《 ᠮᠣᠲ᠋ᠣᠼᠢᠺᠯ 》 ᠲᠠᠢ ᠲᠡᠮᠡᠭᠡᠴᠢᠨ – ᠵ ·ᠢᠳᠠᠮ " Мотоцикл " тай тэмээчин – Ж · Ядам
《 ᠮᠣᠲ᠋ᠣᠼᠢᠺᠯ 》 ᠲᠠᠢ ᠲᠡᠮᠡᠭᠡᠴᠢᠨ
ᠨᠣᠭᠣᠭᠠᠨ ᠮᠣᠲ᠋ᠣᠼᠢᠺᠯ( ᠮᠣᠲ᠋ᠣᠷ ᠲᠡᠷᠭᠡ) ᠬᠥᠯᠥᠭᠯᠡᠭᠰᠡᠨ
ᠨᠣᠮᠢᠨ ᠲᠠᠯ᠎ᠠ ᠠ᠋ᠴᠠ ᠲᠡᠮᠡᠭᠡᠴᠢᠨ ᠭᠡᠨ᠎ᠡ
ᠬᠣᠶᠠᠷ ᠵᠠᠭᠤᠭᠠᠳ ᠲᠡᠮᠡᠭᠡ ᠲᠡᠢ
ᠬᠣᠷᠢᠨ ᠬᠡᠳᠦᠲᠡᠢ ᠵᠠᠯᠠᠭᠤ ᠭᠡᠨ᠎ᠡ᠃
ᠲᠡᠮᠡᠭᠡᠨ ᠰᠦᠷᠦᠭ ᠦ᠋ᠨ ᠳᠠᠩ ᠬᠠᠭᠠᠰ
ᠲᠡᠷᠰᠬᠦᠳ ᠬᠠᠩᠭᠠᠯ ᠠᠮᠢᠲᠠᠳ ᠭᠡᠨ᠎ᠡ
ᠣᠨᠣᠯᠭ᠎ᠠ ᠡᠳ᠋ᠯᠡᠭᠡ ᠰᠤᠷᠤᠭ᠎ᠠ ᠦᠭᠡᠢ
ᠪᠣᠲᠣᠭᠣᠨ ᠬᠠᠩᠭᠠᠯ ᠴᠤ᠌ ᠣᠯᠠᠨ ᠭᠡᠨ᠎ᠡ᠃
ᠲᠡᠮᠡᠭᠡ ᠭᠡᠳᠡᠭ ᠶᠡᠷᠦ ᠡᠴᠡ ᠪᠡᠨ
ᠲᠡᠰᠪᠦᠷᠢ ᠶᠡᠬᠡᠲᠡᠢ ᠠᠮᠢᠲᠠᠨ ᠪᠣᠯᠬᠣᠷ
ᠬᠣᠨᠢᠴᠢᠯᠠᠵᠤ ᠬᠠᠷᠢᠭᠤᠯᠤᠭᠠᠳ ᠶᠠᠭᠤ ᠪᠠᠨ ᠬᠢᠨ᠎ᠡ
ᠬᠣᠯᠠ ᠶ᠋ᠢᠨ ᠪᠡᠯᠴᠢᠭᠡᠷ ᠲᠤ ᠶᠠᠪᠤᠭ ᠭᠡᠵᠦ
ᠣᠲᠣᠷ ᠬᠢᠬᠦ ᠵᠠᠪ ᠠᠯᠠᠭ᠎ᠠ
ᠣᠯᠵᠠ ᠪᠠᠨ ᠥᠪᠡᠷ ᠢ᠋ᠶ᠋ᠡᠨ ᠣᠯᠤᠭ ᠭᠡᠵᠦ
ᠤᠤᠭᠤᠵᠤ ᠬᠠᠩᠬᠤ ᠠᠮᠢᠲᠠᠨ ᠪᠢᠰᠢ
ᠤᠰᠤᠯᠠᠬᠤ ᠤᠮᠳᠠᠯᠠᠬᠤ ᠲᠦᠪᠡᠭ ᠭᠡᠵᠦ
ᠲᠠᠰᠢᠶᠠᠨ ᠳᠡᠭᠡᠷ᠎ᠡ ᠨᠢ ᠭᠤᠯᠢᠷ ᠲᠦᠷᠬᠢᠵᠦ
ᠲᠠᠨᠢᠬᠤ ᠲᠡᠮᠳᠡᠭ ᠲᠤᠤᠬᠠᠢ ᠵᠢᠷᠤᠵᠤ
ᠴᠢᠬᠢ ᠶ᠋ᠢ ᠨᠢ ᠴᠣᠭᠣᠯᠵᠤ《 ᠡᠭᠡᠮᠦᠭ》 ᠵᠡᠭᠦᠵᠦ
ᠴᠢᠮᠡᠭ ᠵᠡᠭᠦᠯᠲᠡ ᠬᠦᠵᠦᠭᠦᠨ ᠳ᠋ᠦ᠍ᠨᠢ ᠰᠡᠲᠡᠷᠯᠡᠵᠦ
ᠲᠠᠪᠤᠨ ᠰᠠᠷ᠎ᠠ ᠳ᠋ᠤ᠌ ᠨᠣᠣᠰᠣ ᠶ᠋ᠢ ᠨᠢ ᠱᠤᠳᠤᠷᠤᠭᠠᠳ
ᠲᠠᠯ᠎ᠠ ᠶ᠋ᠢᠨ ᠪᠡᠯᠴᠢᠭᠡᠷ ᠲᠤ ᠲᠠᠭᠤᠵᠤ ᠣᠷᠬᠢᠵᠠᠢ
ᠬᠠᠷᠢᠭᠤᠴᠠᠯᠭ᠎ᠠ ᠪᠠᠢᠬᠤ ᠦᠭᠡᠢ ᠣᠯᠠᠨ ᠲᠡᠮᠡᠭᠡ
ᠬᠠᠷᠠᠭᠰᠠᠨ ᠵᠦᠭ ᠲᠤ ᠳᠠᠯᠠᠢᠵᠤ ᠥᠭᠴᠡᠢ
ᠵᠢᠷᠤᠮ ᠲᠠᠢ ᠶ᠋ᠢᠨ ᠭᠣᠪᠢ ᠶ᠋ᠢᠨ ᠵᠢᠷᠭᠤᠭᠠᠨ ᠢᠩᠭᠡ
ᠭᠤᠷᠠᠲᠤ ᠶ᠋ᠢᠨ ᠬᠥᠨᠳᠡᠢ ᠳ᠋ᠦ᠍ ᠭᠤᠷᠪᠠ ᠭᠤᠨᠵᠢ
ᠠᠷᠤ ᠰᠡᠭᠦᠵᠢ ᠳ᠋ᠦ᠍ ᠠᠷᠪᠠᠨ ᠠᠳᠠ
ᠳᠠᠬᠤ ᠶ᠋ᠢᠨ ᠨᠢᠷᠤᠭᠤᠨ ᠳ᠋ᠤ᠌ ᠲᠠᠪᠤᠨ ᠲᠠᠢᠯᠤᠭ
ᠥᠴᠢᠨᠡᠨ ᠣᠯᠠᠨ ᠲᠡᠮᠡᠭᠡ ᠲᠡᠭᠡᠵᠦ
ᠥᠷᠭᠡᠨ ᠲᠠᠯ᠎ᠠ ᠪᠠᠷ ᠲᠠᠷᠬᠠᠭᠰᠠᠨ ᠭᠡᠨ᠎ᠡ
ᠡᠵᠡᠨ ᠡᠷ᠎ᠡ ᠰᠠᠨᠠᠭ᠎ᠠ ᠠᠮᠤᠷ
《 ᠢᠵᠢ》 ᠪᠡᠨ ᠭᠥᠯᠥᠭᠯᠡᠭᠡᠳ ᠬᠡᠰᠦᠭᠰᠡᠨ ᠭᠡᠨ᠎ᠡ
ᠳᠥᠭᠥᠮ ᠦ᠋ᠨ ᠰᠢᠪᠡᠷ ᠲᠤ ᠨᠢᠭᠡ ᠠᠳᠠ
ᠲᠥᠷᠥᠯ ᠳ᠋ᠡᠭᠡᠨ ᠡᠷᠭᠢᠯ ᠦᠭᠡᠢ ᠲᠠᠯᠢᠢᠵᠠᠢ
ᠬᠡᠳᠦᠨ ᠭᠤᠨᠵᠢ ᠨᠢᠭᠡ ᠲᠠᠢᠯᠤᠭ ᠨᠢ ᠴᠤ᠌
ᠬᠡᠭᠡᠷ᠎ᠡ ᠶ᠋ᠢᠨ ᠪᠣᠣᠬᠠᠢ ᠵᠣᠭᠣᠭᠯᠠᠵᠠᠢ᠃
ᠪᠠᠭ᠎ᠠ ᠲᠡᠮᠡᠭᠡᠳ ᠰᠠᠷ᠎ᠠ ᠰᠠᠷᠨᠢᠵᠤ ᠲᠥᠭᠡᠷᠢᠭᠡᠳ
ᠪᠠᠰᠠ ᠵᠠᠷᠢᠮ ᠨᠢ ᠰᠠᠯᠬᠢᠳᠠᠵᠤ ᠲᠥᠭᠡᠷᠢᠭᠡᠳ
ᠥᠨᠵᠢᠨ ᠬᠣᠨᠣᠨ ᠬᠤᠳᠳᠤᠭ《 ᠮᠠᠨᠠᠵᠤ》
ᠡᠳᠦᠷ ᠰᠥᠨᠢ ᠦᠭᠡᠢ ᠤᠰᠤ ᠰᠠᠬᠢᠵᠤ
ᠡᠵᠡᠨ ᠪᠠᠢᠬᠤ ᠦᠭᠡᠢ ᠣᠯᠠᠨ ᠲᠡᠮᠡᠭᠡ
ᠡᠨᠳᠡ ᠲᠡᠨᠳᠡ ᠬᠡᠴᠡᠭᠦᠳᠡᠵᠦ ᠭᠡᠨ᠎ᠡ
ᠰᠠᠢᠬᠢ ᠡᠵᠡᠨ ᠲᠡᠷᠡᠬᠡᠨ ᠦᠶ᠎ᠡ ᠳ᠋ᠦ᠍
ᠰᠠᠭᠠᠯᠢ ᠶ᠋ᠢᠨ ᠹᠧᠷᠮ① ᠢ᠋ᠶ᠋ᠡᠷ ᠰᠠᠷᠬᠤᠳ ᠡᠷᠭᠢᠭᠦᠯᠵᠦ
ᠲᠡᠮᠡᠭᠡ ᠪᠡᠨ ᠪᠦᠷ ᠮᠠᠷᠲᠠᠵᠤ ᠣᠷᠬᠢᠭᠠᠳ
ᠲᠡᠵᠢᠭᠡᠪᠦᠷᠢ ᠮᠠᠯ ᠰᠢᠭ᠋ ᠲᠡᠨᠦᠵᠦ ᠶᠠᠪᠤᠵᠠᠢ
ᠡᠷᠭᠢᠨᠡᠭ ᠳᠣᠣᠷ᠎ᠠ ᠠ᠋ᠴᠠ ᠬᠤᠪᠢᠩ ᠲᠠᠢ ᠤᠰᠤ ᠶ᠋ᠢ
《 ᠨᠡᠷᠡᠮᠡᠯ》 ᠭᠡᠵᠦ ᠡᠨᠳᠡᠭᠦᠷᠡᠵᠦ ᠵᠠᠯᠭᠢᠭᠠᠳ
ᠡᠬᠡᠨᠡᠷ ᠲᠡᠭᠡᠨ ᠪᠦᠷ ᠲᠠᠰᠤ ᠵᠠᠩᠨᠠᠭᠤᠯᠵᠤ
ᠡᠭᠡᠷᠡᠦᠯ ᠦ᠋ᠨ ᠳᠤᠭᠤᠢ ᠪᠠᠷ ᠲᠣᠭᠰᠢᠭᠤᠯᠵᠤ ᠶᠠᠪᠤᠵᠠᠢ᠃
ᠨᠠᠷᠢᠨ ᠨᠣᠭᠣᠭ᠎ᠠ ᠭᠠᠩᠳᠠᠵᠤ ᠰᠢᠷᠠᠯᠠᠭᠰᠠᠨ
ᠨᠠᠮᠤᠷ ᠤ᠋ᠨ ᠳᠤᠮᠳᠠ ᠰᠠᠷ᠎ᠠ ᠶ᠋ᠢᠨ ᠬᠠᠭᠤᠴᠢ ᠪᠠᠷ
ᠬᠤᠷᠳᠤᠨ ᠤᠨᠤᠭ᠎ᠠ ᠲᠠᠢ ᠰᠦᠷᠵᠢᠨ ᠡᠷ᠎ᠡ
ᠬᠤᠮᠢᠶᠠ ᠬᠢᠬᠦ ᠪᠡᠷ ᠮᠣᠷᠳᠠᠵᠤ ᠭᠡᠨ᠎ᠡ ᠰᠢᠦ
ᠮᠠᠰᠢᠨ ᠲᠠᠭᠠᠷᠠᠪᠠᠯ ᠪᠸᠨ᠋ᠽᠢᠨ ᠰᠤᠷᠠᠭᠰᠠᠭᠠᠷ
ᠮᠠᠯᠴᠢᠨ ᠲᠠᠭᠠᠷᠠᠪᠠᠯ ᠲᠡᠮᠡᠭᠡ ᠰᠤᠷᠠᠭᠰᠠᠭᠠᠷ
ᠡᠷᠢᠯ ᠳ᠋ᠦ᠍ ᠭᠠᠷᠤᠭᠰᠠᠨ ᠲᠡᠮᠡᠭᠡᠴᠢᠨ ᠵᠠᠯᠠᠭᠤ
ᠲᠣᠭᠣᠰᠣᠨ ᠳᠤᠮᠳᠠ ᠲᠣᠷᠣᠢᠵᠤ ᠭᠠᠷᠴᠠᠢ᠃
《 ᠵᠢᠭᠠᠬᠠᠨ ᠰᠢᠷᠭ᠎ᠠ》 ᠶ᠋ᠢ ᠠᠶᠠᠯᠤᠨ ᠳᠠᠪᠬᠢᠭᠠᠳ
ᠵᠢᠷᠠᠨ ᠵᠢᠯᠠᠭ᠎ᠠ ᠶ᠋ᠢ ᠨᠡᠩᠵᠢᠨ ᠳᠠᠪᠬᠢᠭᠠᠳ
ᠳᠤᠭᠤᠢ ᠶ᠋ᠢᠨ ᠬᠡ ᠶ᠋ᠢ ᠠᠷᠢᠯᠲᠠᠯ᠎ᠠ ᠳᠠᠪᠬᠢᠭᠠᠳ
ᠳᠤᠷᠳᠤᠩ ᠪᠦᠰᠡ ᠪᠡᠨ ᠭᠠᠩᠳᠠᠲᠠᠯᠠ ᠳᠠᠪᠬᠢᠭᠠᠳ
ᠬᠡᠭᠡᠷ᠎ᠡ ᠲᠠᠯ᠎ᠠ ᠶ᠋ᠢ ᠭᠡᠷᠦᠨ ᠬᠡᠷᠦᠭᠰᠡᠭᠡᠷ
ᠬᠡᠳᠦᠨ ᠲᠡᠮᠡᠭᠡ ᠣᠯᠵᠤ ᠠᠪᠤᠭᠠᠳ
ᠬᠤᠷᠳᠤᠨ ᠬᠦᠯᠦᠭ ᠢ᠋ᠶ᠋ᠡᠷ ᠬᠤᠢᠯᠠᠷᠠᠭᠤᠯᠵᠤ ᠬᠥᠭᠡᠭᠡᠭᠡᠳ
ᠬᠤᠮᠢᠶᠠ ᠬᠢᠵᠦ ᠲᠣᠭᠣᠰᠣᠷᠠᠭᠤᠯᠵᠤ ᠬᠥᠭᠡᠭᠡᠭᠡᠳ
ᠲᠠᠷᠭᠤᠨ ᠠᠳᠠ ᠶ᠋ᠢ ᠪᠠᠬᠠᠷᠲᠤᠭᠤᠯᠵᠤ ᠬᠥᠭᠡᠭᠡᠭᠡᠳ
ᠲᠠᠷᠴᠢᠭ ᠨᠢᠭᠡ ᠶ᠋ᠢ ᠨᠢ ᠲᠠᠮᠢᠷᠳᠠᠭᠤᠯᠵᠤ ᠬᠥᠭᠡᠭᠡᠭᠡᠳ
ᠪᠣᠰᠤᠭ᠎ᠠ ᠬᠡᠪᠲᠡᠭᠡ ᠬᠣᠯᠪᠣᠨ ᠬᠥᠭᠡᠭᠡᠵᠦ
ᠪᠣᠯᠬᠤ ᠦᠭᠡᠢ ᠨᠢᠭᠡ ᠶ᠋ᠢ ᠨᠢ ᠬᠦᠯᠢᠨ ᠪᠠᠢᠵᠤ
ᠬᠠᠪᠤᠷ ᠢ᠋ᠶ᠋ᠠᠷ ᠲᠠᠯᠪᠢᠭᠰᠠᠨ ᠲᠡᠮᠡᠭᠡ ᠪᠡᠨ
ᠬᠠᠭᠠᠰ ᠳᠤᠲᠠᠭᠤ ᠴᠤᠭᠯᠠᠭᠤᠯᠵᠤ ᠭᠡᠨ᠎ᠡ᠂
ᠠᠯᠳᠠᠭᠰᠠᠨ ᠲᠡᠮᠡᠭᠡᠨ ᠳ᠋ᠦ᠍ ᠠᠺᠲ ② ᠠᠪᠬᠤ ᠭᠡᠵᠦ
ᠠᠷᠭ᠎ᠠ ᠤᠬᠠᠭᠠᠨ ᠵᠠᠷᠤᠭᠰᠠᠨ ᠭᠡᠨ᠎ᠡ᠃
ᠡᠪᠡᠳᠴᠢᠨ ᠡᠮᠵᠡᠭ ᠢ᠋ᠶ᠋ᠡᠷ ᠦᠬᠦᠭᠰᠡᠨ ᠭᠡᠵᠦ
ᠥᠷᠥᠭᠡᠯ ᠪᠤᠰᠤᠳ ᠲᠤ ᠶᠠᠷᠢᠭᠰᠠᠨ ᠭᠡᠨ᠎ᠡ᠃
ᠪᠣᠣᠬᠠᠢ《 ᠵᠣᠭᠣᠭᠯᠠᠭᠰᠠᠨ》 ᠢ᠋ ᠰᠣᠨᠣᠰᠤᠭᠠᠳ
ᠪᠣᠯᠢᠭᠠᠴᠢ ᠭᠡᠵᠦ ᠠᠭᠤᠷᠯᠠᠭᠰᠠᠨ ᠭᠡᠨ᠎ᠡ᠃
ᠰᠢᠪᠠᠷ ᠲᠤ ᠤᠨᠠᠭᠰᠠᠨ᠎ᠠ ᠰᠢᠷ᠎ᠠ ᠠᠳᠠ ᠶ᠋ᠢ
ᠮᠠᠨ ᠤ᠋ ᠬᠢ ᠪᠢᠰᠢ ᠭᠡᠵᠦ ᠮᠠᠷᠭᠤᠭᠰᠠᠨ ᠭᠡᠨ᠎ᠡ᠃
ᠳᠤᠲᠠᠭᠤ ᠬᠠᠭᠠᠰ ᠲᠡᠮᠡᠭᠡ ᠲᠡᠢ
ᠳᠤᠷ᠎ᠠ ᠪᠠᠷ ᠨᠢ ᠲᠠᠯᠪᠢᠳᠠᠭ ᠲᠤᠷᠰᠢᠯᠭ᠎ᠠ ᠲᠠᠢ
ᠬᠤᠷᠳᠤᠨ《 ᠢᠵᠢ》 ᠤᠨᠤᠭ᠎ᠠ ᠲᠠᠢ
ᠬᠤᠮᠢᠶᠠ ᠬᠢᠳᠡᠭ ᠠᠷᠭ᠎ᠠ ᠲᠠᠢ
ᠡᠢᠮᠦ ᠯᠡ ᠬᠡᠴᠡᠭᠦᠬᠡᠨ ᠲᠡᠮᠡᠭᠡᠴᠢᠨ
ᠡᠨᠳᠡ ᠲᠡᠨᠳᠡ ᠪᠠᠢᠳᠠᠭ ᠭᠡᠨ᠎ᠡ ᠰᠢᠦ᠃
– – – –
① ᠬᠤᠪᠢ ᠶ᠋ᠢᠨ ᠠᠵᠤ ᠠᠬᠤᠢᠯᠠᠯ
② ᠵᠥᠪᠰᠢᠶᠡᠷᠡᠯ ᠦ᠋ᠨ ᠪᠢᠴᠢᠭ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠪᠣᠷᠵᠢᠭᠢᠨ ᠪᠠᠭᠠᠲᠤᠷ᠂ ᠳᠠᠪᠰᠢᠯᠲᠤ
ᠬᠢᠨᠠᠭ᠍ᠴᠢ : ᠣᠳᠣᠨᠬᠤᠸᠠᠷ ᠂ ᠳᠠᠪᠰᠢᠯᠲᠤ
2024᠂ 3᠂ 16 ᠤ ᠡᠳᠦᠷ
