ᠲᠠᠷᠪᠠᠭᠠᠴᠠᠬᠤ Тарвагацах
ᠲᠠᠷᠪᠠᠭᠠᠴᠠᠬᠤ
ᠡᠨᠡ ᠲᠣᠭᠯᠠᠭᠠᠮ ᠳ᠋ᠤ᠌ ᠲᠠᠷᠪᠠᠭ᠎ᠠ ᠭᠡᠰᠡᠨ ᠬᠡᠰᠡᠭ ᠬᠡᠦᠬᠡᠳ ᠪᠠ ᠴᠢᠨᠣ᠎ᠠ ᠭᠡᠰᠡᠨ ᠨᠢᠭᠡ ᠬᠡᠦᠬᠡᠳ ᠪᠠᠢᠨ᠎ᠠ᠃ ᠲᠠᠷᠪᠠᠭ᠎ᠠ ᠬᠣᠷᠢ ᠠ᠋ᠴᠠ ᠭᠤᠴᠢᠨ ᠮᠧᠲ᠋ᠷ ᠵᠠᠢᠲᠠᠢ ᠬᠣᠶᠠᠷ ᠨᠦᠬᠡ ᠲᠡᠢ ᠪᠥᠭᠡᠳ ᠲᠠᠷᠪᠠᠭᠠᠨ ᠤ᠋ ᠭᠦᠢᠳᠫ ᠦ᠋ᠨ ᠳᠤᠮᠳᠠ ᠬᠢᠷᠢ ᠳ᠋ᠦ᠍ ᠴᠢᠭᠢᠭ ᠲᠡᠢ᠂ ᠲᠡᠭᠦᠨ ᠡᠴᠡ ᠨᠡᠯᠢᠶᠡᠳ ᠵᠠᠢᠳᠠᠭᠤ ᠬᠣᠩᠭᠢᠯ ᠳ᠋ᠤ᠌ ᠴᠢᠨᠣ᠎ᠠ ᠠᠮᠢᠳᠤᠷᠠᠨ᠎ᠠ᠃ ᠡᠬᠢᠯᠡᠭᠡᠳ ᠬᠣᠶᠠᠷ ᠲᠠᠷᠪᠠᠭ᠎ᠠ ᠴᠢᠨᠤᠨ ᠳ᠋ᠤ᠌ ᠣᠴᠢᠵᠤ ᠲᠠᠮᠠᠬᠢᠯᠠᠨ ᠳᠠᠷᠠᠭ᠎ᠠ ᠦᠭᠡ ᠶ᠋ᠢ ᠬᠡᠯᠡᠯᠴᠡᠨ᠎ᠡ᠃ ᠲᠠᠷᠪᠠᠭ᠎ᠠ ᠬᠣᠶᠠᠷ ᠨᠦᠬᠡᠨ ᠦ᠌ ᠪᠡᠨ ᠬᠣᠭᠣᠷᠣᠨᠳᠣ ᠭᠦᠶᠦᠯᠴᠡᠬᠦ ᠳ᠋ᠦ᠍ ᠴᠢᠨᠣ᠎ᠠ ᠬᠠᠵᠠᠭᠤ ᠠ᠋ᠴᠠ ᠨᠢ ᠳᠠᠭᠠᠷᠢᠵᠤ ᠪᠠᠷᠢᠨ᠎ᠠ᠃ ᠪᠠᠷᠢᠭᠰᠠᠨ ᠲᠠᠷᠪᠠᠭ᠎ᠠ ᠪᠠᠨ ᠬᠣᠩᠭᠢᠯ ᠳ᠋ᠤ᠌ ᠪᠠᠨ ᠠᠪᠠᠴᠢᠵᠤ ᠬᠠᠳᠠᠭᠠᠯᠠᠨ᠎ᠠ᠃ ᠲᠠᠷᠪᠠᠭ᠎ᠠ ᠶ᠋ᠢ ᠨᠦᠬᠡᠨ ᠳ᠋ᠦ᠍ ᠪᠡᠨ ᠣᠷᠣᠬᠤ ᠶ᠋ᠢᠨ ᠡᠮᠦᠨ᠎ᠡ ᠬᠥᠭᠡᠭᠡᠵᠦ ᠪᠠᠷᠢᠬᠤ ᠪᠠ ᠪᠠᠷᠢᠵᠤ ᠴᠢᠳᠠᠬᠤ ᠦᠭᠡᠢ ᠨᠦᠬᠡᠨ ᠳ᠋ᠦ᠍ ᠨᠢ ᠣᠷᠣᠭᠤᠯᠪᠠᠯ ᠳᠠᠬᠢᠨ ᠭᠠᠷᠴᠤ ᠭᠦᠶᠦᠬᠦ ᠶ᠋ᠢ ᠬᠦᠯᠢᠶᠡᠨ᠎ᠡ᠃ ᠲᠠᠷᠪᠠᠭ᠎ᠠ ᠶ᠋ᠢ ᠪᠦᠭᠦᠳᠡ ᠶ᠋ᠢ ᠪᠠᠷᠢᠵᠤ ᠠᠪᠤᠭᠰᠠᠨ ᠢ᠋ᠶ᠋ᠠᠷ ᠲᠣᠭᠯᠠᠭᠠᠮ ᠳᠠᠭᠤᠰᠤᠨ᠎ᠠ᠃
- ᠴᠢᠨᠣ᠎ᠠ ᠭᠤᠸᠠᠢ᠂ ᠴᠢᠨᠣ᠎ᠠ ᠭᠤᠸᠠᠢ ᠲᠠᠮᠠᠬᠢ!
- ᠲᠠᠷᠪᠠᠭᠠᠨ ᠤ᠋ ᠵᠢᠭᠠᠷ ᠶᠠᠮᠠᠷ ᠦᠮᠦᠬᠡᠢ ᠶᠦᠮ
- ᠲᠠᠷᠪᠠᠭ᠎ᠠ ᠭᠤᠸᠠᠢ᠂ ᠲᠠᠷᠪᠠᠭ᠎ᠠ ᠭᠤᠸᠠᠢ ᠲᠠᠮᠠᠬᠢ
- ᠴᠢᠨᠣ᠎ᠠ ᠶ᠋ᠢᠨ ᠰᠢᠭᠡᠰᠦ ᠶᠠᠰᠤᠨ ᠱᠡᠪᠲᠦᠷ ᠶᠦᠮ ᠭᠡᠳ ᠬᠥᠭᠡᠷᠭᠡ ᠶ᠋ᠢ ᠰᠢᠳᠡᠨ᠎ᠡ᠃
- ᠴᠢᠨᠣ᠎ᠠ ᠭᠤᠸᠠᠢ ᠴᠢᠨᠣ᠎ᠠ ᠭᠤᠸᠠᠢ ᠭᠡᠲᠡ ᠪᠡᠨ ᠥᠭᠭᠦᠭᠡᠴᠢ
- ᠭᠡᠲᠡ ᠪᠡᠷ ᠶᠠᠭᠠᠬᠢᠬᠤ ᠭᠡᠰᠡᠨ ᠶᠦᠮ ᠪᠣᠢ?
- ᠭᠠᠯ ᠲᠦᠯᠡᠶᠡ
- ᠭᠠᠯ ᠢ᠋ᠶ᠋ᠠᠷ ᠶᠠᠭᠠᠬᠢᠬᠤ ᠭᠡᠰᠡᠨ ᠶᠦᠮ ᠪᠣᠢ?
- ᠴᠠᠪᠠᠤ ᠪᠤᠴᠠᠯᠭᠠᠶᠠ
- ᠴᠠᠪᠠᠤ ᠪᠠᠷ ᠶᠠᠭᠠᠬᠢᠬᠤ ᠭᠡᠰᠡᠨ ᠶᠦᠮ ᠪᠣᠢ?
- ᠨᠤᠮᠤ ᠰᠤᠮᠤ ᠨᠠᠭᠠᠶ᠎ᠠ
- ᠨᠤᠮᠤ ᠰᠤᠮᠤ ᠪᠠᠷ ᠶᠠᠭᠠᠬᠢᠬᠤ ᠭᠡᠰᠡᠨ ᠶᠦᠮ ᠪᠣᠢ?
- ᠴᠢᠨᠣ᠎ᠠ ᠶ᠋ᠢᠨ ᠲᠣᠯᠣᠭᠠᠢ ᠶ᠋ᠢ ᠬᠠᠭ᠎ᠠ ᠬᠠᠷᠪᠤᠶ᠎ᠠ
ᠭᠡᠰᠡᠨ ᠦ᠌ ᠳᠠᠷᠠᠭ᠎ᠠ ᠪᠠᠷ ᠵᠡᠭᠡᠷᠭᠡᠵᠢᠨ᠂ ᠨᠡᠭᠦᠷᠭᠡᠨᠴᠢᠨ᠂ ᠨᠣᠭᠲᠣᠴᠢᠨ᠂ ᠴᠢᠭᠲᠠᠴᠢᠨ ᠭᠡᠳ ᠵᠢᠭᠤᠲᠠᠭᠠᠵᠤ ᠲᠣᠭᠯᠠᠭᠠᠮ ᠡᠬᠢᠯᠡᠨ᠎ᠡ᠃
Тарвагацах
Энэ тоглоомд тарвага гэсэн хэсэг хүүхэд ба чоно гэсэн нэг хүүхэд байна. Тарвага хориос
гучин метр зайтай хоёр нүхтэй бөгөөд тарваганы гүйдпийн дунд хэрд чигтэй түүнээс нэлээд
зайдуу хонгилд чоно амьдарна. Эхлээд хоёр тарвага чононд очиж тамхилан дараа үгийг
хэлэлцэнэ.
Тарвага хоёр нүхнийхээ хооронд гүйлцэхэд чоно хажуунаас нь дайрч барина. Барьсан
тарвагаа хонгилдоо аваачиж хадгална.
Тарвагыг нүхэндээ орохын өмнө хөөж барих ба барьж
чадахгүй нүхэнд нь оруулбал дахин гарч гүйхийг хүлээнэ.
Тарвагыг бүгдийг барьж авснаар тоглоом дуусна.
- Чоно гуай, чоно гуай тамхи︕
- Тарваганы заар ямар өмхий юм
- Тарвага гуай, тарвага гуай тамхи
- Чонын шээс яасан шөвтөр юм гээд хөөргийг шиднэ.
- Чоно гуай чоно гуай хэтээ өгөөч
- Хэтээр яах гэсэн юм бэ︖
- Гал түлье
- Галаар яах гэсэн юм бэ︖
- Цавуу буцалгая
- Цавуугаар яах гэсэн юм бэ︖
- Нум сум наая
- Нум сумаар яах гэсэн юм бэ︖
- Чонын толгойг хага харвая гэсний дараагаар зээргэжин. нүүргэнчин. ногтчин. чагтчин гээд
зугтааж тоглоом эхэлнэ.
