᠠᠢᠨ᠎ᠠ ᠰᠢᠲᠠ᠂ ᠠᠷᠠᠢ ᠵᠥᠭᠡᠯᠡᠨ ᠠᠷᠠᠰᠤᠨ ᠬᠠᠢᠮᠠᠷ ᠲᠣᠷᠭᠠᠮᠰᠤᠭ ᠪᠠᠢᠬᠤ ᠦᠭᠡᠢ ᠤᠤ?》
《ᠶᠠᠭᠤ? ᠢᠩᠭᠢᠵᠦ ᠪᠢᠲᠡᠭᠡᠢ ᠶᠠᠷᠢ᠂ ᠡᠢᠮᠦ ᠵᠦᠢᠯ ᠶᠠᠷᠢᠬᠤ ᠶ᠋ᠢᠨ ᠢ᠋ᠶ᠋ᠡᠨ ᠣᠷᠣᠨ ᠳ᠋ᠤ᠌ ᠬᠤᠪᠴᠠᠰᠤ ᠪᠠᠨ ᠰᠣᠯᠢᠭᠠᠳ ᠪᠠᠭᠤᠭᠠᠳ ᠢᠷ᠎ᠡ᠂ ᠦᠭᠡᠢ ᠪᠣᠯ ᠡᠵᠢ ᠠᠭᠤᠷᠯᠠᠨ᠎ᠠ ᠰᠢᠦ᠃》
ᠯᠢᠲ᠋ᠢᠰᠢᠶᠠ ᠳ᠋ᠤ᠌ ᠶᠠᠮᠠᠷ ᠴᠤ᠌ ᠰᠣᠩᠭᠣᠯᠲᠠ ᠪᠠᠢᠭᠰᠠᠨ ᠦᠭᠡᠢ᠂ ᠭᠡᠬᠦ ᠳ᠋ᠦ᠍ ᠪᠡᠨ ᠶᠠᠭᠠᠬᠢᠵᠤ ᠡᠢᠮᠦ ᠲᠣᠮᠣᠳᠠᠭᠰᠠᠨ ᠳᠠᠰᠢᠨᠵᠠ ᠶ᠋ᠢ ᠡᠮᠦᠰᠬᠦ ᠪᠣᠢ? ᠪᠠᠰᠠ ᠮᠣᠳᠣᠨ ᠱᠠᠬᠠᠢ ᠬᠥᠯ ᠢ᠋ ᠨᠢ ᠡᠪᠡᠳᠬᠡᠨ᠎ᠡ ᠳᠡ᠂ ᠢᠩᠭᠢᠭᠡᠳ ᠲᠡᠷᠡ ᠳᠣᠭᠣᠭᠰᠢ ᠪᠠᠨ ᠪᠠᠭᠤᠵᠤ ᠬᠣᠭᠣᠯᠠ ᠪᠠᠨ ᠬᠠᠷᠠᠭᠠᠳ:《ᠡᠨᠡ ᠪᠠᠰᠠ ᠶᠠᠭᠤ ᠪᠣᠢ?》
《ᠠ᠂ᠡᠷᠳᠡᠨᠢ ᠰᠢᠰᠢ ᠶ᠋ᠢᠨ ᠵᠤᠲᠠᠩ᠂ ᠮᠡᠳᠡᠬᠦ ᠦᠭᠡᠢ ᠭᠡᠵᠢ ᠤᠤ?》
《ᠭᠡᠬᠦ ᠳ᠋ᠦ᠍ ᠪᠡᠨ ᠪᠢ ᠡᠭᠦᠨ ᠳ᠋ᠦ᠍ ᠳᠤᠷ᠎ᠠ ᠦᠭᠡᠢ ᠰᠢᠲᠠ᠃》
《ᠶᠠᠭᠤ ᠭᠡᠬᠦ ᠪᠡᠷ ᠴᠢ ᠨᠢᠭᠡᠨᠲᠡ ᠥᠪᠡᠷ ᠢ᠋ᠶ᠋ᠡᠨ ᠯᠡ ᠡᠨᠳᠡ ᠢᠷᠡᠭᠰᠡᠨ ᠲᠡᠢᠮᠦ ᠡᠴᠡ ᠡᠭᠦᠨ ᠢ᠋ ᠢᠳᠡᠬᠦ ᠡᠰᠡᠬᠦ ᠨᠢ ᠴᠢᠨᠦ ᠳᠤᠷ᠎ᠠ᠂ᠬᠠᠷᠢᠨ ᠬᠣᠭᠣᠯᠠᠨ ᠤ᠋ ᠪᠠᠨ ᠳᠠᠷᠠᠭ᠎ᠠ ᠲᠠ ᠬᠣᠶᠠᠷ ᠤᠲᠠᠰᠤ ᠡᠭᠡᠷᠡᠭᠡᠷᠡᠢ᠃ ᠲᠡᠢᠮᠦ ᠠ᠋ ᠴᠢ ᠃》 
《ᠭᠡᠬᠦ ᠳ᠋ᠦ᠍ ᠪᠡᠨ ᠪᠢ ᠶᠠᠭᠠᠬᠢᠵᠤ ᠡᠭᠡᠷᠡᠬᠦ ᠶ᠋ᠢ ᠮᠡᠳᠡᠬᠦ ᠦᠭᠡᠢ ᠰᠢᠦ ᠳᠡ᠃》
《ᠠ?》
《ᠠ᠂ ᠴᠢ ᠤᠲᠠᠰᠤ ᠡᠭᠡᠷᠡᠳᠡᠭ ᠢ᠋ ᠮᠡᠳᠡᠬᠦ ᠦᠭᠡᠢ ᠭᠡᠵᠢ ᠤᠤ?ᠡᠳᠦᠢ ᠪᠣᠯᠴᠢᠬᠠᠭᠠᠳ ᠶᠠᠭᠤ ᠴᠤ᠌ ᠰᠤᠷᠤᠭ᠎ᠠ ᠦᠭᠡᠢ ᠬᠡᠷᠡᠭ ᠤᠤ ? ᠲᠡᠭᠦᠨ ᠳ᠋ᠦ᠍ ᠶᠠᠭᠠᠬᠢᠵᠤ ᠡᠭᠡᠷᠡᠬᠦ ᠶ᠋ᠢ ᠵᠢᠭᠠᠵᠤ ᠥᠭᠭᠦᠭᠡᠷᠡᠢ ! ᠮᠡᠳᠡᠪᠡ ᠤᠤ?》
《ᠵᠠ᠂ ᠡᠵᠢ ᠠ᠋︕》 
ᠯᠢᠲ᠋ᠢᠰᠢᠶᠠ ᠡᠢᠨ ᠬᠦ᠌ ᠬᠡᠷᠬᠢᠨ ᠤᠲᠠᠰᠤ ᠡᠭᠡᠷᠡᠬᠦ ᠶ᠋ᠢ ᠰᠤᠷᠬᠤ ᠠ᠋ᠴᠠ ᠭᠠᠳᠠᠨ᠎ᠠ ᠥᠪᠡᠷ ᠦ᠋ᠨ ᠬᠤᠪᠴᠠᠰᠤ ᠪᠠᠨ ᠣᠶᠣᠬᠤ ᠳ᠋ᠤ᠌ ᠰᠤᠷᠤᠯᠴᠠᠵᠠᠢ᠃ ᠮᠥᠨ ᠲᠣᠮᠣ ᠴᠢᠯᠠᠭᠤᠨ ᠵᠤᠤᠬᠠᠨ ᠳ᠋ᠤ᠌ ᠭᠠᠯ ᠠᠰᠠᠭᠠᠵᠤ ᠬᠣᠭᠣᠯᠠ ᠬᠢᠳᠡᠭ ᠪᠣᠯᠪᠠ᠃ᠮᠡᠳᠡᠭᠡᠵᠢ ᠡᠨᠡ ᠨᠢ ᠯᠢᠲ᠋ᠢᠰᠢᠶᠠ ᠳ᠋ᠤ᠌ ᠠᠮᠢᠰᠬᠤᠯ ᠳᠠᠪᠴᠢᠳᠠᠮ᠎ᠠ ᠬᠠᠯᠠᠭᠤᠨ ᠰᠠᠨᠠᠭᠳᠠᠳᠠᠭ ᠪᠠᠢᠭᠰᠠᠨ ᠪᠠᠢᠬ᠎ᠠ᠂ᠪᠠᠰᠠ ᠥᠪᠡᠷᠰᠡᠳ ᠢ᠋ᠶ᠋ᠡᠨ ᠤᠬᠢᠶᠠᠯᠭ᠎ᠠ ᠴᠡᠪᠡᠷᠯᠡᠭᠡ ᠬᠢᠳᠡᠭ ᠪᠠᠢᠯ᠎ᠠ᠂ ᠬᠥᠭᠡᠷᠦᠬᠦᠢ ᠯᠢᠲ᠋ᠢᠰᠢᠶᠠ ᠭᠡᠷ ᠢ᠋ᠶ᠋ᠡᠨ ᠰᠠᠨᠠᠵᠤ ᠦᠵᠡᠨ ᠶᠠᠳᠠᠳᠠᠭ ᠪᠠᠢᠭᠰᠠᠨ ᠪᠠᠢᠽᠠᠢ ᠲᠠᠢ ᠱᠥᠯᠥ ᠪᠡᠨ ᠦᠭᠡᠢᠯᠡᠨ ᠳᠤᠷ᠎ᠠ ᠦᠭᠡᠢ ᠳᠠᠰᠢᠨᠵᠠ ᠪᠠᠨ ᠡᠮᠦᠰᠳᠡᠭ ᠪᠠᠢᠯ᠎ᠠ᠃ᠨᠢᠭᠡᠨ ᠡᠳᠦᠷ ᠥᠬᠢᠨ ᠳᠡᠭᠡᠪᠦᠷ ᠦ᠋ᠨ ᠥᠷᠥᠭᠡ ᠶ᠋ᠢ ᠴᠡᠪᠡᠷᠯᠡᠵᠦ ᠪᠠᠢᠭᠠᠳ ᠭᠡᠷ ᠲᠡᠭᠡᠨ ᠬᠠᠷᠢᠭᠰᠠᠨ ᠲᠠᠢ ᠪᠠᠨ ᠶᠠᠭ ᠢᠵᠢᠯᠬᠡᠨ ᠭᠣᠶᠣᠮᠰᠣᠭ ᠬᠠᠢᠷᠴᠠᠭ ᠢ᠋ ᠣᠯᠵᠤ ᠬᠠᠷᠠᠵᠠᠢ᠃ ᠲᠡᠭᠡᠭᠡᠳ ᠨᠡᠭᠡᠭᠡᠵᠦ ᠦᠵᠡᠲᠡᠯ᠎ᠡ ᠮᠥᠨ ᠯᠡ ᠨᠣᠭᠣᠭᠠᠨ ᠲᠤᠤᠵᠠ ᠲᠠᠢ ᠲᠦᠯᠬᠢᠭᠦᠷ ᠪᠠᠢᠬᠤ ᠶ᠋ᠢ ᠣᠯᠵᠤ ᠦᠵᠡᠪᠡ ᠭᠡᠨ᠎ᠡ᠃
《ᠡᠨᠡ ᠶᠠᠭᠤ ᠪᠣᠢ ? ᠡᠨᠡ ᠨᠣᠭᠣᠭᠠᠨ ᠬᠠᠭᠠᠯᠭᠠᠨ ᠤ᠋ ᠬᠢ ᠭᠡᠵᠢ ᠤᠤ?》
《ᠮᠠᠭᠠᠳ ᠦᠭᠡᠢ᠂ ᠪᠠᠢᠰᠢᠩ ᠤ᠋ᠨ ᠬᠣᠢᠲᠤ ᠬᠠᠨᠠᠨ ᠳ᠋ᠤ᠌ ᠨᠢᠭᠡ ᠬᠠᠭᠠᠯᠭ᠎ᠠ ᠪᠣᠢ᠂ ᠠᠪᠤ ᠡᠵᠢ ᠮᠠᠨᠢ ᠲᠡᠭᠦᠨ ᠢ᠋ ᠣᠭᠲᠣ ᠣᠩᠭᠣᠢᠯᠭᠠᠵᠤ ᠪᠣᠯᠬᠤ ᠦᠭᠡᠢ ᠭᠡᠳᠡᠭ ᠶᠦᠮ᠂ ᠲᠡᠢᠮᠦ ᠡᠴᠡ ᠪᠢ ᠨᠡᠭᠡᠭᠡᠬᠦ ᠦᠭᠡᠢ》
《ᠥᠬᠢᠳ ᠠ᠋᠂ ᠣᠷᠣᠢ ᠶ᠋ᠢᠨ ᠬᠣᠭᠣᠯᠠ ᠪᠡᠯᠡᠨ ᠪᠣᠯᠤᠯ᠎ᠠ᠃》
《ᠣᠴᠢᠯ᠎ᠠ!》
《ᠲᠡᠭᠡᠬᠦ ᠪᠡᠷ ᠠᠪᠤ ᠪᠢᠳᠡ ᠬᠣᠶᠠᠷ ᠴᠢᠨᠢ ᠸᠧᠢ ᠳᠡᠸᠰ ᠤᠷᠤᠭᠤ ᠶᠠᠪᠤᠯ᠎ᠠ᠂ ᠭᠡᠷ ᠲᠡᠭᠡᠨ ᠲᠣᠮᠣᠭ᠎ᠠ ᠲᠠᠢ ᠪᠠᠢᠵᠤ ᠪᠠᠢᠭᠠᠷᠠᠢ᠃》
ᠢᠩᠭᠢᠭᠡᠳ ᠥᠬᠢᠳ ᠤᠲᠠᠰᠤ ᠡᠭᠡᠷᠡᠨ ᠰᠠᠭᠤᠵᠤ ᠪᠠᠢᠲᠠᠯ᠎ᠠ ᠬᠠᠭᠠᠯᠭ᠎ᠠ ᠲᠣᠭᠰᠢᠵᠠᠢ ᠭᠡᠨ᠎ᠡ᠃ ᠲᠡᠭᠡᠭᠡᠳ ᠬᠠᠭᠠᠯᠭ᠎ᠠ ᠶ᠋ᠢ ᠣᠩᠭᠣᠢᠯᠭᠠᠲᠠᠯ᠎ᠠ ᠯᠢᠲ᠋ᠢᠰᠢᠶᠠ ᠶ᠋ᠢᠨ ᠬᠦᠷᠰᠢ ᠠᠢᠯ ᠤ᠋ᠨ ᠬᠥᠪᠡᠭᠦᠨ ᠵᠡᠺ ᠫᠢᠪᠤᠳᠢ ᠵᠣᠭᠰᠣᠵᠤ ᠪᠠᠢᠬᠤ ᠨᠢ ᠲᠡᠷᠡ ᠠ᠋᠃
《ᠵᠠ᠂ ᠮᠠᠨ ᠤ᠋ ᠠᠪᠤ ᠡᠵᠢ ᠭᠡᠷ ᠲᠡᠭᠡᠨ ᠠᠯᠠᠭ᠎ᠠ ᠪᠠᠢᠨ᠎ᠠ᠃》
《ᠥᠷᠥᠰᠢᠶᠡᠭᠡᠷᠡᠢ᠂ ᠪᠢ ᠣᠢ ᠳ᠋ᠤ᠌ ᠶᠠᠪᠤᠵᠤ ᠪᠠᠢᠭᠠᠳ ᠲᠥᠭᠡᠷᠢᠴᠢᠬᠡᠯ᠎ᠡ᠃ ᠪᠢ ᠴᠢᠨᠣ᠎ᠠ ᠶ᠋ᠢᠨ ᠰᠦᠷᠦᠭ ᠬᠠᠷᠠᠭᠰᠠᠨ᠂ ᠪᠠᠰᠠ ᠭᠠᠳᠠᠭ᠎ᠠ ᠬᠠᠷᠠᠩᠭᠤᠢ ᠪᠣᠯᠵᠤ ᠪᠠᠢᠭ᠎ᠠ ᠪᠣᠯᠬᠣᠷ ᠲᠠᠨ ᠢ᠋ ᠳᠤᠷ᠎ᠠ ᠦᠭᠡᠢᠴᠡᠬᠦ ᠦᠭᠡᠢ ᠪᠣᠯ ᠪᠢ ᠡᠨᠳᠡ ᠵᠢᠭᠠᠬᠠᠨ ᠲᠣᠯᠣᠭᠠᠢ ᠬᠣᠷᠭᠣᠳᠠᠬᠤ ᠭᠡᠰᠡᠨ ᠶᠦ᠍ᠮ᠃》
《ᠪᠢ ᠴᠢᠮ᠎ᠠ ᠶ᠋ᠢ ᠡᠮᠦᠨ᠎ᠡ ᠨᠢ ᠬᠠᠷᠠᠵᠤ ᠪᠠᠢᠭ᠎ᠠ ᠦᠭᠡᠢ ᠶᠦ᠍ᠮ ᠪᠠᠢᠨ᠎ᠠ᠃》
《ᠪᠢ ᠺᠡᠷᠢᠺᠡᠲᠦᠨ ᠦ᠌ ᠡᠴᠡ ᠠᠷᠪᠠᠨ ᠮᠢᠯ ᠦ᠋ᠨ ᠵᠠᠢ ᠳ᠋ᠤ᠌ ᠠᠮᠢᠳᠤᠷᠠᠳᠠᠭ ᠯᠠ ᠶᠤᠮ ᠳᠠ᠂ ᠭᠡᠲᠡᠯ᠎ᠡ ᠣᠢ ᠳ᠋ᠤ᠌ ᠴᠢᠨᠣ᠎ᠠ ᠠ᠋ᠴᠠ ᠵᠢᠭᠤᠲᠠᠵᠤ ᠭᠦᠶᠦᠭᠡᠳ ᠲᠥᠭᠡᠷᠢᠴᠢᠬᠡᠯ᠎ᠡ᠃》
《ᠦ᠂ ᠪᠢ ᠺᠡᠷᠢᠺᠡᠲᠦᠨ ᠢ᠋ ᠮᠡᠳᠡᠨ᠎ᠡ᠂ ᠪᠢᠳᠡ ᠥᠩᠭᠡᠷᠡᠭᠰᠡᠨ ᠵᠢᠯ ᠵᠤᠯᠠ ᠰᠠᠷ᠎ᠠ ᠪᠠᠷ ᠠᠭᠤᠯᠵᠠᠵᠤ ᠪᠠᠢᠭᠰᠠᠨ ᠶᠤᠮ᠃  ᠵᠠ ᠵᠠ᠂ ᠣᠷᠤᠯ ᠳᠠ᠃》
《ᠪᠠᠶᠠᠷᠯᠠᠯ᠎ᠠ᠃ ᠪᠢ ᠵᠢᠭᠠᠬᠠᠨ ᠤᠰᠤ ᠤᠤᠭᠤᠵᠤ ᠪᠣᠯᠬᠤ ᠪᠣᠯᠪᠠᠤ?》 
《ᠲᠡᠭᠡᠯᠭᠦᠢ ᠶᠠᠭᠠᠬᠢᠬᠤᠪ᠃》 
《ᠴᠢ ᠮᠠᠨ ᠤ᠋ ᠬᠥᠷᠰᠢ ᠯᠢᠲ᠋ᠢᠰᠢᠶᠠ ᠮᠥᠨ ᠤᠤ?》
《ᠬᠠᠷᠢᠨ ᠴᠢ ᠵᠡᠺ ᠫᠢᠪᠤᠳᠢ ᠤᠤ? ᠴᠢ ᠶᠠᠭᠠᠬᠢᠵᠤ ᠡᠨᠳᠡ ᠢᠷᠡᠭᠰᠡᠨ ᠪᠣᠢ?》
《ᠨᠣᠮ ᠢ᠋ᠶ᠋ᠠᠷ᠂ ᠴᠣᠣᠵᠢ ᠲᠠᠢ ᠨᠣᠭᠣᠭᠠᠨ ᠨᠣᠮ ᠢ᠋ᠶ᠋ᠠᠷ᠃》 
《ᠨᠣᠮ ᠠ᠋? ᠴᠣᠣᠵᠢ ᠲᠠᠢ ᠭᠡᠨ᠎ᠡ? ᠬᠠᠷᠢᠨ ᠪᠢ ᠡᠨᠳᠡ ᠨᠣᠭᠣᠭᠠᠨ ᠬᠠᠭᠠᠯᠭ᠎ᠠ ᠪᠠᠷ ᠢᠷᠡᠭᠰᠡᠨ᠂ ᠲᠡᠷᠡ ᠴᠦ᠍ ᠭᠡᠰᠡᠨ ᠴᠣᠣᠵᠢ ᠲᠠᠢ ᠪᠠᠢᠭᠰᠠᠨ᠃》
《ᠬᠠᠷᠢᠨ ᠪᠢ ᠡᠯᠦᠨᠴᠡ ᠡᠪᠦᠭᠡ ᠶ᠋ᠢᠨ ᠢ᠋ᠶ᠋ᠡᠨ ᠭᠡᠷ ᠲᠦ᠍ ᠢᠷᠡᠴᠢᠬᠡᠭᠰᠡᠨ᠂ ᠬᠡᠳᠦᠨ ᠰᠠᠷ᠎ᠠ ᠪᠣᠯᠵᠤ ᠪᠠᠢᠨ᠎ᠠ᠃》
《ᠪᠢ ᠪᠠᠰᠠ ᠡᠯᠦᠨᠴᠡ ᠡᠪᠦᠭᠡ ᠶ᠋ᠢᠨ ᠢ᠋ᠶ᠋ᠡᠨ ᠭᠡᠷ ᠲᠦ᠍ ᠢᠷᠡᠴᠢᠬᠡᠭᠰᠡᠨ ᠪᠠᠢᠭ᠎ᠠ ᠶᠤᠮ᠂ᠪᠠᠰᠠ ᠬᠡᠳᠦᠨ ᠰᠠᠷ᠎ᠠ ᠪᠣᠯᠵᠤ ᠪᠠᠢᠨ᠎ᠠ᠃》
《ᠡᠨᠳᠡ ᠢᠷᠡᠭᠰᠡᠨ ᠡᠴᠡ ᠪᠡᠨ ᠬᠣᠢᠰᠢ ᠪᠢ ᠠᠮᠢᠳᠤᠷᠠᠯ ᠳ᠋ᠠᠭᠠᠨ ᠬᠢᠵᠦ ᠪᠠᠢᠭ᠎ᠠ ᠦᠭᠡᠢ ᠪᠡᠷ ᠶᠡᠬᠡ ᠠᠵᠢᠯ ᠬᠢᠵᠦ ᠪᠠᠢᠭ᠎ᠠ᠃》
《ᠪᠢ ᠴᠦ᠍ ᠭᠡᠰᠡᠨ ᠠᠳᠠᠯᠢᠬᠠᠨ ᠭᠠᠷ ᠮᠠᠨᠢ ᠡᠨᠡ ᠪᠦᠬᠦ ᠠᠵᠢᠯ ᠠ᠋ᠴᠠ ᠪᠣᠯᠵᠤ ᠡᠪᠡᠳᠴᠦ ᠪᠠᠢᠨ᠎ᠠ᠃ ᠪᠢ ᠡᠭᠦᠨ ᠦ᠌ ᠭᠤᠷᠪᠠᠨ ᠤ᠋ ᠨᠢᠭᠡ ᠶ᠋ᠢ ᠴᠦ᠍ ᠭᠡᠷ ᠲᠦ᠍ ᠪᠡᠨ ᠬᠢᠵᠦ ᠪᠠᠢᠭ᠎ᠠ ᠦᠭᠡᠢ᠃》
《ᠪᠢᠳᠡ ᠥᠪᠡᠷᠰᠡᠳ ᠦ᠋ᠨ ᠭᠡᠷ ᠤᠷᠤᠭᠤ ᠪᠠᠨ ᠪᠤᠴᠠᠵᠤ ᠶᠠᠪᠤᠮᠠᠷ ᠪᠠᠢᠨ᠎ᠠ᠃》 
《ᠪᠢ ᠪᠤᠴᠠᠵᠤ ᠶᠠᠪᠤᠬᠤ ᠶ᠋ᠢ ᠶᠠᠮᠠᠷ ᠶᠡᠬᠡ ᠬᠦᠰᠡᠵᠦ ᠪᠠᠢᠨ᠎ᠠ ᠭᠡᠴᠢ?》
《ᠶᠠᠭᠤ ᠭᠡᠴᠢ᠂ ᠨᠠᠮ᠎ᠠ ᠶ᠋ᠢ ᠡᠨᠳᠡ ᠠᠪᠴᠢᠷᠠᠭᠰᠠᠨ ᠨᠣᠮ ᠲᠠᠢ ᠢᠵᠢᠯ ᠨᠣᠮ ᠢ᠋ ᠪᠢ ᠬᠠᠷᠠᠭᠰᠠᠨ᠂ ᠪᠠᠰᠠ ᠠᠳᠠᠯᠢᠬᠠᠨ ᠴᠣᠣᠵᠢ ᠲᠠᠢ ᠪᠢ ᠨᠡᠭᠡᠭᠡᠬᠦ ᠭᠡᠵᠦ ᠪᠠᠢᠭ᠎ᠠ᠂ ᠡᠨᠳᠡ ᠪᠠᠰᠠ ᠨᠣᠭᠣᠭᠠᠨ ᠬᠠᠭᠠᠯᠭ᠎ᠠ ᠪᠠᠢᠨ᠎ᠠ ᠤᠤ?》
《ᠲᠡᠢᠮᠦ ᠠ᠋᠃》 
ᠲᠡᠷᠡ ᠦᠳᠡᠰᠢ ᠯᠢᠲ᠋ᠢᠰᠢᠶᠠ ᠳᠡᠭᠡᠪᠦᠷ ᠦ᠋ᠨ ᠥᠷᠥᠭᠡᠨ ᠳ᠋ᠦ᠍ ᠨᠢᠭᠤᠴᠠ ᠪᠠᠷ ᠣᠷᠣᠵᠤ ᠲᠦᠯᠬᠢᠭᠦᠷ ᠢ᠋ ᠠᠪᠤᠭᠠᠳ ᠪᠠᠢᠰᠢᠩ ᠤ᠋ᠨ ᠬᠣᠢᠲᠤ ᠠᠮᠠ ᠶ᠋ᠢᠨ ᠨᠢᠭᠤᠴᠠ ᠬᠠᠭᠠᠯᠭ᠎ᠠ ᠤᠷᠤᠭᠤ ᠭᠦᠶᠦᠯ᠎ᠡ᠃ ᠲᠡᠷᠡ ᠴᠡᠴᠡᠷᠡᠭᠰᠡᠨ ᠭᠠᠷ ᠢ᠋ᠶ᠋ᠠᠷ ᠢ᠋ᠶ᠋ᠠᠨ ᠴᠣᠣᠵᠢ ᠶ᠋ᠢ ᠣᠩᠭᠣᠢᠯᠭᠠᠨ ᠭᠡᠷ ᠤᠷᠤᠭᠤ ᠪᠠᠨ ᠣᠷᠣᠵᠠᠢ᠃ 
ᠲᠡᠷᠡ ᠴᠡᠴᠡᠷᠯᠢᠭ ᠡᠴᠡ ᠭᠦᠶᠦᠵᠦ ᠢᠷᠡᠭᠡᠳ : 《ᠡᠵᠢ ᠠ᠋᠂ ᠠᠪᠤ ᠠ᠋ ᠪᠢ ᠡᠷᠭᠢᠭᠡᠳ ᠢᠷᠡᠯ᠎ᠡ᠂ ᠡᠷᠭᠢᠭᠡᠳ ᠢᠷᠡᠯ᠎ᠡ᠃》
《ᠬᠠᠮᠢᠭ᠎ᠠ ᠠ᠋ᠴᠠ?》
ᠯᠢᠲ᠋ᠢᠰᠢᠶᠠ ᠲᠡᠳᠡᠨ ᠳ᠋ᠦ᠍ ᠥᠪᠡᠷ ᠲᠦ᠍ ᠨᠢ ᠲᠣᠬᠢᠶᠠᠯᠳᠤᠭᠰᠠᠨ ᠪᠦᠬᠦ ᠠᠳᠠᠯ ᠶᠠᠪᠤᠳᠠᠯ ᠢ᠋ ᠶᠠᠷᠢᠵᠤ ᠥᠭᠴᠡᠢ᠃
《ᠲᠡᠷᠡ ᠦᠶ᠎ᠡ ᠳ᠋ᠦ᠍ ᠪᠦᠬᠦ ᠵᠦᠢᠯ ᠦᠨᠡᠬᠡᠷ ᠬᠡᠴᠡᠭᠦᠦ ᠪᠠᠢᠭᠰᠠᠨ᠂ ᠬᠠᠷᠢᠨ ᠪᠢ ᠡᠭᠦᠨ ᠡᠴᠡ ᠬᠣᠢᠰᠢ ᠳᠠᠬᠢᠵᠤ ᠬᠡᠵᠢᠶ᠎ᠡ ᠴᠦ᠍ ᠶᠠᠭᠤ ᠶ᠋ᠢ ᠴᠦ᠍ ᠭᠣᠯᠣᠵᠤ ᠪᠠᠢᠬᠤ ᠦᠭᠡᠢ᠂ ᠪᠢ ᠪᠠᠢᠽᠠᠢ ᠲᠠᠢ ᠱᠥᠯᠦᠨ ᠳ᠋ᠦ᠍ ᠮᠠᠰᠢ ᠶᠡᠬᠡ ᠳᠤᠷᠠᠲᠠᠢ᠂ ᠠᠪᠤ ᠠ᠋ ᠲᠠᠨ ᠤ᠋ ᠨᠠᠳᠠᠳᠤ ᠪᠡᠯᠭᠡᠯᠡᠭᠰᠡᠨ ᠳᠠᠰᠢᠨᠵᠠ ᠦᠨᠡᠬᠡᠷ ᠶᠡᠬᠡ ᠲᠠᠭᠠᠯᠠᠭᠳᠠᠭᠰᠠᠨ᠂ ᠪᠠᠰᠠ ᠪᠢ ᠰᠢᠨ᠎ᠡ ᠦᠵᠦᠭ ᠬᠠᠷᠠᠨᠳᠠ ᠪᠠᠷ ᠢ᠋ᠶ᠋ᠠᠨ ᠬᠢᠴᠢᠶᠡᠯ ᠢ᠋ᠶ᠋ᠡᠨ ᠬᠢᠭᠡᠳ ᠬᠢᠭᠡᠳ ᠯᠡ ᠪᠠᠢᠮᠠᠷ ᠪᠠᠢᠨ᠎ᠠ᠂ᠨᠠᠮ᠎ᠠ ᠶ᠋ᠢ ᠮᠠᠭᠤᠬᠠᠢ ᠠᠭᠠᠰᠢ ᠭᠠᠷᠭᠠᠵᠤ ᠪᠠᠢᠭᠰᠠᠨ ᠳ᠋ᠤ᠌ ᠠᠭᠤᠴᠢᠯᠠᠭᠠᠷᠠᠢ᠂ ᠪᠠᠰᠠ ᠲᠠ ᠬᠣᠶᠠᠷ ᠤ᠋ᠨ ᠦᠭᠡᠨ ᠡᠴᠡ ᠵᠥᠷᠢᠵᠦ ᠨᠣᠭᠣᠭᠠᠨ ᠬᠠᠭᠠᠯᠭ᠎ᠠ ᠶ᠋ᠢ ᠣᠩᠭᠣᠢᠯᠭᠠᠭᠰᠠᠨ ᠳ᠋ᠤ᠌ ᠠᠭᠤᠴᠢᠯᠠᠭᠠᠷᠠᠢ!》
《ᠬᠠ ᠬᠠ ᠬᠠ᠂ ᠴᠢᠮ᠎ᠠ ᠶ᠋ᠢ ᠡᠭᠦᠨ ᠢ᠋ ᠣᠢᠯᠠᠭᠠᠭᠰᠠᠨ ᠭᠡᠵᠦ ᠪᠣᠳᠣᠵᠤ ᠪᠠᠢᠨ᠎ᠠ᠂ ᠬᠡᠷᠪᠡ ᠪᠢᠳᠡ ᠪᠠᠢᠭ᠎ᠠ ᠪᠦᠬᠦᠨ ᠳ᠋ᠦ᠍ ᠪᠡᠨ ᠰᠡᠳᠬᠢᠯ ᠬᠠᠩᠭᠠᠯᠤᠭᠤᠨ ᠪᠢᠰᠢ ᠪᠠᠢᠪᠠᠯ ᠠᠮᠢᠳᠤᠷᠠᠯ ᠪᠢᠳᠡᠨ ᠢ᠋ ᠬᠠᠲᠠᠭᠤᠬᠠᠨ ᠰᠤᠷᠭᠠᠳᠠᠭ ᠶᠤᠮ᠃》
《ᠭᠡᠬᠦ ᠳ᠋ᠦ᠍ ᠪᠡᠨ ᠬᠦᠯᠢᠶᠡᠭᠡᠷᠡᠢ᠂ ᠪᠢᠳᠡ ᠡᠨᠳᠡ ᠬᠡᠳᠦᠨ ᠰᠠᠷ᠎ᠠ ᠪᠠᠢᠭᠰᠠᠨ ᠰᠢᠦ ᠳᠡ᠂ ᠭᠡᠲᠡᠯ᠎ᠡ ᠲᠠ ᠬᠣᠶᠠᠷ ᠣᠳᠣ ᠯᠠ ᠪᠤᠴᠠᠵᠤ ᠢᠷᠡᠵᠦ ᠪᠠᠢᠭ᠎ᠠ ᠭᠡᠵᠢ ᠤᠤ ᠳᠠ?》 《ᠥᠩᠭᠡᠷᠡᠭᠰᠡᠨ ᠦᠶ᠎ᠡ ᠳ᠋ᠦ᠍ ᠴᠠᠭ ᠬᠤᠭᠤᠴᠠᠭ᠎ᠠ ᠣᠳᠣ ᠶ᠋ᠢᠨ ᠬᠢ ᠡᠴᠡ ᠬᠠᠪᠢ ᠦᠭᠡᠢ ᠬᠤᠷᠳᠤᠨ ᠥᠩᠭᠡᠷᠡᠳᠡᠭ ᠶᠦ᠍ᠮ ᠠ᠋᠂ ᠥᠬᠢᠨ ᠮᠢᠨᠢ ᠬᠡᠳᠦᠨ ᠰᠠᠷ᠎ᠠ ᠶᠤᠮ ᠰᠢᠭ᠋ ᠰᠠᠨᠠᠭᠳᠠᠵᠤ ᠪᠠᠢᠬᠤ ᠴᠤ᠌ ᠣᠳᠣ ᠴᠠᠭ ᠲᠤ᠌ ᠶᠡᠷᠦ ᠳ᠋ᠦ᠍ ᠪᠡᠨ ᠬᠡᠳᠦᠬᠡᠨ ᠴᠠᠭ ᠯᠠ ᠭᠡᠰᠡᠨ ᠦᠭᠡ ᠰᠢᠦ ᠳᠡ᠃》 
ᠤᠳᠠᠯ ᠦᠭᠡᠢ ᠵᠠᠮ ᠳᠡᠭᠡᠷ᠎ᠡ ᠨᠢᠭᠡᠨ ᠮᠠᠰᠢᠨ ᠢᠷᠡᠬᠦ ᠳ᠋ᠦ᠍ ᠳᠣᠲᠣᠷ᠎ᠠ ᠠ᠋ᠴᠠ ᠨᠢ ᠨᠣᠶᠠᠨ ᠬᠠᠲᠤᠭᠲᠠᠢ ᠫᠢᠪᠤᠳᠢ᠂ ᠪᠠᠰᠠ ᠲᠡᠭᠦᠨ ᠦ᠌ ᠬᠦᠦ ᠵᠡᠺ ᠫᠢᠪᠤᠳᠢ ᠨᠠᠷ ᠭᠠᠷᠴᠤ ᠢᠷᠡᠪᠡ᠃ ᠵᠡᠺ ᠯᠢᠲ᠋ᠢᠰᠢᠶᠠ ᠤᠷᠤᠭᠤ᠂ ᠯᠢᠲ᠋ᠢᠰᠢᠶᠠ ᠵᠡᠺ ᠤᠷᠤᠭᠤ ᠬᠠᠷᠠᠨ ᠪᠡᠶ᠎ᠡ ᠪᠡᠶ᠎ᠡ ᠤᠷᠤᠭᠤ ᠪᠠᠨ ᠨᠢᠳᠦ ᠢᠷᠮᠡᠵᠡᠭᠡᠯ᠎ᠡ᠃ ᠣᠳᠣ ᠲᠡᠳᠡ ᠥᠪᠡᠷᠰᠡᠳ ᠦ᠋ᠨ ᠨᠢᠭᠤᠴᠠ ᠪᠠᠨ ᠪᠤᠰᠤᠳ ᠲᠠᠢ ᠬᠤᠪᠢᠶᠠᠯᠴᠠᠪᠠᠯ ᠬᠡᠨ ᠨᠢᠭᠡᠨ ᠲᠡᠳᠡᠨ ᠳ᠋ᠦ᠍ ᠢᠲᠡᠭᠡᠬᠦ ᠪᠣᠯᠪᠠ ᠤᠤ? ᠶᠠᠭᠠᠬᠢᠬᠤ ᠪᠣᠯ?


   ᠦᠰᠦᠭ ᠠᠮᠢᠯᠠᠭᠤᠯᠤᠭᠴᠢ᠄ ᠲ· ᠲᠦᠮᠡᠨᠴᠡᠴᠡᠭ
   ᠦᠰᠦᠭ ᠬᠠᠳᠠᠭᠴᠢ᠄ ᠴᠠᠬᠠᠷ ᠪᠠᠲᠤ
   ᠬᠢᠨᠠᠭᠴᠢ᠄ ᠭᠠᠷᠮ᠎ᠠ᠂ ᠢᠷᠡᠭᠡᠳᠦᠢ