ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠸᠨ ᠴᠢᠩ ᠶᠦᠨ(1) Шинэ дундад улсын уран бичлэгдэд -<1>1949 оноос өмнө мэндэлсэд - Цен чин юн 1 ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠸᠨ ᠴᠢᠩ ᠶᠦᠨ(1) Шинэ дундад улсын уран бичлэгдэд -<1>1949 оноос өмнө мэндэлсэд - Цен чин юн 1

ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠴᠸᠨ ᠴᠢᠩ ᠶᠦᠨ(1) Шинэ дундад улсын уран бичлэгдэд -<1>1949 оноос өмнө мэндэлсэд - Цен чин юн 1

ᠠᠩᠭᠢᠯᠠᠯ:ᠤᠷᠠᠨ ᠪᠢᠴᠢᠯᠭᠡ
2024-03-20

504

<ᠨᠢᠭᠡ>1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠳᠡᠳ

—— ᠴᠸᠨ ᠴᠢᠩ ᠶᠦᠨ Цен чин юн


       ᠴᠸᠨ ᠴᠢᠩ ᠶᠦᠨ ( 1909 – 1980 )ᠡᠷᠡᠭᠲᠡᠢ᠂ ᠮᠣᠩᠭᠣᠯ ᠦᠨᠳᠦᠰᠦᠲᠡᠨ᠂ ᠮᠣᠩᠭᠣᠯ ᠨᠡᠷ᠎ᠡ ᠨᠢ ᠠᠯᠲᠠᠨᠪᠠᠭᠠᠲᠤᠷ ᠭᠡᠳᠡᠭ᠃ ᠴᠸᠨ ᠳᠧ ᠮᠧᠩ᠂ ᠴᠢᠮᠡᠳᠰᠦ᠋ᠷᠥᠩ ᠭᠡᠬᠦ ᠨᠡᠷ᠎ᠡ ᠶ᠋ᠢ ᠴᠦ᠍ ᠬᠡᠷᠡᠭᠯᠡᠵᠦ ᠥᠩᠭᠡᠷᠡᠵᠡᠢ᠃1909 ᠣᠨ ᠳ᠋ᠤ᠌ ᠥᠪᠥᠷ ᠮᠣᠩᠭᠣᠯ ᠤ᠋ᠨ ᠵᠣᠣ ᠤᠳᠠ ᠠᠢᠮᠠᠭ ᠤ᠋ᠨ ᠨᠢᠩᠴᠧᠩ ᠰᠢᠶᠠᠨ ᠤ᠋ ᠪᠦᠳᠦᠭᠦᠨ ᠭᠣᠣᠯ ᠠᠢᠯ ᠤ᠋ᠨ ᠲᠠᠷᠢᠶᠠᠴᠢᠨ ᠤ᠋ ᠭᠡᠷ ᠲᠦ᠍ ᠲᠥᠷᠥᠵᠡᠢ᠃ 1980 ᠣᠨ ᠳ᠋ᠤ᠌ ᠬᠥᠬᠡᠬᠣᠲᠠ ᠳ᠋ᠤ᠌ ᠡᠪᠡᠳᠴᠢᠨ ᠢ᠋ᠶ᠋ᠡᠷ ᠲᠠᠭᠠᠯᠠᠯ ᠲᠡᠭᠦᠰᠪᠡᠢ᠃

          ᠨᠢᠭᠡ  ᠴᠸᠨ ᠴᠢᠩ ᠶᠦᠨ ᠦ᠌ ᠠᠮᠢᠳᠤᠷᠠᠯ ᠬᠢᠭᠡᠳ ᠤᠷᠠᠨ ᠪᠢᠴᠢᠯᠭᠡ ᠶ᠋ᠢᠨ ᠵᠠᠮ ᠮᠥᠷ  

       1.  ᠪᠠᠭ᠎ᠠ ᠨᠠᠰᠤ ᠬᠢᠭᠡᠳ ᠤᠯᠤᠰ ᠦᠨᠳᠦᠰᠦᠲᠡᠨ ᠳ᠋ᠡᠭᠡᠨ 
            ᠭᠣᠶᠠᠴᠢ ᠦᠭᠡᠢ ᠰᠡᠳᠬᠢᠯ ᠢ᠋ᠶ᠋ᠡᠷ ᠵᠢᠳᠬᠦᠭᠰᠡᠨ ᠵᠠᠯᠠᠭᠤ ᠨᠠᠰᠤ  
       1909 ᠣᠨ ᠳ᠋ᠤ᠌ ᠥᠪᠥᠷ ᠮᠣᠩᠭᠣᠯ ᠤ᠋ᠨ ᠵᠣᠣ ᠤᠳᠠ ᠠᠢᠮᠠᠭ ᠤ᠋ᠨ ᠨᠢᠩᠴᠧᠩ ᠰᠢᠶᠠᠨ ᠤ᠋ ᠪᠦᠳᠦᠭᠦᠨ ᠭᠣᠣᠯ ᠠᠢᠯ ᠤ᠋ᠨ ᠲᠠᠷᠢᠶᠠᠴᠢᠨ ᠤ᠋ ᠭᠡᠷ ᠲᠦ᠍ ᠲᠥᠷᠥᠵᠡᠢ᠃ ᠨᠠᠢ᠍ᠮᠠᠨ ᠨᠠᠰᠤᠨ ᠠ᠋ᠴᠠ ᠪᠠᠨ ᠡᠴᠢᠭᠡ ᠪᠡᠨ ᠳᠠᠭᠠᠵᠤ ᠬᠠᠢ ᠶᠦᠩ ᠵᠧᠩ ᠬᠦᠩ ᠨᠣᠶᠠᠨ ᠤ᠋ ᠭᠡᠷ ᠲᠦ᠍ ᠬᠦᠴᠦ ᠶᠠᠪᠤᠵᠤ ᠪᠠᠢᠵᠠᠢ᠃ ᠭᠡᠬᠦ ᠳ᠋ᠦ᠍ ᠪᠡᠨ ᠨᠣᠶᠠᠨ ᠤ᠋ ᠬᠦᠦ ᠳ᠋ᠦ᠍ ᠪᠠᠷᠠᠭ᠎ᠠ ᠪᠣᠯᠵᠤ ᠬᠢᠴᠢᠶᠡᠯ ᠰᠤᠷᠤᠯᠭ᠎ᠠ ᠶ᠋ᠢ ᠨᠢ ᠬᠠᠪᠰᠤᠷᠴᠤ ᠪᠠᠢᠪᠠ᠃ ᠨᠣᠶᠠᠨ᠂ ᠲᠡᠭᠦᠨ ᠦ᠌ ᠰᠡᠴᠡᠨ ᠰᠡᠷᠭᠦᠯᠡᠩ ᠢ᠋ ᠦᠵᠡᠨ ᠭᠠᠷᠴᠤ ᠭᠡᠷ ᠦ᠋ᠨ ᠪᠠᠭᠰᠢᠲᠠᠨ ᠳ᠋ᠤ᠌ ᠵᠠᠷᠤᠭᠳᠠᠵᠤ ᠬᠠᠪᠰᠤᠷᠬᠤ ᠠᠵᠢᠯ ᠲᠣᠬᠢᠷᠠᠭᠤᠯᠤᠭᠰᠠᠨ ᠨᠢ ᠲᠡᠭᠦᠨ ᠳ᠋ᠦ᠍ ᠪᠢᠴᠢᠭ ᠰᠤᠷᠬᠤ ᠪᠣᠯᠤᠮᠵᠢ ᠶ᠋ᠢ ᠣᠯᠭᠤᠵᠠᠢ᠃ ᠭᠡᠷ ᠦ᠋ᠨ ᠪᠠᠭᠰᠢ ᠨᠢ ᠬᠠᠢ ᠶᠦᠩ ᠵᠧᠩ ᠬᠦᠩ ᠨᠣᠶᠠᠨ ᠤ᠋ ᠬᠦᠦ ᠡᠳᠡ ᠬᠣᠶᠠᠭᠤᠯᠠ ᠳ᠋ᠤ᠌ ᠮᠣᠩᠭᠣᠯ᠂ ᠬᠢᠲᠠᠳ᠂ ᠮᠠᠨᠵᠤ ᠪᠢᠴᠢᠭ ᠵᠢᠭᠠᠭᠰᠠᠨ ᠪᠥᠯᠥᠭᠡ᠃ ᠭᠡᠷ ᠦ᠋ᠨ ᠪᠠᠭᠰᠢ ᠨᠢ ᠰᠡᠴᠡᠨ ᠰᠡᠷᠭᠦᠯᠡᠩ ᠮᠥᠷᠲᠡᠭᠡᠨ ᠨᠣᠮᠣᠬᠠᠨ ᠰᠢᠳᠤᠷᠭᠤ ᠴᠸᠨ ᠴᠢᠩ ᠶᠦᠨ ᠢ᠋ ᠦᠵᠡᠨ ᠲᠣᠭᠣᠵᠤ ᠥᠪᠡᠷ ᠦ᠋ᠨ ᠡᠷᠳᠡᠮ ᠮᠡᠷᠭᠡᠵᠢᠯ ᠦ᠋ᠨ ᠣᠬᠢ ᠪᠣᠯᠤᠭᠴᠢ ᠤᠷᠠᠨ ᠪᠢᠴᠢᠯᠭᠡ ᠪᠡᠨ ᠵᠢᠭᠠᠵᠤ ᠥᠭᠭᠦᠭᠰᠡᠨ ᠪᠢᠯᠡ᠃ ᠲᠡᠭᠡᠭᠡᠳ ᠴᠸᠨ ᠴᠢᠩ ᠶᠦᠨ ᠠᠷᠪᠠᠨ ᠭᠤᠷᠪᠠ ᠳᠥᠷᠪᠡ ᠨᠠᠰᠤᠯᠠᠮᠠᠭᠴᠠ ᠮᠣᠩᠭᠣᠯ ᠬᠢᠲᠠᠳ ᠦᠰᠦᠭ ᠢ᠋ ᠨᠡᠯᠢᠶᠡᠳ ᠮᠡᠳᠡᠬᠦ ᠪᠣᠯᠵᠤ ᠬᠣᠶᠠᠷ ᠬᠡᠯᠡᠨ ᠦ᠌ ᠤᠷᠠᠨ ᠪᠢᠴᠢᠯᠭᠡ ᠶ᠋ᠢ ᠴᠦ᠍ ᠳᠠᠷᠢ ᠲᠡᠭᠰᠢ ᠪᠢᠴᠢᠵᠦ ᠴᠢᠳᠠᠬᠤ ᠪᠣᠯᠵᠠᠢ᠃ ᠬᠣᠵᠢᠮ ᠨᠢ ᠬᠠᠢ ᠶᠦᠩ ᠵᠧᠩ ᠬᠦᠩ ᠨᠣᠶᠠᠨ ᠤ᠋ ᠬᠦᠦ ᠪᠡᠭᠡᠵᠢᠩ ᠳ᠋ᠦ᠍ ᠳᠤᠮᠳᠠᠳᠤ ᠰᠤᠷᠭᠠᠭᠤᠯᠢ ᠳ᠋ᠤ᠌ ᠣᠷᠣᠬᠤ ᠳ᠋ᠤ᠌ ᠲᠡᠷᠡ ᠪᠠᠰᠠ ᠳᠠᠭᠠᠵᠤ ᠣᠴᠢᠪᠠ᠃ ᠡᠨᠡ ᠬᠦ᠌ ᠬᠤᠭᠤᠴᠠᠭᠠᠨ ᠳ᠋ᠤ᠌ ᠬᠠᠢ ᠶᠦᠩ ᠵᠧᠩ ᠬᠦᠩ ᠨᠣᠶᠠᠨ ᠤ᠋ ᠬᠡᠦᠬᠡᠳ ᠢ᠋ ᠬᠠᠪᠰᠤᠷᠴᠤ ᠳᠠᠰᠬᠠᠯ ᠬᠢᠬᠦ ᠵᠣᠬᠢᠶᠠᠯ ᠬᠠᠭᠤᠯᠬᠤ ᠵᠡᠷᠭᠡ ᠠᠵᠢᠯ ᠢ᠋ ᠬᠢᠭᠰᠡᠨ ᠡᠴᠡ ᠪᠢᠴᠢᠯᠭᠡ ᠶ᠋ᠢᠨ ᠮᠡᠷᠭᠡᠵᠢᠯ ᠨᠢ ᠨᠡᠩ ᠶᠡᠬᠡ ᠪᠡᠷ ᠳᠡᠭᠡᠭᠰᠢᠯᠡᠬᠦ ᠪᠣᠯᠵᠠᠢ᠃ ᠲᠡᠷᠡ ᠪᠡᠭᠡᠵᠢᠩ ᠳ᠋ᠦ᠍ ᠪᠠᠢᠬᠤ ᠳ᠋ᠤ᠌ ᠪᠠᠨ 《 5.4 》 ᠵᠠᠯᠠᠭᠤᠴᠤᠳ ᠤ᠋ᠨ ᠬᠥᠳᠡᠯᠭᠡᠭᠡᠨ ᠦ᠌ ᠨᠥᠯᠥᠭᠡ ᠶ᠋ᠢ ᠬᠦᠷᠲᠡᠵᠦ ᠮᠠᠰᠢ ᠣᠯᠠᠨ ᠳᠠᠪᠰᠢᠩᠭᠤᠢ ᠵᠠᠯᠠᠭᠤᠴᠤᠳ ᠲᠠᠢ ᠲᠠᠨᠢᠯᠴᠠᠵᠤ ᠬᠤᠪᠢᠰᠬᠠᠯᠴᠢ ᠦᠵᠡᠯ ᠰᠠᠨᠠᠭ᠎ᠠ ᠤᠷᠭᠤᠵᠤ᠂ ᠬᠤᠪᠢᠰᠬᠠᠯᠵᠢᠬᠤ ᠵᠠᠮ ᠢ᠋ᠶ᠋ᠠᠨ ᠡᠬᠢᠯᠡᠭᠦᠯᠵᠡᠢ᠃1926 ᠣᠨ ᠳ᠋ᠤ᠌ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠥᠪ ᠦ᠋ᠨ ᠨᠠᠮ ᠤ᠋ᠨ ᠰᠤᠷᠭᠠᠭᠤᠯᠢ ᠳ᠋ᠤ᠌ ᠰᠤᠷᠤᠯᠴᠠᠪᠠ᠃ ᠳᠠᠷᠠᠭ᠎ᠠ ᠵᠢᠯ ᠨᠢ ᠲᠤᠰ ᠰᠤᠷᠭᠠᠭᠤᠯᠢ ᠳ᠋ᠤ᠌ ᠪᠠᠨ ᠪᠠᠭᠰᠢᠯᠠᠵᠠᠢ᠃ ᠴᠸᠨ ᠴᠢᠩ ᠶᠦᠨ ᠪᠠᠭᠰᠢ 1928 ᠣᠨ ᠳ᠋ᠤ᠌ ᠮᠣᠩᠭᠣᠯ ᠤᠯᠤᠰ ᠠ᠋ᠴᠠ ᠪᠤᠴᠠᠵᠤ ᠢᠷᠡᠭᠰᠡᠨ ᠡᠴᠡ ᠰᠡᠭᠦᠯᠡᠷ ᠲᠤᠬᠠᠢ ᠶ᠋ᠢᠨ ᠵᠣᠰᠣᠲᠤ ᠶ᠋ᠢᠨ ᠴᠢᠭᠤᠯᠭᠠᠨ ᠤ᠋ ᠬᠡᠰᠢᠭᠲᠡᠨ ᠬᠤᠰᠢᠭᠤᠨ ᠤ᠋ ᠪᠠᠷᠢᠭᠤ(经棚)᠂ ᠬᠠᠷᠠᠴᠢᠨ ᠬᠤᠰᠢᠭᠤᠨ ᠤ᠋ ᠳᠣᠣᠷ᠎ᠠ ᠸᠠᠭᠠᠷ ᠤ᠋ᠨ ᠭᠡᠷ( 下瓦房 )ᠬᠠᠷᠠᠴᠢᠨ ᠳᠤᠮᠳᠠ ᠬᠤᠰᠢᠭᠤᠨ( ᠨᠢᠩᠴᠸᠩ )ᠦ᠋ᠨ ᠮᠠᠷᠠᠳᠦ(大城子)ᠵᠡᠷᠭᠡ ᠭᠠᠵᠠᠷ ᠢ᠋ᠶ᠋ᠠᠷ ᠪᠠᠭᠰᠢᠯᠠᠵᠤ ᠮᠠᠷᠺᠰ ᠤ᠋ᠨ ᠦᠵᠡᠯ ᠦ᠋ᠨ ᠲᠤᠬᠠᠢ ᠤᠬᠠᠭᠤᠯᠭ᠎ᠠ ᠬᠢᠬᠦ ᠶ᠋ᠢᠨ ᠳᠠᠭᠠᠤ ᠮᠣᠩᠭᠣᠯ ᠬᠡᠦᠬᠡᠳ ᠲᠦ᠍ ᠮᠣᠩᠭᠣᠯ ᠬᠢᠲᠠᠳ ᠪᠢᠴᠢᠭ ᠵᠢᠭᠠᠭᠰᠠᠨ ᠪᠠᠢᠨ᠎ᠠ᠃ ᠲᠡᠷᠡ ᠮᠣᠩᠭᠣᠯ ᠵᠥᠪᠯᠡᠯᠲᠦ ᠡᠴᠡ ᠬᠦᠷᠲᠡᠭᠰᠡᠨ ᠳᠠᠪᠰᠢᠩᠭᠤᠢ ᠦᠵᠡᠯ ᠰᠠᠨᠠᠭ᠎ᠠ ᠪᠠᠨ ᠮᠣᠩᠭᠣᠯ ᠬᠡᠦᠬᠡᠳ ᠲᠡᠭᠡᠨ ᠰᠤᠷᠲᠠᠯᠴᠢᠯᠠᠵᠤ 《 ᠡᠬᠡ ᠣᠷᠣᠨ ᠢ᠋ᠶ᠋ᠠᠨ ᠬᠠᠢᠷᠠᠯᠠᠬᠤ ᠬᠥᠮᠦᠵᠢᠯ᠂ ᠦᠨᠳᠦᠰᠦᠲᠡᠨ ᠢ᠋ᠶ᠋ᠡᠨ ᠮᠠᠨᠳᠤᠭᠤᠯᠬᠤ ᠬᠥᠮᠦᠵᠢᠯ᠂ ᠠᠷᠠᠳ ᠲᠦᠮᠡᠨ ᠡᠴᠦᠰ ᠲᠡᠭᠡᠨ ᠤᠯᠤᠰ ᠤ᠋ᠨ ᠡᠵᠡᠨ ᠪᠣᠯᠤᠨ᠎ᠠ 》 ᠭᠡᠬᠦ ᠢᠷᠡᠭᠡᠳᠦᠢ ᠶ᠋ᠢᠨ ᠬᠦᠰᠡᠯᠡᠩ ᠦ᠋ᠨ ᠬᠥᠮᠦᠵᠢᠯ ᠢ᠋ ᠵᠡᠷᠭᠡ ᠳ᠋ᠦ᠍ᠨᠢ ᠬᠢᠵᠦ ᠪᠠᠢᠵᠠᠢ᠃1938 ᠣᠨ ᠳ᠋ᠤ᠌ ᠴᠧᠩ ᠳᠧ(承德 ) ᠳ᠋ᠡᠬᠢ ᠪᠠᠭᠰᠢ ᠶ᠋ᠢᠨ ᠶᠣᠰᠣᠨ ᠢ᠋ ᠰᠤᠷᠭᠠᠬᠤ ᠪᠣᠯᠪᠠᠰᠤᠷᠠᠯ ᠤ᠋ᠨ ᠭᠠᠵᠠᠷ ᠬᠠᠭᠠᠰ ᠵᠢᠯ ᠰᠤᠷᠤᠯᠴᠠᠵᠤ ᠪᠠᠢᠬᠤ ᠬᠤᠭᠤᠴᠠᠭᠠᠨ ᠳ᠋ᠤ᠌ ᠪᠠᠨ《 ᠶᠠᠫᠣᠨ ᠤ᠋ ᠰᠤᠷᠭᠠᠨ ᠬᠥᠮᠦᠵᠢᠯ ᠦ᠋ᠨ ᠲᠤᠬᠠᠢ  ᠪᠠᠢᠴᠠᠭᠠᠨ ᠰᠤᠳᠤᠯᠬᠤ ᠪᠦᠯᠬᠦᠮ 》 ᠦ᠋ᠨ ᠨᠢᠭᠡ ᠭᠡᠰᠢᠭᠦᠨ ᠪᠣᠯᠵᠤ᠂ ᠶᠠᠫᠣᠨ ᠤ᠋ ᠲᠤᠤᠺᠢᠤ᠋᠂ ᠤᠤᠰᠠᠺᠠ᠂ ᠬᠤᠺᠺᠠᠶᠢᠳᠤᠤ᠋ ᠮᠡᠲᠦ ᠶ᠋ᠢᠨ ᠭᠠᠵᠠᠷ ᠣᠷᠣᠨ ᠢ᠋ᠶ᠋ᠠᠷ ᠲᠣᠭᠣᠷᠢᠨ ᠦᠵᠡᠵᠡᠢ᠃ ᠲᠡᠭᠡᠭᠡᠳ ᠶᠠᠫᠣᠨ ᠤᠯᠤᠰ ᠤ᠋ᠨ ᠬᠥᠭᠵᠢᠭᠰᠡᠨ ᠠᠵᠤ ᠠᠬᠤᠢ᠂ ᠰᠢᠨᠵᠢᠯᠡᠬᠦ ᠤᠬᠠᠭᠠᠨ᠂ ᠰᠤᠷᠭᠠᠨ ᠬᠥᠮᠦᠵᠢᠯ ᠢ᠋ ᠥᠪᠡᠷ ᠦ᠋ᠨ ᠨᠢᠳᠦ ᠪᠡᠷ ᠢ᠋ᠶ᠋ᠡᠨ ᠦᠵᠡᠵᠦ ᠪᠡᠶ᠎ᠡ ᠪᠡᠷ ᠢ᠋ᠶ᠋ᠡᠨ ᠥᠩᠭᠡᠷᠡᠭᠦᠯᠦᠭᠰᠡᠨ ᠤᠴᠢᠷ ᠠ᠋ᠴᠠ ᠲᠤᠬᠠᠢ ᠶ᠋ᠢᠨ ᠦᠶ᠎ᠡ ᠶ᠋ᠢᠨ ᠶᠠᠫᠣᠨ ᠳᠤᠮᠳᠠᠳᠤ ᠤᠯᠤᠰ ᠬᠣᠶᠠᠷ ᠤ᠋ᠨ ᠵᠥᠷᠢᠶ᠎ᠡ ᠮᠠᠰᠢ ᠶᠡᠬᠡ ᠪᠠᠢᠬᠤ ᠶ᠋ᠢ ᠦᠵᠡᠨ ᠭᠠᠷᠴᠤ ᠤᠯᠤᠰ ᠢ᠋ᠶ᠋ᠠᠨ ᠬᠤᠷᠳᠤᠨ ᠠᠪᠤᠷᠠᠵᠤ᠂ ᠦᠨᠳᠦᠰᠦᠲᠡᠨ ᠢ᠋ᠶ᠋ᠡᠨ ᠲᠦᠷᠭᠡᠨ ᠮᠠᠨᠳᠤᠭᠤᠯᠬᠤ ᠣᠷᠭᠢᠯᠤᠮ᠎ᠠ ᠬᠠᠯᠭᠤᠨ ᠰᠡᠳᠬᠢᠯᠭᠡ ᠤᠯᠠᠮ ᠶᠡᠬᠡ ᠪᠣᠯᠵᠠᠢ᠃ ᠤᠯᠤᠰ ᠲᠤ᠌ ᠪᠠᠨ ᠬᠠᠷᠢᠵᠤ ᠢᠷᠡᠩᠭᠦᠲᠡ ᠲᠡᠷᠡ ᠮᠠᠷᠠᠳᠦ( 大城子 )ᠶ᠋ᠢᠨ ᠰᠤᠷᠭᠠᠭᠤᠯᠢ ᠶ᠋ᠢᠨ ᠵᠠᠬᠢᠷᠤᠯ ᠢ᠋ᠶ᠋ᠠᠷ ᠲᠣᠮᠢᠯᠠᠭᠳᠠᠵᠠᠢ᠃ ᠰᠤᠷᠭᠠᠭᠤᠯᠢ ᠶ᠋ᠢᠨ ᠵᠠᠬᠢᠷᠤᠯ ᠪᠣᠯᠤᠭᠰᠠᠨ ᠤ᠋ ᠳᠠᠷᠠᠭ᠎ᠠ᠂ ᠲᠡᠷᠡ ᠰᠤᠷᠭᠠᠭᠤᠯᠢ ᠪᠠᠷ ᠤᠬᠠᠭᠤᠯᠭ᠎ᠠ ᠶ᠋ᠢᠨ ᠰᠠᠭᠤᠷᠢᠨ ᠭᠠᠵᠠᠷ ᠪᠣᠯᠭᠠᠨ ᠵᠠᠯᠠᠭᠤᠴᠤᠳ ᠪᠠᠭᠠᠴᠤᠳ ᠲᠤ᠌᠂ ᠮᠣᠩᠭᠣᠯ ᠠᠷᠠᠳ ᠲᠦᠮᠡᠨ ᠳ᠋ᠡᠭᠡᠨ ᠬᠤᠪᠢᠰᠬᠠᠯ ᠤ᠋ᠨ ᠲᠤᠬᠠᠢ ᠤᠬᠠᠭᠤᠯᠭ᠎ᠠ ᠬᠢᠵᠦ᠂ ᠳᠠᠪᠰᠢᠩᠭᠤᠢ ᠦᠵᠡᠯ ᠰᠠᠨᠠᠭ᠎ᠠ ᠶ᠋ᠢ ᠰᠤᠷᠲᠠᠯᠴᠢᠯᠠᠵᠤ᠂ ᠤᠯᠤᠰ ᠦᠨᠳᠦᠰᠦᠲᠡᠨ ᠢ᠋ᠶ᠋ᠡᠨ ᠰᠡᠷᠭᠦᠭᠡᠨ ᠮᠠᠨᠳᠤᠭᠤᠯᠬᠤ ᠶᠠᠳᠠᠭᠤ ᠬᠣᠴᠣᠷᠤᠩᠭᠤᠢ ᠠ᠋ᠴᠠ ᠠᠩᠭᠢᠵᠢᠷᠠᠬᠤ ᠬᠦᠰᠡᠯᠡᠩᠲᠦ ᠰᠠᠢᠬᠠᠨ ᠵᠣᠯ ᠵᠢᠷᠭᠠᠯᠲᠤ ᠨᠡᠢᠭᠡᠮ ᠢ᠋ ᠴᠣᠭᠴᠠᠯᠠᠨ ᠪᠠᠢᠭᠤᠯᠬᠤ ᠰᠤᠷᠲᠠᠯ ᠤᠬᠠᠭᠤᠯᠭ᠎ᠠ ᠶ᠋ᠢᠨ ᠠᠵᠢᠯ ᠢ᠋ ᠭᠠᠷᠳᠠᠨ ᠬᠢᠵᠡᠢ᠃ 1940 ᠣᠨ ᠳ᠋ᠤ᠌ ᠶᠠᠫᠣᠨ ᠤ᠋ ᠴᠡᠷᠢᠭ᠂ ᠰᠤᠷᠭᠠᠭᠤᠯᠢ ᠶ᠋ᠢᠨ ᠬᠡᠦᠬᠡᠨ ᠰᠤᠷᠤᠭᠴᠢ ᠶ᠋ᠢ ᠳᠣᠷᠣᠮᠵᠢᠯᠠᠬᠤ ᠭᠡᠵᠦ ᠣᠷᠣᠯᠳᠣᠭᠰᠠᠨ ᠳ᠋ᠤ᠌ ᠲᠡᠷᠡ ᠰᠤᠷᠤᠭᠴᠢ ᠪᠠᠭᠰᠢ ᠪᠠᠨ ᠳᠠᠢᠴᠢᠯᠠᠨ ᠡᠰᠡᠷᠭᠦᠴᠡᠭᠰᠡᠨ ᠡᠴᠡ ᠶᠠᠫᠣᠨ ᠤ᠋ ᠲᠦᠷᠢᠮᠡᠬᠡᠢᠯᠡᠭᠴᠢᠳ ᠲᠦ᠍ ᠪᠠᠷᠢᠪᠴᠢᠯᠠᠭᠳᠠᠵᠠᠢ᠃ ᠵᠣᠯ ᠢ᠋ᠶ᠋ᠠᠷ ᠲᠠᠨᠢᠬᠤ ᠰᠤᠷᠤᠭᠴᠢ ᠨᠢ ᠴᠠᠭᠳᠠᠭᠠᠨ ᠭᠠᠵᠠᠷ ᠪᠠᠢᠭᠰᠠᠨ ᠲᠤᠯᠠ ᠲᠡᠭᠦᠨ ᠢ᠋ ᠳᠤᠲᠠᠭᠠᠯᠭᠠᠭᠰᠠᠨ ᠪᠠᠢᠨ᠎ᠠ᠃ ᠢᠩᠭᠢᠵᠦ ᠨᠢᠭᠡᠨ ᠦᠶ᠎ᠡ ᠪᠥᠬᠥᠯᠲᠡ ᠶ᠋ᠢᠨ ᠪᠠᠢᠳᠠᠯ ᠳ᠋ᠤ᠌ ᠣᠷᠣᠵᠤ᠂ ᠭᠡᠷ ᠦ᠋ᠨ ᠬᠥᠮᠦᠰ ᠲᠡᠢ ᠪᠡᠨ ᠬᠠᠷᠢᠴᠠᠭ᠎ᠠ ᠲᠠᠰᠤᠷᠠᠵᠤ᠂ ᠵᠣᠬᠢᠶᠠᠨ ᠪᠠᠢᠭᠤᠯᠤᠯᠲᠠ ᠲᠠᠢ ᠪᠠᠨ ᠬᠠᠷᠢᠴᠠᠭ᠎ᠠ ᠲᠠᠰᠤᠷᠠᠵᠤ ᠬᠡᠰᠡᠭ ᠬᠤᠭᠤᠴᠠᠭ᠎ᠠ ᠶ᠋ᠢ ᠥᠩᠭᠡᠷᠡᠭᠡᠵᠡᠢ᠃ ᠲᠡᠭᠡᠭᠡᠳ ᠡᠪᠦᠯ ᠨᠢ ᠣᠩᠨᠢᠭᠤᠳ ᠤ᠋ᠨ ᠴᠠᠭᠳᠠᠭ᠎ᠠ ᠶ᠋ᠢᠨ ᠭᠠᠵᠠᠷ ᠤ᠋ᠨ ᠬᠠᠢ ᠶᠦᠨ ᠯᠦ᠍( 海云楼 ᠬᠠᠢ ᠶᠦᠩ ᠵᠧᠩ ᠬᠦᠩ ᠨᠣᠶᠠᠨ ᠤ᠋ ᠬᠦᠦ )ᠲᠡᠢ ᠠᠭᠤᠯᠵᠠᠵᠤ᠂ ᠲᠡᠭᠦᠨ ᠦ᠌ ᠬᠠᠪᠰᠤᠷᠤᠯᠭ᠎ᠠ ᠪᠠᠷ ᠣᠩᠨᠢᠭᠤᠳ ᠤ᠋ᠨ ᠬᠤᠰᠢᠭᠤᠨ ᠸᠠᠩ ᠯᠾᠠᠴᠢᠨᠸᠠᠩᠴᠤᠭ ᠤ᠋ᠨ ᠭᠡᠷ ᠦ᠋ᠨ ᠪᠠᠭᠰᠢ ᠪᠣᠯᠵᠠᠢ᠃ ᠳᠡᠮᠡᠢ ᠤᠳᠠᠭᠰᠠᠨ ᠦᠭᠡᠢ ᠬᠤᠰᠢᠭᠤᠨ ᠸᠠᠩ᠂ ᠴᠸᠨ ᠴᠢᠩ ᠶᠦᠨ ᠦ᠌ ᠡᠷᠳᠡᠮ ᠰᠣᠶᠣᠯ ᠢ᠋ ᠪᠢᠰᠢᠷᠡᠨ ᠪᠠᠬᠠᠷᠬᠠᠵᠤ ᠲᠡᠭᠦᠨ ᠦ᠌ ᠠᠵᠢᠯ ᠢ᠋ ᠳᠡᠮᠵᠢᠭᠰᠡᠨ ᠪᠠᠢᠨ᠎ᠠ᠃ ᠣᠩᠨᠢᠭᠤᠳ ᠤ᠋ᠨ ᠬᠤᠰᠢᠭᠤᠨ ᠸᠠᠩ ᠯᠾᠠᠴᠢᠨᠸᠠᠩᠴᠤᠭ ᠪᠣᠯ ᠨᠢᠭᠡᠨ ᠡᠷᠲᠡ ᠰᠡᠬᠡᠭᠡᠷᠡᠭᠰᠡᠨ ᠬᠥᠮᠦᠨ ᠪᠣᠯᠤᠨ᠎ᠠ᠃( ᠴᠸᠨ ᠴᠢᠩ ᠶᠦᠨ ᠢ᠋ᠶ᠋ᠡᠷ ᠬᠥᠬᠡ ᠰᠤᠳᠤᠷ ᠢ᠋ ᠰᠡᠢᠷᠡᠭᠦᠯᠦᠨ ᠪᠢᠴᠢᠭᠦᠯᠵᠡᠢ )ᠲᠡᠷᠡ ᠴᠸᠨ ᠴᠢᠩ ᠶᠦᠨ ᠦ᠌ ᠠᠵᠢᠯ ᠢ᠋ ᠵᠣᠭᠣᠰ ᠮᠥᠩᠭᠥᠨ ᠦ᠌ ᠲᠠᠯ᠎ᠠ ᠪᠠᠷ ᠳᠡᠮᠵᠢᠭᠰᠡᠨ ᠢ᠋ᠶ᠋ᠡᠷ ᠪᠠᠷᠠᠬᠤ ᠦᠭᠡᠢ᠂ ᠥᠪᠡᠷ ᠦ᠋ᠨ ᠪᠡᠶ᠎ᠡ ᠪᠡᠷ ᠢ᠋ᠶ᠋ᠡᠷ ᠴᠸᠨ ᠴᠢᠩ ᠶᠦᠨ ᠦ᠌ ᠠᠵᠢᠯ ᠳ᠋ᠤ᠌ ᠣᠷᠣᠯᠴᠠᠵᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠬᠣᠯᠪᠣᠭᠠᠲᠤ ᠬᠤᠷᠠᠯ ᠤ᠋ᠨ ᠣᠩᠨᠢᠭᠤᠳ ᠳᠠᠬᠢ ᠰᠠᠯᠪᠤᠷᠢ ᠬᠤᠷᠠᠯ ᠢ᠋ ᠪᠠᠢᠭᠤᠯᠤᠭᠰᠠᠨ ᠪᠠᠢᠨ᠎ᠠ᠃ ᠴᠸᠨ ᠴᠢᠩ ᠶᠦᠨ ᠥᠪᠥᠷ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠭᠡᠰᠢᠭᠦᠨ ᠪᠣᠯᠤᠭᠰᠠᠨ ᠤ᠋ ᠬᠤᠪᠢ ᠳ᠋ᠤ᠌ ᠴᠢᠩ ᠦᠨᠡᠨᠴᠢ ᠪᠡᠷ ᠨᠠᠮ ᠤ᠋ᠨ ᠦᠢᠯᠡᠰ ᠲᠡᠭᠡᠨ ᠦᠢᠯᠡᠴᠢᠯᠡᠵᠦ ᠪᠠᠢᠵᠠᠢ᠃ ᠲᠡᠷᠡ 1946 ᠣᠨ ᠳ᠋ᠤ᠌ ᠳᠤᠮᠳᠠᠳᠤ ᠤᠯᠤᠰ ᠤ᠋ᠨ ᠴᠢᠯᠥᠭᠡᠯᠡᠬᠦ ᠴᠡᠷᠢᠭ ᠦ᠋ᠨ ᠵᠣᠰᠣᠲᠤ ᠶ᠋ᠢᠨ ᠴᠢᠭᠤᠯᠭᠠᠨ ᠤ᠋ ᠰᠠᠯᠪᠤᠷᠢ ᠠᠩᠭᠢ ᠳ᠋ᠤ᠌ ᠣᠷᠣᠵᠤ ᠤᠬᠠᠭᠤᠯᠬᠤ ᠰᠠᠯᠠᠭᠠᠨ ᠤ᠋ ᠳᠡᠳ᠋ ᠳᠠᠷᠤᠭ᠎ᠠ ᠪᠠᠷ ᠠᠵᠢᠯᠯᠠᠵᠤ ᠪᠠᠢᠵᠠᠢ᠃ 1954 ᠣᠨ ᠳ᠋ᠤ᠌ ᠥᠪᠥᠷ ᠮᠣᠩᠭᠣᠯ ᠤ᠋ᠨ ᠪᠠᠭᠰᠢ ᠶ᠋ᠢᠨ ᠳᠡᠭᠡᠳᠦ ᠰᠤᠷᠭᠠᠭᠤᠯᠢ ᠳ᠋ᠤ᠌ ᠰᠢᠯᠵᠢᠨ ᠢᠷᠡᠵᠦ ᠠᠵᠢᠯᠯᠠᠵᠠᠢ᠃  

       2.  ᠣᠷᠣᠭ᠎ᠠ ᠪᠣᠰᠬᠠᠭ᠎ᠠ ᠴᠠᠭ ᠲᠥᠷᠥ ᠶ᠋ᠢᠨ ᠰᠠᠯᠬᠢᠨ ᠳ᠋ᠤ᠌ 
            ᠦᠳᠡᠯᠦᠭᠡ ᠨᠠᠰᠤ ᠪᠠᠨ ᠥᠩᠭᠡᠷᠡᠭᠰᠡᠨ ᠨᠢ   
       1954 ᠣᠨ ᠳ᠋ᠤ᠌ ᠥᠪᠥᠷ ᠮᠣᠩᠭᠣᠯ ᠤ᠋ᠨ ᠪᠠᠭᠰᠢ ᠶ᠋ᠢᠨ ᠳᠡᠭᠡᠳᠦ ᠰᠤᠷᠭᠠᠭᠤᠯᠢ ᠳ᠋ᠤ᠌ ᠰᠢᠯᠵᠢᠨ ᠢᠷᠡᠵᠦ ᠠᠵᠢᠯᠯᠠᠵᠠᠢ᠃ ᠲᠡᠭᠡᠭᠡᠳ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠢ᠋ ᠬᠠᠷᠢᠭᠤᠴᠠᠨ ᠨᠠᠢᠷᠠᠭᠤᠯᠬᠤ ᠰᠠᠯᠠᠭ᠎ᠠ ᠳ᠋ᠤ᠌ ᠠᠵᠢᠯᠯᠠᠵᠤ ᠮᠠᠰᠢ ᠣᠯᠠᠨ ᠪᠠᠭᠰᠢ ᠨᠠᠷ ᠤ᠋ᠨ ᠯᠧᠺᠼᠢ ᠶ᠋ᠢ ᠲᠡᠮᠦᠷ ᠬᠠᠪᠲᠠᠰᠤᠨ ᠳᠡᠭᠡᠷ᠎ᠡ ᠪᠣᠯᠣᠳ ᠦᠵᠦᠭ ᠢ᠋ᠶ᠋ᠡᠷ ᠰᠡᠢᠯᠦᠨ ᠪᠢᠴᠢᠵᠦ ᠲᠣᠰᠣᠨ ᠳᠠᠷᠤᠮᠠᠯ ᠤ᠋ᠨ ᠪᠢᠴᠢᠭ ᠪᠣᠯᠭᠠᠵᠤ ᠪᠠᠢᠵᠠᠢ᠃ ᠡᠳᠡᠭᠡᠷ ᠰᠤᠷᠬᠤ ᠪᠢᠴᠢᠭ ᠦ᠋ᠳ ᠣᠳᠣ ᠶ᠋ᠢᠨ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠨᠣᠮ ᠤ᠋ᠨ ᠰᠠᠩ ᠪᠤᠶᠤ ᠵᠠᠷᠢᠮ ᠰᠠᠯᠪᠤᠷᠢ ᠶ᠋ᠢᠨ ᠮᠠᠲ᠋ᠧᠷᠢᠶᠠᠯ ᠤ᠋ᠨ ᠲᠠᠰᠤᠭ ᠲᠤ᠌ ᠪᠦᠷ ᠣᠯᠳᠠᠨ᠎ᠠ᠃ ᠪᠠᠰᠠ ᠳᠡᠳ᠋ ᠰᠠᠯᠠᠭᠠᠨ ᠳᠠᠷᠤᠭ᠎ᠠ ᠶ᠋ᠢᠨ ᠲᠤᠰᠢᠶᠠᠯ ᠢ᠋ ᠴᠦ᠍ ᠬᠠᠷᠢᠭᠤᠴᠠᠵᠤ ᠥᠩᠭᠡᠷᠡᠵᠡᠢ᠃ ᠰᠤᠷᠬᠤ ᠪᠢᠴᠢᠭ ᠢ᠋ ᠦᠰᠦᠨ ᠪᠢᠷ ᠢ᠋ᠶ᠋ᠡᠷ ᠰᠡᠢᠷᠡᠭᠦᠯᠵᠦ ᠪᠠᠢᠭᠰᠠᠨ ᠴᠤ᠌ ᠮᠡᠳᠡᠭᠡ ᠪᠣᠢ᠃ ᠦᠰᠦᠨ ᠪᠢᠷ ᠦ᠋ᠨ ᠬᠢᠴᠢᠶᠡᠯ ᠦ᠋ᠨ ᠪᠢᠴᠢᠭ ᠨᠠᠢᠷᠠᠭᠤᠯᠵᠤ ᠪᠠᠢᠭᠰᠠᠨ ᠪᠥᠭᠡᠳ ᠦᠰᠦᠨ ᠪᠢᠷ ᠲᠦ᠍ ᠳᠤᠷ᠎ᠠ ᠪᠠᠬ᠎ᠠ ᠲᠠᠢ ᠰᠤᠷᠤᠭᠴᠢᠳ ᠲᠤ᠌ ᠦᠰᠦᠨ ᠪᠢᠷ ᠦ᠋ᠨ ᠬᠢᠴᠢᠶᠡᠯ ᠣᠷᠣᠵᠤ ᠪᠠᠢᠵᠠᠢ᠃ 
       ᠴᠸᠨ ᠴᠢᠩ ᠶᠦᠨ ᠪᠠᠭᠰᠢ᠂ ᠰᠣᠶᠣᠯ ᠤ᠋ᠨ ᠬᠤᠪᠢᠰᠬᠠᠯ ᠤ᠋ᠨ ᠳᠤᠮᠳᠠ ᠦᠵᠦᠭᠦᠷ ᠦᠭᠡᠢ ᠶᠡᠬᠡ ᠬᠠᠯᠠ ᠵᠣᠪᠠᠯᠠᠩ ᠠᠮᠰᠠᠭᠰᠠᠨ ᠪᠢᠯᠡ᠃ ᠤᠴᠢᠷ ᠨᠢ ᠲᠡᠷᠡ ᠮᠣᠩᠭᠣᠯ ᠤᠯᠤᠰ ᠲᠤ᠌ ᠣᠴᠢᠵᠤ ᠰᠤᠷᠤᠯᠴᠠᠭᠰᠠᠨ ᠲᠡᠦᠬᠡ ᠲᠡᠢ ᠲᠤᠯᠠ ᠲᠡᠭᠦᠨ ᠢ᠋ ᠦᠨᠳᠦᠰᠦᠲᠡᠨ ᠦ᠌ ᠬᠠᠭᠠᠴᠠᠭᠤᠯᠤᠭᠴᠢ ᠭᠡᠵᠦ ᠭᠦᠳᠬᠡᠪᠡ᠃ ᠪᠠᠰᠠ ᠥᠪᠥᠷ ᠠᠷᠠᠳ ᠤ᠋ᠨ ᠬᠤᠪᠢᠰᠬᠠᠯᠲᠤ ᠨᠠᠮ ᠭᠡᠵᠦ ᠴᠣᠬᠢᠪᠠ᠃ ᠶᠠᠫᠣᠨ ᠳ᠋ᠤ᠌ ᠣᠴᠢᠵᠤ ᠪᠠᠢᠴᠠᠭᠠᠨ ᠰᠤᠳᠤᠯᠤᠯᠲᠠ ᠬᠢᠭᠰᠡᠨ ᠦᠢᠯᠡ ᠠᠵᠢᠯᠯᠠᠭ᠎ᠠ ᠪᠠᠢᠬᠤ ᠲᠤᠯᠠ ᠶᠠᠫᠣᠨ ᠤ᠋ ᠲᠠᠩᠨᠠᠭᠤᠯ ᠭᠡᠵᠦ ᠬᠡᠷᠡᠭ ᠨᠥᠮᠥᠷᠭᠡᠵᠡᠢ᠃ ᠢᠩᠭᠢᠵᠦ ᠬᠢᠯᠢᠰ ᠨᠢᠭᠦᠯ ᠢ᠋ ᠬᠠᠨᠲᠠᠯ᠎ᠠ ᠠᠮᠰᠠᠵᠤ ᠦᠳᠡᠯᠦᠭᠡ ᠨᠠᠰᠤᠨ ᠢ᠋ ᠥᠩᠭᠡᠷᠡᠭᠡᠵᠡᠢ᠃ ᠴᠸᠨ ᠴᠢᠩ ᠶᠦᠨ ᠪᠠᠭᠰᠢ᠂ ᠶᠠᠯ᠎ᠠ ᠨᠥᠮᠥᠷᠴᠦ ᠪᠠᠢᠨ᠎ᠠ ᠭᠡᠳ ᠮᠣᠩᠭᠣᠯ ᠦᠨᠳᠦᠰᠦᠲᠡᠨ ᠦ᠌ ᠪᠡᠨ ᠰᠣᠶᠣᠯ ᠰᠤᠷᠭᠠᠨ ᠬᠥᠮᠦᠵᠢᠯ ᠦ᠋ᠨ ᠲᠥᠯᠥᠭᠡ ᠵᠢᠳᠬᠦᠬᠦ ᠪᠡᠨ ᠶᠠᠭ ᠵᠣᠭᠰᠣᠭᠰᠠᠨ ᠦᠭᠡᠢ᠃ ᠨᠠᠰᠤ ᠠᠬᠠᠰᠢᠷᠠᠵᠤ᠂ ᠲᠠᠮᠢᠷ ᠲᠡᠩᠬᠡᠭᠡ ᠪᠠᠷᠠᠭᠳᠠᠵᠤ᠂ ᠡᠪᠡᠳᠴᠢᠨ ᠡᠮᠭᠡᠭ ᠪᠡᠶ᠎ᠡ ᠶ᠋ᠢ ᠨᠢ ᠣᠷᠢᠶᠠᠵᠤ ᠪᠠᠢᠭᠰᠠᠨ ᠴᠤ᠌ ᠲᠡᠷᠡ ᠪᠦᠬᠦᠨ ᠢ᠋ ᠠᠷᠤ ᠳ᠋ᠤ᠌ ᠪᠠᠨ ᠲᠠᠶᠠᠭᠳᠠᠵᠤ᠂ ᠬᠠᠸᠠᠩᠵᠠᠪ ᠬᠣᠶᠠᠭᠤᠯᠠ ᠳᠤᠮᠳᠠᠳᠤ ᠤᠯᠤᠰ ᠤ᠋ᠨ ᠰᠣᠩᠭᠣᠳᠠᠭ ᠷᠣᠮᠠᠨ ᠤ᠋ ᠨᠢᠭᠡᠨ ᠪᠣᠯᠬᠤ 《 ᠤᠯᠠᠭᠠᠨ ᠠᠰᠠᠷ ᠤ᠋ᠨ ᠵᠡᠭᠦᠳᠦᠨ 》 ᠢ᠋ ᠦᠰᠦᠨ ᠪᠢᠷ ᠢ᠋ᠶ᠋ᠡᠷ ᠬᠠᠭᠤᠯᠵᠤ ᠲᠡᠭᠦᠰᠬᠡᠵᠡᠢ᠃  
       1975 ᠣᠨ ᠠ᠋ᠴᠠ 1978 ᠣᠨ ᠬᠦᠷᠲᠡᠯ᠎ᠡ ᠭᠤᠷᠪᠠᠨ ᠵᠢᠯ ᠦ᠋ᠨ ᠳᠣᠲᠣᠷ᠎ᠠ ᠪᠠᠶᠠᠷ ᠪᠠᠭᠰᠢ ᠶ᠋ᠢᠨ ᠨᠠᠢᠷᠠᠭᠤᠯᠤᠭᠰᠠᠨ 《ᠮᠣᠩᠭᠣᠯ ᠤ᠋ᠨ ᠨᠢᠭᠤᠴᠠ ᠲᠣᠪᠴᠢᠶᠠᠨ 》 ᠢ᠋ ᠦᠰᠦᠨ ᠪᠢᠷ ᠢ᠋ᠶ᠋ᠡᠷ ᠬᠢᠲᠠᠳ᠂ ᠮᠣᠩᠭᠣᠯ᠂ ᠭᠠᠯᠢᠭ ᠭᠤᠷᠪᠠᠨ ᠵᠦᠢᠯ ᠦ᠋ᠨ ᠪᠢᠴᠢᠯᠭᠡ ᠪᠡᠷ ᠬᠠᠭᠤᠯᠤᠨ ᠲᠡᠭᠦᠰᠬᠡᠵᠡᠢ᠃  
       1980 ᠣᠨ ᠤ᠋ 1 ᠰᠠᠷ᠎ᠠ ᠶ᠋ᠢᠨ 25 ᠡᠳᠦᠷ ᠥᠪᠥᠷ ᠮᠣᠩᠭᠣᠯ ᠤ᠋ᠨ ᠴᠡᠷᠢᠭ ᠦ᠋ᠨ ᠲᠣᠭᠣᠷᠢᠭ ᠠ᠋ᠴᠠ ᠴᠸᠨ ᠴᠢᠩ ᠶᠦᠨ ᠪᠠᠭᠰᠢ ᠶ᠋ᠢᠨ ᠬᠢᠯᠢᠰ ᠬᠡᠷᠡᠭ ᠢ᠋ ᠪᠦᠬᠦᠨ ᠢ᠋ ᠴᠠᠭᠠᠳᠬᠠᠵᠤ ᠦᠭᠭᠦᠭᠰᠡᠨ ᠪᠠᠢᠨ᠎ᠠ᠃ ᠢᠩᠭᠢᠭᠡᠳ ᠦᠨᠡᠨ ᠴᠠᠭᠠᠨ ᠢ᠋ᠶ᠋ᠠᠨ ᠣᠯᠵᠠᠢ᠃ ᠬᠠᠷᠠᠮᠰᠠᠯᠲᠠᠢ ᠨᠢ ᠡᠨᠡᠬᠦ ᠰᠠᠢᠨ ᠴᠢᠮᠡᠭᠡ ᠶ᠋ᠢ ᠰᠣᠨᠣᠰᠴᠤ ᠴᠢᠳᠠᠭᠰᠠᠨ ᠦᠭᠡᠢ ᠭᠤᠷᠪᠠᠨ ᠡᠳᠦᠷ ᠦ᠋ᠨ ᠡᠮᠦᠨ᠎ᠡ 1 ᠰᠠᠷ᠎ᠠ ᠶ᠋ᠢᠨ 22 ᠦᠨ ᠡᠳᠦᠷ ᠬᠥᠬᠡᠬᠣᠲᠠᠨ᠎ᠠ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠪᠡ᠃ 

          ᠬᠣᠶᠠᠷ   ᠴᠧᠨ ᠴᠢᠩ ᠶᠦᠨ ᠦ᠌ ᠦᠰᠦᠭ ᠦ᠋ᠨ ᠣᠨᠴᠠᠯᠢᠭ 
                   ᠵᠢᠴᠢ ᠪᠢᠷ ᠬᠡᠷᠡᠭᠯᠡᠭᠰᠡᠨ ᠶᠣᠰᠣ ᠤᠬᠠᠭᠠᠨ  
       ᠨᠢᠭᠡ ᠪᠦᠲᠦᠭᠡᠯ᠂ ᠨᠢᠭᠡ ᠬᠠᠭᠤᠳᠠᠰᠤ ᠤᠷᠠᠨ ᠪᠢᠴᠢᠯᠭᠡ ᠶ᠋ᠢᠨ ᠦᠰᠦᠭ ᠪᠦᠬᠦᠨ ᠦ᠌ ᠶᠡᠬᠡ ᠪᠠᠭ᠎ᠠ ᠵᠢᠭᠳᠡ᠂ ᠦᠰᠦᠭ ᠦ᠋ᠨ ᠨᠢᠷᠤᠭᠤ ᠰᠢᠯᠤᠭᠤᠨ ᠠᠰᠬᠠᠨ᠂ ᠵᠢᠷᠤᠯᠭ᠎ᠠ ᠶ᠋ᠢᠨ ᠬᠦᠨᠳᠦ ᠬᠥᠩᠭᠡᠨ ᠲᠣᠳᠣᠷᠬᠠᠢ᠂ ᠪᠢᠷ ᠬᠡᠷᠡᠭᠯᠡᠬᠦ ᠠᠷᠭ᠎ᠠ ᠪᠣᠯᠪᠠᠰᠤᠷᠠᠨ ᠲᠣᠭᠲᠠᠪᠤᠷᠢᠰᠢᠭᠰᠠᠨ᠂ ᠵᠢᠮ᠎ᠡ ᠶᠣᠰᠣᠴᠢ ᠴᠢᠨᠠᠷ᠂ ᠳᠦᠷᠢᠮ ᠭᠣᠷᠢᠮᠲᠤ ᠴᠢᠨᠠᠷ ᠢ᠋ᠶ᠋ᠠᠷ ᠴᠢᠩᠭ᠎ᠠ᠂ ᠥᠪᠡᠷ ᠦ᠋ᠨ ᠬᠢᠨᠢ ᠭᠡᠬᠦ ᠬᠡᠪ ᠨᠠᠮᠪᠠ᠂ ᠣᠨᠴᠠᠯᠢᠭ ᠢ᠋ ᠪᠦᠷᠢᠯᠳᠦᠭᠦᠯᠵᠦ ᠴᠢᠳᠠᠭᠰᠠᠨ ᠬᠥᠮᠦᠨ᠃ ᠳᠣᠣᠷ᠎ᠠ 《 ᠤᠯᠠᠭᠠᠨ ᠠᠰᠠᠷ ᠤ᠋ᠨ ᠵᠡᠭᠦᠳᠦ 》 ᠡᠴᠡ ᠰᠣᠩᠭᠣᠭᠰᠠᠨ ᠪᠦᠲᠦᠭᠡᠯ ᠡᠴᠡ ᠪᠣᠳᠠᠲᠠᠢ ᠵᠢᠱ᠌ᠢᠶ᠎ᠡ ᠲᠡᠳᠡᠨ ᠵᠠᠳᠠᠯᠤᠨ ᠦᠵᠡᠶ᠎ᠡ᠃ 
       1. ᠠᠴᠤᠭ ᠰᠢᠯᠪᠢ ᠶ᠋ᠢᠨ ᠤᠷᠲᠤ ᠣᠬᠣᠷ ᠤ᠋ᠨ ᠬᠠᠷᠢᠴᠠᠯ ᠵᠣᠬᠢᠴᠠᠩᠭᠤᠢ᠂ ᠠᠴᠤᠭ ᠠᠴᠤᠭ ᠤ᠋ᠨ ᠡᠷᠭᠦᠯᠲᠡ ᠳᠠᠷᠤᠯᠲᠠ ᠳᠠᠩ ᠲᠠᠢ᠂ ᠠᠴᠤᠭ ᠠᠴᠤᠭ ᠤ᠋ᠨ ᠤᠷᠲᠤ ᠣᠬᠣᠷ ᠳᠠᠩ ᠲᠠᠢ᠂ ᠠᠴᠤᠭ ᠠᠴᠤᠭ ᠤ᠋ᠨ ᠬᠣᠭᠣᠷᠣᠨᠳᠣᠬᠢ ᠵᠠᠢ ᠳᠠᠩ ᠲᠠᠢ᠂ ᠦᠷᠭᠦᠯᠵᠢᠯᠡᠭᠰᠡᠨ ᠣᠯᠠᠨ ᠠᠴᠤᠭ ᠪᠢᠴᠢᠬᠦ ᠦᠶ᠎ᠡ ᠶ᠋ᠢᠨ ᠡᠷᠭᠦᠯᠲᠡ ᠳᠠᠷᠤᠯᠲᠠ ᠶ᠋ᠢᠨ ᠬᠡᠮᠵᠢᠶ᠎ᠡ ᠶᠡᠬᠡ ᠪᠢᠰᠢ᠂ ᠤᠷᠲᠤ ᠣᠬᠣᠷ ᠤ᠋ᠨ ᠬᠡᠮᠵᠢᠶ᠎ᠡ ᠠᠳᠠᠯᠢᠬᠠᠨ᠂ ᠪᠢᠷ ᠦ᠋ᠨ ᠬᠦᠨᠳᠦ ᠬᠥᠩᠭᠡᠨ ᠵᠢᠭᠳᠡ᠃ ᠢᠯᠠᠩᠭᠤᠶ᠎ᠠ ᠠᠴᠤᠭ ᠢ᠋ ᠬᠠᠸᠠᠩᠵᠠᠪ ᠤ᠋ᠨ ᠰᠢᠭ᠋ ᠲᠠᠰᠤᠯᠤᠨ ᠪᠢᠴᠢᠳᠡᠭ ᠦᠭᠡᠢ᠂ ᠬᠠᠷᠢᠨ ᠤᠷᠤᠰᠤᠮ᠎ᠠ ᠵᠠᠯᠭᠠᠨ ᠪᠢᠴᠢᠳᠡᠭ᠃ ᠡᠳᠡ ᠬᠣᠶᠠᠭᠤᠯᠠ ᠶ᠋ᠢᠨ ᠦᠰᠦᠭ ᠦ᠋ᠨ ᠬᠠᠮᠤᠭ ᠳᠣᠪᠣᠢᠮ᠎ᠠ ᠢᠯᠭᠠᠭ᠎ᠠ ᠶ᠋ᠢᠨ ᠨᠢᠭᠡ ᠭᠡᠵᠦ ᠬᠡᠯᠡᠵᠦ ᠪᠣᠯᠤᠨ᠎ᠠ᠃ ᠵᠢᠱ᠌ᠢᠶᠡᠯᠡᠪᠡᠯ᠄ 《 ᠬᠠᠭᠠᠰ᠂ ᠲᠠᠯᠠᠭᠠᠷ᠂ ᠭᠠᠷᠭᠠᠭᠰᠠᠨ 》 ᠮᠡᠲᠦ᠃ ( ᠳᠠᠭᠠᠯᠳᠤᠭᠤᠯᠤᠯ ᠵᠢᠷᠤᠭ ᠲᠤ᠌ ᠦᠵᠡ )᠃ 
       2. ᠦᠰᠦᠭ ᠪᠦᠬᠦᠨ ᠦ᠌ ᠭᠡᠳᠡᠰᠦ ᠶ᠋ᠢᠨ ᠶᠡᠬᠡ ᠪᠠᠭ᠎ᠠ᠂ ᠬᠡᠯᠪᠡᠷᠢ ᠳᠦᠷᠰᠦ ᠨᠢ ᠠᠳᠠᠯᠢᠬᠠᠨ᠂ ᠲᠤᠩ ᠡᠪᠯᠢᠭ ᠲᠣᠭᠲᠠᠪᠤᠷᠢᠵᠢᠨ ᠬᠡᠪᠰᠢᠵᠡᠢ᠃ 
       3. ᠣᠷᠬᠢᠴᠠ ᠶ᠋ᠢᠨ ᠤᠷᠲᠤ ᠣᠬᠣᠷ ᠤ᠋ᠨ ᠬᠡᠮᠵᠢᠶ᠎ᠡ ᠲᠡᠩᠴᠡᠭᠦᠷᠢᠲᠡᠢ᠃ ᠠᠷᠤ ᠲᠡᠰᠢ ᠠᠶᠠᠨᠳᠠᠭᠠᠨ ᠮᠤᠷᠤᠢᠭᠠᠳ ᠲᠤᠩ ᠴᠢᠯᠥᠭᠡᠲᠡᠢ᠃ ᠣᠷᠬᠢᠴᠠ ᠶ᠋ᠢᠨ ᠡᠬᠢᠨ ᠦ᠌ ᠵᠢᠷᠤᠯᠭ᠎ᠠ ᠶ᠋ᠢᠨ ᠬᠦᠨᠳᠦᠴᠡ ᠨᠢᠷᠤᠭᠤᠨ ᠤ᠋ ᠬᠦᠨᠳᠦᠴᠡ ᠲᠡᠢ ᠠᠳᠠᠯᠢᠬᠠᠨ ᠪᠠᠢᠭᠰᠠᠨ ᠪᠣᠯ ᠦᠵᠦᠭᠦᠷ ᠵᠦᠭ ᠲᠦ᠍ ᠪᠢᠷ ᠢ᠋ᠶ᠋ᠡᠨ ᠠᠭᠠᠵᠢᠮ ᠢ᠋ᠶ᠋ᠠᠷ ᠳᠠᠷᠤᠵᠤ ᠵᠢᠷᠤᠯᠭ᠎ᠠ ᠨᠢ ᠥᠷᠭᠡᠨ ᠪᠣᠯᠤᠭᠠᠳ ᠪᠢᠷ ᠲᠡᠭᠦᠰᠬᠡᠬᠦ ᠦᠵᠦᠭᠦᠷ ᠨᠢ ᠬᠤᠷᠴᠠ ᠰᠡᠷᠭᠦᠯᠡᠩ ᠮᠡᠷᠭᠡᠨ ᠦᠵᠦᠭᠦᠷ ᠭᠠᠷᠴᠤ ᠲᠡᠭᠦᠰᠦᠨ᠎ᠡ᠃ ᠨᠢᠭᠡ ᠦᠰᠦᠭ ᠦ᠋ᠨ ᠳᠣᠲᠣᠷ᠎ᠠ ᠪᠢᠷ ᠦ᠋ᠨ ᠬᠠᠮᠤᠭ ᠬᠦᠨᠳᠦᠴᠡ ᠲᠡᠢ ᠭᠠᠵᠠᠷ ᠨᠢ ᠣᠷᠬᠢᠴᠠ ᠶ᠋ᠢᠨ ᠦᠵᠦᠭᠦᠷ ᠲᠦ᠍ ᠪᠠᠢᠨ᠎ᠠ᠃ ᠥᠭᠡᠷ᠎ᠡ ᠪᠡᠷ ᠬᠡᠯᠡᠪᠡᠯ ᠬᠠᠮᠤᠭ ᠥᠷᠭᠡᠨ ᠵᠢᠷᠤᠯᠭ᠎ᠠ ᠣᠷᠬᠢᠴᠠ ᠶ᠋ᠢᠨ ᠦᠵᠦᠭᠦᠷ ᠲᠦ᠍ ᠪᠠᠢᠨ᠎ᠠ᠃ ᠡᠨᠡ ᠲᠠᠯ᠎ᠠ ᠪᠠᠷ ᠬᠠᠸᠠᠩᠵᠠᠪ ᠤ᠋ᠨ ᠦᠰᠦᠭ ᠲᠡᠢ ᠠᠳᠠᠯᠢ ᠦᠭᠡᠢ᠃ ᠬᠠᠸᠠᠩᠵᠠᠪ ᠤ᠋ᠨ ᠦᠰᠦᠭ ᠦ᠋ᠨ ᠣᠷᠬᠢᠴᠠ ᠨᠢ ᠬᠣᠶᠠᠷ ᠦᠵᠦᠭᠦᠷ ᠨᠢ ᠬᠦᠨᠳᠦ᠂ ᠳᠤᠮᠳᠠ ᠨᠢ ᠬᠥᠩᠭᠡᠨ ᠵᠢᠷᠤᠯᠭ᠎ᠠ ᠭᠠᠷᠴᠤ ᠲᠡᠭᠦᠰᠬᠡᠳᠡᠭ᠃ ᠵᠢᠱ᠌ᠢᠶᠡᠯᠡᠪᠡᠯ᠄ 《ᠡᠷᠭᠦᠨ᠂ ᠦᠵᠡᠭᠡᠳ᠂ ᠰᠠᠢᠨ 》ᠮᠡᠲᠦ(ᠳᠠᠭᠠᠯᠳᠤᠭᠤᠯᠤᠯ ᠵᠢᠷᠤᠭ ᠲᠤ᠌ ᠦᠵᠡ )᠃ 
       4. ᠤᠷᠤᠭᠰᠢᠯᠠᠭ᠎ᠠ᠂ ᠴᠠᠴᠤᠯᠭ᠎ᠠ ᠶ᠋ᠢᠨ ᠤᠷᠲᠤ ᠣᠬᠣᠷ ᠤ᠋ᠨ ᠬᠡᠮᠵᠢᠶ᠎ᠡ ᠠᠳᠠᠯᠢᠬᠠᠨ᠃ ᠬᠡᠯᠪᠡᠷᠢ ᠶᠠᠩᠵᠤ ᠨᠢ ᠴᠦ᠍ ᠠᠳᠠᠯᠢᠬᠠᠨ᠃ ᠶᠠᠩᠵᠤ ᠬᠡᠯᠪᠡᠷᠢ ᠨᠢ ᠥᠪᠥᠷ ᠰᠢᠳᠠᠷ ᠱᠤᠭᠤᠮ ᠵᠦᠭ ᠠᠰᠬᠠᠨ ᠮᠥᠷᠲᠡᠭᠡᠨ ᠨᠠᠷᠢᠬᠠᠨ ᠪᠢᠴᠢᠵᠦ ᠦᠵᠦᠭᠦᠷ ᠲᠤᠨᠢ ᠬᠦᠷᠦᠭᠡᠳ ᠬᠦᠨᠳᠦᠴᠡ ᠠᠪᠤᠨ ᠡᠲᠡᠵᠦ ᠲᠡᠭᠦᠰᠬᠡᠨ᠎ᠡ᠃ ᠴᠠᠴᠤᠯᠭ᠎ᠠ ᠶ᠋ᠢ ᠦᠰᠦᠭ ᠦ᠋ᠨ ᠨᠢᠷᠤᠭᠤᠨ ᠱᠤᠭᠤᠮ ᠠ᠋ᠴᠠ ᠪᠢᠰᠢ᠂ ᠬᠠᠷᠢᠨ ᠥᠪᠥᠷ ᠰᠢᠳᠠᠷ ᠱᠤᠭᠤᠮ ᠠ᠋ᠴᠠ ᠡᠬᠢᠯᠡᠨ ᠡᠮᠦᠨᠡᠰᠢ ᠶᠠᠪᠤᠭᠤᠯᠳᠠᠭ᠃ ᠡᠬᠢᠯᠡᠯᠲᠡ ᠶ᠋ᠢᠨ ᠴᠠᠭ ᠨᠢ ᠪᠤᠰᠤᠳ ᠬᠥᠮᠦᠰ ᠦ᠋ᠨ ᠲᠡᠢ ᠠᠳᠠᠯᠢ ᠦᠭᠡᠢ᠃ ᠵᠢᠱ᠌ᠢᠶᠡᠯᠡᠪᠡᠯ ᠄ 《 ᠪᠠᠷᠢᠪᠠ᠂ ᠪᠡᠷᠬᠡ᠂ ᠬᠦᠯᠢᠴᠡᠬᠦᠶ᠎ᠡ᠂ ᠳᠣᠲᠣᠷ᠎ᠠ 》ᠮᠡᠲᠦ ( ᠳᠠᠭᠠᠯᠳᠤᠭᠤᠯᠤᠯ ᠵᠢᠷᠤᠭ ᠲᠤ᠌ ᠦᠵᠡ )᠃  
       5. 《 ᠯᠡ 》 ᠶ᠋ᠢᠨ ᠡᠪᠡᠷ ᠢ᠋ ᠪᠢᠴᠢᠬᠦ ᠳ᠋ᠦ᠍ ᠨᠢᠷᠤᠭᠤ ᠶ᠋ᠢᠨ ᠠᠴᠤᠭ ᠳᠡᠭᠡᠷ᠎ᠡ ᠪᠤᠶᠤ ᠲᠢᠲᠢᠮ ᠦ᠋ᠨ ᠳᠤᠬᠤ ᠳᠡᠭᠡᠷ᠎ᠡ ᠪᠢᠷ ᠢ᠋ᠶ᠋ᠡᠨ ᠬᠦᠨᠳᠦ ᠰᠢᠭ ᠲᠤᠯᠭᠠᠵᠤ ᠡᠬᠢᠯᠡᠭᠦᠯᠦᠨ᠎ᠡ᠃ ᠢᠩᠭᠢᠭᠡᠳ ᠪᠠᠷᠠᠭᠤᠨ ᠬᠣᠢᠲᠤ ᠵᠦᠭ ᠲᠦ᠍ ᠮᠤᠷᠤᠢᠯᠭᠠᠨ ᠪᠢᠷ ᠶᠠᠪᠤᠭᠤᠯᠵᠤ᠂ ᠪᠢᠷ ᠬᠤᠷᠢᠶᠠᠬᠤ ᠳ᠋ᠤ᠌ ᠮᠡᠷᠭᠡᠨ ᠦᠵᠦᠭᠦᠷ ᠭᠠᠷᠭᠠᠨ ᠲᠡᠭᠦᠰᠬᠡᠨ᠎ᠡ ᠃ ᠵᠢᠱ᠌ᠢᠶᠡᠯᠡᠪᠡᠯ᠄ 《 ᠯᠤᠤ᠂ ᠯᠤᠭ᠎ᠠ᠂ ᠯᠢᠶᠠᠨ 》 ᠮᠡᠲᠦ( ᠳᠠᠭᠠᠯᠳᠤᠭᠤᠯᠤᠯ ᠵᠢᠷᠤᠭ ᠲᠤ᠌ ᠦᠵᠡ)᠃
       6. 《 ᠮᠠ 》 ᠶ᠋ᠢᠨ ᠭᠡᠵᠢᠭᠡ ᠶ᠋ᠢ ᠨᠢᠷᠤᠭᠤ ᠲᠠᠢ ᠵᠠᠯᠭᠠᠬᠤ ᠳ᠋ᠤ᠌ ᠨᠢᠷᠤᠭᠤ ᠶ᠋ᠢᠨ ᠠᠴᠤᠭ ᠪᠤᠶᠤ ᠲᠢᠲᠢᠮ ᠦ᠋ᠨ ᠳᠤᠬᠤ ᠳᠡᠭᠡᠷ᠎ᠡ ᠡᠬᠢᠯᠡᠩᠭᠦᠲᠡ ᠬᠥᠨᠳᠡᠯᠡᠨ ᠪᠢᠷ ᠲᠤᠯᠭᠠᠵᠤ ᠳᠠᠬᠢᠨ ᠳᠣᠷᠣᠭᠰᠢ ᠮᠡᠳᠡᠨ ᠲᠠᠲᠠᠵᠤ ᠪᠢᠷ ᠢ᠋ ᠠᠭᠠᠵᠢᠮᠬᠠᠨ ᠡᠷᠭᠦᠵᠦ ᠦᠵᠦᠭᠦᠷ ᠭᠠᠷᠭᠠᠨ ᠲᠡᠭᠦᠰᠬᠡᠨ᠎ᠡ᠃ 《 ᠮᠠ 》 ᠶ᠋ᠢᠨ ᠭᠡᠵᠢᠭᠡ ᠶ᠋ᠢ  ᠪᠦᠬᠦᠯᠢ ᠪᠡᠷ ᠨᠢ ᠨᠠᠷᠢᠨ ᠰᠢᠭ᠋ ᠪᠢᠴᠢᠳᠡᠭ ᠪᠠᠢᠨ᠎ᠠ᠃ ᠵᠢᠱ᠌ᠢᠶᠡᠯᠡᠪᠡᠯ᠄ 《 ᠨᠠᠮᠠᠢ᠂ ᠠᠮᠢᠰᠬᠤᠨ᠂ ᠬᠡᠮᠡᠭᠴᠢ 》ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃  
       7.  ᠴᠧᠨ ᠴᠢᠩ ᠶᠦᠨ ᠪᠠᠭᠰᠢ ᠶ᠋ᠢᠨ ᠦᠰᠦᠭ ᠦ᠋ᠨ ᠵᠢᠷᠤᠯᠭ᠎ᠠ ᠶ᠋ᠢᠨ ᠬᠣᠯᠪᠣᠭᠠᠰᠤ ᠰᠠᠢᠨ᠂ ᠵᠢᠷᠤᠯᠭ᠎ᠠ ᠶ᠋ᠢᠨ ᠡᠷᠴᠢᠮ ᠴᠢᠩᠭ᠎ᠠ᠂ ᠵᠢᠷᠤᠯᠭ᠎ᠠ ᠪᠣᠯᠭᠠᠨ ᠨᠢᠭᠡ ᠨᠢ ᠨᠥᠭᠦᠭᠡ ᠲᠡᠢ ᠪᠡᠨ ᠨᠢᠭᠲᠠ ᠴᠢᠩᠭ᠎ᠠ ᠵᠠᠯᠭᠠᠵᠤ ᠪᠠᠢᠳᠠᠭ᠃ ᠵᠢᠷᠤᠯᠭ᠎ᠠ ᠨᠤᠭᠤᠳ ᠢ᠋ ᠲᠠᠰᠤᠯᠠᠨ ᠪᠢᠴᠢᠬᠦ ᠤᠴᠢᠷ ᠦᠭᠡᠢ᠃ ᠭᠡᠬᠦ ᠳ᠋ᠡᠭᠡᠨ ᠵᠠᠯᠭᠠᠭᠤᠷ ᠤ᠋ᠨ ᠣᠷᠣ ᠮᠥᠷ ᠬᠠᠷᠠᠭᠳᠠᠳᠠᠭ ᠦᠭᠡᠢ᠃ ᠦᠰᠦᠭ ᠪᠦᠬᠦᠨ ᠢ᠋ᠶ᠋ᠡᠷ ᠵᠢᠱ᠌ᠢᠶ᠎ᠡ ᠪᠣᠯᠭᠠᠵᠤ ᠪᠣᠯᠤᠨ᠎ᠠ᠃ 
       8.  ᠳᠡᠭᠡᠷ᠎ᠡ ᠣᠷᠣᠬᠤ 《 ᠬᠦ᠌ 》 ᠶ᠋ᠢᠨ ᠲᠣᠯᠣᠭᠠᠢ ᠶ᠋ᠢ ᠬᠠᠸᠠᠩᠵᠠᠪ ᠤ᠋ᠨ ᠰᠢᠭ᠋ ᠭᠠᠷᠭᠠᠳᠠᠭ ᠦᠭᠡᠢ ᠬᠠᠷᠢᠨ ᠪᠢᠷ ᠡᠬᠢᠯᠡᠩᠭᠦᠲᠡ ᠰᠢᠭᠤᠳ ᠬᠣᠢᠰᠢ ᠲᠠᠲᠠᠵᠤ ᠶᠠᠪᠤᠭᠤᠯᠤᠭᠠᠳ ᠬᠥᠩᠭᠡᠷ ᠢ᠋ ᠭᠠᠷᠭᠠᠵᠤ 《 ᠬᠦ᠌ 》 ᠶ᠋ᠢᠨ ᠲᠣᠯᠣᠭᠠᠢ ᠶ᠋ᠢ ᠪᠢᠴᠢᠳᠡᠭ᠃ ᠵᠢᠱ᠌ᠢᠶᠡᠯᠡᠪᠡᠯ᠄《ᠬᠥᠮᠦᠨ᠂ ᠬᠦᠯᠢᠴᠡᠬᠦᠶ᠎ᠡ᠂ ᠬᠦ᠌ 》ᠮᠡᠲᠦ( ᠳᠠᠭᠠᠯᠳᠤᠭᠤᠯᠤᠯ ᠵᠢᠷᠤᠭ ᠲᠤ᠌ ᠦᠵᠡ )᠃
       9. 《 ᠭᠠ 》 ᠶ᠋ᠢᠨ ᠳᠤᠰᠤᠯ ᠤ᠋ᠨ ᠳᠡᠭᠡᠷ᠎ᠡ ᠲᠠᠯ᠎ᠠ ᠶ᠋ᠢᠨ ᠳᠤᠰᠤᠯ ᠢ᠋( ᠨᠢᠭᠡᠳᠦᠭᠡᠷ ᠳᠤᠰᠤᠯ )ᠦᠰᠦᠭ ᠦ᠋ᠨ ᠪᠡᠶ᠎ᠡ ᠡᠴᠡ ᠣᠢᠷ᠎ᠠ ᠰᠢᠭ᠋ ᠲᠠᠯᠪᠢᠵᠤ᠂ ᠳᠣᠣᠷ᠎ᠠ ᠲᠠᠯ᠎ᠠ ᠶ᠋ᠢᠨ ᠳᠤᠰᠤᠯ( ᠬᠣᠶᠠᠳᠤᠭᠠᠷ ᠳᠤᠰᠤᠯ )ᠢ᠋ ᠪᠡᠶ᠎ᠡ ᠡᠴᠡ ᠨᠢ ᠵᠠᠢᠳᠠᠭᠤᠬᠠᠨ ᠰᠢᠭ᠋ ᠣᠷᠣᠨ ᠳ᠋ᠤ᠌᠂ ᠳᠡᠭᠡᠷ᠎ᠡ ᠲᠠᠯ᠎ᠠ ᠶ᠋ᠢᠨ ᠳᠤᠰᠤᠯ ᠤ᠋ᠨ ᠳᠣᠣᠷ᠎ᠠ ᠵᠦᠷᠢᠭᠦᠰᠯᠠᠨ ᠲᠠᠯᠪᠢᠨ᠎ᠠ᠃( ᠬᠢᠴᠢᠶᠡᠯ ᠦ᠋ᠨ ᠪᠢᠴᠢᠭ ᠦ᠋ᠨ ᠲᠠᠪᠤᠨ ᠱᠤᠭᠤᠮ ᠤ᠋ᠨ ᠣᠨᠣᠯ ᠲᠠᠢ ᠠᠳᠠᠯᠢ )ᠵᠢᠱ᠌ᠢᠶᠡᠯᠡᠪᠡᠯ᠄ 《 ᠭᠠᠷᠭᠠᠭᠰᠠᠨ᠂ ᠬᠠᠭᠠᠰ᠂ ᠪᠠᠭᠤᠷᠠᠭᠠᠳ 》ᠮᠡᠲᠦ( ᠳᠠᠭᠠᠯᠳᠤᠭᠤᠯᠤᠯ ᠵᠢᠷᠤᠭ ᠲᠤ᠌ ᠦᠵᠡ )᠃ 
       10. 《 ᠢ 》 ᠶ᠋ᠢᠨ ᠬᠢᠮᠤᠰᠤ ᠶ᠋ᠢ ᠪᠢᠴᠢᠬᠦ ᠳ᠋ᠦ᠍ ᠠᠴᠤᠭ ᠪᠢᠴᠢᠬᠦ ᠠᠷᠭ᠎ᠠ ᠪᠠᠷ ᠨᠢᠷᠤᠭᠤ ᠶ᠋ᠢᠨ ᠱᠤᠭᠤᠮ ᠳᠡᠭᠡᠷ᠎ᠡ ᠪᠢᠷ ᠢ᠋ ᠬᠦᠨᠳᠦᠴᠡ ᠥᠭᠴᠦ  ᠳᠠᠷᠤᠰᠭᠢᠭᠠᠳ ᠳᠠᠬᠢᠨ ᠳᠣᠷᠣᠭᠰᠢ ᠶᠠᠪᠤᠭᠤᠯᠵᠤ ᠪᠢᠷ ᠲᠡᠭᠦᠰᠬᠡᠨ᠎ᠡ᠃ ᠬᠠᠸᠠᠩᠵᠠᠪ ᠤ᠋ᠨ ᠲᠠᠢ ᠠᠳᠠᠯᠢ᠃ ᠵᠢᠱ᠌ᠢᠶᠡᠯᠡᠪᠡᠯ᠄《 ᠦᠭᠡᠢ᠂ ᠭᠠᠢ᠂ ᠪᠣᠢ 》ᠮᠡᠲᠦ( ᠳᠠᠭᠠᠯᠳᠤᠭᠤᠯᠤᠯ ᠵᠢᠷᠤᠭ ᠲᠤ᠌ ᠦᠵᠡ )᠃ 
       11.  ᠦᠰᠦᠭ ᠦ᠋ᠨ ᠨᠢᠷᠤᠭᠤ ᠠᠰᠬᠠᠨ ᠰᠢᠯᠤᠭᠤᠨ᠂ ᠮᠢᠬᠠᠯᠢᠭ ᠢᠳᠡᠯᠢᠭ᠂ ᠵᠢᠷᠤᠯᠭ᠎ᠠ ᠶ᠋ᠢᠨ ᠪᠦᠲᠦᠴᠡ ᠲᠣᠭᠲᠠᠯᠴᠠᠭ᠎ᠠ ᠰᠠᠢᠲᠠᠢ᠂ ᠪᠦᠬᠦᠢᠯᠡ ᠦᠰᠦᠭ ᠦ᠋ᠳ ᠡᠶᠡᠷᠡᠭᠦᠨ ᠲᠠᠪᠠᠲᠠᠢ ᠡᠪ ᠵᠣᠬᠢᠴᠠᠵᠠᠢ᠃ 
       12. 《 ᠷ 》 ᠳᠡᠪᠢᠰᠬᠡᠷ ᠢ᠋ ᠲᠡᠭᠦᠰᠬᠡᠨ ᠪᠢᠴᠢᠬᠦ ᠨᠢ ᠬᠠᠸᠠᠩᠵᠠᠪ ᠤ᠋ᠨ ᠲᠠᠢ ᠠᠳᠠᠯᠢ ᠦᠭᠡᠢ᠂ ᠬᠠᠮᠤᠭ ᠰᠡᠭᠦᠯᠴᠢ ᠶ᠋ᠢᠨ ᠰᠣᠯᠢᠮᠡᠯ ᠵᠢᠷᠤᠯᠭ᠎ᠠ ᠶ᠋ᠢ ᠦᠰᠦᠭ ᠦ᠋ᠨ ᠨᠢᠷᠤᠭᠤᠨ ᠱᠤᠭᠤᠮ ᠠ᠋ᠴᠠ ᠬᠣᠢᠨᠠᠭᠰᠢ ᠬᠡᠲᠦᠷᠡᠭᠦᠯᠦᠨ ᠳᠠᠷᠤᠵᠤ ᠪᠢᠴᠢᠳᠡᠭ᠃ ᠵᠢᠱ᠌ᠢᠶᠡᠯᠡᠪᠡᠯ᠄ 《 ᠨᠢᠯᠪᠤᠭᠤᠷ᠂ ᠲᠠᠯᠠᠭᠠᠷ᠂ ᠳ᠋ᠦᠷ 》ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃ 
       13.  ᠰᠡᠨᠵᠢᠲᠡᠢ ᠰᠢᠯᠪᠢ 《 ᠳ᠋᠊ 》 ᠢ᠋ ᠬᠠᠸᠠᠩᠵᠠᠪ ᠤ᠋ᠨ ᠰᠢᠭ᠋ ᠬᠡᠳᠦ ᠤᠷᠲᠤ ᠪᠢᠴᠢᠳᠡᠭ ᠦᠭᠡᠢ᠂ ᠬᠠᠷᠢᠨ ᠲᠠᠪᠤᠨ ᠱᠤᠭᠤᠮ ᠤ᠋ᠨ ᠶᠣᠰᠣᠨ ᠢ᠋ᠶ᠋ᠠᠷ ᠮᠠᠰᠢ ᠳᠦᠷᠢᠮᠵᠢᠭᠦᠨ ᠪᠢᠴᠢᠳᠡᠭ᠃ ᠵᠢᠱ᠌ᠢᠶᠡᠯᠡᠪᠡᠯ᠄ 《 ᠳᠣᠲᠣᠷ᠎ᠠ᠂ ᠲᠡᠳᠦᠢ᠂ ᠪᠦᠭᠦᠳᠡᠭᠡᠷ 》ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃
       14. ᠳᠣᠣᠷ᠎ᠠ ᠣᠷᠣᠬᠤ 《ᠯ 》 ᠳᠡᠪᠢᠰᠬᠡᠷ ᠢ᠋ ᠭᠠᠷᠭᠠᠬᠤ ᠳ᠋ᠤ᠌ ᠦᠰᠦᠭ ᠦ᠋ᠨ ᠨᠢᠷᠤᠭᠤᠨ ᠱᠤᠭᠤᠮ ᠳᠡᠭᠡᠷ᠎ᠡ ᠪᠢᠷ ᠢ᠋ᠶ᠋ᠡᠨ ᠠᠰᠬᠠᠨ ᠳᠣᠷᠣᠭᠰᠢ ᠶᠠᠪᠤᠭᠤᠯᠵᠤ ᠳᠠᠬᠢᠨ ᠮᠤᠷᠤᠢᠯᠭᠠᠨ ᠠᠷᠤ ᠰᠢᠳᠠᠷ ᠱᠤᠭᠤᠮ ᠵᠦᠭ ᠶᠠᠪᠤᠭᠤᠯᠬᠤ ᠨᠢ ᠬᠠᠸᠠᠩᠵᠠᠪ ᠤ᠋ᠨ ᠨᠢᠷᠤᠭᠤ ᠶ᠋ᠢᠨ ᠱᠤᠭᠤᠮ ᠠ᠋ᠴᠠ ᠡᠮᠦᠨᠡᠰᠢ ᠶᠠᠪᠤᠭᠤᠯᠵᠤ ᠮᠤᠷᠤᠢᠯᠭᠠᠬᠤ ᠲᠠᠢ ᠠᠳᠠᠯᠢ ᠦᠭᠡᠢ ᠭᠠᠵᠠᠷ ᠪᠠᠢᠳᠠᠭ᠃ ᠵᠢᠱ᠌ᠢᠶᠡᠯᠡᠪᠡᠯ᠄ 《 ᠠᠶᠤᠯ 》 ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃ 
       15. ᠪᠤᠰᠤᠳ ᠴᠠᠭᠠᠨ ᠲᠣᠯᠣᠭᠠᠢ ᠶ᠋ᠢᠨ ᠵᠢᠷᠤᠯᠭ᠎ᠠ ᠬᠢᠭᠡᠳ ᠮᠣᠩᠭᠣᠯ ᠦᠰᠦᠭ ᠦ᠋ᠨ ᠦᠨᠳᠦᠰᠦᠨ ᠵᠢᠷᠤᠯᠭ᠎ᠠ ᠨᠢ ᠬᠠᠸᠠᠩᠵᠠᠪ ᠡᠳᠡ ᠬᠣᠶᠠᠭᠤᠯᠠ ᠬᠠᠷᠢᠯᠴᠠᠨ ᠨᠢᠭᠡ ᠨᠢ ᠨᠥᠭᠦᠭᠡ ᠡᠴᠡ ᠪᠡᠨ ᠰᠤᠷᠤᠯᠴᠠᠭᠰᠠᠨ ᠤᠴᠢᠷ ᠪᠠᠢᠭ᠎ᠠ ᠲᠤᠯᠠ ᠦᠨᠳᠦᠰᠦᠨ ᠳ᠋ᠦ᠍ ᠪᠡᠨ ᠠᠳᠠᠯᠢᠪᠲᠤᠷ᠃ 
       16ᠴᠧᠨ ᠴᠢᠩ ᠶᠦᠨ ᠪᠠᠭᠰᠢ ᠶ᠋ᠢᠨ ᠦᠰᠦᠭ ᠦ᠋ᠨ ᠬᠡᠪ ᠨᠠᠮᠪᠠ ᠭᠡᠪᠡᠯ᠄ ᠢᠳᠡᠯᠢᠭ ᠬᠦᠴᠦ ᠲᠡᠢ᠂ ᠶᠠᠰᠤᠯᠢᠭ ᠰᠢᠨᠳᠠᠰᠤᠯᠢᠭ᠂ ᠳᠣᠲᠣᠭᠠᠳᠤ ᠲᠠᠮᠢᠷ ᠢ᠋ᠶ᠋ᠠᠷ ᠴᠢᠩᠭ᠎ᠠ᠂ ᠡᠶᠡᠷᠡᠭᠦᠨ ᠰᠢᠨᠵᠢ ᠲᠡᠢ᠃  

          ᠭᠤᠷᠪᠠ    ᠴᠸᠨ ᠴᠢᠩ ᠶᠦᠨ ᠦ᠌ ᠮᠣᠩᠭᠣᠯ ᠤᠷᠠᠨ ᠪᠢᠴᠢᠯᠭᠡ ᠳ᠋ᠦ᠍ 
                    ᠦᠵᠡᠭᠦᠯᠦᠭᠰᠡᠨ ᠭᠠᠪᠢᠶ᠎ᠠ ᠵᠢᠳᠬᠦᠯ ᠬᠢᠭᠡᠳ
                   《ᠮᠣᠩᠭᠣᠯ ᠤ᠋ᠨ ᠨᠢᠭᠤᠴᠠ ᠲᠣᠪᠴᠢᠶᠠᠨ》ᠢ᠋ 
                    ᠰᠡᠢᠷᠡᠭᠦᠯᠦᠭᠰᠡᠨ ᠠᠭᠤᠤ ᠶᠡᠬᠡ ᠬᠥᠳᠡᠯᠮᠦᠷᠢ   
       ᠴᠧᠨ ᠴᠢᠩ ᠶᠦᠨ᠂ ᠬᠠᠸᠠᠩᠵᠠᠪ ᠬᠣᠶᠠᠷ ᠪᠣᠯ ᠨᠢᠭᠡᠨ ᠦᠶ᠎ᠡ ᠶ᠋ᠢᠨ ᠬᠥᠮᠦᠨ ᠮᠥᠨ᠃ ᠭᠡᠬᠦ ᠳ᠋ᠦ᠍ ᠪᠡᠨ ᠴᠧᠨ ᠴᠢᠩ ᠶᠦᠨ ᠬᠠᠸᠠᠩᠵᠠᠪ ᠲᠠᠢ ᠠᠳᠠᠯᠢ ᠮᠣᠩᠭᠣᠯ ᠤᠷᠠᠨ ᠪᠢᠴᠢᠯᠭᠡ ᠶ᠋ᠢᠨ ᠦᠢᠯᠡᠰ ᠲᠦ᠍ ᠠᠤᠭ᠎ᠠ ᠭᠠᠪᠢᠶ᠎ᠠ ᠠᠪᠤᠷᠭᠤ ᠵᠢᠳᠬᠦᠯ ᠦᠵᠡᠭᠦᠯᠦᠭᠰᠡᠨ ᠠᠯᠳᠠᠷ ᠬᠦᠨᠳᠦᠲᠡᠢ ᠬᠥᠮᠦᠨ ᠮᠥᠨ᠃ ᠲᠡᠷᠡ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠶ᠋ᠢᠨ ᠬᠦᠷᠢᠶ᠎ᠡ ᠴᠠᠷ᠎ᠠ ᠳ᠋ᠤ᠌ ᠥᠪᠡᠷ ᠦ᠋ᠨ ᠢ᠋ᠶ᠋ᠡᠨ ᠲᠢᠭ ᠢ᠋ ᠡᠭᠦᠳᠦᠨ ᠪᠦᠲᠦᠭᠡᠭᠰᠡᠨ ᠢ᠋ᠶ᠋ᠡᠷ ᠪᠠᠷᠠᠬᠤ ᠦᠭᠡᠢ ᠲᠥᠪ ᠪᠢᠴᠢᠯᠭᠡ ᠶ᠋ᠢᠨ ᠳᠦᠷᠢᠮᠵᠢᠯ ᠭᠣᠷᠢᠮᠵᠢᠯ ᠬᠢᠭᠡᠳ ᠢᠷᠡᠭᠡᠳᠦᠢ ᠶ᠋ᠢᠨ ᠬᠥᠭᠵᠢᠯᠲᠡ ᠶ᠋ᠢᠨ ᠦᠨᠳᠦᠰᠦ ᠶ᠋ᠢ ᠬᠠᠳᠬᠤᠵᠤ ᠰᠠᠭᠤᠷᠢ ᠶ᠋ᠢ ᠲᠠᠯᠪᠢᠵᠤ ᠦᠭᠭᠦᠭᠰᠡᠨ ᠠᠪᠤᠷᠭᠤ ᠳᠠᠷᠬᠠᠨ ᠤ᠋ ᠨᠢᠭᠡ ᠮᠥᠨ᠃ ᠴᠸᠨ ᠴᠢᠩ ᠶᠦᠨ ᠳᠡᠭᠡᠷ᠎ᠡ ᠦᠶ᠎ᠡ ᠶ᠋ᠢᠨ ᠰᠥᠡᠭᠸᠠᠶᠢᠳᠡᠨᠵᠥᠡᠭ᠂ ᠰᠠᠷᠠᠡᠭᠭ᠎ᠠ ᠶ᠋ᠢᠨ ᠪᠢᠴᠢᠯᠭᠡ ᠶ᠋ᠢᠨ ᠰᠢᠯᠢᠳᠡᠭ ᠵᠦᠢᠯ ᠢ᠋ ᠪᠦᠲᠦᠭᠡᠯᠴᠢ ᠪᠡᠷ ᠰᠢᠩᠭᠡᠬᠡᠨ ᠠᠪᠴᠤ ᠥᠪᠡᠷ ᠦ᠋ᠨ ᠦᠰᠦᠭ ᠲᠦ᠍ ᠪᠡᠨ ᠰᠢᠩᠭᠡᠭᠡᠨ ᠢᠳᠡᠯᠢᠭ ᠬᠦᠴᠦᠨ ᠲᠡᠢ᠂ ᠶᠠᠰᠤᠯᠢᠭ ᠰᠢᠨᠳᠠᠰᠤᠯᠢᠭ᠂ ᠬᠣᠯᠪᠣᠭᠠᠰᠤ ᠴᠢᠩᠭ᠎ᠠ ᠦᠰᠦᠭ ᠢ᠋ ᠪᠦᠲᠦᠭᠡᠵᠦ ᠴᠢᠳᠠᠵᠠᠢ᠃ ᠴᠸᠨ ᠴᠢᠩ ᠶᠦᠨ ᠪᠣᠯ ᠮᠣᠩᠭᠣᠯ ᠤᠷᠠᠨ ᠪᠢᠴᠢᠯᠭᠡ ᠶ᠋ᠢᠨ ᠶᠠᠰᠤᠯᠢᠭ ᠰᠢᠨᠳᠠᠰᠤᠯᠢᠭ ᠢᠳᠡᠷᠡᠭᠦᠨ ᠦᠰᠦᠭ ᠦ᠋ᠨ ᠲᠥᠯᠥᠭᠡᠯᠡᠭᠴᠢ ᠪᠣᠯᠤᠨ᠎ᠠ᠃ ᠮᠥᠨ ᠴᠦ᠍ ᠤᠷᠠᠨ ᠪᠢᠴᠢᠯᠭᠡ ᠶ᠋ᠢᠨ ᠪᠦᠲᠦᠭᠡᠯ ᠦ᠋ᠨ ᠬᠡᠯᠪᠡᠷᠢ ᠵᠣᠬᠢᠮᠵᠢ ᠶ᠋ᠢᠨ ᠰᠢᠳᠢᠲᠦ ᠬᠥᠮᠦᠨ ᠮᠥᠨ᠃ ᠬᠢᠲᠠᠳ᠂ ᠮᠣᠩᠭᠣᠯ᠂ ᠮᠠᠨᠵᠤ ᠭᠤᠷᠪᠠᠨ ᠬᠡᠯᠡᠨ ᠦ᠌ ᠤᠷᠠᠨ ᠪᠢᠴᠢᠯᠭᠡ ᠶ᠋ᠢᠨ ᠠᠪᠤᠷᠭᠤ ᠳᠠᠷᠬᠠᠨ ᠮᠥᠨ᠃ ᠣᠨᠴᠠᠭᠠᠢᠯᠠᠨ 《 ᠮᠣᠩᠭᠣᠯ ᠤ᠋ᠨ ᠨᠢᠭᠤᠴᠠ ᠲᠣᠪᠴᠢᠶᠠᠨ 》 ᠢ᠋ ᠬᠢᠲᠠᠳ᠂ ᠮᠣᠩᠭᠣᠯ᠂ ᠭᠠᠯᠢᠭ ᠭᠤᠷᠪᠠᠨ ᠵᠦᠢᠯ ᠦ᠋ᠨ ᠦᠰᠦᠭ ᠢ᠋ ᠦᠰᠦᠨ ᠪᠢᠷ ᠢ᠋ᠶ᠋ᠡᠷ ᠰᠡᠢᠷᠡᠭᠦᠯᠵᠦ ᠪᠢᠴᠢᠬᠦ ᠳ᠋ᠦ᠍ ᠵᠠᠷᠤᠴᠠᠭᠤᠯᠤᠭᠰᠠᠨ ᠬᠥᠳᠡᠯᠮᠦᠷᠢ ᠬᠢᠭᠡᠳ ᠤᠷᠤᠰᠬᠠᠭᠰᠠᠨ ᠠᠷᠢᠭᠤᠨ ᠬᠥᠯᠥᠰᠥ ᠶ᠋ᠢ ᠨᠢᠭᠡ ᠯᠡ ᠦᠭᠡ ᠪᠡᠷ ᠬᠡᠯᠡᠬᠦ ᠳ᠋ᠦ᠍ ᠪᠡᠷᠬᠡ᠃ ᠡᠭᠦᠨ ᠦ᠌ ᠲᠤᠬᠠᠢ ᠴᠧᠨ ᠴᠢᠩ ᠶᠦᠨ ᠪᠠᠭᠰᠢ ᠶ᠋ᠢᠨ ᠬᠦᠦ ᠶ᠋ᠢ ᠲᠤᠰᠬᠠᠢ ᠰᠤᠷᠪᠤᠯᠵᠢᠯᠠᠭ᠎ᠠ ᠬᠢᠭᠰᠡᠨ ᠪᠠ ᠬᠦᠦ ᠨᠢ ᠪᠢᠳᠡᠨ ᠳ᠋ᠦ᠍ ᠬᠠᠩᠭᠠᠭᠰᠠᠨ ᠮᠠᠲ᠋ᠧᠷᠢᠶᠠᠯ ᠠ᠋ᠴᠠ ᠮᠡᠳᠡᠵᠦ ᠪᠣᠯᠤᠨ᠎ᠠ᠃ ᠴᠧᠨ ᠴᠢᠩ ᠶᠦᠨ ᠪᠠᠭᠰᠢ 1975 ᠣᠨ ᠳ᠋ᠤ᠌ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠶ᠋ᠢᠨ ᠨᠠᠢᠳᠠᠯᠭ᠎ᠠ ᠬᠢᠭᠡᠳ ᠥᠪᠥᠷ ᠮᠣᠩᠭᠣᠯ ᠤ᠋ᠨ ᠪᠠᠭᠰᠢ ᠶ᠋ᠢᠨ ᠳᠡᠭᠡᠳᠦ ᠰᠤᠷᠭᠠᠭᠤᠯᠢ ᠶ᠋ᠢᠨ ᠪᠠᠶᠠᠷ ᠪᠠᠭᠰᠢ ᠶ᠋ᠢᠨ ᠰᠠᠨᠠᠭᠠᠴᠢᠯᠠᠭ᠎ᠠ᠂ ᠭᠤᠶᠤᠴᠢᠯᠠᠯ ᠢ᠋ᠶ᠋ᠠᠷ《 ᠮᠣᠩᠭᠣᠯ ᠤ᠋ᠨ ᠨᠢᠭᠤᠴᠠ ᠲᠣᠪᠴᠢᠶᠠᠨ 》 ᠢ᠋ ᠦᠰᠦᠨ ᠪᠢᠷ ᠢ᠋ᠶ᠋ᠡᠷ ᠰᠡᠢᠷᠡᠭᠦᠯᠦᠨ ᠪᠢᠴᠢᠬᠦ ᠠᠵᠢᠯ ᠢ᠋ ᠡᠬᠢᠯᠡᠭᠦᠯᠦᠭᠰᠡᠨ ᠪᠠᠢᠨ᠎ᠠ᠃ ᠴᠸᠨ ᠴᠢᠩ ᠶᠦᠨ《 ᠮᠣᠩᠭᠣᠯ ᠤ᠋ᠨ ᠨᠢᠭᠤᠴᠠ ᠲᠣᠪᠴᠢᠶᠠᠨ 》 ᠢ᠋ ᠦᠰᠦᠨ ᠪᠢᠷ ᠢ᠋ᠶ᠋ᠡᠷ ᠪᠢᠴᠢᠬᠦ ᠳ᠋ᠡᠭᠡᠨ ᠨᠢᠭᠤᠷ ᠪᠣᠯᠭᠠᠨ ᠤ᠋ ᠬᠢᠲᠠᠳ ᠦᠰᠦᠭ ᠦ᠋ᠨ ᠲᠣᠭ᠎ᠠ ᠬᠢᠭᠡᠳ ᠮᠥᠷ ᠪᠣᠯᠭᠠᠨ ᠤ᠋ ᠬᠢᠲᠠᠳ ᠦᠰᠦᠭ ᠦ᠋ᠨ ᠲᠣᠭ᠎ᠠ ᠨᠢ ᠠᠳᠠᠯᠢ ᠦᠭᠡᠢ ᠲᠤᠯᠠ ᠨᠢᠭᠤᠷ ᠪᠣᠯᠭᠠᠨ ᠤ᠋ ᠬᠢᠲᠠᠳ ᠦᠰᠦᠭ ᠦ᠋ᠨ ᠲᠣᠭ᠎ᠠ ᠬᠢᠭᠡᠳ ᠮᠥᠷ ᠪᠣᠯᠭᠠᠨ ᠤ᠋ ᠬᠢᠲᠠᠳ ᠦᠰᠦᠭ ᠦ᠋ᠨ ᠲᠣᠭ᠎ᠠ ᠪᠠᠷ ᠨᠢ 口 ᠦᠰᠦᠭ ᠦ᠋ᠨ (方格) ᠱᠤᠭᠤᠮ ᠢ᠋ ᠰᠢᠨ᠎ᠡ ᠪᠡᠷ ᠲᠠᠲᠠᠳᠠᠭ ᠶᠤᠮ ᠪᠠᠢᠨ᠎ᠠ᠃ ᠭᠡᠬᠦ ᠳ᠋ᠡᠭᠡᠨ ᠬᠢᠲᠠᠳ ᠢ᠋ᠶ᠋ᠠᠷ ᠪᠢᠴᠢᠭᠰᠡᠨ ᠮᠣᠩᠭᠣᠯ ᠦᠭᠡ ᠶ᠋ᠢᠨ ᠤᠷᠲᠤ ᠣᠬᠣᠷ ᠬᠢᠭᠡᠳ ᠮᠣᠩᠭᠣᠯ ᠦᠰᠦᠭ ᠦ᠋ᠨ ᠠᠭᠤᠯᠭ᠎ᠠ ᠲᠠᠢ ᠨᠢ ᠮᠥᠷᠥ ᠵᠡᠷᠭᠡᠴᠡᠭᠦᠯᠦᠨ ᠬᠣᠣᠰᠯᠠᠭᠤᠯᠤᠨ ᠪᠠᠢᠷᠢᠯᠠᠭᠤᠯᠵᠤ ᠨᠢᠭᠡ ᠯᠡ ᠮᠥᠷ ᠳᠣᠲᠣᠷ᠎ᠠ ᠪᠠᠢᠯᠭᠠᠬᠤ ᠭᠡᠵᠦ ᠣᠷᠣᠯᠳᠣᠭᠰᠠᠨ ᠤᠴᠢᠷ᠂ ᠮᠥᠷ ᠪᠣᠯᠭᠠᠨ ᠢ᠋ ᠰᠢᠨ᠎ᠡ ᠪᠡᠷ ᠱᠤᠭᠤᠮᠳᠠᠨ ᠵᠣᠬᠢᠶᠠᠮᠵᠢᠯᠠᠬᠤ ᠴᠢᠬᠤᠯᠠ ᠲᠠᠢ ᠪᠢᠯᠡ᠃ ᠵᠢᠱ᠌ᠢᠶᠡᠯᠡᠪᠡᠯ᠄《 ᠮᠣᠩᠭᠣᠯ ᠤ᠋ᠨ ᠨᠢᠭᠤᠴᠠ ᠲᠣᠪᠴᠢᠶᠠᠨ 》 ᠤ᠋ ᠲᠡᠷᠢᠭᠦᠨ ᠪᠣᠳᠢ ᠶ᠋ᠢᠨ ᠨᠢᠭᠡᠳᠦᠭᠡᠷ ᠨᠢᠭᠤᠷ ᠤ᠋ᠨ ᠨᠢᠭᠡᠳᠦᠭᠡᠷ ᠮᠥᠷ ᠲᠦ᠍ 29 ᠬᠢᠲᠠᠳ ᠦᠰᠦᠭ ᠪᠠᠢᠬᠤ ᠳ᠋ᠤ᠌ ᠬᠣᠶᠠᠳᠤᠭᠠᠷ ᠮᠥᠷ ᠲᠦ᠍ 31 ᠬᠢᠲᠠᠳ ᠦᠰᠦᠭ ᠪᠠᠢᠳᠠᠭ᠃ ᠭᠤᠷᠪᠠᠳᠤᠭᠠᠷ ᠮᠥᠷ ᠲᠦ᠍ 33 ᠦᠰᠦᠭ ᠪᠠᠢᠵᠤ ᠲᠠᠪᠤᠳᠤᠭᠠᠷ ᠮᠥᠷ ᠲᠦ᠍ 34 ᠦᠰᠦᠭ ᠪᠠᠢᠳᠠᠭ᠃ ᠡᠨᠡ ᠶᠠᠩᠵᠤ ᠪᠠᠷ ᠮᠥᠷ ᠦ᠋ᠨ ᠤᠷᠲᠤ ᠶ᠋ᠢᠨ ᠬᠡᠮᠵᠢᠶ᠎ᠡ ᠲᠣᠭᠲᠠᠭᠰᠠᠨ ᠪᠠᠢᠳᠠᠯ ᠳᠣᠣᠷ᠎ᠠ ᠮᠥᠷ ᠪᠣᠯᠭᠠᠨ ᠤ᠋ ᠦᠰᠦᠭ ᠦ᠋ᠨ ᠲᠣᠭ᠎ᠠ ᠠᠳᠠᠯᠢ ᠦᠭᠡᠢ ᠶ᠋ᠢ ᠦᠨᠳᠦᠰᠦᠯᠡᠵᠦ 口 ᠦᠰᠦᠭ ᠦ᠋ᠨ (方格 ) ᠱᠤᠭᠤᠮ ᠢ᠋ ᠰᠢᠨ᠎ᠡ ᠪᠡᠷ ᠱᠤᠭᠤᠮᠳᠠᠵᠤ ᠪᠠᠢᠷᠢᠯᠠᠭᠤᠯᠤᠨ᠎ᠠ᠃《 ᠮᠣᠩᠭᠣᠯ ᠤ᠋ᠨ ᠨᠢᠭᠤᠴᠠ ᠲᠣᠪᠴᠢᠶᠠᠨ 》 ᠤ᠋ ᠬᠢᠲᠠᠳ ᠦᠰᠦᠭ ᠦ᠋ᠨ ᠲᠣᠭ᠎ᠠ ᠬᠠᠮᠤᠭ ᠣᠯᠠᠨ ᠳ᠋ᠤ᠌ ᠪᠠᠨ 36 ᠬᠠᠮᠤᠭ ᠪᠠᠭ᠎ᠠ ᠳ᠋ᠤ᠌ ᠪᠠᠨ 3 ᠦᠰᠦᠭ ᠨᠢᠭᠡ ᠮᠥᠷ ᠢ᠋ ᠡᠵᠡᠯᠡᠭᠰᠡᠨ ᠪᠠᠢᠳᠠᠭ᠃ ᠲᠡᠭᠡᠬᠦ ᠪᠡᠷ ᠪᠠᠷᠠᠬᠤ ᠦᠭᠡᠢ ᠬᠢᠲᠠᠳ ᠢ᠋ᠶ᠋ᠠᠷ ᠢᠯᠡᠳᠬᠡᠭᠰᠡᠨ ᠠᠭᠤᠯᠭ᠎ᠠ ᠬᠢᠭᠡᠳ ᠮᠣᠩᠭᠣᠯ ᠢ᠋ᠶ᠋ᠠᠷ ᠢᠯᠡᠳᠬᠡᠭᠰᠡᠨ ᠠᠭᠤᠯᠭ᠎ᠠ ᠶ᠋ᠢ ᠬᠠᠮᠲᠤ ᠳ᠋ᠤᠨᠢ ᠳᠥᠷᠪᠡᠨ ᠮᠥᠷ ᠢ᠋ ᠵᠡᠷᠭᠡᠴᠡᠭᠦᠯᠦᠨ ᠪᠠᠭᠲᠠᠭᠠᠵᠤ ᠪᠢᠴᠢᠬᠦ ᠭᠡᠳᠡᠭ ᠪᠣᠯ ᠦᠨᠡᠬᠡᠷ ᠲᠡᠭᠷᠢ ᠳ᠋ᠦ᠍ ᠭᠠᠷᠬᠤᠶ᠎ᠠ ᠪᠡᠷᠬᠡ ᠠᠵᠢᠯ ᠮᠥᠨ᠃ ᠨᠡᠩ ᠢᠯᠠᠩᠭᠤᠶ᠎ᠠ《 ᠨᠢᠭᠤᠴᠠ ᠲᠣᠪᠴᠢᠶᠠᠨ 》 ᠤ᠋ ᠡᠷᠲᠡᠨ ᠦ᠌ ᠬᠡᠯᠡᠯᠭᠡ ᠶ᠋ᠢᠨ ᠤᠤᠯ ᠴᠢᠨᠠᠷ ᠢ᠋ ᠬᠠᠳᠠᠭᠠᠯᠠᠬᠤ ᠭᠡᠵᠦ ᠡᠷᠲᠡᠨ ᠦ᠌ ᠬᠡᠯᠡᠨ ᠦ᠌ ᠳᠠᠭᠤᠳᠠᠯᠭ᠎ᠠ ᠶᠣᠰᠣ ᠪᠠᠷ ᠮᠣᠩᠭᠣᠯ ᠢ᠋ᠶ᠋ᠠᠷ ᠬᠢᠲᠠᠳ ᠠᠭᠤᠯᠭ᠎ᠠ ᠶ᠋ᠢᠨ ᠬᠠᠵᠠᠭᠤ ᠳ᠋ᠤ᠌ ᠨᠢᠭᠡ ᠮᠥᠷ ᠬᠠᠷᠭᠤᠭᠤᠯᠤᠨ ᠪᠢᠴᠢᠵᠦ ᠳᠠᠬᠢᠨ ᠲᠡᠭᠦᠨ ᠦ᠌ ᠬᠠᠵᠠᠭᠤ ᠳ᠋ᠤ᠌ ᠪᠠᠰᠠ ᠣᠷᠴᠢᠨ ᠴᠠᠭ ᠤ᠋ᠨ ᠬᠡᠯᠡ ᠪᠡᠷ ᠵᠡᠷᠭᠡᠴᠡᠭᠦᠯᠦᠨ ᠪᠢᠴᠢᠵᠦ ᠲᠠᠯᠪᠢᠳᠠᠭ᠃ ᠪᠠᠰᠠ ᠬᠠᠵᠠᠭᠤ ᠳ᠋ᠠᠬᠢ ᠭᠠᠯᠢᠭ ᠢ᠋ ᠨᠢ ᠴᠦ᠍ ᠠᠳᠠᠯᠢ ᠰᠠᠴᠠᠭᠤ ᠮᠥᠷᠥ ᠵᠡᠷᠭᠡᠴᠡᠭᠦᠯᠦᠨ ᠪᠢᠴᠢᠵᠦ ᠪᠠᠭᠲᠠᠭᠠᠬᠤ ᠴᠢᠬᠤᠯᠠ ᠲᠠᠢ ᠲᠤᠯᠠ ᠭᠤᠷᠪᠠᠨ ᠬᠡᠯᠡᠨ ᠦ᠌ ᠳᠥᠷᠪᠡᠨ ᠮᠥᠷ ᠠᠭᠤᠯᠭ᠎ᠠ ᠶ᠋ᠢ ᠬᠠᠷᠠᠭᠠᠯᠵᠠᠨ ᠪᠦᠷ ᠮᠥᠷᠥ ᠵᠡᠷᠭᠡᠴᠡᠭᠦᠯᠦᠨ ᠪᠢᠴᠢᠬᠦ ᠭᠡᠳᠡᠭ ᠦᠨᠡᠬᠡᠷ ᠭᠠᠢᠬᠠᠰᠢ ᠶ᠋ᠢ ᠬᠦᠷᠭᠡᠵᠦ᠂ ᠪᠠᠬᠠᠷᠬᠠᠯ ᠢ᠋ ᠲᠥᠷᠥᠭᠦᠯᠵᠦ᠂ ᠥᠪᠡᠷ ᠦ᠋ᠨ ᠡᠷᠬᠡ ᠦᠭᠡᠢ ᠬᠦᠨᠳᠦᠳᠬᠡᠨ ᠪᠢᠰᠢᠷᠡᠬᠦ ᠰᠡᠳᠬᠢᠯᠭᠡ ᠶ᠋ᠢ ᠲᠥᠷᠥᠭᠳᠡᠭᠦᠯᠳᠡᠭ ᠠ᠋᠃ ᠡᠢᠮᠦ ᠬᠥᠮᠦᠨ ᠢ᠋ ᠪᠢᠳᠡ《 ᠤᠷᠠᠨ ᠪᠢᠴᠢᠯᠭᠡ ᠶ᠋ᠢᠨ ᠬᠡᠯᠪᠡᠷᠢ ᠵᠣᠬᠢᠮᠵᠢ ᠶ᠋ᠢᠨ ᠪᠣᠭᠳᠠ ᠬᠥᠮᠦᠨ 》 ᠭᠡᠵᠦ ᠳᠠᠭᠤᠳᠠᠬᠤ ᠦᠭᠡᠢ ᠪᠠᠢᠵᠤ ᠴᠢᠳᠠᠨ᠎ᠠ ᠤᠤ ! ᠴᠧᠨ ᠴᠢᠩ ᠶᠦᠨ ᠪᠠᠭᠰᠢ ᠪᠠᠰᠠ ᠭᠣᠣᠯ ᠵᠣᠬᠢᠶᠠᠯ ᠤ᠋ᠨ ᠬᠢᠲᠠᠳ ᠦᠰᠦᠭ ᠡᠴᠡ ᠪᠡᠨ ᠨᠡᠩ ᠪᠠᠭ᠎ᠠ ᠬᠢᠲᠠᠳ ᠪᠢᠴᠢᠯᠭᠡ ᠪᠡᠷ《 ᠮᠣᠩᠭᠣᠯ ᠤ᠋ᠨ ᠨᠢᠭᠤᠴᠠ ᠲᠣᠪᠴᠢᠶᠠᠨ 》 ᠤ᠋ ᠪᠦᠬᠦᠢᠯᠡ ᠬᠢᠲᠠᠳ ᠠᠭᠤᠯᠭ᠎ᠠ ᠵᠢᠴᠢ ᠲᠠᠢᠯᠪᠤᠷᠢ ᠴᠣᠬᠣᠯᠠᠪᠤᠷᠢ ᠶ᠋ᠢ ᠬᠠᠵᠠᠭᠤ ᠳ᠋ᠤᠨᠢ ᠰᠡᠢᠷᠡᠭᠦᠯᠦᠨ ᠳᠠᠭᠠᠭᠤᠯᠤᠭᠠᠳ ᠥᠭᠴᠡᠢ᠃ ᠢᠩᠭᠢᠵᠦ《 ᠮᠣᠩᠭᠣᠯ ᠤ᠋ᠨ ᠨᠢᠭᠤᠴᠠ ᠲᠣᠪᠴᠢᠶᠠᠨ 》 ᠤ᠋ ᠪᠦᠬᠦ ᠵᠣᠬᠢᠶᠠᠯ ᠪᠦᠬᠦᠢᠯᠡ ᠠᠭᠤᠯᠭ᠎ᠠ ᠶ᠋ᠢ ᠬᠢᠲᠠᠳ᠂ ᠮᠣᠩᠭᠣᠯ᠂ ᠭᠠᠯᠢᠭ ᠭᠤᠷᠪᠠᠨ ᠵᠦᠢᠯ ᠦ᠋ᠨ ᠦᠰᠦᠭ ᠢ᠋ᠶ᠋ᠡᠷ ᠳᠥᠷᠪᠡᠨ ᠮᠥᠷ ᠵᠡᠷᠭᠡᠴᠡᠭᠦᠯᠦᠨ ᠪᠠᠢᠷᠢᠯᠠᠭᠤᠯᠵᠤ᠂ ᠭᠤᠷᠪᠠᠨ ᠵᠢᠯ ᠦ᠋ᠨ ᠳᠣᠲᠣᠷ᠎ᠠ ᠪᠦᠬᠦᠨ ᠢ᠋ ᠪᠢᠴᠢᠵᠦ ᠲᠡᠭᠦᠰᠬᠡᠭᠡᠳ ᠮᠠᠨ ᠤ᠋ ᠬᠣᠵᠢᠮ ᠤ᠋ᠨ ᠬᠥᠮᠦᠰ ᠲᠦ᠍ ᠱᠠᠭᠰᠢᠭᠠᠳ ᠪᠠᠷᠠᠰᠢ ᠦᠭᠡᠢ᠂ ᠰᠤᠷᠤᠭᠠᠳ ᠳᠠᠭᠤᠰᠤᠰᠢ ᠦᠭᠡᠢ᠂ ᠰᠤᠳᠤᠯᠤᠭᠠᠳ ᠬᠠᠨᠤᠰᠢ ᠦᠭᠡᠢ ᠰᠣᠶᠣᠯ ᠤ᠋ᠨ ᠥᠪ ᠢ᠋ ᠦᠯᠡᠳᠡᠭᠡᠨ ᠥᠭᠴᠡᠢ᠃ ᠴᠸᠨ ᠴᠢᠩ ᠶᠦᠨ ᠪᠠᠭᠰᠢ ᠪᠣᠯ ᠬᠢᠲᠠᠳ᠂ ᠮᠣᠩᠭᠣᠯ᠂ ᠮᠠᠨᠵᠤ᠂ ᠭᠠᠯᠢᠭ ᠳᠥᠷᠪᠡᠨ ᠵᠦᠢᠯ ᠦ᠋ᠨ ᠦᠰᠦᠭ ᠦ᠋ᠨ ᠤᠷᠠᠨ ᠪᠢᠴᠢᠯᠭᠡ ᠳ᠋ᠦ᠍ ᠨᠡᠪᠲᠡᠷᠡᠭᠰᠡᠨ ᠮᠤᠨᠳᠠᠭ ᠲᠣᠮᠣ ᠤᠷᠠᠨ ᠪᠢᠴᠢᠯᠭᠡᠲᠡᠨ ᠪᠣᠯᠤᠨ᠎ᠠ᠃ ᠤᠷᠠᠨ ᠪᠢᠴᠢᠯᠭᠡ ᠶ᠋ᠢᠨ ᠬᠡᠯᠪᠡᠷᠢ ᠵᠣᠬᠢᠮᠵᠢ ᠶ᠋ᠢᠨ ᠷᠢᠳᠢ ᠰᠢᠳᠢ ᠶ᠋ᠢ ᠣᠯᠤᠭᠴᠢ ᠠᠷᠰᠢ ᠰᠠᠬᠢᠭᠤᠯᠰᠤᠨ ᠮᠡᠲᠦ ᠪᠣᠭᠳᠠ ᠬᠥᠮᠦᠨ ᠮᠥᠨ᠃ ᠰᠤᠷᠭᠠᠨ ᠬᠦᠮᠦᠵᠢᠯᠲᠡᠨ ᠪᠣᠯᠤᠨ᠎ᠠ᠂ ᠮᠣᠩᠭᠣᠯ ᠰᠣᠶᠣᠯ ᠤ᠋ᠨ ᠵᠢᠳᠬᠦᠯᠲᠡᠨ ᠪᠣᠯᠤᠨ᠎ᠠ᠃ ᠣᠳᠣᠬᠠᠨ ᠳ᠋ᠤ᠌ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠪᠡᠷ ᠠᠯᠳᠠᠷᠰᠢᠭᠰᠠᠨ ᠡᠷᠳᠡᠨᠢᠪᠥ᠋ᠬᠡ᠂ ᠰᠣᠳᠣ᠂ ᠠᠶᠤᠰᠢᠵᠠᠪ᠂ ᠪᠠᠶᠠᠨᠴᠠᠭᠠᠨ᠂ ᠬᠠᠢᠱᠠᠨ᠂ ᠵᠠᠮᠢᠶᠠᠨ᠂ ᠳᠡᠭᠵᠢᠯᠲᠦ᠂ ᠴᠢ ᠶ᠋ᠢᠨ᠂ ᠳᠣᠯᠭᠢᠶᠠᠨ ᠁ ᠨᠠᠷ ᠤ᠋ᠨ ᠪᠢᠴᠢᠯᠭᠡ ᠨᠢ ᠪᠦᠷ ᠴᠸᠨ ᠴᠢᠩ ᠶᠦᠨ ᠦ᠌ ᠤᠷᠠᠨ ᠪᠢᠴᠢᠯᠭᠡ ᠡᠴᠡ ᠰᠢᠮ᠎ᠡ ᠬᠦᠷᠲᠡᠭᠰᠡᠨ ᠨᠢ ᠲᠤᠩ ᠢᠯᠡᠬᠡᠨ᠂ ᠴᠥᠮ ᠴᠸᠨ ᠴᠢᠩ ᠶᠦᠨ ᠦ᠌ ᠦᠰᠦᠭ ᠦ᠋ᠨ ᠤᠷᠤᠰᠬᠠᠯ ᠪᠦᠯᠦᠭ ᠲᠦ᠍ ᠪᠠᠭᠲᠠᠨ᠎ᠠ ᠃  
     ᠴᠸᠨ ᠴᠢᠩ ᠶᠦᠨ ᠦ᠌ ᠤᠷᠠᠨ ᠪᠢᠴᠢᠯᠭᠡ 1 ( ᠳᠠᠭᠠᠯᠳᠤᠭᠤᠯᠤᠯ ᠵᠢᠷᠤᠭ 1)  


          ᠴᠸᠨ ᠴᠢᠩ ᠶᠦᠨ ᠦ᠌ ᠤᠷᠠᠨ ᠪᠢᠴᠢᠯᠭᠡ 2  ( ᠳᠠᠭᠠᠯᠳᠤᠭᠤᠯᠤᠯ ᠵᠢᠷᠤᠭ 2)   


         ᠴᠸᠨ ᠴᠢᠩ ᠶᠦᠨ ᠦ᠌ ᠪᠣᠯᠣᠳ ᠪᠢᠷ ᠦ᠋ᠨ ᠪᠢᠴᠢᠯᠭᠡ  ( ᠳᠠᠭᠠᠯᠳᠤᠭᠤᠯᠤᠯ ᠵᠢᠷᠤᠭ 3)  

         
        ᠦᠷᠭᠦᠯᠵᠢᠯᠡᠯ ᠪᠣᠢ ᠁ 

         ᠴᠸᠨ ᠴᠢᠩ ᠶᠦᠨ ᠦ᠌ ᠤᠷᠠᠨ ᠪᠢᠴᠢᠯᠭᠡ  ( ᠳᠠᠭᠠᠯᠳᠤᠭᠤᠯᠤᠯ ᠵᠢᠷᠤᠭ 4 )
         – 《 ᠮᠣᠩᠭᠣᠯ ᠤᠨ ᠨᠢᠭᠤᠴᠠ ᠳᠣᠪᠴᠢᠶᠠᠨ》  ᠤ  ᠤᠷᠠᠨ ᠪᠢᠴᠢᠯᠭᠡ( ᠮᠣᠩᠭᠣᠯ ᠬᠢᠲᠠᠳ ᠬᠣᠶᠠᠷ ᠬᠡᠯᠡᠨ ᠦ ᠪᠢᠴᠢᠯᠭᠡ) ᠶᠢ ᠳᠠᠷᠠᠭᠠᠴᠢ ᠶᠢᠨ ᠬᠣᠯᠪᠣᠭᠠᠰᠤ ᠪᠠᠷ ᠣᠷᠣᠨ ᠰᠣᠨᠢᠷᠬᠠᠭᠠᠷᠠᠢ!