ᠲᠠᠦᠯᠠᠢ Туулай
ᠲᠠᠦᠯᠠᠢ
ᠪᠦᠩ ᠪᠦᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠲᠠᠯ᠎ᠠ ᠪᠠᠷ ᠶᠠᠪᠤᠪᠠᠯ ᠮᠢᠨᠢ
ᠲᠠᠢᠭ᠎ᠠ ᠨᠣᠬᠠᠢ ᠨᠢ ᠪᠠᠷᠢᠨ᠎ᠠ
ᠲᠠᠷᠢᠶ᠎ᠠ ᠪᠠᠷ ᠶᠠᠪᠤᠪᠠᠯ ᠮᠢᠨᠢ
ᠲᠠᠪᠠᠲᠠᠢ ᠮᠡᠷᠭᠡᠨ ᠨᠢ ᠬᠠᠷᠪᠤᠨ᠎ᠠ
ᠲᠩᠷᠢ ᠡᠴᠡ ᠭᠤᠶᠤᠭᠰᠠᠨ ᠠᠮᠢ ᠮᠢᠨᠢ
ᠲᠡᠮᠡᠭᠡᠨ ᠡᠴᠡ ᠭᠤᠶᠤᠭᠰᠠᠨ ᠤᠷᠤᠭᠤᠯ ᠮᠢᠨᠢ
ᠪᠥᠩ ᠪᠦᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠠᠢᠯ ᠢ᠋ᠶ᠋ᠠᠷ ᠶᠠᠪᠤᠪᠠᠯ ᠮᠢᠨᠢ
ᠠᠷᠰᠯᠠᠨ ᠨᠣᠬᠠᠢ ᠨᠢ ᠪᠠᠷᠢᠨ᠎ᠠ
ᠠᠭᠤᠯᠠ ᠪᠠᠷ ᠶᠠᠪᠤᠪᠠᠯ ᠮᠢᠨᠢ
ᠠᠪᠯᠠᠭᠤ ᠮᠡᠷᠭᠡᠨ ᠨᠢ ᠬᠠᠷᠪᠤᠨ᠎ᠠ᠃
ᠡᠷᠯᠢᠭ ᠡᠴᠡ ᠭᠤᠶᠤᠭᠰᠠᠨ ᠠᠮᠢ ᠮᠢᠨᠢ
ᠡᠯᠵᠢᠭᠡᠨ ᠡᠴᠡ ᠭᠤᠶᠤᠭᠰᠠᠨ ᠴᠢᠬᠢ ᠮᠢᠨᠢ
ᠪᠥᠩ ᠪᠦᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠬᠣᠲᠣᠭᠣᠷ ᠢ᠋ᠶ᠋ᠠᠷ ᠶᠠᠪᠤᠪᠠᠯ ᠮᠢᠨᠢ
ᠬᠤᠷᠳᠤᠨ ᠨᠣᠬᠠᠢ ᠨᠢ ᠪᠠᠷᠢᠨ᠎ᠠ
ᠬᠣᠩᠬᠣᠷ ᠢ᠋ᠶ᠋ᠠᠷ ᠶᠠᠪᠤᠪᠠᠯ ᠮᠢᠨᠢ
ᠬᠠᠷ᠎ᠠ ᠮᠡᠷᠭᠡᠨ ᠨᠢ ᠬᠠᠷᠪᠤᠨ᠎ᠠ᠃
ᠪᠤᠷᠬᠠᠨ ᠠ᠋ᠴᠠ ᠭᠤᠶᠤᠭᠰᠠᠨ ᠠᠮᠢ ᠮᠢᠨᠢ
ᠪᠣᠭᠣᠨ ᠠ᠋ᠴᠠ ᠭᠤᠶᠤᠭᠰᠠᠨ ᠰᠡᠭᠦᠯ ᠮᠢᠨᠢ
ᠪᠥᠩ ᠪᠦᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠬᠠᠵᠠᠭᠤ ᠪᠠᠷ ᠶᠠᠪᠤᠪᠠᠯ ᠮᠢᠨᠢ
ᠬᠠᠴᠢᠨ ᠰᠢᠪᠠᠭᠤ ᠨᠢ ᠪᠠᠷᠢᠨ᠎ᠠ
ᠬᠠᠳᠠ ᠪᠠᠷ ᠶᠠᠪᠤᠪᠠᠯ ᠮᠢᠨᠢ
ᠬᠠᠷᠠᠯᠳᠠᠢ ᠮᠡᠷᠭᠡᠨ ᠨᠢ ᠬᠠᠷᠪᠤᠨ᠎ᠠ
ᠦᠬᠡᠷ ᠡᠴᠡ ᠭᠤᠶᠤᠭᠰᠠᠨ ᠨᠢᠳᠦ ᠮᠢᠨᠢ
ᠦᠨᠡᠭᠡᠨ ᠡᠴᠡ ᠭᠤᠶᠤᠭᠰᠠᠨ ᠬᠥᠯ ᠮᠢᠨᠢ
ᠪᠥᠩ ᠪᠥᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠪᠤᠲᠠ ᠠᠭᠤᠯᠠ ᠪᠠᠷ ᠶᠠᠪᠤᠪᠠᠯ ᠮᠢᠨᠢ
ᠪᠦᠷᠭᠦᠳ ᠰᠢᠪᠠᠭᠤ ᠨᠢ ᠪᠠᠷᠢᠨ᠎ᠠ
ᠪᠤᠷᠭᠠᠰᠤ ᠪᠠᠷ ᠶᠠᠪᠤᠪᠠᠯ ᠮᠢᠨᠢ
ᠪᠣᠷᠣᠯᠳᠠᠢ ᠮᠡᠷᠭᠡᠨ ᠨᠢ ᠬᠠᠷᠪᠤᠨ᠎ᠠ
ᠡᠯᠳᠡᠭᠡᠳ ᠠᠪᠬᠤ ᠠᠷᠠᠰᠤ ᠦᠭᠡᠢ ᠪᠡᠶ᠎ᠡ ᠮᠢᠨᠢ
ᠥᠪᠴᠢᠭᠡᠳ ᠠᠪᠬᠤ ᠮᠢᠬ᠎ᠠ ᠦᠭᠡᠢ ᠪᠡᠶ᠎ᠡ ᠮᠢᠨᠢ
ᠪᠥᠩ ᠪᠥᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
ᠬᠥᠳᠡᠭᠡᠭᠦᠷ ᠶᠠᠪᠤᠪᠠᠯ ᠮᠢᠨᠢ
ᠬᠡᠴᠡᠭᠦᠦ ᠰᠢᠪᠠᠭᠤ ᠪᠠᠷᠢᠨ᠎ᠠ
ᠬᠥᠩᠬᠥᠷ ᠢ᠋ᠶ᠋ᠡᠷ ᠶᠠᠪᠤᠪᠠᠯ ᠮᠢᠨᠢ
ᠬᠡᠦᠬᠡᠳ ᠥᠬᠢᠳ ᠬᠥᠭᠡᠭᠡᠨ᠎ᠡ
ᠬᠢᠯᠢᠨᠴᠡ ᠦᠭᠡᠢ ᠪᠡᠶ᠎ᠡ ᠮᠢᠨᠢ
ᠬᠡᠯᠲᠡᠰ ᠦᠭᠡᠢ ᠮᠢᠬ᠎ᠠ ᠮᠢᠨᠢ
ᠪᠥᠩ ᠪᠦᠩ ᠭᠦᠶᠦᠶ᠎ᠡ
ᠳᠠᠩ ᠳᠠᠩ ᠭᠦᠶᠦᠶ᠎ᠡ
ᠬᠠᠮᠢᠭ᠎ᠠ ᠶᠠᠪᠤᠵᠤ
ᠲᠠᠤᠯᠠᠢ ᠪᠣᠯᠬᠤ ᠪᠣᠢ?
Туулай
Бөн бөн гүйе
Дэн дэн гүйе
Хаа явж
Туулай болох вэ︖
Талаар явбал минь
Тайга нохой нь барина
Тариагаар явбал минь
Тавтай мэргэн нь харвана
Тэнгэрээс гуйсан амь минь
Тэмээнээс гуйсан уруул минь
Бөн бөн гүйе
Дэн дэн гүйе
Хаа явж
Туулай болох вэ︖
Айлаар явбал минь
Арслан нохой нь барина
Уулаар явбал минь
Авлуу мэргэн нь харвана.
Эрлэгээс гуйсан амь минь
Илжигнээс гуйсан чих минь
Бөн бөн гүйе
Дэн дэн гүйе
Хаа явж
Туулай болох вэ︖
Хотгороор явбал минь
Хурдан нохой нь барина
Хонхроор явбал минь
Хараа мэргэн нь харвана.
Бурхнаас гуйсан амь минь
Буганаас гуйсан сүүл минь
Бөн бөн гүйе
Дэн дэн гүйе
Хаа явж
Туулай болох вэ︖
Хажуугаар явбал минь
Хачин шувуу нь барина
Хадаар явбал минь
Харалдай мэргэн нь харвана
Үхрээс гуйсан нүд минь
Үнэгнээс гуйсан хөл минь
Бөн бөн гүйе
Дэн дэн гүйе
Хаа явж
Туулай болох вэ︖
Бут уулаар явбал минь
Бүргэд шувуу нь барина
Бургасаар явбал минь
Боролдой мэргэн нь харвана
Элдээд авах
Арьсгүй бие минь
Өвчөөд авах
Махгүй биө минь
Бөн бөн гүйе
Дэн дэн гүйе
Хаа явж
Туулай болох вэ︖
Хөдөөгүүр явбал минь
Хэцүү шувуу барина
Хүнхрээр явбал минь
Хүүхэд охид хөөнө
Хилэнцгүй бие минь
Хэлтэсгүй мах минь
Бөн бөн гүйе
Дэн дэн гүйе
Хаа явж
Туулай болох вэ
