ᠮᠥᠩᠬᠡ ᠲᠩᠷᠢ ᠶ᠋ᠢᠨ ᠬᠤᠪᠢᠯᠭᠠᠨ ᠬᠦᠯᠦᠭ ᠥᠨᠳᠡᠭᠡᠨ ᠴᠠᠭᠠᠨ-ᠴᠢᠮᠡᠭᠡᠯᠳᠥМөнх тэнгэрийн хувилгаан хүлэг өндгөн цагаан-Чимээлт
ᠮᠥᠩᠬᠡ ᠲᠩᠷᠢ ᠶ᠋ᠢᠨ ᠬᠤᠪᠢᠯᠭᠠᠨ ᠬᠦᠯᠦᠭ ᠥᠨᠳᠡᠭᠡᠨ ᠴᠠᠭᠠᠨ
ᠴᠢᠮᠡᠭᠡᠯᠳᠥ
ᠴᠢᠩᠭᠢᠰ ᠬᠠᠭᠠᠨ᠂ ᠮᠣᠩᠭᠣᠯ ᠮᠣᠷᠢᠨ ᠤ᠋ ᠮᠣᠩᠭᠣᠯᠴᠤᠳ ᠲᠤ᠌ ᠦᠵᠡᠭᠦᠯᠦᠭᠰᠡᠨ ᠠᠯᠳᠠᠷ ᠭᠠᠪᠢᠶ᠎ᠠ ᠶ᠋ᠢ ᠲᠡᠮᠳᠡᠭᠯᠡᠬᠦ ᠶ᠋ᠢᠨ ᠲᠤᠯᠠᠳᠠ1211 ᠣᠨ ᠤ᠋ ᠵᠤᠨ ᠤ᠋ ᠳᠤᠮᠳᠠ ᠰᠠᠷ᠎ᠠ ᠶ᠋ᠢᠨ ᠶᠡᠬᠡ ᠤᠯᠠᠭᠠᠨ ᠲᠡᠷᠭᠡᠯ ᠡᠳᠦᠷ᠂ ᠬᠠᠷ᠎ᠠ ᠵᠢᠷᠦᠬᠡᠨ ᠦ᠌ ᠬᠥᠬᠡᠨᠠᠭᠤᠷ ᠤ᠋ᠨ ᠡᠬᠢᠨ ᠳ᠋ᠦ᠍ ᠲᠦᠮᠡᠨ ᠠᠭᠲᠠ ᠶ᠋ᠢᠨ ᠳᠤᠮᠳᠠ ᠠ᠋ᠴᠠ ᠪᠠᠨ ᠣᠩᠭᠣᠨ ᠰᠠᠭᠠᠷᠠᠯ ᠮᠣᠷᠢ ᠪᠠᠨ ᠰᠣᠩᠭᠣᠨ ᠣᠩᠭᠣᠯᠠᠵᠤ ᠮᠣᠩᠭᠣᠯ ᠮᠣᠷᠢᠨ ᠤ᠋ ᠭᠠᠪᠢᠶ᠎ᠠ ᠵᠢᠳᠬᠦᠯ ᠢ᠋ ᠲᠡᠮᠳᠡᠭᠯᠡᠭᠰᠡᠨ ᠪᠢᠯᠡ᠃ ᠡᠭᠦᠨ ᠡᠴᠡ ᠬᠣᠢᠰᠢ ᠮᠣᠷᠢ ᠨᠢ ᠬᠤᠪᠢᠯᠤᠨ ᠭᠡᠢᠳᠡᠭ ᠶᠣᠰᠣ ᠵᠥᠪᠬᠡᠨ ᠮᠣᠩᠭᠣᠯ ᠳ᠋ᠤ᠌ ᠯᠠ ᠪᠣᠢ ᠪᠣᠯᠤᠭᠰᠠᠨ᠃ ᠡᠨᠡᠬᠦ ᠣᠩᠭᠣᠨ ᠰᠠᠭᠠᠷᠠᠯ ᠮᠣᠷᠢ ᠶ᠋ᠢ ᠬᠥᠯ ᠢ᠋ᠶ᠋ᠡᠷ ᠢ᠋ᠶ᠋ᠡᠨ ᠥᠲᠡᠯᠬᠦ ᠶ᠋ᠢ ᠡᠷᠬᠢᠮᠯᠡᠨ ᠠᠲᠠᠷ ᠲᠠᠯᠪᠢᠵᠤ᠂ ᠯᠠᠪᠠᠢ ᠨᠢ ᠡᠯᠡᠭᠳᠡᠪᠡᠯ ᠮᠡᠨᠡᠮᠵᠢ ᠶ᠋ᠢᠨ ᠠᠭᠲᠠ ᠪᠠᠷ ᠰᠡᠯᠪᠢᠨ ᠲᠤᠩᠭᠠᠵᠤ ᠦᠶ᠎ᠡ ᠵᠠᠯᠭᠠᠨ ᠣᠩᠭᠣᠯᠠᠨ ᠥᠨᠥᠳᠥᠷ ᠲᠦ᠍ ᠢᠷᠡᠭᠰᠡᠨ᠂ ᠡᠨᠡ ᠣᠩᠭᠣᠨ ᠰᠠᠭᠠᠷᠠᠯ ᠮᠣᠷᠢ ᠴᠢᠩᠭᠢᠰ ᠬᠠᠭᠠᠨ ᠤ᠋ ᠴᠢᠬᠡᠨ ᠳ᠋ᠦ᠍ᠨᠢ ᠰᠢᠪᠰᠢᠭᠰᠡᠨ ᠦᠭᠡ ᠶ᠋ᠢ ᠠᠴᠢᠶᠠᠯᠠᠨ ᠥᠨᠥᠳᠥᠷ ᠲᠦ᠍ ᠢᠷᠡᠭᠰᠡᠨ ᠪᠢᠯᠡ᠃ ᠴᠢᠩᠭᠢᠰ ᠦ᠋ᠨ ᠣᠩᠭᠣᠨ ᠤ᠋ ᠬᠢᠨ ᠣᠷᠳᠣᠰ ᠲᠣᠭᠠᠯᠠᠯ ᠤ᠋ᠨ ᠵᠢᠷᠭᠤᠭᠠᠨ ᠰᠠᠷ᠎ᠠ ᠶ᠋ᠢᠨ ᠬᠣᠷᠢᠨ ᠨᠢᠭᠡᠨ ᠦ᠌ ᠴᠠᠭᠠᠨ ᠰᠦᠷᠦᠭ ᠦ᠋ᠨ ᠶᠡᠬᠡ ᠲᠠᠬᠢᠯᠭ᠎ᠠ ᠨᠢ ᠡᠨᠡᠬᠦ ᠥᠨᠳᠡᠭᠡᠨ ᠴᠠᠭᠠᠨ ᠤ᠋ ᠲᠠᠬᠢᠯᠭ᠎ᠠ ᠪᠠᠷ ᠡᠬᠢᠯᠡᠭᠦᠯᠳᠡᠭ ᠶᠦᠮ᠃ ᠡᠢᠮᠦ ᠡᠴᠡ ᠥᠨᠳᠡᠭᠡᠨ ᠴᠠᠭᠠᠨ ᠪᠣᠯ ᠡᠵᠡᠨ ᠴᠢᠩᠭᠢᠰ ᠬᠠᠭᠠᠨ ᠤ᠋ ᠰᠢᠲᠦᠳᠡᠭ ᠰᠢᠲᠦᠭᠡᠨ ᠮᠥᠷᠲᠡᠭᠡᠨ ᠲᠥᠷᠥ ᠶ᠋ᠢᠨ ᠰᠢᠲᠦᠭᠡᠨ ᠪᠣᠯᠤᠭᠰᠠᠨ ᠪᠢᠯᠡ᠃ ᠴᠢᠩᠭᠢᠰ ᠰᠢᠲᠦᠭᠡᠨ ᠦ᠌ ᠳᠣᠲᠣᠷ᠎ᠠ ᠪᠠᠢᠭ᠎ᠠ ᠴᠣᠷ ᠤ᠋ᠨ ᠭᠠᠭᠴᠠ ᠠᠮᠢᠳᠤ ᠰᠢᠲᠦᠭᠡᠨ ᠪᠣᠯᠤᠭᠰᠠᠨ ᠥᠨᠳᠡᠭᠡᠨ ᠴᠠᠭᠠᠨ ᠰᠢᠲᠦᠭᠡᠨ ᠨᠢ ᠲᠡᠦᠬᠡ ᠶ᠋ᠢᠨ ᠮᠡᠳᠡᠭᠡ ᠵᠠᠩᠭᠢ ᠶ᠋ᠢ ᠮᠢᠩᠭᠠᠨ ᠣᠨ ᠠᠴᠢᠶᠠᠯᠠᠨ ᠲᠡᠭᠡᠭᠡᠭᠰᠡᠭᠡᠷ ᠥᠨᠥᠳᠥᠷ ᠲᠦ᠍ ᠢᠷᠡᠭᠰᠡᠨ᠃ ᠲᠡᠷᠡ ᠨᠢ ᠮᠣᠩᠭᠣᠯ ᠲᠦᠮᠡᠨ ᠦ᠌ ᠮᠠᠨᠳᠤᠯ ᠪᠠᠭᠤᠷᠠᠯ ᠤ᠋ᠨ ᠠᠯᠢ ᠴᠤ᠌ ᠦᠶ᠎ᠡ ᠳ᠋ᠦ᠍ ᠭᠡᠳ ᠮᠣᠩᠭᠣᠯᠴᠤᠳ ᠤ᠋ᠨ ᠢᠲᠡᠭᠡᠯ ᠦ᠋ᠨ ᠭᠠᠯ ᠪᠣᠯᠵᠤ ᠮᠣᠩᠭᠣᠯ ᠲᠦᠮᠡᠨ ᠦ᠌ ᠰᠡᠳᠬᠢᠯ ᠦ᠋ᠨ ᠭᠦᠨ ᠳ᠋ᠦ᠍ ᠪᠠᠳᠮᠠᠯᠠᠭᠰᠠᠭᠠᠷ ᠢᠷᠡᠭᠰᠡᠨ᠃ ᠥᠨᠳᠡᠭᠡᠨ ᠴᠠᠭᠠᠨ ᠰᠢᠲᠦᠭᠡᠨ ᠨᠢ ᠪᠣᠭᠳᠠ ᠡᠵᠡᠨ ᠴᠢᠩᠭᠢᠰ ᠬᠠᠭᠠᠨ ᠤ᠋ ᠪᠤᠶᠠᠨ ᠢ᠋ᠶ᠋ᠠᠷ ᠨᠡᠭᠦᠳᠡᠯ ᠰᠣᠶᠣᠯ ᠤ᠋ᠨ ᠢᠷᠭᠡᠨᠰᠢᠯ ᠳ᠋ᠦ᠍ ᠨᠡᠮᠡᠷᠢᠯᠡᠭᠰᠡᠨ ᠨᠢᠭᠡᠨ ᠭᠠᠢᠬᠠᠮᠰᠢᠭᠲᠤ ᠠᠭᠤᠯᠭ᠎ᠠ ᠪᠣᠯᠬᠣᠷ ᠶᠢᠷᠲᠢᠨᠴᠦ ᠶ᠋ᠢᠨ ᠬᠥᠳᠡᠯᠬᠦ ᠪᠦᠭᠦᠳᠡ ᠶ᠋ᠢᠨ ᠡᠷᠭᠦᠯ ᠬᠦᠨᠳᠦᠳᠬᠡᠯ ᠢ᠋ ᠣᠯᠬᠤ ᠨᠢ ᠲᠡᠭᠷᠢ ᠶ᠋ᠢᠨ ᠵᠦᠢ ᠭᠡᠬᠦ ᠳ᠋ᠦ᠍ ᠲᠡᠭᠦᠨ ᠦ᠌ ᠭᠠᠵᠠᠷ ᠭᠢᠰᠬᠢᠭᠰᠡᠨ ᠨᠤᠲᠤᠭ ᠳᠠᠶᠠᠭᠠᠷ ᠲᠤ᠌ ᠥᠯᠵᠡᠢ ᠬᠤᠲᠤᠭ ᠣᠷᠣᠰᠢᠵᠤ᠂ ᠥᠪ ᠲᠣᠨᠣᠭ ᠥᠷᠭᠡᠵᠢᠨ᠂ ᠠᠷᠠᠳ ᠲᠦᠮᠡᠨ ᠠᠮᠤᠷ ᠵᠢᠷᠭᠠᠬᠤ ᠨᠢ ᠭᠠᠵᠠᠷ ᠤ᠋ᠨ ᠵᠦᠢ᠂ ᠬᠥᠮᠦᠨ ᠦ᠌ ᠶᠣᠰᠣᠨ ᠪᠢᠯᠡ᠃
ᠥᠨᠳᠡᠭᠡᠨ ᠴᠠᠭᠠᠨ ᠢ᠋ ᠲᠡᠮᠦᠵᠢᠨ ᠬᠥᠲᠥᠯᠵᠦ
ᠮᠣᠩᠭᠣᠯ ᠤ᠋ᠨ ᠵᠠᠭᠤᠨ ᠡᠬᠢᠯᠡᠭᠰᠡᠨ ᠶᠦᠮ᠃
ᠥᠨᠳᠡᠭᠡᠨ ᠴᠠᠭᠠᠨ ᠪᠢᠳᠡᠨ ᠢ᠋ ᠬᠥᠲᠥᠯᠵᠦ
ᠬᠢᠲᠠᠳ ᠤ᠋ᠨ ᠵᠠᠭᠤᠨ ᠬᠦᠷᠦᠭᠰᠡᠨ ᠶᠦᠮ᠃ (ᠠᠩᠭᠢᠲᠤ ᠶ᠋ᠢᠨ ᠰᠢᠯᠦᠭ)
ᠥᠨᠳᠡᠭᠡᠨ ᠴᠠᠭᠠᠨ ᠬᠣᠢᠴᠢᠰ ᠢ᠋ ᠮᠢᠨᠢ ᠬᠥᠲᠥᠯᠵᠦ
ᠢᠷᠡᠭᠡᠳᠦᠢ ᠵᠠᠭᠤᠨ ᠳ᠋ᠤ᠌ ᠬᠦᠷᠭᠡᠬᠦ ᠶᠦᠮ᠃
ᠲᠠᠯ᠎ᠠ ᠶ᠋ᠢᠨ ᠬᠥᠮᠦᠨ ᠦᠵᠡᠪᠡᠯ
ᠡᠵᠡᠨ ᠴᠦ᠍ ᠦᠭᠡᠢ ᠥᠨᠳᠡᠭᠡᠨ ᠴᠠᠭᠠᠨ᠃
ᠲᠠ ᠪᠢᠳᠡ ᠦᠵᠡᠪᠡᠯ ᠡᠵᠡᠨ ᠰᠢᠦᠬᠡᠨ
ᠥᠨᠳᠡᠭᠡᠨ ᠴᠠᠭᠠᠨ᠃
ᠲᠠᠨᠢᠬᠤ ᠦᠭᠡᠢ ᠬᠥᠮᠦᠨ ᠦᠵᠡᠪᠡᠯ
ᠣᠩᠭᠣᠨ ᠰᠡᠲᠡᠷ ᠲᠡᠢ ᠥᠨᠳᠡᠭᠡᠨ ᠴᠠᠭᠠᠨ᠃
ᠲᠠᠰᠤᠷᠬᠠᠢ ᠮᠡᠷᠭᠡᠳ ᠦᠵᠡᠪᠡᠯ
ᠣᠷᠴᠢᠯᠠᠩ ᠤ᠋ᠨ ᠭᠠᠢᠬᠠᠮᠰᠢᠭ ᠥᠨᠳᠡᠭᠡᠨ ᠴᠠᠭᠠᠨ᠃ (ᠠᠩᠭᠢᠲᠤ ᠶ᠋ᠢᠨ ᠰᠢᠯᠦᠭ)
ᠪᠤᠷᠬᠠᠨ ᠬᠠᠯᠳᠣᠨᠠ ᠨᠤᠲᠤᠭ ᠲᠠᠢ ᠥᠨᠳᠡᠭᠡᠨ ᠴᠠᠭᠠᠨ
ᠪᠣᠭᠳᠠ ᠴᠢᠩᠭᠢᠰ ᠦ᠋ᠨ ᠣᠩᠭᠣᠯᠠᠭᠰᠠᠨ ᠥᠨᠳᠡᠭᠡᠨ ᠴᠠᠭᠠᠨ
ᠪᠤᠷᠬᠠᠨ ᠬᠠᠲᠠᠭᠤ ᠳ᠋ᠤ᠌ ᠤᠨᠠᠭᠠᠯᠠᠭᠰᠠᠨ ᠥᠨᠳᠡᠭᠡᠨ ᠴᠠᠭᠠᠨ
ᠪᠦᠭᠦᠳᠡ ᠮᠣᠩᠭᠣᠯᠴᠤᠳ ᠤ᠋ᠨ ᠰᠢᠲᠦᠭᠡᠨ ᠥᠨᠳᠡᠭᠡᠨ ᠴᠠᠭᠠᠨ᠃
ᠤᠮᠠᠷᠠᠲᠤ ᠶᠤᠸᠠᠨ ᠤᠯᠤᠰ ᠤ᠋ᠨ ᠦᠶ᠎ᠡ ᠬᠦᠷᠴᠦ ᠢᠷᠡᠬᠦ ᠳ᠋ᠦ᠍᠂ ᠭᠦᠨᠪᠢᠯᠢᠭ ᠵᠢᠨᠦᠩ᠂ ᠣᠷᠳᠣᠰ ᠲᠦᠮᠡᠨ ᠢ᠋ᠶ᠋ᠡᠨ ᠳᠠᠭᠠᠭᠤᠯᠤᠨ᠂ ᠣᠳᠣ ᠶ᠋ᠢᠨ ᠣᠷᠳᠣᠰ ᠤ᠋ᠨ ᠨᠤᠲᠤᠭ ᠪᠡᠯᠴᠢᠭᠡᠷ ᠲᠦ᠍ ᠨᠤᠲᠤᠭᠯᠠᠨ᠂ ᠥᠨᠳᠡᠭᠡᠨ ᠴᠠᠭᠠᠨ ᠢ᠋ ᠲᠠᠬᠢᠬᠤ᠂ ᠰᠢᠲᠦᠬᠦ᠂ ᠬᠠᠯᠠᠨ ᠲᠤᠩᠭᠠᠬᠤ ᠨᠢ ᠪᠦᠷ ᠡᠨᠡ ᠨᠤᠲᠤᠭ ᠲᠤ᠌ ᠰᠢᠯᠵᠢᠭᠰᠡᠨ ᠪᠠᠢᠨ᠎ᠠ᠃
ᠥᠨᠳᠡᠭᠡᠨ ᠴᠠᠭᠠᠨ ᠮᠣᠷᠢᠨ ᠤ᠋ ᠠᠮᠢᠳᠤ ᠪᠦᠷᠢᠯᠸ᠎ᠠ ᠶ᠋ᠢᠨ ᠰᠢᠨᠵᠢ ᠪᠠᠢᠳᠠᠯ᠂ ᠪᠡᠯᠭᠡ ᠲᠡᠮᠳᠡᠭ ᠭᠡᠪᠡᠯ ᠄
1. ᠡᠷᠬᠡᠪᠰᠢ ᠤᠨᠠᠭᠠᠨ ᠳᠡᠯ ᠲᠡᠢ ᠪᠡᠨ ᠪᠠᠢᠬᠤ
2.ᠮᠠᠭᠤ ᠪᠡᠯᠭᠡ ᠢᠷᠣ᠎ᠠ ᠲᠠᠢ ᠡᠷᠭᠢᠭᠦᠯᠭᠡ ᠦᠭᠡᠢ ᠪᠠᠢᠬᠤ
3. ᠬᠣᠶᠠᠷ ᠨᠢᠳᠦ ᠨᠢ ᠳᠡᠰ ᠬᠠᠷ᠎ᠠ ᠪᠠᠢᠬᠤ
4. ᠳᠥᠷᠪᠡᠨ ᠲᠤᠭᠤᠷᠠᠢ ᠨᠢ ᠵᠢᠭᠠᠬᠠᠨ ᠴᠤ᠌ ᠡᠷᠢᠶᠡᠨ ᠥᠩᠭᠡ ᠦᠭᠡᠢ᠂ ᠳᠡᠰ ᠬᠠᠷ᠎ᠠ ᠪᠠᠢᠬᠤ
5. ᠬᠣᠶᠠᠷ ᠴᠢᠬᠢ ᠲᠡᠩᠴᠡᠭᠦᠦ ᠪᠠᠢᠬᠤ
6. ᠲᠡᠰᠢᠶ᠎ᠡ ᠳᠦᠭᠦᠷᠡᠩ ᠪᠠᠢᠬᠤ
7. ᠣᠮᠣᠷᠤᠤ ᠨᠢ ᠥᠷᠭᠡᠨ ᠪᠠᠢᠬᠤ
8. ᠥᠨᠳᠡᠭᠡ ᠰᠢᠭ ᠴᠠᠪ ᠴᠠᠭᠠᠨ ᠵᠢᠰᠦᠮ ᠪᠠᠢᠬᠤ
9. ᠪᠦᠬᠦᠯᠢ ᠪᠡᠶ᠎ᠡ ᠶ᠋ᠢᠨ ᠦᠰᠦᠨ ᠳ᠋ᠦ᠍ ᠨᠢ ᠥᠭᠡᠷ᠎ᠡ ᠥᠩᠭᠡ ᠶ᠋ᠢᠨ ᠦᠰᠦ ᠨᠢᠭᠡ ᠰᠢᠷᠬᠡᠭ ᠴᠦ᠍ ᠬᠣᠯᠢᠭᠰᠠᠨ ᠦᠭᠡᠢ ᠪᠠᠢᠬᠤ ᠵᠡᠷᠭᠡ ᠨᠥᠬᠥᠴᠡᠯ ᠢ᠋ ᠪᠦᠷᠢᠯᠳᠦᠭᠦᠯᠦᠭᠰᠡᠨ ᠪᠠᠢᠬᠤ ᠬᠡᠷᠡᠭᠲᠡᠢ᠃
ᠥᠨᠳᠡᠭᠡᠨ ᠴᠠᠭᠠᠨ ᠣᠷᠳᠣᠰ ᠨᠤᠲᠤᠭ ᠲᠤ᠌ ᠰᠠᠭᠠᠲᠠᠭᠰᠠᠨ ᠤ᠋ ᠰᠡᠭᠦᠯᠡᠷ᠂ ᠭᠣᠣᠯᠳᠠᠭᠤ ᠣᠷᠳᠣᠰ ᠤ᠋ᠨ ᠵᠡᠭᠦᠨᠭᠠᠷ ᠬᠤᠰᠢᠭᠤᠨ ᠤ᠋ ᠬᠠᠷᠢᠶ᠎ᠠ ᠪᠠᠢᠭᠰᠠᠨ ᠲᠦᠮᠡᠳ ᠦ᠋ᠨ ᠲᠠᠯ᠎ᠠ ᠳ᠋ᠤ᠌ ᠣᠯᠠᠨ ᠤᠳᠠᠭ᠎ᠠ ᠪᠦᠷᠢᠯᠸ᠎ᠠ ᠰᠣᠯᠢᠵᠤ᠂ ᠣᠯᠠᠨ ᠵᠠᠭᠤᠨ ᠵᠢᠯ ᠪᠡᠯᠴᠢᠭᠡᠷᠯᠡᠭᠦᠯᠵᠦ ᠢᠷᠡᠵᠡᠢ᠃ ᠵᠢᠯ ᠪᠣᠯᠭᠠᠨ ᠤ᠋ ᠣᠷᠳᠣᠰ ᠲᠣᠭᠠᠯᠠᠯ ᠤ᠋ᠨ ᠵᠢᠷᠭᠤᠭᠠᠨ ᠰᠠᠷ᠎ᠠ ᠶ᠋ᠢᠨ ᠬᠣᠷᠢᠨ ᠨᠢᠭᠡᠨ ᠦ᠌ ᠡᠳᠦᠷ᠂ ᠥᠨᠳᠡᠭᠡᠨ ᠴᠠᠭᠠᠨ ᠤ᠋ ᠰᠢᠲᠦᠭᠡᠨ ᠢ᠋ ᠴᠢᠩᠭᠢᠰ ᠦ᠋ᠨ ᠣᠩᠭᠣᠨ ᠳᠡᠭᠡᠷ᠎ᠡ ᠠᠪᠴᠢᠷᠠᠨ ᠵᠢᠭᠡᠯᠡᠭᠦᠯᠳᠡᠭ ᠪᠥᠭᠡᠳ ᠣᠯᠠᠨ ᠮᠥᠷᠭᠥᠯᠴᠢᠳ ᠲᠦ᠍ ᠠᠳᠢᠰ ᠲᠠᠯᠪᠢᠳᠠᠭ᠂ ᠴᠠᠭᠠᠨ ᠰᠦᠷᠦᠭ ᠦ᠋ᠨ ᠳᠠᠢᠯᠭ᠎ᠠ ᠥᠩᠭᠡᠷᠡᠮᠡᠭᠴᠡ᠂ ᠵᠡᠭᠦᠨᠭᠠᠷ ᠵᠤᠮ᠎ᠠ ᠪᠠᠷ ᠲᠦᠮᠡᠳ ᠦ᠋ᠨ ᠲᠠᠯ᠎ᠠ ᠳ᠋ᠤ᠌ ᠬᠦᠷᠭᠡᠵᠦ ᠪᠡᠯᠴᠢᠭᠡᠷᠯᠡᠭᠦᠯᠳᠡᠭ᠃
ᠳᠠᠷᠬᠠᠳ ᠤ᠋ᠨ ᠥᠨᠳᠥᠷ ᠨᠠᠰᠤᠲᠠᠨ ᠲᠠᠬᠢᠯᠭ᠎ᠠ ᠶ᠋ᠢᠨ ᠶᠠᠪᠤᠳᠠᠯ ᠢ᠋ ᠭᠦᠢᠴᠡᠳᠬᠡᠭᠴᠢ ᠭᠠᠷᠤᠳᠢ ᠭᠤᠸᠠᠢ ᠶ᠋ᠢᠨ ᠬᠡᠯᠡᠬᠦ ᠪᠡᠷ ᠄1966 ᠣᠨ ᠤ᠋ ᠣᠷᠳᠣᠰ ᠲᠣᠭᠠᠯᠠᠯ ᠤ᠋ᠨ ᠵᠢᠷᠭᠤᠭᠠᠨ ᠰᠠᠷ᠎ᠠ ᠶ᠋ᠢᠨ ᠬᠣᠷᠢᠨ ᠨᠢᠭᠡᠨ ᠦ᠌ ᠴᠠᠭᠠᠨ ᠰᠦᠷᠦᠭ ᠦ᠋ᠨ ᠶᠡᠬᠡ ᠲᠠᠬᠢᠯᠭ᠎ᠠ ᠥᠷᠯᠥᠭᠡ ᠡᠬᠢᠯᠡᠬᠦ ᠲᠡᠢ ᠵᠡᠷᠭᠡ ᠬᠥᠮᠦᠰ ᠥᠨᠳᠡᠭᠡᠨ ᠴᠠᠭᠠᠨ ᠰᠢᠲᠦᠭᠡᠨ ᠳ᠋ᠦ᠍ ᠮᠥᠷᠭᠥᠬᠦ ᠦᠶᠡᠰ ᠲᠦ᠍᠂ ᠥᠨᠳᠡᠭᠡᠨ ᠴᠠᠭᠠᠨ ᠣᠨᠴᠠ ᠶ᠋ᠢᠨ ᠳᠣᠭᠰᠢᠨ ᠵᠠᠩ ᠢ᠋ᠶ᠋ᠠᠷ ᠪᠤᠯᠭᠢᠨ ᠨᠢᠭᠡ ᠴᠦ᠍ ᠬᠥᠮᠦᠨ ᠳ᠋ᠦ᠍ ᠠᠳᠢᠰ ᠲᠠᠯᠪᠢᠯ ᠦᠭᠡᠢ ᠡᠴᠦᠰ ᠲᠡᠭᠡᠨ ᠪᠣᠷᠣ ᠥᠨᠳᠥᠷ ᠲᠦ᠍ ᠬᠢ ᠠᠢᠷᠠᠭ ᠢ᠋ ᠪᠦᠲᠦᠨ ᠲᠠᠯ᠎ᠠ ᠴᠠᠯᠭᠢᠭᠤᠯᠵᠤ ᠲᠠᠯᠪᠢᠭᠠᠳ ᠠᠯᠳᠠᠭᠤᠯᠵᠤ ᠶᠠᠪᠤᠭᠰᠠᠨ ᠭᠡᠨ᠎ᠡ᠃ ᠳᠠᠷᠠᠭ᠎ᠠ ᠵᠢᠯ ᠨᠢ ᠰᠣᠶᠣᠯ ᠤ᠋ᠨ ᠬᠤᠪᠢᠰᠬᠠᠯ ᠤ᠋ᠨ ᠨᠥᠯᠥᠭᠡ ᠪᠡᠷ ᠴᠢᠩᠭᠢᠰ ᠦ᠋ᠨ ᠣᠩᠭᠣᠨ ᠤ᠋ ᠲᠠᠬᠢᠯᠭ᠎ᠠ ᠲᠠᠯᠬᠢᠭᠳᠠᠭᠰᠠᠨ ᠶᠤᠮ᠃
ᠣᠳᠣ ᠶ᠋ᠢᠨ ᠥᠨᠳᠡᠭᠡᠨ ᠴᠠᠭᠠᠨ ᠤ᠋ ᠨᠤᠲᠤᠭ ᠭᠠᠯᠠᠭᠤᠲᠤ ᠰᠤᠮᠤᠨ ᠤ᠋ ᠬᠥᠬᠡᠨᠠᠭᠤᠷ ᠭᠠᠴᠠᠭ᠎ᠠ ᠪᠣᠯ ᠬᠣᠢᠲᠤ ᠵᠡᠭᠦᠨ ᠲᠠᠯ᠎ᠠ ᠪᠠᠷ ᠢ᠋ᠶ᠋ᠠᠨ ᠣᠬᠢ ᠭᠢᠯᠭᠠᠨ᠎ᠠ᠂ ᠰᠢᠪᠠᠭ ᠬᠠᠷᠭᠠᠨ᠎ᠠ ᠬᠥᠬᠡᠷᠡᠨ᠂ ᠮᠠᠭᠠᠰᠢᠭᠠᠢ᠂ ᠴᠠᠭᠠᠨ ᠲᠣᠯᠣᠭᠠᠢ᠂ ᠲᠡᠮᠦᠷ ᠣᠪᠣᠭᠠᠨ ᠰᠢᠯᠢ ᠵᠠᠯᠭᠠᠯᠳᠤᠵᠤ᠂ ᠡᠮᠦᠨ᠎ᠡ ᠪᠠᠷᠠᠭᠤᠨ ᠪᠡᠶ᠎ᠡ ᠪᠡᠷ ᠢ᠋ᠶ᠋ᠡᠨ ᠰᠣᠯᠢ᠂ ᠬᠤᠯᠤᠰᠤ᠂ ᠪᠤᠷᠭᠠᠰᠤ ᠪᠤᠲᠠ ᠨᠠᠢᠭᠤᠭᠰᠠᠨ ᠰᠣᠯᠢᠲᠦ ᠶ᠋ᠢᠨ ᠣᠷᠣᠢ᠂ ᠬᠠᠷᠭᠠᠨᠠᠲᠦ ᠶ᠋ᠢᠨ ᠪᠠᠯᠠᠷ ᠦᠷᠭᠦᠯᠵᠢᠯᠡᠨ᠂ ᠲᠡᠭᠦᠨ ᠦ᠌ ᠳᠤᠮᠳᠠᠭᠤᠷ ᠣᠮᠪᠤᠢ᠂ ᠬᠥᠬᠡᠨᠠᠭᠤᠷ᠂ ᠴᠢᠨᠳᠠ ᠶ᠋ᠢᠨ ᠴᠠᠢᠳᠠᠮ ᠴᠡᠩᠬᠡᠷᠯᠡᠭᠡᠳ᠂ ᠴᠡᠭᠡᠨ ᠲᠤᠶᠠᠭ᠎ᠠ ᠲᠠᠲᠠᠭᠰᠠᠨ ᠬᠥᠬᠡ ᠨᠠᠭᠤᠷ᠂ ᠪᠠᠭ᠎ᠠ ᠨᠠᠭᠤᠷ᠂ ᠪᠠᠷᠰᠤᠩᠭᠤ ᠶ᠋ᠢᠨ ᠨᠠᠭᠤᠷ ᠪᠠ ᠬᠤᠯᠤᠰᠤᠲᠤ ᠪᠤᠯᠠᠭ᠂ ᠪᠠᠶᠠᠨ ᠪᠤᠯᠠᠭ᠂ ᠣᠯᠠᠨ ᠪᠦᠷᠢᠳᠦ ᠶ᠋ᠢᠨ ᠤᠰᠤ ᠨᠢ ᠬᠥᠬᠡᠨᠠᠭᠤᠷ ᠤ᠋ᠨ ᠪᠠᠯᠠᠷ ᠮᠠᠩᠬ᠎ᠠ᠂ ᠰᠢᠯᠢ ᠴᠠᠢᠳᠠᠮ᠂ ᠬᠥᠳᠡᠭᠡ ᠭᠣᠪᠢ ᠶ᠋ᠢ ᠤᠮᠳᠠᠯᠠᠭᠰᠠᠨ ᠠ᠋ᠴᠠ᠂ ᠠᠳᠤᠭᠤ ᠮᠠᠯ ᠪᠡᠯᠴᠢᠨ ᠦᠷᠡᠵᠢᠬᠦ ᠳ᠋ᠦ᠍ ᠲᠣᠬᠢᠷᠠᠮᠵᠢᠲᠠᠢ ᠰᠠᠢᠬᠠᠨ ᠨᠤᠲᠤᠭ ᠶᠤᠮ᠃ 1975 ᠣᠨ ᠪᠣᠯᠬᠤ ᠳ᠋ᠤ᠌ ᠬᠥᠬᠡᠨᠠᠭᠤᠷ ᠭᠠᠴᠠᠭᠠᠨ ᠤ᠋ ᠠᠳᠤᠭᠤᠨ ᠰᠦᠷᠦᠭ ᠨᠢ ᠮᠢᠩᠭᠠᠨ ᠲᠠᠪᠤᠨ ᠵᠠᠭᠤᠨ ᠲᠣᠯᠣᠭᠠᠢ ᠶ᠋ᠢ ᠳᠠᠪᠠᠵᠤ᠂ ᠣᠢᠷ᠎ᠠ ᠣᠷᠴᠢᠮ ᠳ᠋ᠠᠭᠠᠨ ᠠᠳᠤᠭᠤᠨ ᠲᠣᠭ᠎ᠠ ᠲᠣᠯᠣᠭᠠᠢ ᠪᠠᠷ ᠬᠠᠮᠤᠭ ᠣᠯᠠᠨ ᠭᠠᠴᠠᠭ᠎ᠠ ᠪᠠᠢᠭᠰᠠᠨ ᠪᠢᠯᠡ᠃
ᠥᠨᠥ ᠶ᠋ᠢᠨ ᠥᠨᠳᠡᠭᠡᠨ ᠴᠠᠭᠠᠨ ᠮᠣᠷᠢᠨ ᠤᠨᠠᠭᠠᠨ ᠪᠠᠭᠤᠴᠠ ᠪᠣᠯ ᠶᠡᠬᠡᠴᠦᠳ ᠦ᠋ᠨ ᠶᠠᠷᠢᠶᠠᠨ ᠤ᠋ ᠭᠡᠩᠬᠡᠢ (ᠬᠡᠩᠭᠡᠷᠭᠡ) ᠶ᠋ᠢᠨ ᠬᠣᠲᠠ ᠶᠢᠨ ᠬᠣᠢᠲᠤ ᠡᠭᠦᠳᠡᠨ ᠡᠴᠡ ᠬᠣᠢᠰᠢ ᠨᠢᠭᠡ ᠺᠢᠯᠣᠮᠧᠲ᠋ᠷ ᠵᠠᠢ ᠲᠠᠢ ᠪᠠᠢᠵᠤ ᠨᠤᠲᠤᠭ ᠤ᠋ᠨ ᠪᠠᠢᠷᠢ ᠪᠠᠢᠴᠠ ᠨᠢ ᠡᠮᠦᠨ᠎ᠡ ᠪᠡᠨ ᠬᠥᠬᠡᠨᠠᠭᠤᠷ᠂ ᠬᠥᠬᠡᠨᠠᠭᠤᠷ ᠤ᠋ᠨ ᠵᠡᠭᠦᠨ ᠬᠣᠢᠲᠠᠢ ᠨᠢ ᠪᠤᠷᠬᠠᠨ ᠬᠠᠲᠠᠭᠤ᠂ ᠬᠥᠬᠡᠨᠠᠭᠤᠷ ᠤ᠋ᠨ ᠪᠠᠷᠠᠭᠤᠨ ᠲᠠᠯ᠎ᠠ ᠳ᠋ᠤ᠌ ᠳᠠᠭᠢᠨᠢ ᠶ᠋ᠢᠨ ᠬᠠᠲᠠᠭᠤ᠂ ᠪᠠᠷᠠᠭᠤᠨ ᠬᠣᠢᠰᠢ ᠪᠠᠨ ᠪᠠᠷᠤᠭ ᠬᠣᠶᠠᠷ ᠺᠢᠯᠣᠮᠧᠲ᠋ᠷ ᠲᠦ᠍ ᠭᠣᠷᠭᠣᠢ ᠶ᠋ᠢᠨ ᠣᠷᠣᠢ ᠪᠠᠢᠳᠠᠭ᠂ ᠬᠥᠬᠡᠨᠠᠭᠤᠷ ᠤ᠋ᠨ ᠪᠠᠷᠠᠭᠤᠨ ᠬᠣᠢᠲᠤ ᠡᠬᠢ ᠤᠷᠤᠭᠤ ᠨᠢ ᠮᠤᠬᠤᠷ ᠭᠣᠣᠯ ᠴᠢᠳᠬᠤᠳᠠᠭ᠃ ᠵᠡᠭᠦᠨ ᠡᠮᠦᠨᠡᠰᠢ ᠪᠠᠷᠤᠭ ᠠᠷᠪᠠᠨ ᠺᠢᠯᠣᠮᠧᠲ᠋ᠷ ᠵᠠᠢ ᠳ᠋ᠤ᠌ ᠲᠡᠮᠦᠷ ᠣᠪᠣᠭ᠎ᠠ ᠪᠠᠢᠳᠠᠭ᠃ ᠲᠤᠬᠠᠢ ᠭᠠᠵᠠᠷ ᠤ᠋ᠨ ᠳᠣᠮᠣᠭ ᠲᠤ᠌ ᠳᠠᠭᠢᠨᠢ ᠶ᠋ᠢᠨ ᠬᠠᠲᠠᠭᠤ ᠳᠡᠭᠡᠷ᠎ᠡ ᠵᠤᠨ ᠤ᠋ ᠳᠡᠯᠭᠡᠷ ᠰᠠᠢᠬᠠᠨ ᠤᠯᠠᠷᠢᠯ ᠳ᠋ᠤ᠌ ᠲᠡᠭᠷᠢ ᠶ᠋ᠢᠨ ᠳᠣᠯᠣᠭᠠᠨ ᠪᠤᠷᠬᠠᠨ ᠣᠳᠣᠨ ᠤ᠋ ᠳᠣᠯᠣᠭᠠᠨ ᠬᠤᠪᠢᠯᠭᠠᠨ ᠥᠬᠢᠨ ᠪᠠᠭᠤᠵᠤ᠂ ᠡᠨᠡᠬᠦ ᠮᠤᠬᠤᠷ ᠭᠣᠣᠯ ᠳ᠋ᠤ᠌ ᠪᠡᠶ᠎ᠡ ᠪᠡᠨ ᠤᠬᠢᠶᠠᠵᠤ ᠨᠠᠭᠠᠳᠳᠠᠭ ᠭᠡᠳᠡᠭ᠃ ᠡᠢᠮᠦ ᠡᠴᠡ ᠡᠷᠲᠡ ᠳ᠋ᠡᠭᠡᠨ ᠮᠤᠬᠤᠷ ᠭᠣᠣᠯ ᠳ᠋ᠤ᠌ ᠯᠣᠰᠣᠳ ᠤ᠋ᠨ ᠲᠠᠬᠢᠯᠭ᠎ᠠ ᠬᠢᠵᠦ ᠪᠠᠢᠭᠰᠠᠨ ᠭᠡᠨ᠎ᠡ᠃ ᠣᠢᠷ᠎ᠠ ᠶ᠋ᠢᠨ ᠬᠡᠳᠦᠨ ᠵᠢᠯ ᠡᠴᠡ ᠳᠠᠬᠢᠨ ᠰᠡᠷᠭᠦᠭᠡᠭᠳᠡᠵᠦ ᠪᠣᠢ᠃ ᠥᠨᠳᠡᠭᠡᠨ ᠴᠠᠭᠠᠨ ᠮᠣᠷᠢᠨ ᠤ᠋ ᠤᠨᠠᠭᠠᠨ ᠪᠠᠭᠤᠴᠠ ᠪᠣᠯ ᠡᠢᠮᠦ ᠰᠢᠨᠵᠢ ᠲᠡᠭᠦᠰ ᠨᠤᠲᠤᠭ ᠪᠢᠯᠡ᠃
1984 ᠣᠨ ᠤ᠋ ᠣᠷᠳᠣᠰ ᠲᠣᠭᠠᠯᠠᠯ ᠤ᠋ᠨ ᠵᠢᠷᠭᠤᠭᠠᠨ ᠰᠠᠷ᠎ᠠ ᠶ᠋ᠢᠨ 21 ᠦ᠌ ᠡᠳᠦᠷ ᠪᠣᠯ ᠨᠢᠭᠡᠨ ᠪᠠᠶᠠᠷ ᠪᠡᠯᠭᠡᠰᠢᠶᠡᠯᠲᠡ ᠲᠡᠢ ᠡᠳᠦᠷ ᠭᠡᠳᠡᠭ ᠢ᠋ ᠮᠣᠩᠭᠣᠯᠴᠤᠳ ᠪᠦᠬᠦᠨ ᠮᠡᠳᠡᠳᠡᠭ᠂ ᠡᠨᠡ ᠡᠳᠦᠷ ᠮᠠᠨ ᠤ᠋ ᠭᠡᠷ ᠦ᠋ᠨ ᠨᠠᠰᠤᠲᠠᠢᠴᠤᠳ ᠴᠢᠩᠭᠢᠰ ᠦ᠋ᠨ ᠣᠩᠭᠣᠨ ᠵᠦᠭ ᠬᠠᠨᠳᠤᠨ ᠥᠷᠯᠥᠭᠡ ᠡᠷᠲᠡ ᠰᠠᠴᠤᠯᠤᠭᠠ ᠨᠢᠨᠳᠠᠷ ᠢ᠋ᠶ᠋ᠠᠨ ᠡᠷᠭᠦᠴᠡᠭᠡᠳ ᠴᠠᠢ ᠪᠠᠨ ᠯᠠᠪᠳᠠᠭᠤᠨ ᠤᠤᠭᠤᠵᠤ ᠭᠠᠷᠬᠤᠯᠠᠷ᠂ ᠮᠣᠷᠢᠨ ᠳᠠᠯᠤ ᠳᠡᠭᠡᠷ᠎ᠡ ᠤᠶᠠᠵᠤ ᠪᠠᠢᠭᠰᠠᠨ ᠤᠨᠠᠭᠠᠯᠠᠬᠤ ᠭᠡᠳ ᠬᠣᠶᠠᠷ ᠡᠳᠦᠷ ᠪᠣᠯᠤᠭᠰᠠᠨ ᠴᠠᠭᠠᠭᠴᠢ ᠭᠣᠣ ᠠ᠋ᠴᠠ ᠨᠢ ᠨᠢᠭᠡ ᠰᠠᠢᠬᠠᠨ ᠴᠠᠭᠠᠨ ᠰᠢᠷᠭ᠎ᠠ ᠤᠨᠠᠭ᠎ᠠ ᠤᠨᠠᠭᠠᠯᠠᠵᠤ ᠥᠪᠡᠷ ᠢ᠋ᠶ᠋ᠡᠨ ᠰᠠᠯᠠᠢ ᠪᠠᠨ ᠲᠡᠢᠷᠵᠦ ᠪᠣᠰᠤᠭᠠᠳ ᠵᠣᠭᠰᠣᠴᠢᠬᠠᠭᠰᠠᠨ ᠪᠠᠢᠬᠤ ᠳ᠋ᠤ᠌᠂ ᠮᠢᠨᠦ ᠠᠪᠤ ᠦᠵᠡᠭᠡᠳ ᠡᠨᠡ ᠤᠨᠠᠭ᠎ᠠ ᠪᠠᠰᠠ ᠡᠳᠦᠷ ᠦ᠋ᠨ ᠰᠠᠢᠨ ᠢ᠋ ᠰᠣᠩᠭᠣᠵᠤ ᠤᠨᠠᠭᠠᠯᠠᠳᠠᠭ ᠶᠤᠮ ᠪᠠᠢᠨ᠎ᠠ᠃ ᠤᠨᠠᠭᠠᠯᠠᠬᠤ ᠮᠠᠶᠢᠭ ᠭᠠᠷᠤᠭᠠᠳ ᠬᠡᠳᠦ ᠬᠣᠨᠣᠭᠰᠠᠨ᠂ ᠥᠴᠥᠭᠡᠳᠦᠷ ᠬᠠᠷᠢᠭᠤ ᠠᠰᠬᠠᠭᠰᠠᠨ᠂ ᠬᠠᠷᠢᠨ ᠡᠨᠡ ᠥᠷᠯᠥᠭᠡ ᠤᠨᠠᠭᠠᠯᠠᠬᠤ ᠮᠥᠷᠲᠡᠭᠡᠨ ᠥᠪᠡᠷ ᠢ᠋ᠶ᠋ᠡᠨ ᠪᠣᠰᠤᠭᠠᠳ ᠢᠷᠡᠴᠡᠬᠦ ᠨᠢ ᠭᠡᠳ ᠳᠤᠭᠤᠢᠯᠠᠨ ᠬᠠᠷᠠᠵᠤ ᠪᠠᠢᠬᠤ ᠳ᠋ᠤ᠌᠂ ᠡᠮᠦᠨ᠎ᠡ ᠪᠠᠢᠭ᠎ᠠ ᠪᠤᠷᠬᠠᠨ ᠬᠠᠲᠠᠭᠤ ᠶ᠋ᠢᠨ ᠲᠡᠨᠳᠡ ᠰᠣᠯᠣᠩᠭ᠎ᠠ ᠲᠠᠲᠠᠵᠤ ᠪᠠᠢᠭᠰᠠᠨ ᠢ᠋ ᠬᠠᠷᠠᠭᠰᠠᠨ ᠭᠡᠨ᠎ᠡ᠃
1986 ᠣᠨ ᠪᠣᠯᠵᠤ᠂ ᠴᠢᠩᠭᠢᠰ ᠦ᠋ᠨ ᠣᠩᠭᠣᠨ ᠤ᠋ ᠬᠢᠨ ᠥᠨᠳᠡᠭᠡᠨ ᠴᠠᠭᠠᠨ ᠢ᠋ ᠬᠠᠢᠬᠤ ᠵᠠᠷ ᠲᠠᠷᠬᠠᠭᠠᠨ᠂ ᠪᠣᠭᠳᠠ ᠶ᠋ᠢᠨ ᠶᠠᠮᠤᠲᠠᠨ ᠤ᠋ᠨ ᠠᠬᠠᠯᠠᠭᠴᠢ ᠭᠠᠷᠤᠳᠠᠢ ᠭᠤᠸᠠᠢ᠂ ᠣᠲᠣᠭ ᠬᠣᠰᠢᠭᠤ ᠪᠠᠷ ᠬᠠᠢᠵᠤ ᠶᠠᠪᠤᠵᠤ ᠪᠠᠢᠭᠠᠳ᠂ ᠰᠢᠨᠠᠵᠤᠤ ᠰᠤᠮᠤ ᠪᠠᠷ ᠨᠡᠭᠦᠳᠡᠯᠯᠡᠵᠦ ᠰᠠᠭᠤᠭᠰᠠᠨ ᠸᠠᠩᠴᠢᠨ ᠡᠮᠴᠢ ᠶ᠋ᠢᠨ ᠳ᠋ᠦ᠍ ᠬᠦᠷᠴᠦ᠂ ᠠᠷᠪᠠᠨ ᠬᠡᠳᠦᠨ ᠰᠢᠷᠠᠭᠴᠢ ᠳᠠᠭ᠎ᠠ᠂ ᠰᠢᠳᠦᠯᠡᠩ ᠪᠠᠢᠬᠤ ᠳ᠋ᠤ᠌᠂ ᠸᠠᠩᠴᠢᠨ ᠡᠮᠴᠢ ᠡᠴᠡ᠂ ᠡᠳᠡᠨ ᠦ᠌ ᠨᠤᠲᠤᠭ ᠲᠤ᠌ ᠠᠳᠤᠭᠤ ᠪᠠᠨ ᠣᠲᠤᠷᠯᠠᠭᠤᠯᠠᠨ ᠮᠠᠯᠵᠢᠵᠤ ᠪᠠᠢᠭᠰᠠᠨ᠂ ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠬᠥᠬᠡᠨᠠᠭᠤᠷ ᠭᠠᠴᠠᠭᠠᠨ ᠤ᠋ ᠬᠥᠬᠡᠨᠠᠭᠤᠷ ᠮᠠᠯᠵᠢᠯ ᠤ᠋ᠨ ᠬᠣᠷᠰᠢᠶᠠᠨ ᠤ᠋ ᠣᠢᠭᠤᠳ ᠣᠪᠣᠭ ᠲᠠᠢ᠂ ᠪᠠᠨᠽᠠᠷᠭᠠᠷᠤᠳᠠᠢ ᠶ᠋ᠢᠨ ᠬᠦᠦ ᠴᠢᠯᠠᠭᠤᠨᠪᠠᠭᠠᠲᠤᠷ ᠤ᠋ᠨ ᠠᠳᠤᠭᠤᠨ ᠰᠦᠷᠦᠭ ᠲᠦ᠍᠂ ᠨᠢᠭᠡᠨ ᠰᠢᠷᠠᠭᠴᠢ ᠳᠠᠭ᠎ᠠ ᠪᠠᠢᠬᠤ ᠶ᠋ᠢ ᠬᠡᠯᠡᠵᠦ᠂ ᠡᠨᠡᠬᠦ ᠥᠨᠳᠡᠭᠡᠨ ᠴᠠᠭᠠᠨ ᠢ᠋ ᠰᠣᠩᠭᠣᠬᠤ ᠰᠣᠩᠭᠣᠯᠲᠠ ᠳ᠋ᠤ᠌ ᠣᠷᠣᠭᠤᠯᠵᠠᠢ᠃ ᠡᠨᠡ ᠤᠨᠠᠭ᠎ᠠ ᠨᠢ ᠴᠢᠩᠭᠢᠰ ᠦ᠋ᠨ ᠣᠩᠭᠣᠨ ᠤ᠋ ᠬᠢᠨ ᠡᠷᠢᠭᠡᠳ ᠡᠷᠢᠭᠡᠳ ᠣᠯᠳᠠᠳᠠᠭ ᠦᠭᠡᠢ ᠥᠨᠳᠡᠭᠡᠨ ᠴᠠᠭᠠᠨ ᠤ᠋ ᠳᠦᠷᠢ ᠲᠥᠯᠥᠪ ᠨᠠᠮᠪᠠ ᠪᠦᠷᠢᠯᠳᠦᠭᠰᠡᠨ ᠢ᠋ᠶ᠋ᠡᠷ ᠢ᠋ᠶ᠋ᠡᠨ ᠰᠣᠩᠭᠣᠭᠳᠠᠭᠰᠠᠨ ᠪᠢᠯᠡ᠃ ᠪᠣᠭᠳᠠ ᠶ᠋ᠢᠨ ᠶᠠᠮᠤᠲᠠᠨ ᠤ᠋ᠨ ᠠᠬᠠᠯᠠᠭᠴᠢ ᠭᠠᠷᠤᠳᠠᠢ ᠭᠤᠸᠠᠢ᠂ ᠴᠠᠰᠤ ᠴᠠᠭᠠᠨ ᠬᠠᠳᠠᠭ ᠢ᠋ᠶ᠋ᠠᠨ ᠴᠢᠯᠠᠭᠤᠨᠪᠠᠭᠠᠲᠤᠷ ᠤ᠋ᠨ ᠠᠳᠤᠭᠤᠨ ᠰᠦᠷᠦᠭ ᠦ᠋ᠨ ᠡᠨᠡ ᠰᠠᠢᠬᠠᠨ ᠳᠠᠭ᠎ᠠ ᠶ᠋ᠢᠨ ᠬᠦᠵᠦᠭᠦᠨ ᠳ᠋ᠦ᠍ ᠵᠡᠭᠦᠯᠭᠡᠨ᠂ ᠵᠠᠩᠭᠢᠶ᠎ᠠ ᠵᠠᠩᠭᠢᠳᠴᠤ᠂ 《ᠡᠵᠡᠨ ᠰᠦᠯᠳᠡ ᠶ᠋ᠢᠨ ᠰᠠᠩ 》 ᠤᠩᠰᠢᠵᠤ᠂ ᠣᠩᠭᠣᠯᠠᠨ ᠰᠡᠲᠡᠷᠯᠡᠵᠦ ᠲᠠᠯᠪᠢᠵᠠᠢ᠃
ᠶᠠᠮᠤᠲᠠᠳ ᠭᠠᠷᠤᠳᠠᠢ ᠭᠤᠸᠠᠢ᠂ ᠲᠡᠦᠬᠡᠨ ᠡᠴᠡ ᠤᠯᠠᠮᠵᠢᠯᠠᠭᠰᠠᠨ ᠣᠷᠳᠣᠰ ᠵᠢᠨᠦᠩ ᠦ᠋ᠨ ᠲᠣᠭᠲᠠᠭᠠᠭᠰᠠᠨ ᠥᠨᠳᠡᠭᠡᠨ ᠴᠠᠭᠠᠨ ᠢ᠋ ᠬᠠᠯᠠᠨ ᠡᠷᠭᠦᠭᠴᠢ ᠠᠷᠠᠳ ᠲᠤ᠌ ᠬᠦᠷᠲᠡᠭᠡᠳᠡᠭ ᠣᠯᠭᠣᠮᠵᠢ ᠶ᠋ᠢ ᠮᠥᠷᠳᠡᠨ᠃ ᠡᠨᠡ ᠥᠨᠳᠡᠭᠡᠨ ᠴᠠᠭᠠᠨ ᠢ᠋ 300 ᠲᠥᠭᠥᠷᠢᠭ ᠢ᠋ᠶ᠋ᠡᠷ ᠦᠨᠡᠯᠡᠨ᠂ ᠴᠢᠯᠠᠭᠤᠨᠪᠠᠭᠠᠲᠤᠷ ᠲᠤ᠌ ᠭᠠᠷᠳᠠᠭᠤᠯᠤᠭᠰᠠᠨ ᠳ᠋ᠤ᠌ ᠲᠡᠷᠡ ᠬᠦᠯᠢᠶᠡᠨ ᠠᠪᠤᠭᠰᠠᠨ ᠦᠭᠡᠢ᠂ ᠪᠣᠭᠳᠠ ᠴᠢᠩᠭᠢᠰ ᠦ᠋ᠨ ᠰᠢᠲᠦᠭᠡᠨ ᠳ᠋ᠡᠭᠡᠨ ᠡᠷᠭᠦᠨ ᠳᠡᠪᠰᠢᠭᠦᠯᠵᠡᠢ᠃ ᠢᠩᠭᠢᠭᠡᠳ ᠡᠨᠡ ᠥᠨᠳᠡᠭᠡᠨ ᠴᠠᠭᠠᠨ ᠢ᠋ ᠬᠠᠷᠠᠵᠤ ᠬᠠᠢᠬᠤ ᠡᠭᠦᠷᠭᠡ ᠶ᠋ᠢ ᠰᠢᠨᠠᠵᠤᠤ ᠰᠤᠮᠤᠨ ᠳ᠋ᠤ᠌ ᠰᠠᠭᠤᠭ᠎ᠠ ᠳᠠᠷᠬᠠᠳ ᠲᠦᠮᠡᠨᠬᠡᠰᠢᠭ᠂ ᠸᠠᠩᠴᠢᠨ ᠨᠠᠷ ᠲᠤ᠌ ᠨᠠᠢᠳᠠᠭᠠᠳ ᠶᠠᠮᠤᠲᠠᠳ ᠭᠠᠷᠤᠳᠠᠢ ᠭᠤᠸᠠᠢ ᠪᠤᠴᠠᠵᠠᠢ᠃
1988 ᠣᠨ ᠬᠦᠷᠦᠭᠡᠳ᠂ ᠣᠷᠳᠣᠰ ᠤ᠋ᠨ ᠣᠨ ᠲᠣᠭᠠᠯᠠᠯ ᠤ᠋ᠨ 5 ᠰᠠᠷ᠎ᠠ ᠶ᠋ᠢᠨ 25 ᠤ᠋ ᠡᠳᠦᠷ᠂ ᠴᠢᠬᠢ ᠶ᠋ᠢᠨ ᠴᠠᠢᠳᠠᠮ ᠠ᠋ᠴᠠ ᠳᠥᠷᠪᠡᠨ ᠨᠠᠰᠤᠲᠠᠢ ᠥᠨᠳᠡᠭᠡᠨ ᠴᠠᠭᠠᠨ ᠢ᠋᠂ ᠴᠢᠩᠭᠢᠰ ᠦ᠋ᠨ ᠣᠩᠭᠣᠨ ᠤ᠋ ᠳᠠᠷᠬᠠᠳ᠂ ᠭᠣᠮᠪᠤᠳᠣᠷᠵᠢ ᠶ᠋ᠢᠨ ᠪᠠᠶᠠᠨᠴᠡᠩᠭᠡᠯ ᠣᠴᠢᠵᠤ᠂ ᠵᠠᠮ ᠢ᠋ᠶ᠋ᠠᠷ ᠢ᠋ᠶ᠋ᠠᠨ ᠬᠡᠳᠦ ᠬᠣᠨᠣᠨ᠂ ᠠᠢᠯ ᠤ᠋ᠨ ᠬᠥᠮᠦᠰ ᠥᠨᠳᠡᠭᠡᠨ ᠴᠠᠭᠠᠨ ᠠ᠋ᠴᠠ ᠠᠳᠢᠰ ᠬᠦᠷᠲᠡᠨ᠂ ᠠᠯᠲᠠᠨ ᠭᠠᠨᠳᠠᠷᠢ ᠶ᠋ᠢᠨ ᠰᠢᠯᠢ ᠳ᠋ᠦ᠍ ᠵᠠᠯᠠᠵᠤ ᠠᠪᠴᠢᠷᠠᠵᠠᠢ᠃ 1988 ᠣᠨ ᠤ᠋ ᠣᠷᠳᠣᠰ ᠲᠣᠭᠠᠯᠠᠯ ᠤ᠋ᠨ 6 ᠰᠠᠷ᠎ᠠ ᠶ᠋ᠢᠨ 21 ᠦ᠌ ᠴᠠᠭᠠᠨ ᠰᠦᠷᠦᠭ ᠦ᠋ᠨ ᠳᠠᠢᠯᠭ᠎ᠠ ᠶ᠋ᠢᠨ ᠡᠳᠦᠷ ᠦ᠋ᠨ ᠥᠷᠯᠥᠭᠡ ᠡᠷᠲᠡ᠂ ᠥᠨᠳᠡᠭᠡᠨ ᠴᠠᠭᠠᠨ ᠢ᠋ ᠠᠷᠢᠭᠤᠳᠬᠠᠬᠤ ᠶᠣᠰᠣᠯᠠᠯ ᠢ᠋ ᠴᠢᠩᠭᠢᠰ ᠦ᠋ᠨ ᠣᠩᠭᠣᠨ ᠤ᠋ ᠲᠣᠮᠣ ᠬᠦᠷᠢᠶᠡᠨ ᠳ᠋ᠦ᠍ ᠪᠠᠢᠭ᠎ᠠ ᠬᠠᠷᠢᠶ᠎ᠠ ᠶᠡᠬᠡᠲᠦ ᠬᠠᠷ᠎ᠠ ᠰᠦᠯᠳᠡ ᠶ᠋ᠢ ᠳᠠᠬᠢᠵᠤ ᠪᠠᠢᠭ᠎ᠠ ᠰᠢᠲᠦᠭᠡᠨ ᠣᠷᠣᠰᠢᠭᠰᠠᠨ ᠭᠠᠵᠠᠷ ᠤ᠋ᠨ ᠵᠡᠭᠦᠨ ᠬᠣᠢᠲᠤ ᠲᠠᠯ᠎ᠠ ᠳ᠋ᠤ᠌ ᠬᠢᠪᠡ᠃ ᠥᠷᠯᠥᠭ ᠪᠣᠭᠳᠠ ᠴᠢᠩᠭᠢᠰ ᠬᠠᠭᠠᠨ ᠤ᠋ ᠥᠨᠳᠡᠭᠡᠨ ᠴᠠᠭᠠᠨ ᠰᠢᠲᠦᠭᠡᠨ ᠢ᠋ ᠥᠩᠭᠡᠲᠦ ᠰᠠᠢᠬᠠᠨ ᠬᠡᠪᠢᠰ ᠣᠯᠪᠣᠭ ᠳᠡᠪᠢᠰᠦᠭᠰᠡᠨ ᠰᠢᠷᠡᠭᠡᠨ ᠦ᠌ ᠠᠷᠤ ᠳ᠋ᠤ᠌ ᠬᠣᠢᠰᠢ ᠬᠠᠨᠳᠤᠭᠤᠯᠤᠨ ᠵᠣᠭᠰᠣᠭᠠᠭᠠᠳ᠂ ᠲᠡᠭᠦᠨ ᠦ᠌ ᠡᠮᠦᠨᠡᠬᠢ ᠰᠢᠷᠡᠭᠡᠨ ᠳᠡᠭᠡᠷ᠎ᠡ ᠬᠣᠨᠢᠨ ᠰᠢᠭᠦᠰᠦ᠂ ᠴᠠᠭᠠᠨ ᠢᠳᠡᠭᠡᠨ ᠦ᠌ ᠵᠦᠢᠯᠡᠰ᠂ ᠴᠢᠪᠠᠭ᠎ᠠ ᠲᠠᠢ ᠪᠣᠭᠣᠷᠰᠣᠭ ᠵᠡᠷᠭᠡ ᠶ᠋ᠢ ᠲᠠᠪᠠᠭᠯᠠᠨ ᠲᠠᠯᠪᠢᠪᠠ᠃ ᠡᠨᠡ ᠦᠶ᠎ᠡ ᠳ᠋ᠦ᠍ ᠠᠯᠲᠠᠨ ᠭᠠᠳᠠᠰᠴᠢ ᠥᠨᠳᠡᠭᠡᠨ ᠴᠠᠭᠠᠨ ᠤ᠋ ᠴᠤᠯᠪᠤᠭᠤᠷ ᠠ᠋ᠴᠠ ᠠᠳᠬᠤᠭᠠᠳ ᠮᠥᠨ ᠪᠠᠷᠠᠭᠤᠨ ᠬᠣᠢᠰᠢ ᠬᠠᠨᠳᠤᠨ ᠵᠣᠭᠰᠣᠪᠠ᠃ ᠴᠢᠩᠭᠢᠰ ᠦ᠋ᠨ ᠣᠩᠭᠣᠨ ᠤ᠋ ᠶᠠᠮᠤᠨᠲᠠᠳ ᠠᠷᠢᠭᠤᠳᠬᠠᠯ ᠤ᠋ᠨ ᠨᠣᠮ ᠤᠩᠰᠢᠭᠰᠠᠨ ᠳ᠋ᠤ᠌᠂ ᠥᠨᠳᠡᠭᠡᠨ ᠴᠠᠭᠠᠨ ᠤ᠋ ᠪᠡᠶ᠎ᠡ ᠴᠢᠩᠭᠠᠷᠠᠨ᠂ ᠪᠠᠢᠨ ᠪᠠᠢᠨ ᠬᠣᠶᠠᠷ ᠴᠢᠬᠢ ᠪᠡᠨ ᠬᠤᠯᠮᠠᠯᠵᠠᠭᠤᠯᠤᠨ ᠰᠡᠷᠲᠡᠯᠵᠡᠭᠦᠯᠵᠦ ᠂ ᠬᠣᠣᠰ ᠨᠢᠳᠦ ᠪᠡᠨ ᠪᠦᠯᠲᠡᠯᠵᠡᠭᠦᠯᠦᠨ ᠭᠥᠯᠢᠭᠡᠨᠡᠭᠦᠯᠦᠭᠰᠡᠭᠡᠷ ᠪᠠᠢᠭᠠᠳ ᠪᠦᠲᠦᠨ ᠪᠡᠶ᠎ᠡ ᠨᠢ ᠬᠥᠯᠥᠷᠡᠯᠡ᠂ ᠢᠩᠭᠢᠭᠡᠳ ᠡᠨᠡ ᠡᠳᠦᠷ ᠦ᠋ᠨ ᠴᠠᠭᠠᠨ ᠰᠦᠷᠦᠭ ᠦ᠋ᠨ ᠳᠠᠢᠯᠭ᠎ᠠ ᠳ᠋ᠤ᠌ ᠢᠷᠡᠭᠰᠡᠨ ᠥᠷᠭᠡᠨ ᠣᠯᠠᠨ ᠮᠥᠷᠭᠥᠯᠴᠢᠨ ᠳ᠋ᠦ᠍ ᠡᠳᠦᠷᠵᠢᠨ ᠠᠳᠢᠰ ᠲᠠᠯᠪᠢᠵᠤ ᠥᠭᠴᠡᠢ᠃
ᠳᠡᠭᠡᠷ᠎ᠡ ᠵᠠᠭᠤᠨ ᠤ᠋ ᠶᠡᠷᠡᠭᠡᠳ ᠣᠨ ᠳ᠋ᠤ᠌᠂ ᠴᠢᠩᠭᠢᠰ ᠦ᠋ᠨ ᠣᠩᠭᠣᠨ ᠤ᠋ ᠴᠠᠭᠠᠨ ᠰᠦᠷᠦᠭ ᠦ᠋ᠨ ᠶᠡᠬᠡ ᠲᠠᠬᠢᠯᠭ᠎ᠠ ᠪᠠᠷ ᠨᠢᠯᠬ᠎ᠠ ᠤᠨᠠᠭ᠎ᠠ ᠲᠠᠢ ᠰᠢᠷᠠᠭᠴᠢ ᠭᠡᠭᠦᠦ ᠣᠯᠳᠠᠬᠤ ᠦᠭᠡᠢ ᠡᠭᠦᠷᠲᠦᠵᠦ ᠪᠠᠢᠵᠠᠢ᠃ ᠳᠠᠷᠬᠠᠳ ᠭᠦᠷᠵᠠᠪ ᠤ᠋ᠨ ᠬᠡᠯᠡᠬᠦ ᠪᠡᠷ ᠄ ᠵᠢᠯ ᠪᠦᠷᠢ ᠶ᠋ᠢᠨ ᠣᠷᠳᠣᠰ ᠲᠣᠭᠠᠯᠠᠯ ᠤ᠋ᠨ ᠵᠢᠷᠭᠤᠭᠠᠨ ᠰᠠᠷ᠎ᠠ ᠶ᠋ᠢᠨ ᠬᠣᠷᠢᠨ ᠨᠢᠭᠡᠨ ᠦ᠌ ᠴᠠᠭᠠᠨ ᠰᠦᠷᠦᠭ ᠦ᠋ᠨ ᠶᠡᠬᠡ ᠲᠠᠬᠢᠯᠭ᠎ᠠ ᠳ᠋ᠤ᠌ ᠥᠨᠳᠡᠭᠡᠨ ᠴᠠᠭᠠᠨ ᠮᠣᠷᠢ ᠶ᠋ᠢ ᠪᠠᠲᠤ ᠵᠡᠯ᠎ᠡ ᠶ᠋ᠢᠨ ᠡᠬᠢᠨ ᠳ᠋ᠦ᠍ ᠤᠶᠠᠵᠤ᠂ ᠳᠠᠷᠠᠭᠠᠯᠠᠨ ᠤᠨᠠᠭ᠎ᠠ ᠲᠠᠢ ᠰᠢᠷᠠᠭᠴᠢ ᠭᠡᠭᠦᠦ ᠶ᠋ᠢ ᠤᠶᠠᠵᠤ᠂ ᠰᠢᠷᠠᠭᠴᠢᠭᠡᠭᠦᠦ ᠶᠢᠨ ᠰᠦ ᠶ᠋ᠢ ᠪᠣᠷᠣ ᠥᠨᠳᠥᠷ ᠲᠦ᠍ ᠬᠢᠵᠦ 《ᠡᠰᠦᠭ ᠦ᠋ᠨ ᠰᠠᠴᠤᠯᠭ᠎ᠠ 》 ᠰᠠᠴᠤᠳᠠᠭ᠃ ᠥᠩᠭᠡᠷᠡᠭᠰᠡᠨ ᠳ᠋ᠦ᠍ ᠶᠡᠷᠡ ᠶᠢᠰᠦᠨ ᠴᠠᠭᠠᠭᠴᠢᠨ ᠭᠡᠭᠦᠦ ᠶᠢᠨ ᠰᠦ ᠪᠡᠷ ᠰᠠᠴᠤᠯᠢ ᠡᠷᠭᠦᠳᠡᠭ ᠪᠠᠢᠭᠰᠠᠨ᠂ ᠡᠭᠦᠨ ᠢ᠋ ᠰᠣᠨᠣᠰᠤᠭᠰᠠᠨ ᠥᠨᠳᠡᠭᠡᠨ ᠴᠠᠭᠠᠨ ᠮᠣᠷᠢᠨ ᠤ᠋ ᠥᠭᠯᠢᠭᠡ ᠶ᠋ᠢᠨ ᠡᠵᠡᠨ ᠠᠳᠤᠭᠤᠴᠢᠨ ᠴᠢᠯᠠᠭᠤᠨᠪᠠᠭᠠᠲᠤᠷ ᠲᠤ᠌ ᠶᠠᠷᠢᠭᠰᠠᠨ ᠳ᠋ᠤ᠌ ᠄ 《ᠵᠠ! ᠮᠢᠨᠦ ᠠᠳᠤᠭᠤᠨ ᠳ᠋ᠤ᠌ ᠥᠨᠳᠡᠭᠡᠨ ᠴᠠᠭᠠᠨ ᠤ᠋ ᠡᠬᠡ ᠰᠢᠷᠠᠭᠴᠢ ᠭᠡᠭᠦᠦ ᠬᠡᠭᠡᠯ ᠲᠡᠢ ᠪᠣᠢ᠃ ᠪᠢ ᠲᠡᠭᠦᠨ ᠢ᠋ᠶ᠋ᠡᠨ ᠴᠢᠩ ᠰᠦᠰᠦᠭ ᠡᠴᠡ ᠪᠡᠨ ᠪᠣᠭᠳᠠ ᠳ᠋ᠤ᠌ ᠡᠷᠭᠦᠵᠦ ᠢᠷᠡᠬᠦ ᠵᠢᠯ ᠦ᠋ᠨ ᠬᠣᠷᠢᠨ ᠨᠢᠭᠡᠨ ᠦ᠌ ᠴᠠᠭᠠᠨ ᠰᠦᠷᠦᠭ ᠦ᠋ᠨ ᠶᠡᠬᠡ ᠲᠠᠬᠢᠯᠭ᠎ᠠ ᠳ᠋ᠤ᠌ ᠪᠠᠲᠤ ᠵᠡᠯ᠎ᠡ ᠡᠴᠡ ᠤᠶᠠᠵᠤ ᠰᠦ ᠶ᠋ᠢ ᠨᠢ ᠪᠣᠷᠣ ᠥᠨᠳᠥᠷ ᠲᠦ᠍ ᠨᠡᠮᠡᠷᠢᠯᠡᠵᠦ ᠮᠥᠩᠬᠡ ᠲᠩᠷᠢ ᠳ᠋ᠦ᠍ ᠰᠠᠴᠤᠯᠢ ᠡᠷᠭᠦᠶ᠎ᠡ! 》 ᠭᠡᠪᠡ᠃
ᠠᠳᠤᠭᠤᠴᠢᠨ ᠴᠢᠯᠠᠭᠤᠨᠪᠠᠭᠠᠲᠤᠷ ᠥᠨᠳᠡᠭᠡᠨ ᠴᠠᠭᠠᠨ ᠮᠣᠷᠢ ᠪᠠᠨ ᠦᠨ᠎ᠡ ᠲᠥᠯᠥᠪᠦᠷᠢ ᠦᠭᠡᠢ ᠪᠡᠷ ᠡᠷᠭᠦᠨ ᠪᠠᠷᠢᠭᠰᠠᠨ ᠤ᠋ ᠳᠠᠷᠠᠭ᠎ᠠ᠂ ᠥᠨᠳᠡᠭᠡᠨ ᠴᠠᠭᠠᠨ ᠤ᠋ ᠡᠬᠡ — ᠰᠢᠷᠠᠭᠴᠢ ᠭᠡᠭᠦᠦ ᠪᠡᠨ ᠪᠠᠰᠠ ᠴᠢᠩᠭᠢᠰ ᠦ᠋ᠨ ᠣᠩᠭᠣᠨ ᠳ᠋ᠤ᠌ ᠦᠨ᠎ᠡ ᠲᠥᠯᠥᠪᠦᠷᠢ ᠦᠭᠡᠢ ᠪᠡᠷ ᠡᠷᠭᠦᠵᠡᠢ᠃ ᠲᠤᠬᠠᠢ ᠶ᠋ᠢᠨ ᠦᠶ᠎ᠡ ᠳ᠋ᠦ᠍ ᠬᠣᠶᠠᠷ ᠰᠢᠷᠭ᠎ᠠ ᠪᠦᠷ ᠣᠩᠭᠣᠨ ᠤ᠋ ᠬᠣᠷᠢᠭᠤᠯ ᠬᠦᠷᠢᠶᠡᠨ ᠳ᠋ᠦ᠍ ᠶᠠᠪᠤᠵᠤ ᠪᠠᠢᠭᠰᠠᠨ᠂ ᠲᠡᠷᠡ ᠴᠠᠭ ᠲᠤ᠌ ᠡᠳ᠋ ᠮᠥᠩᠭᠥ ᠬᠣᠪᠣᠷ᠂ ᠡᠪᠡᠰᠦ ᠪᠡᠯᠴᠢᠭᠡᠷ ᠳᠤᠲᠠᠭᠳᠠᠵᠤ᠂ ᠥᠨᠳᠡᠭᠡᠨ ᠴᠠᠭᠠᠨ ᠤ᠋ ᠡᠬᠡ — ᠰᠢᠷᠠᠭᠴᠢ ᠭᠡᠭᠦᠦ ᠶ᠋ᠢ ᠬᠤᠳᠠᠯᠳᠤᠬᠤ ᠪᠠᠷ ᠰᠢᠢᠳᠪᠡ᠃ ᠠᠩᠬ᠎ᠠ ᠤᠳᠠᠭ᠎ᠠ᠂ ᠪᠣᠷᠤᠪᠠᠰᠦ ᠭᠡᠳᠡᠭ ᠬᠥᠮᠦᠨ ᠳ᠋ᠦ᠍ ᠬᠤᠳᠠᠯᠳᠤᠯ᠎ᠠ᠃ ᠨᠢᠭᠡ ᠤᠳᠠᠭ᠎ᠠ ᠥᠨᠳᠡᠭᠡᠨ ᠴᠠᠭᠠᠨ᠂ ᠡᠨᠡ ᠠᠢᠯ ᠤ᠋ᠨ ᠭᠡᠷ ᠦ᠋ᠨ ᠭᠠᠳᠠᠨ᠎ᠠ ᠠ᠋ᠴᠠ ᠭᠤᠷᠪᠠᠨ ᠨᠠᠰᠤᠲᠠᠢ ᠬᠡᠦᠬᠡᠳ ᠢ᠋ ᠨᠢ ᠴᠠᠮᠴᠠᠨ ᠠ᠋ᠴᠠ ᠨᠢ ᠵᠠᠭᠤᠭᠠᠳ ᠠᠯᠲᠠᠨ ᠭᠠᠨᠳᠠᠷᠢ ᠶ᠋ᠢᠨ ᠣᠪᠣᠭᠠᠨ ᠳᠡᠷᠭᠡᠳᠡ ᠠᠪᠠᠴᠢᠵᠤ ᠬᠠᠶᠠᠵᠠᠢ᠂ ᠭᠡᠪᠡᠴᠦ ᠡᠨᠡ ᠬᠡᠦᠬᠡᠳ ᠦ᠋ᠨ ᠪᠡᠶ᠎ᠡ ᠳ᠋ᠦ᠍ ᠨᠢ ᠶᠠᠮᠠᠷᠴᠤ ᠰᠢᠷᠬ᠎ᠠ ᠰᠣᠷᠪᠢ ᠣᠷᠣᠭᠤᠯᠤᠭᠰᠠᠨ ᠦᠭᠡᠢ᠂ ᠢᠩᠭᠢᠭᠡᠳ ᠡᠨᠡ ᠠᠢᠯ ᠰᠡᠵᠢᠭᠯᠡᠨ᠂ ᠥᠨᠳᠡᠭᠡᠨ ᠴᠠᠭᠠᠨ ᠤ᠋ ᠡᠬᠡ — ᠰᠢᠷᠠᠭᠴᠢ ᠭᠡᠭᠦᠦ ᠶ᠋ᠢᠨ ᠠᠷᠠᠯᠵᠢᠶ᠎ᠠ ᠪᠠᠨ ᠪᠤᠴᠠᠭᠠᠪᠠ᠃ ᠬᠣᠶᠠᠳᠤᠭᠠᠷ ᠤᠳᠠᠭ᠎ᠠ ᠨᠢ᠂ ᠰᠢᠷᠠᠭᠴᠢ ᠭᠡᠭᠦᠦ ᠶ᠋ᠢ ᠰᠢᠯᠢ ᠶ᠋ᠢᠨ ᠯᠠᠮᠠ ᠭᠡᠳᠡᠭ ᠬᠥᠮᠦᠨ ᠲᠡᠢ ᠨᠢᠭᠡ ᠮᠣᠷᠢ ᠪᠠᠷ ᠰᠣᠯᠢᠪᠠ᠂ ᠭᠡᠪᠡᠴᠦ ᠡᠷᠡᠭᠦᠯ ᠪᠠᠢᠭᠰᠠᠨ ᠲᠡᠷᠡ ᠯᠠᠮᠠ ᠭᠡᠨᠡᠳᠲᠡ ᠨᠠᠷᠢ ᠡᠪᠡᠳᠴᠢᠨ ᠣᠷᠣᠭᠰᠠᠨ ᠲᠤᠯᠠ ᠰᠡᠵᠢᠭ ᠲᠥᠷᠥᠭᠡᠳ ᠠᠷᠠᠯᠵᠢᠶ᠎ᠠ ᠪᠠᠨ ᠪᠤᠴᠠᠭᠠᠪᠠ᠃ ᠭᠤᠷᠪᠠᠳᠤᠭᠠᠷ ᠤᠳᠠᠭ᠎ᠠ ᠨᠢ᠂ ᠰᠠᠶᠢ ᠤᠨᠠᠭᠠᠯᠠᠭᠰᠠᠨ ᠰᠢᠷᠠᠭᠴᠢ ᠭᠡᠭᠦᠦ ᠶ᠋ᠢ ᠤᠨᠠᠭ᠎ᠠ ᠲᠠᠢ ᠨᠢ᠂ ᠪᠠᠶᠠᠨᠴᠡᠩᠭᠡᠯ ᠭᠡᠳᠡᠭ ᠬᠥᠮᠦᠨ ᠳ᠋ᠦ᠍ ᠬᠤᠳᠠᠯᠳᠤᠬᠤ ᠪᠠᠷ ᠪᠣᠯᠵᠤ᠂ ᠤᠨᠠᠭ᠎ᠠ ᠲᠠᠢ ᠭᠡᠭᠦᠦ ᠶ᠋ᠢ ᠨᠢ ᠲᠣᠭᠣᠬᠤ ᠳ᠋ᠤ᠌᠂ ᠨᠢᠯᠬ᠎ᠠ ᠤᠨᠠᠭ᠎ᠠ ᠨᠢ ᠡᠬᠡ ᠪᠡᠨ ᠳᠠᠭᠠᠬᠤ ᠦᠭᠡᠢ ᠬᠠᠷᠢᠨ ᠠᠬ᠎ᠠ ᠥᠨᠳᠡᠭᠡᠨ ᠴᠠᠭᠠᠨ ᠢ᠋ᠶ᠋ᠠᠨ ᠳᠠᠭᠠᠭᠠᠳ ᠰᠠᠯᠬᠤ ᠦᠭᠡᠢ ᠲᠤᠯᠠ᠂ ᠪᠠᠶᠠᠨᠴᠡᠩᠭᠡᠯ ᠪᠠᠰᠠ ᠡᠨᠡ ᠠᠷᠠᠯᠵᠢᠶ᠎ᠠ ᠪᠠᠨ ᠪᠤᠴᠠᠭᠠᠪᠠ᠃ ᠰᠡᠭᠦᠯᠡᠷ ᠨᠢ ᠶᠡᠬᠡ ᠥᠭᠯᠢᠭᠡ ᠶ᠋ᠢᠨ ᠡᠵᠡᠨ ᠴᠢᠯᠠᠭᠤᠨᠪᠠᠭᠠᠲᠤᠷ ᠲᠠᠢ ᠨᠢ ᠵᠥᠪᠳᠡᠵᠦ᠂ ᠥᠨᠳᠡᠭᠡᠨ ᠴᠠᠭᠠᠨ ᠤ᠋ ᠡᠬᠡ ᠶ᠋ᠢ ᠴᠢᠩᠭᠢᠰ ᠬᠠᠭᠠᠨ ᠤ᠋ ᠭᠡᠭᠦᠦ ᠶ᠋ᠢᠨ ᠥᠳᠬᠡ ᠪᠡᠷ ᠲᠠᠬᠢᠬᠤ ᠲᠠᠬᠢᠯᠭ᠎ᠠ ᠳ᠋ᠤ᠌ ᠡᠷᠭᠦᠭᠡᠳ᠂ 1952 ᠣᠨ ᠡᠴᠠ ᠲᠠᠰᠤᠷᠠᠭᠠᠳ ᠪᠠᠢᠭᠰᠠᠨ ᠳᠥᠴᠢᠨ ᠬᠡᠳᠦᠨ ᠵᠢᠯ ᠦ᠋ᠨ ᠲᠠᠬᠢᠯᠭ᠎ᠠ ᠶ᠋ᠢ ᠰᠡᠷᠭᠦᠭᠡᠬᠦ ᠳ᠋ᠦ᠍ ᠵᠣᠷᠢᠭᠤᠯᠪᠠ᠃ ᠨᠢᠭᠡ ᠰᠢᠷᠠᠭᠴᠢ ᠭᠡᠭᠦᠦ ᠶ᠋ᠢᠨ ᠥᠳᠬᠡ ᠨᠠᠶᠠᠨ ᠨᠢᠭᠡᠨ ᠬᠣᠨᠢᠨ ᠰᠢᠭᠦᠰᠦ ᠲᠡᠢ ᠲᠡᠩᠴᠡᠳᠡᠭ ᠭᠡᠨ᠎ᠡ᠃
1999 ᠣᠨ ᠳ᠋ᠤ᠌ ᠴᠢᠩᠭᠢᠰ ᠦ᠋ᠨ ᠣᠩᠭᠣᠨ ᠤ᠋ ᠵᠥᠪᠰᠢᠶᠡᠷᠡᠯ ᠢ᠋ᠶ᠋ᠡᠷ ᠥᠨᠳᠡᠭᠡᠨ ᠴᠠᠭᠠᠨ ᠤᠨᠠᠭᠠᠨ ᠪᠠᠭᠤᠴᠠ ᠳ᠋ᠤ᠌ ᠢᠯᠡᠷᠬᠡᠢᠯᠡᠯ ᠰᠠᠮᠪᠠᠷ᠎ᠠ (ᠫᠠᠢᠰᠠ) ᠶ᠋ᠢ ᠪᠤᠰᠬᠠᠵᠤ᠂ 2000 ᠣᠨ ᠠ᠋ᠴᠠ ᠥᠨᠳᠡᠭᠡᠨ ᠴᠠᠭᠠᠨ ᠤ᠋ ᠤᠨᠠᠭᠠᠨ ᠪᠠᠭᠤᠴᠠ ᠶ᠋ᠢᠨ ᠲᠠᠬᠢᠯᠭ᠎ᠠ ᠶ᠋ᠢ ᠮᠢᠨᠦ ᠠᠪᠤ ᠴᠢᠯᠠᠭᠤᠨᠪᠠᠭᠠᠲᠤᠷ ᠡᠵᠢ ᠡᠷᠳᠡᠨᠢᠴᠡᠴᠡᠭ ᠡᠷᠬᠢᠯᠡᠨ ᠶᠠᠪᠤᠭᠳᠠᠭᠤᠯᠤᠭᠰᠠᠨ ᠶᠤᠮ᠃ ᠡᠨᠡᠬᠦ ᠥᠨᠳᠡᠭᠡᠨ ᠴᠠᠭᠠᠨ ᠤᠨᠠᠭᠠᠨ ᠪᠠᠭᠤᠴᠠ ᠶ᠋ᠢᠨ ᠲᠠᠬᠢᠯᠭ᠎ᠠ ᠨᠢ ᠬᠣᠰᠢᠭᠤ ᠳᠡᠰ ᠦ᠋ᠨ ᠪᠣᠳᠠᠰ ᠤ᠋ᠨ ᠪᠤᠰᠤ ᠰᠣᠶᠣᠯ ᠤ᠋ᠨ ᠥᠪ ᠦ᠋ᠨ ᠬᠠᠮᠠᠭᠠᠯᠠᠯᠲᠠ ᠶ᠋ᠢᠨ ᠲᠣᠭᠲᠠᠯᠴᠠᠭ᠎ᠠ ᠳ᠋ᠤ᠌ 2009 ᠣᠨ ᠳ᠋ᠤ᠌ ᠳᠠᠩᠰᠠᠯᠠᠭᠳᠠᠵᠤ ᠣᠷᠣᠭᠰᠠᠨ ᠶᠤᠮ᠃ ᠣᠳᠣ ᠪᠠᠷ ᠬᠣᠲᠠ ᠶ᠋ᠢᠨ ᠳᠡᠰ ᠪᠣᠯᠤᠨ ᠣᠷᠣᠨ ᠤ᠋ ᠳᠡᠰ ᠦ᠋ᠨ ᠪᠣᠯᠭᠠᠬᠤ ᠭᠣᠶᠣᠪᠴᠢᠯᠠᠯ ᠳᠡᠪᠰᠢᠭᠦᠯᠬᠦ ᠪᠡᠷ ᠪᠠᠢᠨ᠎ᠠ᠃
ᠥᠨᠳᠡᠭᠡᠨ ᠴᠠᠭᠠᠨ ᠤ᠋ ᠤᠨᠠᠭᠠᠨ ᠪᠠᠭᠤᠴᠠ ᠪᠣᠯ ᠬᠤᠷᠮᠤᠰᠲᠠ ᠶ᠋ᠢᠨ ᠡᠷᠴᠢᠮ ᠢ᠋ ᠬᠤᠷᠢᠶᠠᠭᠰᠠᠨ ᠨᠤᠲᠤᠭ᠂ ᠬᠤᠪᠢ ᠲᠠᠢ ᠬᠥᠮᠦᠨ ᠳ᠋ᠦ᠍ ᠬᠦᠷᠲᠡᠭᠡᠭᠴᠢ᠂ ᠲᠩᠷᠢᠯᠢᠭ ᠬᠥᠮᠦᠨ ᠢ᠋ ᠢᠪᠡᠭᠡᠭᠴᠢ᠂ ᠤᠳᠤᠮ ᠤ᠋ᠨ ᠬᠦᠯᠦᠭ ᠢ᠋ᠶ᠋ᠡᠨ ᠵᠠᠯᠠᠨ ᠠᠪᠬᠤ ᠭᠠᠵᠠᠷ ᠮᠥᠨ᠃ ᠮᠥᠩᠬᠡ ᠲᠡᠭᠷᠢ ᠶ᠋ᠢᠨ ᠤᠪᠠᠳᠢᠰ ᠢ᠋ ᠲᠠᠨᠢᠨ ᠤᠬᠠᠭᠠᠷᠠᠭᠰᠠᠨ ᠳᠡᠭᠡᠳᠦᠰ ᠦ᠋ᠨ ᠮᠠᠨᠢ ᠤᠬᠠᠭᠠᠨ ᠤ᠋ ᠨᠢᠭᠤᠴᠠ ᠤᠳᠬ᠎ᠠ ᠭᠦᠨ ᠬᠢᠭᠡᠳ ᠥᠴᠢᠭ ᠦᠭᠡᠢ ᠠᠭᠤᠤ ᠭᠠᠵᠠᠷ ᠶᠤᠮ ᠠ᠋᠃ ᠮᠣᠩᠭᠣᠯ ᠡᠬᠡ ᠣᠷᠣᠨ ᠤ᠋ ᠮᠢᠨᠢ ᠲᠦᠮᠡᠨ ᠪᠣᠮᠠᠨ ᠡᠵᠡᠨ ᠰᠠᠪᠳᠠᠭ᠂ ᠮᠢᠩᠭᠠᠨ ᠣᠨ ᠤ᠋ ᠴᠠᠭᠠᠨ ᠡᠪᠦᠭᠡᠨ ᠨᠠᠷ᠂ ᠣᠳᠣᠨ ᠮᠡᠴᠢᠳ ᠦ᠋ᠨ ᠤᠴᠠᠷᠠᠯ ᠲᠣᠬᠢᠶᠠᠯ᠂ ᠨᠠᠷᠠᠨ᠂ ᠰᠠᠷᠠᠨ ᠤ᠋ ᠡᠷᠭᠢᠯ ᠣᠷᠣᠰᠢᠯ ᠢ᠋ ᠠᠨᠳᠠᠯ ᠦᠭᠡᠢ ᠲᠠᠨᠢᠭᠴᠢ ᠶ᠋ᠢᠨ ᠵᠢᠷᠤᠯᠭ᠎ᠠ ᠳ᠋ᠤ᠌ 99 ᠲᠩᠷᠢ ᠶ᠋ᠢᠨ ᠣᠷᠣᠨ ᠢ᠋ᠶ᠋ᠠᠨ ᠭᠡᠷᠦᠨ ᠶᠠᠪᠤᠭᠴᠢ ᠪᠤᠮ ᠵᠦᠢᠯ ᠦ᠋ᠨ ᠰᠠᠢᠨ ᠡᠷᠴᠢᠰ ᠦ᠋ᠨ ᠪᠥᠭᠡᠮᠨᠡᠷᠡᠯ ᠪᠣᠯᠬᠤ ᠥᠨᠳᠡᠭᠡᠨ ᠴᠠᠭᠠᠨ ᠮᠣᠷᠢᠨ ᠤ᠋ ᠰᠣᠩᠭᠣᠭᠰᠠᠨ ᠤᠨᠠᠭᠠᠨ ᠪᠠᠭᠤᠴᠠ ᠳ᠋ᠤ᠌᠂ ᠰᠠᠷ᠎ᠠ ᠶ᠋ᠢᠨ ᠰᠠᠢᠨ ᠢ᠋ ᠰᠠᠭᠠᠳᠠᠨ ᠬᠦᠯᠢᠶᠡᠵᠦ᠂ ᠡᠳᠦᠷ ᠦ᠋ᠨ ᠰᠠᠢᠨ ᠢ᠋ ᠥᠨᠵᠢᠨ ᠤᠷᠢᠭᠠᠳ᠂ ᠡᠬᠡ ᠪᠣᠯᠤᠭᠰᠠᠨ ᠪᠠᠢᠭᠠᠯᠢ ᠳᠡᠯᠡᠬᠡᠢ ᠳ᠋ᠡᠭᠡᠨ᠂ ᠡᠭᠡᠯᠢᠲᠦ ᠡᠬᠡ ᠣᠷᠣᠨ ᠳ᠋ᠠᠭᠠᠨ ᠬᠦᠨᠳᠦᠳᠬᠡᠯ ᠦᠵᠡᠭᠦᠯᠦᠨ᠂ ᠮᠣᠩᠭᠣᠯ ᠨᠤᠲᠤᠭ ᠤ᠋ᠨ ᠢ᠋ᠶ᠋ᠠᠨ ᠲᠩᠷᠢ ᠶ᠋ᠢ ᠪᠠᠶᠠᠰᠬᠠᠬᠤ ᠲᠠᠬᠢᠯᠭ᠎ᠠ ᠶ᠋ᠢᠨ ᠶᠣᠰᠣᠯᠠᠯ ᠢ᠋ ᠵᠢᠯ ᠪᠣᠯᠭᠠᠨ ᠤ᠋ ᠠᠷᠭ᠎ᠠ ᠶ᠋ᠢᠨ ᠤᠯᠠᠷᠢᠯ ᠤ᠋ᠨ 7 ᠰᠠᠷ᠎ᠠ ᠶ᠋ᠢᠨ 19 ᠦ᠌ ᠪᠢᠯᠢᠭᠲᠦ ᠡᠳᠦᠷ ᠢ᠋ᠶ᠋ᠡᠨ ᠰᠣᠩᠭᠣᠭᠰᠠᠨ ᠪᠢᠯᠡ᠃ ᠡᠨᠡ ᠨᠤᠲᠤᠭ ᠲᠤ᠌ ᠵᠢᠯ ᠳ᠋ᠡᠭᠡᠨ ᠬᠡᠳᠦᠨ ᠵᠠᠭᠤᠨ ᠬᠥᠮᠦᠨ ᠣᠷᠣᠯᠴᠠᠭᠰᠠᠨ ᠲᠠᠬᠢᠯᠭ᠎ᠠ᠂ ᠵᠤᠯᠠᠭ ᠤ᠋ᠨ ᠨᠠᠢᠷ ᠶᠠᠪᠤᠭᠳᠠᠵᠤ ᠪᠠᠢᠨ᠎ᠠ᠃ 19 ᠦ᠌ ᠥᠷᠯᠥᠭᠡ ᠶ᠋ᠢᠨ 4~5 ᠴᠠᠭ ᠢ᠋ᠶ᠋ᠠᠷ ᠬᠣᠰᠢᠭᠤ ᠪᠠᠷ ᠪᠤᠶᠤ ᠣᠢᠷᠠᠯᠴᠠᠭ᠎ᠠ ᠠᠢᠯ ᠤ᠋ᠳ ᠢ᠋ᠶ᠋ᠠᠷ ᠠᠮᠠᠷᠠᠵᠤ ᠬᠣᠨᠣᠭᠯᠠᠭᠰᠠᠨ ᠲᠠᠬᠢᠯᠭᠠᠴᠢᠳ᠂ ᠦᠦᠷ ᠦ᠋ᠨ ᠭᠡᠭᠡ ᠲᠡᠢ ᠤᠷᠤᠯᠳᠤᠨ ᠳᠠᠪᠬᠢᠵᠤ᠂ ᠥᠨᠳᠡᠭᠡᠨ ᠴᠠᠭᠠᠨ ᠤᠨᠠᠭᠠᠨ ᠪᠠᠭᠤᠴᠠ ᠳ᠋ᠤ᠌ ᠡᠷᠲᠡᠯᠡᠨ ᠢᠷᠡᠵᠡᠭᠡᠵᠦ᠂ ᠲᠠᠬᠢᠯᠭ᠎ᠠ ᠶ᠋ᠢᠨ ᠵᠢᠮ᠎ᠡ ᠶᠣᠰᠣ ᠪᠠᠨ ᠪᠡᠯᠡᠳᠬᠡᠨ᠂ ᠤᠳᠤᠮ ᠤ᠋ᠨ ᠮᠣᠷᠢ (ᠬᠡᠢᠮᠣᠷᠢ) ᠪᠠᠨ ᠰᠡᠷᠭᠦᠭᠡᠵᠦ ᠠᠪᠬᠤ ᠪᠠᠷ ᠨᠠᠷᠠ ᠮᠠᠨᠳᠤᠬᠤ ᠶ᠋ᠢ ᠠᠮᠢᠰᠬᠤᠭ᠎ᠠ ᠳᠠᠷᠤᠨ ᠬᠦᠯᠢᠶᠡᠴᠡᠭᠡᠨᠡ᠃ ᠨᠠᠷᠠ ᠮᠠᠨᠳᠤᠬᠤ ᠲᠠᠢ ᠵᠡᠷᠭᠡ ᠮᠥᠷᠭᠥᠯᠴᠢᠳ ᠥᠪᠡᠷ ᠦ᠋ᠨ ᠪᠡᠶ᠎ᠡ ᠳ᠋ᠡᠭᠡᠨ ᠬᠠᠮᠤᠭ ᠤ᠋ᠨ ᠡᠭᠡᠯᠢᠲᠡᠢ ᠥᠩᠭᠡ ᠶ᠋ᠢᠨ ᠲᠣᠷᠭ᠎ᠠ ᠪᠤᠶᠤ ᠪᠣᠰ ᠳᠡᠭᠡᠷ᠎ᠡ ᠪᠡᠨ ᠱᠠᠭ᠎ᠠ ᠴᠢᠮᠥᠭᠡ᠂ ᠪᠣᠭᠲᠣ ᠴᠢᠮᠥᠭᠡ ᠪᠡᠨ ᠲᠤᠨᠤᠯᠵᠠᠭᠤᠯᠤᠨ ᠲᠠᠯᠪᠢᠵᠤ᠂ ᠬᠠᠩᠭᠢᠷᠴᠠᠭ ᠶᠠᠰᠤ (ᠰᠢᠪᠡᠨᠡᠭᠦᠷ ᠶᠠᠰᠤ) ᠪᠠᠷ ᠢ᠋ᠶ᠋ᠠᠨ ᠳᠣᠬᠢᠭᠤᠷ ᠳᠣᠯᠣᠭᠠᠨ ᠣᠳᠣ ᠶ᠋ᠢᠨ ᠬᠡᠯᠪᠡᠷᠢ ᠶ᠋ᠢ ᠵᠢᠷᠤᠭᠯᠠᠨ᠂ ᠨᠠᠷᠠᠨ ᠵᠦᠭ ᠬᠠᠨᠳᠤᠨ ᠬᠣᠶᠠᠷ ᠭᠠᠷ ᠢ᠋ᠶ᠋ᠠᠨ ᠰᠣᠩᠭᠣᠨ ᠲᠡᠭᠷᠢ ᠭᠠᠵᠠᠷ ᠵᠠᠯᠭᠠᠯᠳᠤᠨ ᠨᠡᠢᠯᠡᠨ ᠪᠠᠢᠵᠤ᠂ ᠮᠣᠩᠭᠣᠯ ᠤ᠋ᠨ ᠨᠠᠶᠠᠨ ᠨᠠᠢ᠍ᠮᠠᠨ ᠮᠢᠩᠭᠠᠨ ᠤ᠋ ᠨᠣᠶᠠᠳ ᠤ᠋ᠨ ᠨᠡᠷ᠎ᠡ ᠶ᠋ᠢ ᠬᠤᠷᠤᠢᠯᠠᠨ ᠲᠡᠮᠡᠯᠡᠵᠦ᠂ ᠥᠪᠡᠷ ᠦ᠋ᠨ ᠬᠡᠢ ᠮᠣᠷᠢ ᠪᠠᠨ ᠪᠠᠭᠤᠯᠭᠠᠬᠤ ᠦᠢᠯᠡ ᠶ᠋ᠢ ᠦᠢᠯᠡᠳᠴᠦ᠂ ᠨᠠᠷᠠᠨ ᠵᠦᠭ ᠶᠢᠰᠦ ᠶᠢᠰᠦᠨ ᠰᠠᠴᠤᠯᠤᠭᠠ ᠡᠷᠭᠦᠵᠦ᠂ ᠲᠩᠷᠢ ᠳ᠋ᠦ᠍ ᠡᠷᠭᠦᠯ ᠲᠠᠯᠪᠢᠭᠰᠠᠨ ᠰᠢᠭᠦᠰᠦᠨ ᠡᠴᠡ ᠳᠡᠭᠡᠵᠢ ᠠᠮᠰᠠᠴᠢᠬᠠᠨᠠ᠃
ᠡᠨᠡ ᠲᠠᠬᠢᠯᠭ᠎ᠠ ᠶ᠋ᠢ ᠬᠢᠭᠰᠡᠨ ᠡᠴᠡ ᠬᠣᠢᠰᠢ ᠨᠤᠲᠤᠭ ᠤᠰᠤᠨ ᠳ᠋ᠤ᠌ ᠪᠣᠷᠣᠭᠠᠨ ᠬᠤᠷ᠎ᠠ ᠡᠯᠪᠡᠭ ᠪᠣᠯᠵᠠᠢ᠃ ᠵᠢᠱ᠌ᠢᠶᠡᠯᠡᠪᠡᠯ2014 ᠣᠨ ᠤ᠋ ᠲᠠᠬᠢᠯᠭ᠎ᠠ ᠶ᠋ᠢᠨ ᠳᠠᠷᠠᠭ᠎ᠠ ᠬᠣᠶᠠᠷ ᠡᠳᠦᠷ ᠲᠦ᠍ ᠪᠣᠷᠣᠭᠠᠨ ᠲᠠᠢ᠃ 2015 ᠣᠨ ᠤ᠋ ᠲᠠᠬᠢᠯᠭ᠎ᠠ ᠶ᠋ᠢᠨ ᠡᠮᠦᠨ᠎ᠡ ᠬᠣᠶᠠᠷ ᠡᠳᠦᠷ ᠪᠣᠷᠣᠭᠠᠯᠠᠵᠤ (ᠳᠠᠷᠤᠢ17.18 ᠤ᠋ ᠡᠳᠦᠷ)᠂ 2016 ᠣᠨ ᠤ᠋ ᠲᠠᠬᠢᠯᠭ᠎ᠠ ᠶ᠋ᠢᠨ ᠡᠳᠦᠷ ᠦ᠋ᠨ ᠦᠳᠡ ᠶ᠋ᠢᠨ ᠬᠣᠢᠨ᠎ᠠ ᠠ᠋ᠴᠠ ᠳᠠᠷᠠᠭ᠎ᠠ ᠡᠳᠦᠷ ᠪᠣᠯᠲᠠᠯ᠎ᠠ ᠪᠣᠷᠣᠭᠠᠨ ᠲᠠᠢ᠃ 2017 ᠣᠨ ᠤ᠋7 ᠰᠠᠷ᠎ᠠ ᠶ᠋ᠢᠨ19 ᠦ᠌ ᠡᠳᠦᠷ ᠦ᠋ᠨ ᠲᠠᠬᠢᠯᠭ᠎ᠠ ᠶ᠋ᠢᠨ ᠳᠠᠷᠠᠭ᠎ᠠ᠂ ᠥᠷᠯᠥᠭᠡ ᠶ᠋ᠢᠨ ᠶᠢᠰᠦᠨ ᠴᠠᠭ ᠠ᠋ᠴᠠ ᠪᠣᠷᠣᠭᠠᠨ ᠲᠠᠢ᠂ 2018 ᠣᠨ ᠤ᠋ 7 ᠰᠠᠷ᠎ᠠ ᠶ᠋ᠢᠨ19 ᠦ᠌ ᠥᠷᠯᠥᠭᠡ ᠶ᠋ᠢᠨ ᠲᠠᠬᠢᠯᠭ᠎ᠠ ᠳᠠᠭᠤᠰᠤᠮᠠᠭᠴᠠ ᠪᠦᠬᠦᠯᠢ ᠡᠳᠦᠷ ᠢ᠋ᠶ᠋ᠡᠷ ᠪᠣᠷᠣᠭᠠᠨ ᠲᠠᠢ᠂ 2019 ᠣᠨ ᠤ᠋7 ᠰᠠᠷ᠎ᠠ ᠶ᠋ᠢᠨ19 ᠦ᠌ ᠡᠳᠦᠷ ᠦ᠋ᠨ ᠲᠠᠬᠢᠯᠭ᠎ᠠ ᠪᠠᠷ ᠪᠣᠷᠣᠭᠠᠯᠠᠵᠤ᠂ ᠨᠤᠲᠤᠭ ᠤᠰᠤᠨ ᠤ᠋ ᠮᠥᠷᠭᠥᠯᠴᠢᠳ ᠢ᠋ ᠪᠠᠶᠠᠰᠬᠠᠨ᠂ ᠲᠩᠷᠢ ᠪᠡᠨ ᠳᠠᠬᠢᠭᠰᠠᠨ ᠠ᠋ᠴᠠ ᠭᠠᠩ ᠲᠠᠢᠯᠤᠭᠳᠠᠯᠠ ᠭᠡᠵᠦ ᠨᠤᠲᠤᠭ ᠤ᠋ᠨ ᠮᠠᠯᠴᠢᠳ ᠪᠠᠶᠠᠷᠯᠠᠯᠳᠤᠨ ᠱᠠᠭᠰᠢᠴᠢᠬᠠᠪᠠ᠃
ᠪᠤᠶᠠᠨ ᠤ᠋ ᠠᠷᠢᠭᠤᠨ ᠪᠢᠯᠢᠭ ᠲᠡᠭᠦᠰ᠂ ᠥᠨᠳᠡᠭᠡᠨ ᠴᠠᠭᠠᠨ ᠤ᠋ ᠰᠣᠩᠭᠣᠨ ᠪᠠᠭᠤᠭᠰᠠᠨ ᠨᠤᠲᠤᠭ ᠪᠣᠯ ᠮᠥᠩᠬᠡ ᠲᠡᠭᠷᠢ ᠶ᠋ᠢᠨ ᠭᠡᠷᠡᠯ ᠡᠨᠧᠷᠭᠢ ᠶ᠋ᠢᠨ ᠬᠣᠯᠪᠣᠭᠠᠰᠤ ᠪᠣᠯᠤᠭᠰᠠᠨ ᠲᠥᠪ ᠨᠤᠲᠤᠭ ᠶᠤᠮ᠃ ᠡᠨᠡ ᠨᠤᠲᠤᠭ ᠠ᠋ᠴᠠ ᠥᠨᠳᠡᠭᠡᠨ ᠴᠠᠭᠠᠨ ᠤ᠋ ᠭᠡᠷᠡᠯ ᠲᠤᠶᠠᠭᠠᠨ ᠤ᠋ ᠡᠨᠧᠷᠭᠢ ᠤᠯᠠᠷᠢᠨ ᠬᠤᠪᠢᠷᠠᠵᠤ᠂ ᠥᠨᠳᠡᠭᠡᠨ ᠴᠠᠭᠠᠨ ᠢ᠋ ᠦᠨᠡᠨ ᠰᠡᠳᠬᠢᠯ ᠢ᠋ᠶ᠋ᠡᠷ ᠢ᠋ᠶ᠋ᠡᠨ ᠰᠢᠲᠦᠭᠰᠡᠨ ᠬᠥᠮᠦᠨ ᠪᠦᠬᠦᠨ ᠦ᠌ ᠴᠡᠭᠡᠵᠢᠨ ᠳ᠋ᠦ᠍ ᠣᠷᠣᠳᠠᠵᠤ᠂ ᠢᠵᠠᠭᠤᠷ ᠤᠳᠤᠮ ᠤ᠋ᠨ ᠬᠦᠯᠦᠭ ᠮᠣᠷᠢᠳ ᠢ᠋ ᠴᠢᠨᠢ ᠳᠠᠭᠠᠭᠤᠯᠤᠨ ᠠᠪᠴᠢᠷᠠᠵᠤ ᠢᠷᠡᠨ᠎ᠡ᠃ ᠡᠨᠳᠡ ᠡᠴᠡ ᠮᠣᠩᠭᠣᠯ ᠣᠮᠣᠭᠰᠢᠯ᠂ ᠪᠠᠬᠠᠷᠬᠠᠯ᠂ ᠮᠣᠩᠭᠣᠯ ᠴᠣᠭ ᠵᠣᠯᠪᠣᠭ᠎ᠠ ᠬᠡᠢᠮᠣᠷᠢ ᠰᠦᠯᠳᠡ᠂ ᠮᠣᠩᠭᠣᠯ ᠤᠬᠠᠭᠠᠨ ᠡᠷ᠎ᠡ ᠵᠣᠷᠢᠭ᠂ ᠰᠡᠳᠬᠢᠯ ᠣᠶᠤᠨ ᠤ᠋ ᠣᠨᠳᠣᠷᠣᠯ ᠪᠠᠳᠠᠷᠠᠵᠤ ᠪᠠᠢᠨ᠎ᠠ᠃ ᠣᠷᠣᠨ ᠳᠠᠶᠠᠭᠠᠷ ᠬᠥᠭᠵᠢᠨ ᠳᠡᠭᠵᠢᠷᠡᠬᠦ ᠵᠣᠬᠢᠯᠳᠤᠬᠤ ᠨᠥᠬᠥᠴᠡᠯ ᠢ᠋ ᠪᠦᠷᠢᠯᠳᠦᠭᠦᠯᠵᠦ᠂ ᠬᠠᠷᠰᠢᠯᠳᠤᠬᠤ ᠰᠢᠯᠲᠠᠭᠠᠨ ᠢ᠋ ᠬᠠᠭᠠᠵᠤ᠂ ᠬᠠᠮᠤᠭ ᠣᠯᠠᠨ ᠢ᠋ ᠠᠮᠤᠷᠵᠢᠭᠤᠯᠵᠤ᠂ ᠲᠡᠭᠷᠢ ᠵᠠᠶᠠᠭᠠᠲᠤ ᠮᠣᠩᠭᠣᠯ ᠲᠦᠮᠡᠨ ᠦ᠌ ᠪᠡᠨ ᠨᠠᠰᠤᠨ ᠬᠤᠲᠤᠭ ᠢ᠋ ᠨᠡᠮᠡᠵᠦ᠂ ᠠᠮᠠᠨ ᠬᠡᠰᠢᠭ ᠢ᠋ ᠠᠷᠪᠢᠳᠬᠠᠵᠤ᠂ ᠵᠣᠯᠪᠣᠭ᠎ᠠ ᠬᠡᠢᠮᠣᠷᠢ ᠶ᠋ᠢ ᠪᠠᠳᠠᠷᠠᠭᠠᠵᠤ ᠂ ᠵᠣᠷᠢᠭ ᠵᠢᠷᠦᠬᠡ ᠶ᠋ᠢ ᠴᠢᠩᠭᠠᠯᠠᠵᠤ᠂ ᠲᠡᠩᠬᠡᠭᠡᠯᠢᠭ ᠶᠡᠬᠡ ᠠᠪᠢᠶᠠᠰ ᠤᠬᠠᠭᠠᠨ ᠡᠷᠴᠢ ᠬᠦᠴᠦ᠂ ᠡᠷᠳᠡᠮ ᠴᠢᠳᠠᠯ ᠢ᠋ ᠢᠪᠡᠭᠡᠨ ᠰᠣᠶᠣᠷᠬᠠᠳᠠᠭ ᠪᠢᠯᠡ᠃
ᠲᠩᠷᠢ ᠡᠴᠡ ᠪᠠᠭᠤᠵᠤ᠂ ᠭᠠᠵᠠᠷ ᠠ᠋ᠴᠠ ᠡᠷᠭᠦᠭᠳᠡᠭᠰᠡᠨ ᠰᠦᠷ ᠪᠠᠷ᠎ᠠ ᠰᠠᠢᠬᠠᠨ᠂ ᠨᠥᠮᠥᠷᠢ ᠨᠥᠯᠥᠭᠡ ᠶᠡᠬᠡᠲᠦ ᠥᠨᠳᠡᠭᠡᠨ ᠴᠠᠭᠠᠨ ᠤᠨᠠᠭᠠᠨ ᠪᠠᠭᠤᠴᠠ ᠶ᠋ᠢᠨ ᠪᠤᠶᠠᠨ ᠬᠡᠰᠢᠭ᠂ ᠰᠦᠷ ᠬᠦᠴᠦᠨ ᠳ᠋ᠦ᠍ ᠵᠠᠯᠪᠠᠷᠢᠨ ᠳᠠᠭᠠᠳᠬᠠᠵᠤ᠂ ᠡᠨᠳᠡ ᠢᠷᠡᠭᠰᠡᠳ ᠦ᠋ᠨ ᠬᠢᠨ ᠦ᠌ ᠠᠵᠢᠯ ᠦᠢᠯᠡᠰ ᠤᠯᠠᠮ ᠥᠭᠡᠳᠡᠷᠡᠭ᠂ ᠪᠦᠲᠦᠭᠡᠯᠴᠢ᠂ ᠥᠩᠭᠡ ᠵᠢᠪᠬᠤᠭ᠎ᠠ ᠲᠠᠢ ᠪᠠᠢᠭ᠎ᠠ ᠨᠢ ᠮᠣᠩᠭᠣᠯ ᠲᠦᠮᠡᠨ ᠦ᠌ ᠨᠢᠭᠡᠨ ᠶᠡᠬᠡ ᠪᠠᠬᠠᠷᠬᠠᠯ ᠶᠤᠮ᠃ ᠬᠥᠮᠦᠨ ᠦ᠌ ᠪᠦᠲᠦᠭᠡᠯᠴᠢ ᠦᠢᠯᠡᠰ ᠳᠡᠮᠵᠢᠭᠳᠡᠵᠦ᠂ ᠠᠮᠢᠳᠤᠷᠠᠵᠤ ᠠᠵᠢᠯᠯᠠᠬᠤ ᠣᠷᠴᠢᠨ ᠰᠠᠢᠵᠢᠷᠠᠨ᠎ᠠ ᠭᠡᠳᠡᠭ ᠭᠠᠵᠠᠷ ᠭᠠᠵᠠᠷ ᠤ᠋ᠨ ᠢᠷᠭᠡᠳ ᠦ᠋ᠨ ᠬᠦᠰᠡᠯ ᠪᠢᠯᠡ᠃ ᠡᠭᠦᠨ ᠳᠤ ᠡᠵᠡᠨ ᠬᠥᠮᠦᠨ ᠦ᠌ ᠬᠢᠴᠢᠶᠡᠯ ᠵᠢᠳᠬᠦᠯ ᠡᠴᠡ ᠭᠠᠳᠠᠨ᠎ᠠ ᠪᠠᠢᠭᠠᠯᠢ ᠳᠡᠯᠡᠬᠡᠢ ᠶ᠋ᠢᠨ ᠢᠪᠡᠭᠡᠯ ᠪᠠᠰᠠ ᠪᠣᠢ᠃ ᠬᠥᠮᠦᠨ ᠪᠠᠢᠭᠠᠯᠢ ᠶ᠋ᠢᠨ ᠠᠮᠢᠨ ᠬᠣᠯᠪᠣᠭ᠎ᠠ᠂ ᠰᠢᠳᠦᠨ ᠪᠠᠷᠢᠯᠳᠤᠯᠭ᠎ᠠ ᠠᠮᠢᠳᠤᠷᠠᠯ ᠤ᠋ᠨ ᠡᠬᠢ ᠦᠨᠳᠦᠰᠦ ᠨᠢᠭᠡ ᠭᠡᠳᠡᠭ ᠢ᠋ ᠤᠬᠠᠭᠠᠨᠲᠤ ᠳᠡᠭᠡᠳᠦᠰ ᠮᠢᠨᠢ ᠤᠴᠢᠷᠯᠠᠨ ᠰᠤᠷᠭᠠᠵᠤ ᠢᠷᠡᠭᠰᠡᠨ ᠦ᠌ ᠤᠴᠢᠷ ᠡᠨᠡ ᠪᠤᠶᠤ᠃
ᠮᠥᠩᠬᠡ ᠲᠩᠷᠢ ᠶ᠋ᠢᠨ ᠬᠦᠴᠦ᠂ ᠠᠭᠤᠯᠠ ᠤᠰᠤᠨ ᠤ᠋ ᠡᠵᠡᠳ ᠮᠣᠩᠭᠣᠯ ᠬᠥᠮᠦᠨ ᠪᠦᠷᠢ ᠶ᠋ᠢ ᠲᠡᠳᠬᠦᠵᠦ᠂ ᠬᠡᠢᠮᠣᠷᠢ ᠯᠤᠩᠳᠠ ᠶ᠋ᠢ ᠨᠢ ᠤᠯᠠᠮ ᠪᠠᠳᠠᠷᠠᠭᠠᠬᠤ ᠪᠣᠯᠲᠤᠭᠠᠢ!
ᠬᠤᠷᠤᠢ! ᠬᠤᠷᠤᠢ! ᠬᠤᠷᠤᠢ!
