ᠦᠨᠡᠭᠡ ᠡᠭᠡᠴᠢ ᠪᠠ ᠰᠡᠷᠡᠯ ᠴᠢᠨᠣ᠎ᠠ - ᠦᠯᠢᠭᠡᠷ ᠦᠨ ᠴᠠᠭ Үнэг эгч ба Саарал Чоно- Үлгэрийн цаг
ᠦᠨᠡᠭᠡ ᠡᠭᠡᠴᠢ ᠪᠠ ᠰᠡᠷᠡᠯ ᠴᠢᠨᠣ᠎ᠠ
ᠨᠢᠭᠡᠨ ᠵᠠᠮ ᠢ᠋ᠶ᠋ᠠᠷ ᠦᠨᠡᠭᠡ ᠭᠦᠶᠦᠵᠦ ᠶᠠᠪᠤᠲᠠᠯ᠎ᠠ ᠴᠢᠷᠭ᠎ᠠ ᠪᠠᠷ ᠢ᠋ᠶ᠋ᠠᠨ ᠳᠦᠭᠦᠷᠡᠩ ᠵᠢᠭᠠᠰᠤ ᠠᠴᠢᠭᠰᠠᠨ ᠡᠪᠦᠭᠡᠨ ᠢᠷᠡᠵᠦ ᠪᠠᠢᠬᠤ ᠶ᠋ᠢ ᠬᠠᠷᠠᠵᠤ ᠭᠡᠨ᠎ᠡ᠃ ᠵᠠᠯᠢᠲᠤ ᠦᠨᠡᠭᠡ ᠮᠡᠬᠡ ᠭᠠᠷᠭᠠᠨ ᠵᠠᠮ ᠤ᠋ᠨ ᠭᠣᠣᠯ ᠳ᠋ᠤ᠌ ᠦᠬᠦᠭᠰᠡᠨ ᠶᠦᠮ ᠰᠢᠭ ᠬᠡᠪᠲᠡᠭᠡᠳ ᠥᠭᠴᠦ ᠭᠡᠨ᠎ᠡ᠃ ᠭᠡᠲᠡᠯ᠎ᠡ ᠡᠪᠦᠭᠡᠨ ᠬᠡᠪᠲᠡᠵᠦ ᠪᠠᠢᠭ᠎ᠠ ᠦᠨᠡᠭᠡ ᠶ᠋ᠢ ᠬᠠᠷᠠᠭᠠᠳ ᠪᠢ ᠴᠢᠨᠢ ᠥᠨᠥᠳᠥᠷ ᠶᠠᠮᠠᠷ ᠰᠠᠢᠬᠠᠨ ᠠᠵᠠ ᠲᠠᠢ ᠶᠠᠪᠤᠭ᠎ᠠ ᠪᠣᠢ᠂ ᠵᠢᠭᠠᠰᠤ ᠶᠡᠬᠡ ᠪᠠᠷᠢᠭᠠᠳ ᠪᠠᠰᠠ ᠳᠡᠭᠡᠷ᠎ᠡ ᠨᠢ ᠡᠮᠡᠭᠡᠨ ᠳ᠋ᠦ᠍ ᠪᠡᠨ ᠳᠤᠯᠠᠭᠠᠬᠠᠨ ᠰᠠᠢᠬᠠᠨ ᠦᠨᠡᠭᠡᠨ ᠦ᠌ ᠵᠠᠬ᠎ᠠ ᠲᠠᠢ ᠪᠣᠯᠤᠯ᠎ᠠ ᠭᠡᠳ ᠦᠨᠡᠭᠡ ᠶ᠋ᠢ ᠴᠢᠷᠭᠠᠨ ᠳᠡᠭᠡᠷ᠎ᠡ ᠪᠡᠨ ᠲᠠᠯᠪᠢᠭᠠᠳ ᠴᠠᠰᠢ ᠶᠠᠪᠤᠯ᠎ᠠ᠃
ᠦᠨᠡᠭᠡ ᠡᠪᠦᠭᠡᠨ ᠦ᠌ ᠨᠢᠳᠦ ᠶ᠋ᠢ ᠬᠠᠷᠢᠭᠤᠯᠵᠤ ᠪᠠᠢᠭᠠᠳ ᠪᠦᠬᠦ ᠵᠢᠭᠠᠰᠤ ᠶ᠋ᠢ ᠨᠢ ᠴᠠᠰᠤ ᠤᠷᠤᠭᠤ ᠴᠤᠪᠤᠭᠤᠯᠤᠭᠠᠳ ᠰᠢᠳᠡᠴᠢᠬᠡᠵᠦ ᠭᠡᠨ᠎ᠡ᠃
ᠡᠪᠦᠭᠡᠨ ᠭᠡᠷ ᠲᠦ᠍ ᠪᠡᠨ ᠢᠷᠡᠭᠡᠳ᠄《 ᠵᠠ ᠡᠮᠡᠭᠡᠨ ᠮᠢᠨᠢ ᠪᠢ ᠴᠢᠮ᠎ᠠ ᠳ᠋ᠤ᠌ ᠦᠨᠡᠭᠡᠨ ᠦ᠌ ᠳᠤᠯᠠᠭᠠᠬᠠᠨ ᠰᠠᠢᠬᠠᠨ ᠵᠠᠬ᠎ᠠ ᠲᠠᠢ ᠢᠷᠡᠯ᠎ᠡ᠂ ᠪᠠᠰᠠ ᠴᠢᠷᠭ᠎ᠠ ᠳᠦᠭᠦᠷᠡᠩ ᠵᠢᠭᠠᠰᠤ ᠲᠠᠢ ᠢᠷᠡᠯ᠎ᠡ》 ᠭᠡᠵᠦ ᠭᠡᠨ᠎ᠡ᠃ ᠭᠡᠲᠡᠯ᠎ᠡ ᠡᠮᠡᠭᠡᠨ ᠴᠢᠷᠭᠠᠨ ᠳ᠋ᠤ᠌ ᠳᠥᠭᠥᠵᠦ ᠣᠴᠢᠲᠠᠯ᠎ᠠ ᠶᠠᠭᠤ ᠴᠤ᠌ ᠪᠠᠢᠭᠰᠠᠨ ᠦᠭᠡᠢ ᠭᠡᠨ᠎ᠡ᠃ ᠡᠮᠡᠭᠡᠨ ᠠᠭᠤᠷᠯᠠᠵᠤ᠄《 ᠵᠥᠨᠥᠭ ᠡᠪᠦᠭᠡᠨ ᠮᠢᠨᠢ ᠴᠢ ᠴᠢᠷᠭᠠᠨ ᠳᠡᠭᠡᠷ᠎ᠡ ᠵᠠᠬ᠎ᠠ᠂ ᠵᠢᠭᠠᠰᠤ ᠬᠣᠶᠠᠷ ᠤ᠋ᠨ ᠠᠯᠢ ᠠᠯᠢᠨ ᠴᠤ᠌ ᠠᠯᠠᠭ᠎ᠠ ᠭᠡᠯᠡ᠃ ᠬᠠᠷᠢᠨ ᠡᠪᠦᠭᠡᠨ ᠦᠨᠡᠭᠡᠨ ᠳ᠋ᠦ᠍ ᠮᠡᠬᠡᠯᠡᠭᠦᠯᠦᠭᠰᠡᠨ ᠢ᠋ᠶ᠋ᠠᠨ ᠲᠡᠭᠡᠲᠡᠯ᠎ᠡ ᠣᠢᠯᠠᠭᠠᠪᠠ ᠭᠡᠨ᠎ᠡ᠃
ᠡᠨᠡ ᠦᠶ᠎ᠡ ᠳ᠋ᠦ᠍ ᠦᠨᠡᠭᠡ ᠪᠦᠬᠦ ᠵᠢᠭᠠᠰᠤ ᠪᠠᠨ ᠴᠤᠭᠯᠠᠭᠤᠯᠵᠤ ᠠᠮᠲᠠᠷᠬᠠᠨ ᠢᠳᠡᠵᠦ ᠡᠬᠢᠯᠡᠯ᠎ᠡ᠂ ᠭᠡᠲᠡᠯ᠎ᠡ ᠬᠠᠵᠠᠭᠤ ᠪᠠᠷ ᠨᠢ ᠨᠢᠭᠡᠨ ᠴᠢᠨᠣ᠎ᠠ ᠭᠦᠶᠦᠵᠦ ᠶᠠᠪᠤᠭᠠᠳ᠄《 ᠦᠨᠡᠭᠡ ᠮᠢᠨᠢ ᠠ᠋᠂ ᠴᠢ ᠨᠠᠳᠠ ᠳ᠋ᠤ᠌ ᠵᠢᠭᠠᠰᠤᠨ ᠠ᠋ᠴᠠ ᠪᠠᠨ ᠥᠭᠭᠦᠭᠡᠴᠢ》 ᠭᠡᠵᠦ ᠭᠡᠨ᠎ᠡ᠃ ᠭᠡᠲᠡᠯ᠎ᠡ ᠦᠨᠡᠭᠡ᠄《 ᠴᠢ ᠥᠪᠡᠷ ᠢ᠋ᠶ᠋ᠠᠨ ᠪᠠᠷᠢᠵᠤ ᠢᠳᠡᠭᠡᠴᠢ》 ᠭᠡᠬᠦ ᠳ᠋ᠦ᠍ ᠴᠢᠨᠣ᠎ᠠ᠄《 ᠪᠢ ᠴᠢᠳᠠᠬᠤ ᠦᠭᠡᠢ ᠰᠢᠦ ᠳᠠ! ᠶᠠᠭᠠᠬᠢᠵᠤ ᠪᠠᠷᠢᠬᠤ ᠪᠣᠢ? ᠭᠡᠵᠦ ᠠᠰᠠᠭᠤᠲᠠᠯ᠎ᠠ᠂ ᠬᠥᠭᠡᠷᠦᠬᠦᠢ ᠳᠠ᠂ ᠴᠢ ᠮᠢᠨᠢ ᠭᠣᠣᠯ ᠳᠡᠭᠡᠷ᠎ᠡ ᠣᠴᠢᠭᠠᠳ ᠴᠣᠨᠣᠭ ᠳᠣᠲᠣᠷ᠎ᠠ ᠰᠡᠭᠦᠯ ᠢ᠋ᠶ᠋ᠠᠨ ᠬᠢᠭᠡᠳ ᠲᠣᠮᠣ ᠵᠢᠵᠢᠭ ᠵᠢᠭᠠᠰᠤ ᠨᠤᠭᠤᠳ ᠠ᠋᠂ ᠪᠠᠷᠢᠭᠳᠠᠭᠠᠷᠠᠢ ᠠ᠋! ᠭᠡᠳ ᠰᠢᠪᠡᠨᠡᠭᠡᠳ ᠪᠠᠢ》 ᠭᠡᠵᠦ ᠭᠡᠨ᠎ᠡ᠃ ᠴᠢᠨᠣ᠎ᠠ ᠭᠣᠣᠯ ᠳᠡᠭᠡᠷ᠎ᠡ ᠣᠴᠢᠭᠠᠳ ᠴᠣᠨᠣᠭ ᠲᠤ᠌ ᠰᠡᠭᠦᠯ ᠢ᠋ᠶ᠋ᠠᠨ ᠬᠢᠵᠦ ᠲᠣᠮᠣ ᠵᠢᠵᠢᠭ ᠵᠢᠭᠠᠰᠤ ᠨᠤᠭᠤᠳ ᠠ᠋᠂ ᠪᠠᠷᠢᠭᠳᠠᠭᠠᠷᠠᠢ ᠠ᠋! ᠲᠣᠮᠣ ᠵᠢᠵᠢᠭ ᠵᠢᠭᠠᠰᠤ ᠨᠤᠭᠤᠳ ᠠ᠋᠂ ᠪᠠᠷᠢᠭᠳᠠᠭᠠᠷᠠᠢ! ᠭᠡᠳ ᠰᠠᠭᠤᠭᠠᠳ ᠯᠠ ᠪᠠᠢᠵᠤ ᠭᠡᠨ᠎ᠡ᠃ ᠰᠠᠭᠤᠭᠠᠳ ᠯᠠ ᠪᠠᠢᠵᠤ ᠭᠡᠨ᠎ᠡ᠃
ᠴᠢᠨᠣ᠎ᠠ ᠰᠠᠭᠤᠭᠰᠠᠭᠠᠷ ᠪᠠᠢᠲᠠᠯ᠎ᠠ ᠰᠡᠭᠦᠯ ᠨᠢ ᠮᠥᠰᠥ ᠲᠡᠢ ᠪᠠᠷᠢᠯᠳᠤᠭᠠᠳ ᠬᠥᠯᠳᠡᠵᠡᠢ᠃
ᠥᠷᠯᠥᠭᠡ ᠨᠢ ᠲᠣᠰᠬᠣᠨ ᠤ᠋ ᠠᠪᠠᠭᠠᠢᠴᠤᠳ ᠭᠣᠣᠯ ᠳᠡᠭᠡᠷ᠎ᠡ ᠢᠷᠡᠵᠦ ᠴᠢᠨᠣ᠎ᠠ ᠶ᠋ᠢ ᠬᠠᠷᠠᠭᠠᠳ᠄《 ᠴᠣᠬᠢᠭᠠᠷᠠᠢ᠂ ᠴᠣᠬᠢᠭᠠᠷᠠᠢ ᠨᠠᠭᠠᠳᠤ ᠮᠠᠭᠤ ᠴᠢᠨᠣ᠎ᠠ ᠪᠠᠨ ᠴᠣᠬᠢᠭᠠᠷᠠᠢ!》 ᠭᠡᠳ ᠯᠡ ᠬᠠᠰᠬᠢᠷᠤᠯᠳᠤᠵᠤ ᠭᠡᠨ᠎ᠡ᠃
ᠦᠨᠡᠭᠡ ᠵᠢᠭᠠᠰᠤ ᠪᠠᠨ ᠢᠳᠡᠵᠦ ᠳᠠᠭᠤᠰᠤᠭᠠᠳ ᠳᠠᠬᠢᠭᠠᠳ ᠬᠡᠨ ᠨᠢᠭᠡᠨ ᠢ᠋ ᠴᠢᠳᠠᠮᠠᠷ ᠰᠠᠨᠠᠭᠳᠠᠵᠤ ᠪᠠᠢᠰᠢᠩ ᠳ᠋ᠤ᠌ ᠣᠷᠣᠭᠠᠳ ᠵᠠᠭᠤᠷᠠᠭᠰᠠᠨ ᠭᠤᠯᠢᠷ ᠲᠤ᠌ ᠲᠣᠯᠣᠭᠠᠢ ᠪᠠᠨ ᠲᠦᠷᠢᠴᠢᠬᠡᠭᠡᠳ ᠶᠠᠪᠤᠵᠤ ᠪᠠᠢᠲᠠᠯ᠎ᠠ ᠴᠢᠨᠣ᠎ᠠ ᠲᠠᠢ ᠲᠠᠭᠠᠷᠠᠯᠳᠤᠵᠤ ᠭᠡᠨ᠎ᠡ᠃ ᠴᠢᠨᠣ᠎ᠠ᠄《 ᠪᠢ ᠴᠢᠮ᠎ᠠ ᠠ᠋ᠴᠠ ᠪᠣᠯᠤᠭᠠᠳ ᠰᠡᠭᠦᠯ ᠢ᠋ᠶ᠋ᠠᠨ ᠲᠠᠰᠤᠳᠠᠭᠠᠳ ᠵᠣᠳᠣᠭᠤᠯᠤᠭᠠᠳ ᠶᠠᠪᠤᠵᠤ ᠪᠠᠢᠨ᠎ᠠ》 ᠭᠡᠲᠡᠯ᠎ᠡ ᠬᠥᠭᠡᠷᠦᠬᠦᠢ ᠴᠢᠨᠣ᠎ᠠ ᠮᠢᠨᠢ ᠴᠢᠨᠦ ᠰᠡᠭᠦᠯ ᠲᠠᠰᠤᠷᠠᠬᠤ ᠨᠢ ᠴᠦ᠍ ᠶᠠᠭᠠᠬᠢᠮᠤᠢ᠂ ᠬᠠᠷᠢᠨ ᠪᠢ ᠲᠠᠷᠢᠬᠢ ᠪᠠᠨ ᠭᠣᠭᠣᠵᠢᠲᠠᠯ᠎ᠠ ᠴᠣᠬᠢᠭᠤᠯᠤᠭᠠᠳ ᠶᠠᠪᠤᠵᠤ ᠪᠠᠢᠨ᠎ᠠ ᠭᠡᠳ ᠦᠨᠡᠭᠡ ᠬᠡᠯᠡᠵᠦ ᠭᠡᠨ᠎ᠡ᠃ ᠭᠡᠲᠡᠯ᠎ᠡ ᠴᠢᠨᠣ᠎ᠠ᠄《 ᠬᠥᠭᠡᠷᠦᠬᠦᠢ ᠳᠠ᠂ ᠮᠠᠭᠤ ᠦᠨᠡᠭᠡ ᠮᠢᠨᠢ ᠴᠢ ᠮᠢᠨᠦ ᠨᠢᠷᠤᠭᠤᠨ ᠳᠡᠭᠡᠷ᠎ᠡ ᠰᠠᠭᠤᠴᠢᠬ᠎ᠠ! ᠪᠢ ᠴᠢᠮ᠎ᠠ ᠶ᠋ᠢ ᠬᠦᠷᠭᠡᠵᠦ ᠦᠭᠬᠦᠶ᠎ᠡ》 ᠭᠡᠵᠦ ᠭᠡᠨ᠎ᠡ᠃
ᠦᠨᠡᠭᠡ ᠵᠣᠳᠣᠭᠤᠯᠤᠭᠰᠠᠨ ᠨᠢ ᠵᠣᠳᠣᠭᠤᠯᠤᠭᠠ ᠦᠭᠡᠢ ᠪᠡᠨ ᠡᠭᠦᠷᠦᠭᠡᠳ ᠶᠠᠪᠤᠵᠤ ᠪᠠᠢᠨ᠎ᠠ ᠭᠡᠵᠦ ᠳᠣᠲᠣᠷ᠎ᠠ ᠪᠠᠨ ᠪᠣᠳᠣᠵᠤ ᠶᠣᠰᠣᠲᠠᠢ ᠯᠠ ᠲᠡᠨᠡᠭ ᠴᠢᠨᠣ᠎ᠠ ᠶᠤᠮ ᠳᠠ ᠭᠡᠵᠦ ᠬᠥᠬᠡ ᠢᠨᠢᠶᠡᠳᠦ ᠨᠢ ᠬᠦᠷᠦᠭᠡᠳ ᠴᠢᠨᠣ᠎ᠠ ᠪᠠᠷ ᠡᠭᠦᠷᠦᠭᠦᠯᠦᠭᠡᠳ ᠶᠠᠪᠤᠭᠰᠠᠨ ᠭᠡᠳᠡᠭ ᠠ᠋᠃
ᠬᠡᠦᠬᠡᠳ ᠦ᠋ᠳ ᠠ᠋᠂ ᠬᠠᠢᠷᠠᠲᠤ ᠬᠡᠦᠬᠡᠳ ᠦ᠋ᠳ ᠠ᠋! ᠨᠠᠢᠵᠠ ᠨᠥᠬᠥᠳ ᠲᠦ᠍ ᠪᠡᠨ ᠬᠤᠳᠠᠯ ᠬᠡᠯᠡᠵᠦ᠂ ᠬᠤᠯᠠᠭᠠᠢ ᠬᠢᠵᠦ ᠬᠠᠭᠤᠷᠤᠨ ᠮᠡᠬᠡᠯᠡᠵᠦ ᠪᠣᠯᠬᠤ ᠦᠭᠡᠢ ᠨᠢ ᠪᠠᠢᠨ᠎ᠠ ᠰᠢᠦ ᠳᠠ!
ᠲᠡᠢᠮᠦ ᠠ᠋᠂ ᠦᠯᠢᠭᠡᠷ ᠡᠴᠡ ᠰᠤᠷᠬᠤ ᠶᠠᠭᠤᠮ᠎ᠠ ᠶᠡᠬᠡ ᠪᠣᠢ᠂ ᠮᠠᠰᠢ ᠰᠠᠢᠨ ᠮᠠᠭᠲᠠᠨ ᠳᠠᠭᠤᠯᠠᠭᠠᠳ ᠮᠠᠷᠭᠠᠰᠢ ᠶ᠋ᠢᠨ ᠦᠯᠢᠭᠡᠷ ᠢ᠋ᠶ᠋ᠠᠨ ᠬᠦᠯᠢᠶᠡᠨ ᠠᠪᠴᠤ ᠦᠵᠡᠭᠡᠷᠡᠢ ᠬᠡᠦᠬᠡᠳ ᠦ᠋ᠳ ᠠ᠋
ᠠᠮᠢᠯᠠᠭᠤᠯᠤᠭᠴᠢ᠄ ᠬᠠᠰᠴᠢᠮᠡᠭ
ᠬᠢᠨᠠᠭᠴᠢ᠄ ᠳ᠂ ᠪᠥᠬᠡᠴᠢᠯᠠᠭᠤ
