ᠳᠠᠭᠠᠷᠢᠯᠴᠠᠬᠤ ᠦᠭᠡ Дайралцах үг
ᠳᠠᠭᠠᠷᠢᠯᠴᠠᠬᠤ ᠦᠭᠡ
ᠵᠠ ᠬᠦᠦ ᠮᠢᠨᠢ ᠲᠡᠢᠮᠦ ᠳᠡ
ᠵᠤᠷᠠᠮᠠᠨᠲᠠᠨ ᠤ᠋ ᠨᠦᠬᠡᠨ ᠳ᠋ᠦ᠍ ᠨᠢ
ᠵᠢᠷᠭᠤᠭᠠᠨ ᠰᠠᠯᠠᠭ᠎ᠠ ᠪᠠᠢᠨ᠎ᠠ ᠤᠤ ᠳᠠ
ᠵᠤᠯᠵᠠᠭᠠᠨ ᠴᠢᠨᠦ ᠴᠡᠭᠡᠵᠢᠨ ᠳ᠋ᠦ᠍ ᠨᠢ
ᠵᠢᠷᠭᠤᠭᠠᠨ ᠰᠢᠯᠦᠭ ᠪᠠᠢᠨ᠎ᠠ ᠤᠤ ᠳᠠ?
ᠠᠯᠠᠭᠳᠠᠭᠠᠨ ᠤ᠋ ᠨᠦᠬᠡᠨ ᠳ᠋ᠦ᠍ ᠨᠢ
ᠠᠷᠪᠠᠨ ᠰᠠᠯᠠᠭ᠎ᠠ ᠪᠠᠢᠨ᠎ᠠ ᠤᠤ ᠳᠠ
ᠠᠨ– ᠨᠠ ᠴᠢᠨᠦ ᠴᠡᠭᠡᠵᠢᠨ ᠳ᠋ᠦ᠍ ᠨᠢ
ᠠᠷᠪᠠᠨ ᠰᠢᠯᠦᠭ ᠪᠠᠢᠨ᠎ᠠ ᠤᠤ ᠳᠠ?
ᠵᠠ ᠬᠦᠦ ᠮᠢᠨᠢ ᠲᠡᠢᠮᠦ ᠳᠡ
ᠠᠷᠪᠠᠨ ᠲᠠᠪᠤᠨ ᠤ᠋ ᠰᠠᠷ᠎ᠠ ᠶ᠋ᠢ
ᠠᠷᠤ ᠳᠡᠭᠡᠷ᠎ᠡ ᠪᠡᠨ ᠭᠠᠷᠲᠠᠯ᠎ᠠ ᠬᠡᠯᠡᠯᠴᠡᠶ᠎ᠡ
ᠠᠳᠤᠭᠤ ᠦᠬᠡᠷ ᠬᠣᠶᠠᠷ ᠢ᠋
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ
ᠬᠣᠷᠢᠨ ᠲᠠᠪᠤᠨ ᠤ᠋ ᠰᠠᠷ᠎ᠠ ᠶ᠋ᠢ
ᠬᠣᠢᠳᠤ ᠳᠡᠭᠡᠷ᠎ᠡ ᠭᠠᠷᠲᠠᠯ᠎ᠠ ᠬᠡᠯᠡᠯᠴᠡᠶ᠎ᠡ
ᠬᠣᠨᠢ ᠢᠮᠠᠭ᠎ᠠ ᠬᠣᠶᠠᠷ ᠢ᠋
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ
ᠵᠠ ᠬᠦᠦ ᠮᠢᠨᠢ ᠲᠡᠢᠮᠦ ᠳᠡ
ᠭᠡᠭᠦᠦ ᠮᠣᠷᠢ ᠶ᠋ᠢ ᠤᠨᠤᠭᠠᠳ
ᠬᠥᠪᠡᠭᠡ ᠳᠠᠪᠠᠵᠤ ᠴᠢᠳᠠᠬᠤ ᠤᠤ ᠳᠠ
ᠭᠦᠵᠡᠭᠡᠨ ᠲᠣᠯᠣᠭᠠᠢᠯᠠᠵᠤ ᠢᠷᠡᠭᠡᠳ
ᠨᠠᠳᠠ ᠲᠠᠢ ᠬᠡᠯᠡᠯᠴᠡᠵᠦ ᠴᠢᠳᠠᠬᠤ ᠤᠤ ᠳᠠ?
ᠳᠠᠭᠠᠨ ᠮᠣᠷᠢ ᠶ᠋ᠢ ᠤᠨᠤᠭᠠᠳ
ᠳᠠᠪᠠᠭ᠎ᠠ ᠳᠠᠪᠠᠵᠤ ᠴᠢᠳᠠᠬᠤ ᠤᠤ ᠳᠠ?
ᠳᠠᠪᠤᠰᠠᠩ ᠲᠣᠯᠣᠭᠠᠢᠯᠠᠵᠤ ᠢᠷᠡᠭᠡᠳ
ᠨᠠᠳᠠ ᠲᠠᠢ ᠬᠡᠯᠡᠯᠴᠡᠵᠦ ᠴᠢᠳᠠᠬᠤ ᠤᠤ ᠳᠠ?
ᠵᠠ ᠬᠦᠦ ᠮᠢᠨᠢ ᠲᠡᠢᠮᠦ ᠳᠡ
ᠭᠦᠨ ᠨᠠᠭᠤᠷ ᠤ᠋ᠨ ᠤᠰᠤᠨ ᠳ᠋ᠤ᠌ ᠨᠢ
ᠭᠥᠯᠮᠡᠩ ᠦᠵᠦᠭᠦᠷ ᠠᠪᠲᠠᠭ᠎ᠠ ᠦᠭᠡᠢ
ᠬᠦᠶᠦᠭᠡᠳ ᠢᠷᠡᠭᠰᠡᠨ ᠴᠢᠮ᠎ᠠ ᠳ᠋ᠤ᠌
ᠰᠢᠯᠦᠭ ᠦᠨ ᠦᠵᠦᠭᠦᠷ ᠠᠪᠲᠠᠭ᠎ᠠ ᠦᠭᠡᠢ
ᠲᠣᠬᠣᠢ ᠲᠣᠭᠣᠷᠢᠮ ᠤ᠋ᠨ ᠤᠰᠤᠨ ᠳ᠋ᠤ᠌ ᠨᠢ
ᠲᠣᠬᠣᠮ ᠤ᠋ᠨ ᠦᠵᠦᠭᠦᠷ ᠠᠪᠲᠠᠭ᠎ᠠ ᠦᠭᠡᠢ
ᠲᠣᠭᠯᠠᠭᠠᠳ ᠢᠷᠡᠭᠰᠡᠨ ᠴᠢᠮ᠎ᠠ ᠳ᠋ᠤ᠌
ᠰᠢᠯᠦᠭ ᠦᠨ ᠦᠵᠦᠭᠦᠷ ᠠᠪᠲᠠᠭ᠎ᠠ ᠦᠭᠡᠢ
ᠵᠠ ᠬᠦᠦ ᠮᠢᠨᠢ ᠲᠡᠢᠮᠦ ᠳᠡ
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠬᠡᠨ ᠦ᠌ ᠬᠢ ᠪᠣᠢ?
ᠤᠯᠤᠰ ᠠ᠋ᠴᠠ ᠲᠦᠷᠦᠭᠦᠨ ᠳ᠋ᠦ᠍ ᠳᠠᠭᠤ ᠭᠠᠷᠳᠠᠭ
ᠲᠡᠷᠡ ᠵᠣᠯᠪᠢᠩ ᠬᠡᠨ ᠦ᠌ ᠬᠢ ᠪᠣᠢ?
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠬᠡᠨ ᠦ᠌ ᠬᠢ ᠪᠣᠢ?
ᠬᠠᠮᠤᠭ ᠠ᠋ᠴᠠ ᠲᠦᠷᠦᠭᠦᠨ ᠳ᠋ᠦ᠍ ᠳᠠᠭᠤ ᠭᠠᠷᠳᠠᠭ
ᠲᠡᠷᠡ ᠵᠣᠯᠪᠢᠩ ᠬᠡᠨ ᠦ᠌ ᠬᠢ ᠪᠣᠢ?
ᠵᠠ ᠬᠦᠦ ᠮᠢᠨᠢ ᠲᠡᠢᠮᠦ ᠳᠡ
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠲᠠᠨ ᠤ᠋ ᠬᠢ
ᠤᠯᠤᠰ ᠠ᠋ᠴᠠ ᠲᠦᠷᠦᠭᠦᠨ ᠳᠠᠭᠤ ᠭᠠᠷᠳᠠᠭ
ᠲᠡᠷᠡ ᠵᠣᠯᠪᠢᠩ ᠲᠠᠨ ᠤ᠋ ᠬᠢ
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠲᠠᠨ ᠤ᠋ ᠬᠢ
ᠬᠠᠮᠤᠭ ᠠ᠋ᠴᠠ ᠲᠦᠷᠦᠭᠦᠨ ᠳᠠᠭᠤ ᠭᠠᠷᠳᠠᠭ
ᠲᠡᠷᠡ ᠵᠣᠯᠪᠢᠩ ᠲᠠᠨ ᠤ᠋ ᠬᠢ
ᠵᠠ ᠬᠦᠦ ᠮᠢᠨᠢ ᠲᠡᠢᠮᠦ ᠳᠡ
ᠰᠠᠷ᠎ᠠ ᠶ᠋ᠢ ᠬᠠᠷᠪᠤᠭᠠᠳ ᠠᠯᠳᠠᠪᠠᠯ
ᠰᠠᠭᠠᠳᠠᠭ ᠪᠠᠷᠢᠭᠠᠳ ᠶᠠᠭᠤ ᠬᠢᠨ᠎ᠡ
ᠴᠢᠮ᠎ᠠ ᠲᠠᠢ ᠬᠡᠯᠡᠯᠴᠡᠭᠡᠳ ᠭᠠᠷᠳᠠᠪᠠᠯ
ᠰᠢᠯᠦᠭ ᠬᠣᠯᠪᠣᠭᠠᠳ ᠶᠠᠭᠤ ᠬᠢᠨ᠎ᠡ
ᠮᠡᠯᠡᠬᠡᠢ ᠬᠠᠷᠪᠤᠭᠠᠳ ᠠᠯᠳᠠᠪᠠᠯ
ᠮᠡᠷᠭᠡᠨ ᠳ᠋ᠦ᠍ ᠣᠷᠣᠭᠠᠳ ᠶᠠᠭᠤ ᠬᠢᠨ᠎ᠡ
ᠮᠥᠨᠥᠬᠡᠨ ᠴᠢᠮ᠎ᠠ ᠳ᠋ᠤ᠌ ᠭᠠᠷᠳᠠᠪᠠᠯ
ᠬᠣᠯᠪᠣᠭ᠎ᠠ ᠪᠤᠯᠢᠶᠠᠯᠳᠤᠭᠠᠳ ᠶᠠᠭᠤ ᠬᠢᠨ᠎ᠡ
ᠵᠠ ᠬᠦᠦ ᠮᠢᠨᠢ ᠲᠡᠢᠮᠦ ᠳᠡ
Дайралцах үг
Зээ хүү минь тийм дээ
Зурмантааны нүхэнд нь
Зургаан салаа байна уу даа
Зулзаган чиний цээжинд нь
Зургаан шүлэг байна уу даа︖
Алагтааны нүхэнд нь
Арван салаа байна уу даа
Ан-аа чиний цээжинд нь
Арван шүлэг байна уу даа︖
Зээ хүү минь тиймий дээ
Арван тавны сарыг
Ар дээрээ гартал хэлэлцье
Адуу үхэр хоёрыг
Бэлчээрт гартал хэлэлцье
Хорин тавны сарыг
Хойд дээр гартал хэлэлцье
Хонь ямаа хоёрыг
Бэлчээрт гартал хэлэлцье
Зээ хүү минь тиймий дээ
Гүү морийг унаад
Гүвээ давж чадах уу даа
Гүзээн толгойлж ирээд
Надтай хэлэлцэж чадах уу даа︖
Дааган морийг унаад
Даваа давж чадах уу даа︖
Давсан толгойлж ирээд
Надтай хэлэлцэж чадах уу даа︖
Зээ хүү минь тиймий дээ
Гүн нуурын усанд нь
Гөлмөн үзүүр автаагүй
Гүйгээд ирсэн чамаа мууд
Шүлгэн үзүүр автаагүй
Тохой тойрмын усанд нь
Тохмын үзүүр автаагүй
Тоглоод ирсэн чи мууд
Шүлгэн үзүүр автаагүй
Зээ хүү минь тиймий дээ
Уулан дээгүүр явдаг
Улаан халтар хэнийх вэ︖
Улсаас түрүүнд дуу гардаг
Тэр золбин хэнийх вэ︖
Хадан дээгүүр явдаг
Хар халтар хэнийх вэ︖
Хамгаас түрүүнд дуу гардаг
Тэр золбин хэнийх вэ︖
Зээ хүү минь тиймий дээ
Уулан дээгүүр явдаг
Улаан халтар танайх
Улсаас түрүүн дуу гардаг
Тэр золбин танайх
Хадан дээгүүр явдаг
Хар халтар танайх
Хамгаас түрүүн дуу гардаг
Тэр золбин танайх
Зээ хүү минь тиймий дээ
Сарыг харваад алдвал
Саадаг бариад юу хийнэ
Чамтай хэлэлцээд гартвал
Шүлэг холбоод юу хийнэ
Мэлхий харваад алдвал
Мэргэнд ороод юу хийнэ
Мөнөөхөн чамд гартвал
Холбоо булаалдаад юу хийнэ
Зээ хүү минь тиймий дээ
