ᠪᠠᠪᠤᠷ ᠤᠨ ᠴᠥᠭᠡᠪᠦᠷᠢ ᠴᠢᠨ᠋ᠸ᠎ᠠ - ᠪ ᠂ ᠶᠠᠪᠤᠭᠤᠬᠤᠯᠠᠩ Баврын цөөвөр чинваа - Б. Явуухулан ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠪᠤᠷ ᠤᠨ ᠴᠥᠭᠡᠪᠦᠷᠢ ᠴᠢᠨ᠋ᠸ᠎ᠠ - ᠪ ᠂ ᠶᠠᠪᠤᠭᠤᠬᠤᠯᠠᠩ Баврын цөөвөр чинваа - Б. Явуухулан

ᠪᠠᠪᠤᠷ ᠤᠨ ᠴᠥᠭᠡᠪᠦᠷᠢ ᠴᠢᠨ᠋ᠸ᠎ᠠ - ᠪ ᠂ ᠶᠠᠪᠤᠭᠤᠬᠤᠯᠠᠩ Баврын цөөвөр чинваа - Б. Явуухулан

ᠠᠩᠭᠢᠯᠠᠯ:ᠬᠣᠱᠣᠩ ᠱᠣᠭ
2024-03-17

387

ᠪᠠᠪᠤᠷ ᠤᠨ ᠴᠥᠭᠡᠪᠦᠷᠢ ᠴᠢᠨ᠋ᠸ᠎ᠠ


             ᠪ· ᠶᠠᠪᠤᠭᠤᠬᠤᠯᠠᠩ  
                        ( ᠨᠠᠢᠷᠠᠭᠯᠠᠯ)  

        ᠨᠢᠭᠡ  
 ᠪᠠᠷᠠᠭᠤᠨ ᠭᠧᠷᠮᠠᠨ ᠤ᠋ ᠨᠤᠲᠤᠭ  
 ᠪᠠᠪᠤᠷ ᠭᠡᠳᠡᠭ ᠭᠠᠵᠠᠷ  
 ᠪᠠᠷᠠᠭᠠᠨ ᠬᠠᠰ ᠤ᠋ᠨ ᠳᠦᠷᠰᠦᠲᠡᠢ  
 ᠪᠠᠬᠠᠨ ᠰᠠᠭᠠᠷᠠᠯ ᠴᠥᠭᠡᠪᠦᠷᠢ  

 ᠵᠢᠪᠡᠬᠡᠢ ᠵᠢᠰᠦ ᠪᠡᠷ ᠢ᠋ᠶ᠋ᠡᠨ ᠬᠡᠢᠯᠡᠵᠦ   
 ᠵᠡᠯᠢᠭᠦᠳ ᠬᠣᠩᠬᠣᠯ ᠳ᠋ᠤ᠌ ᠨᠢᠭᠤᠭᠳᠠᠵᠤ  
 ᠬᠥᠮᠦᠨ ᠠᠮᠢᠲᠠᠨ ᠠ᠋ᠴᠠ ᠳᠠᠯᠳᠠᠭᠤᠷ  
 ᠬᠦᠢᠲᠡᠨ ᠰᠠᠨᠠᠭ᠎ᠠ ᠠᠭᠤᠯᠵᠤ  

 ᠪᠠᠢᠨ ᠪᠠᠢᠨ ᠴᠤᠭᠯᠠᠷᠠᠵᠤ 
 ᠪᠠᠢᠵᠤ ᠴᠢᠳᠠᠬᠤ ᠦᠭᠡᠢ ᠳᠡᠯᠢᠭᠦᠯᠵᠤ 
 ᠴᠢᠰᠤᠨ ᠤ᠋ ᠦᠨᠦᠷ ᠬᠡᠢ ᠠᠪᠴᠤ  
 ᠴᠤᠤ ᠲᠠᠯᠪᠢᠨ ᠱᠤᠤᠭᠢᠵᠤ ᠪᠠᠢᠨ᠎ᠠ  
 
 ᠴᠢᠰᠤᠨ ᠤ᠋ ᠦᠨᠦᠷ ᠬᠡᠢ ᠠᠪᠴᠤ  
 ᠴᠤᠤ ᠲᠠᠯᠪᠢᠨ ᠱᠤᠤᠭᠢᠬᠤ ᠳ᠋ᠠᠭᠠᠨ 
 ᠲᠦᠮᠡᠨ ᠦ᠌ ᠬᠢᠯᠢᠩ ᠳ᠋ᠦ᠍ ᠢᠷᠯᠡᠭᠦᠯᠦᠭᠰᠡᠨ 
 ᠲᠦᠷᠦᠭᠦᠴᠢ ᠶ᠋ᠢᠨ ᠴᠥᠭᠡᠪᠦᠷᠢ ᠨᠦ᠍ᠭᠦᠳ ᠢ᠋ᠶ᠋ᠡᠨ ᠳᠤᠷᠠᠰᠴᠤ  

 ᠡᠪᠦᠭᠡᠷᠡᠭᠰᠡᠨ ᠶᠤᠳᠤᠷ ᠢ᠋ ᠨᠢ ᠰᠡᠷᠭᠦᠭᠡᠵᠦ 
 ᠦᠰ ᠬᠤᠨᠵᠢᠩ ᠢ᠋ ᠠᠪᠬᠤ ᠭᠡᠵᠦ  
 ᠦᠬᠦᠭᠡᠷ ᠦ᠋ᠨ ᠲᠡᠢᠨ ᠳᠡᠭᠳᠡᠭᠡᠵᠦ 
 ᠦᠢ ᠣᠯᠠᠨ ᠢ᠋ ᠬᠥᠨᠥᠭᠡᠬᠦ ᠭᠡᠵᠦ  

 ᠲᠡᠢᠨ ᠳᠠᠵᠢᠨ ᠤ᠋ ᠬᠡᠨᠡᠭᠡᠲᠡᠨ ᠢ᠋  
 ᠳᠠᠯᠳᠠ ᠨᠢᠭᠤᠴᠠ ᠪᠠᠷ ᠲᠣᠢᠭᠯᠠᠵᠤ 
 ᠠᠳᠠᠭ ᠤ᠋ᠨ ᠮᠠᠭᠤ ᠰᠠᠨᠠᠭ᠎ᠠ ᠪᠠᠷ  
 ᠠᠷᠠᠭ᠎ᠠ ᠰᠢᠲᠦ ᠪᠡᠨ ᠬᠤᠷᠴᠠᠯᠠᠵᠤ   

 ᠭᠠᠢᠬᠠᠯ ᠡᠨᠡ ᠠᠷᠢᠶᠠᠲᠠᠨ ᠢ᠋ 
 ᠭᠠᠵᠠᠷ ᠳᠡᠯᠡᠬᠡᠢ ᠶ᠋ᠢᠨ ᠬᠢᠨ ᠠᠨᠳᠠᠬᠤ ᠦᠭᠡᠢ  
 ᠭᠠᠷᠤᠯ ᠡᠭᠦᠰᠦᠯ ᠢ᠋ ᠨᠢ ᠬᠦᠷᠲᠡᠯ᠎ᠡ  
 ᠭᠠᠷ ᠤ᠋ᠨ ᠬᠤᠷᠤᠭᠤ ᠰᠢᠭ᠋ ᠢ᠋ᠶ᠋ᠡᠨ ᠮᠡᠳᠡᠨ᠎ᠡ  

 ᠴᠢᠰᠤᠲᠤ ᠹᠶᠥ᠋ᠷᠸᠷ ① ᠠᠩᠬ᠎ᠠ  
 ᠴᠢᠷᠠᠮ᠎ᠠ ᠨᠢᠯᠬ᠎ᠠ ᠪᠠᠢᠬᠤ ᠳ᠋ᠤ᠌  
 ᠭᠠᠵᠠᠷ ᠤ᠋ᠨ ᠪᠤᠯᠠᠰᠢᠨ ᠠ᠋ᠴᠠ ᠣᠯᠵᠤ  
 ᠭᠠᠷ ᠢ᠋ᠶ᠋ᠠᠷ ᠢ᠋ᠶ᠋ᠠᠨ ᠲᠡᠵᠢᠭᠡᠵᠦ ᠥᠰᠬᠡᠭᠰᠡᠨ ᠶᠦᠮ  

 ᠤᠯᠠᠭᠠᠨ ᠨᠢᠯᠬ᠎ᠠ ᠪᠠᠢᠬᠤ ᠠ᠋ᠴᠠ  
 ᠤᠬᠠᠭᠠᠨ ᠢ᠋ ᠬᠥᠮᠦᠨ ᠳ᠋ᠦ᠍ ᠥᠰᠢᠷᠡᠭᠦᠯᠵᠦ 
 ᠭᠠᠢᠭᠤᠢ ᠰᠠᠢᠨ ᠲᠣᠷᠳᠠᠵᠤ 
 ᠭᠠᠳᠠᠭ᠎ᠠ ᠭᠠᠷᠭᠠᠵᠤ ᠲᠠᠯᠪᠢᠭᠰᠠᠨ ᠶᠤᠮ᠃ 

        ᠬᠣᠶᠠᠷ 
 ᠲᠡᠯᠡᠬᠡᠷ ᠹᠶᠥ᠋ᠷᠸᠷ ᠥᠪᠡᠷ ᠢ᠋ᠶ᠋ᠡᠨ 
 ᠳᠡᠭᠡᠷᠡᠮ ᠲᠣᠨᠣᠭᠤᠯ ᠳ᠋ᠤ᠌ ᠤᠯᠠᠢᠷᠠᠵᠤ 
 ᠪᠠᠢᠵᠤ ᠴᠢᠳᠠᠬᠤ ᠪᠠᠨ ᠪᠣᠯᠢᠭᠠᠳ  
 ᠪᠠᠯᠲᠤ ᠳᠠᠯᠠᠢᠵᠤ ᠬᠠᠰᠬᠢᠴᠢᠨ  

 ᠳᠡᠯᠳᠡᠩ ᠴᠥᠭᠡᠪᠦᠷᠢ ᠪᠡᠨ ᠬᠣᠭᠣᠯᠠᠯᠠᠬᠤ ᠪᠠᠷ 
 ᠳᠡᠭᠡᠷᠡᠮ ᠦ᠋ᠨ ᠲᠡᠢᠨ ᠳ᠋ᠦ᠍ ᠮᠣᠷᠳᠠᠵᠤ  
 ᠳᠡᠪᠡᠩ ᠣᠯᠠᠨ ᠢ᠋ ᠰᠦᠢᠳᠬᠡᠵᠦ  
 ᠳᠡᠯᠡᠬᠡᠢ ᠶ᠋ᠢᠨ ᠲᠡᠢᠨ ᠳᠡᠭᠳᠡᠭᠡᠭᠰᠡᠨ ᠶᠦᠮ  

 ᠵᠡᠷᠯᠢᠭ ᠹᠶᠥ᠋ᠷᠸᠷ ᠦ᠋ᠨ ᠲᠡᠵᠢᠭᠡᠭᠰᠡᠨ  
 ᠵᠡᠪᠡᠬᠡᠢ ᠰᠠᠭᠠᠷᠠᠯ ᠴᠥᠭᠡᠪᠦᠷᠢ  
 ᠲᠡᠢᠨ ᠦ᠌ ᠹᠷᠣᠨᠲ ᠳᠠᠭᠠᠵᠤ  
 ᠲᠠᠩᠳᠠ ᠬᠡᠭᠦᠷ ᠢᠳᠡᠵᠦ  

 ᠬᠦᠢ ᠬᠦᠢ ᠪᠡᠷ ᠢ᠋ᠶ᠋ᠡᠨ ᠣᠯᠠᠰᠢᠷᠠᠵᠤ 
 ᠬᠥᠮᠦᠨ ᠦ᠌ ᠴᠢᠰᠤᠨ ᠳ᠋ᠤ᠌ ᠠᠮᠲᠠᠰᠢᠵᠤ  
 ᠳᠡᠯᠡᠬᠡᠢ ᠶ᠋ᠢᠨ ᠲᠡᠢᠨ ᠦ᠌ ᠡᠬᠢᠨ ᠦᠶ᠎ᠡ ᠳ᠋ᠦ᠍  
 ᠳᠡᠯᠪᠡᠷᠡᠬᠦ ᠰᠢᠬᠠᠲᠠᠯ᠎ᠠ ᠪᠠᠨ ᠥᠭᠡᠬᠦᠯᠡᠭᠰᠡᠨ ᠶᠦᠮ 

 ᠳᠡᠭᠡᠷᠡᠮ ᠦ᠋ᠨ ᠲᠡᠢᠨ ᠦ᠌ ᠹᠷᠣᠨᠲ ᠢ  
 ᠳᠡᠯᠳᠡᠩ ᠴᠥᠭᠡᠪᠦᠷᠢ ᠨᠣᠭᠥᠳ ᠳᠠᠭᠠᠵᠤ 
 ᠬᠦᠢᠰᠦ ᠲᠡᠮᠲᠡᠷᠢᠬᠦ ᠠᠶᠤᠯ ᠤ᠋ᠨ 
 ᠬᠦᠢᠲᠡᠨ ᠬᠠᠷᠠᠩᠭᠤᠢ ᠳ᠋ᠤ᠌ ᠥᠭᠡᠬᠦᠯᠡᠬᠦ ᠳ᠋ᠡᠭᠡᠨ 

 ᠮᠠᠯᠠᠭᠠᠢ ᠶ᠋ᠢᠨ ᠬᠠᠰ ᠲᠡᠮᠳᠡᠭ ᠢ᠋ᠶ᠋ᠡᠷ 
 ᠮᠠᠨ ᠤ᠋ ᠬᠢᠨ ᠭᠡᠳᠡᠭ ᠢ᠋ᠶ᠋ᠡᠨ ᠲᠠᠨᠢᠵᠤ 
 ᠪᠤᠰᠤᠳ ᠤ᠋ᠨ ᠱᠠᠷᠢᠯ ᠳᠡᠭᠡᠭᠦᠷ 
 ᠪᠤᠷᠤᠭᠤ ᠬᠠᠷᠠᠢᠨ ᠳᠣᠷᠣᠮᠵᠢᠯᠠᠵᠤ 

 ᠭᠡᠭᠡᠨ ᠨᠠᠷᠠᠨ ᠠ᠋ᠴᠠ ᠨᠢᠭᠤᠭᠳᠠᠵᠤ 
 ᠭᠡᠷᠡᠯ ᠦᠭᠡᠢ ᠬᠠᠷᠠᠩᠭᠤᠢ ᠳ᠋ᠤ᠌ ᠴᠤᠭᠯᠠᠵᠤ 
 ᠡᠩ ᠦ᠋ᠨ ᠣᠯᠠᠨ ᠢ ᠠᠶᠤᠯᠭᠠᠬᠤ ᠭᠡᠵᠦ 
 ᠡᠵᠡᠨ ᠹᠶᠥ᠋ᠷᠸᠷ ᠢ᠋ᠶ᠋ᠡᠨ ᠵᠣᠷᠢᠭᠵᠢᠭᠤᠯᠬᠤ ᠭᠡᠵᠦ 

 ᠬᠣᠷᠸ᠎ᠠ ᠳᠡᠯᠡᠬᠡᠢ ᠶ᠋ᠢᠨ ᠪᠦᠬᠦᠯᠢ ᠪᠡᠷ ᠢ᠋ᠶ᠋ᠡᠨ  
 ᠬᠣᠩᠭᠢᠯ ᠮᠢᠨᠢ ᠪᠣᠯᠤᠨ᠎ᠠ ᠭᠡᠵᠦ 
 ᠬᠣᠲᠠᠯᠠ ᠬᠥᠮᠦᠨ ᠴᠥᠮ ᠢ᠋ᠶ᠋ᠡᠷ ᠢ᠋ᠶ᠋ᠡᠨ 
 ᠬᠣᠭᠣᠯᠠ ᠮᠢᠨᠢ ᠪᠣᠯᠤᠨ᠎ᠠ ᠭᠡᠵᠦ 

 ᠣᠯᠠᠭᠤᠯᠠ ᠪᠠᠨ ᠵᠡᠷᠭᠡᠴᠡᠨ  
 ᠣᠨᠴᠠᠭᠠᠢ ᠰᠠᠭᠤᠵᠤ ᠪᠠᠢᠭᠠᠳ 
 ᠪᠦᠭᠦᠳᠡᠭᠡᠷ ᠢ᠋ᠶ᠋ᠡᠨ ᠨᠡᠢᠯᠡᠨ 
 ᠪᠦᠳᠦᠭᠦᠨ ᠨᠠᠷᠢᠨ ᠳᠤᠤᠭᠠᠷᠴᠤ 

 ᠮᠠᠨᠠᠨ ᠲᠠᠢ ᠰᠥᠨᠢ ᠪᠡᠷ 
 ᠣᠯᠢᠳᠠᠭ ᠪᠠᠢᠭᠰᠠᠨ ᠶᠤᠮ 
 ᠮᠠᠷᠠᠭᠠᠰᠢ ᠨᠢ ᠹᠷᠣᠨᠲ 
 ᠳᠠᠭᠠᠳᠠᠭ ᠪᠠᠢᠭᠰᠠᠨ ᠶᠤᠮ 

 ᠵᠡᠷᠯᠢᠭ ᠹᠶᠥ᠋ᠷᠸᠷ ᠦ᠋ᠨ ᠲᠡᠵᠢᠭᠡᠭᠰᠡᠨ 
 ᠵᠡᠪᠡᠬᠡᠢ ᠰᠠᠭᠠᠷᠠᠯ ᠴᠥᠭᠡᠪᠦᠷᠢ 
 ᠬᠥᠮᠦᠨ ᠳ᠋ᠦ᠍ ᠥᠰᠢᠳᠡᠭ ᠪᠣᠯᠬᠣᠷ ᠢ᠋ᠶ᠋ᠠᠨ 
 ᠬᠥᠮᠦᠨ ᠦ᠌ ᠨᠢᠳᠦᠨ ᠡᠴᠡ ᠠᠶᠤᠵᠤ 

 ᠳᠡᠭᠡᠷᠡᠮ ᠲᠡᠢᠨ ᠦ᠌ ᠹᠷᠣᠨᠲ ᠢ 
 ᠲᠠᠩᠳᠠ ᠲᠡᠳᠡ ᠳᠠᠭᠠᠵᠤ  
 ᠬᠠᠷᠠᠩᠭᠤᠢ ᠰᠥᠨᠢ ᠪᠡᠷ ᠭᠣᠣᠯᠳᠠᠭᠤ  
 ᠬᠠᠷ᠎ᠠ ᠭᠡᠳᠡᠰᠦ ᠪᠡᠨ ᠲᠡᠵᠢᠭᠡᠵᠦ 
 
 ᠳᠡᠯᠭᠡᠷ ᠹᠶᠥ᠋ᠷᠸᠷ ᠦ᠋ᠨ ᠥᠯᠮᠡᠢ ᠶ᠋ᠢ  
 ᠳᠡᠯᠢᠮ ᠬᠡᠯᠡ ᠪᠡᠷ ᠢ᠋ᠶ᠋ᠡᠨ ᠳᠣᠯᠢᠶᠠᠵᠤ  
 ᠬᠦᠵᠦᠭᠦᠦ ᠪᠡᠨ ᠤᠯᠠᠭᠠᠨ ᠪᠣᠯᠲᠠᠯ᠎ᠠ  
 ᠬᠥᠮᠦᠨ ᠦ᠌ ᠨᠤᠲᠤᠭ ᠲᠤ᠌ ᠵᠤᠯᠠᠭᠰᠠᠨ ② ᠶᠤᠮ
 
        ᠭᠤᠷᠪᠠ 
 ᠨᠢᠭᠦᠯᠲᠦ ᠬᠠᠷ᠎ᠠ ᠹᠠᠰᠢᠰᠲ ᠤ᠋ᠨ 
 ᠨᠢᠭᠦᠯ ᠦ᠋ᠨ ᠲᠡᠢᠨ ᠢ᠋ᠶ᠋ᠡᠨ ᠦᠷᠭᠦᠯᠵᠢᠯᠡᠭᠦᠯᠵᠦ 
 ᠬᠥᠮᠦᠨ ᠦ᠌ ᠨᠢᠳᠦᠨ ᠦ᠌ ᠭᠠᠯ ᠢ᠋ 
 ᠬᠦᠢᠲᠡᠨ ᠰᠠᠨᠠᠭ᠎ᠠ ᠪᠠᠷ ᠤᠨᠲᠠᠷᠠᠭᠠᠵᠤ 
 ᠦᠬᠦᠳᠡᠯ ᠬᠡᠭᠦᠷ ᠪᠣᠯᠭᠠᠨ 
 ᠦᠬᠦᠭᠡᠷ ᠦ᠋ᠨ ᠴᠥᠭᠡᠪᠦᠷᠢ ᠳ᠋ᠦ᠍ ᠰᠢᠲᠠᠵᠤ 
 ᠳᠡᠭᠡᠷᠡᠮ ᠦ᠋ᠨ ᠲᠡᠢᠨ ᠦ᠌ ᠹᠷᠣᠨᠲ 
 ᠲᠠᠪᠰᠢᠵᠤ ᠪᠠᠢᠭᠰᠠᠨ ᠦᠶ᠎ᠡ ᠳ᠋ᠦ᠍ 

 ᠳᠡᠯᠳᠡᠩ ᠰᠠᠭᠠᠷᠠᠯ ᠴᠥᠭᠡᠪᠦᠷᠢ ᠨᠦ᠍ᠭᠦᠳ 
 ᠲᠡᠰᠭᠢᠳᠡᠯ ᠲᠠᠷᠭᠤᠯᠠᠨ ᠠᠭᠠᠬᠢᠯᠠᠵᠤ 
 ᠳᠡᠭᠡᠷᠡᠮ ᠦ᠋ᠨ ᠲᠡᠢᠨ ᠦ᠌ ᠹᠷᠣᠨᠲ ᠢ᠋ 
 ᠲᠠᠩᠳᠠ ᠢᠩᠭᠢᠵᠦ ᠳᠠᠭᠠᠭᠰᠠᠨ ᠶᠤᠮ 

 ᠭᠡᠲᠡᠯ᠎ᠡ ᠨᠢᠭᠡ ᠳᠠᠢᠴᠢᠨ ᠤ᠋ 
 ᠭᠡᠰᠬᠦᠯᠡᠩ ᠰᠢᠨ᠎ᠡ ᠱᠠᠷᠢᠯ ᠳᠡᠭᠡᠷ᠎ᠡ 
 ᠭᠡᠷᠡᠯᠲᠦ ᠲᠠᠪᠤᠨ ᠬᠣᠰᠢᠭᠤ 
 ᠭᠡᠭᠡᠨ ᠨᠠᠷᠠ ᠰᠢᠭ ᠰᠠᠴᠤᠷᠠᠵᠤ 
 
 ᠬᠥᠮᠦᠨ ᠦ᠌ ᠨᠢᠳᠦᠨ ᠡᠴᠡ ᠭᠡᠷᠡᠯᠲᠡᠢ 
 ᠬᠦᠵᠢ ᠳᠡᠯᠡᠬᠡᠢ ᠳ᠋ᠦ᠍ ᠲᠤᠶᠠᠭᠠᠲᠠᠢ 
 ᠣᠷᠴᠢᠨ ᠲᠣᠭᠣᠷᠢᠨ ᠢ᠋ᠶ᠋ᠠᠨ ᠭᠡᠢᠭᠦᠯᠵᠦ 
 ᠸᠢᠴᠢᠷ ᠠᠯᠮᠠᠰ ᠰᠢᠭ᠋ ᠭᠢᠯᠪᠠᠵᠤ 
 ᠳᠡᠷᠭᠡᠳᠡ ᠨᠢ ᠣᠴᠢᠬᠤ ᠪᠠᠢᠲᠤᠭᠠᠢ 
 ᠳᠡᠯᠪᠡᠷᠡᠵᠦ ᠦᠬᠦᠲᠡᠯ᠎ᠡ ᠪᠡᠨ ᠠᠶᠤᠮᠠᠷ 
 ᠤᠷᠢᠳᠤᠬᠢ ᠵᠠᠮ ᠢ᠋ ᠬᠠᠭᠠᠵᠤ 
 ᠤᠯᠠᠭᠠᠨ ᠭᠡᠷᠡᠯ ᠢ᠋ᠶ᠋ᠡᠷ ᠵᠣᠭᠰᠣᠭᠠᠵᠤ 

 ᠴᠢᠰᠤᠨ ᠨᠢᠳᠦᠨ ᠦ᠌ ᠬᠢᠨᠢ 
 ᠬᠠᠷᠠᠭ᠎ᠠ ᠶ᠋ᠢ ᠰᠣᠬᠣᠷᠳᠠᠯ᠎ᠠ 
 ᠴᠢᠰ ᠤᠯᠠᠭᠠᠨ ᠢ᠋ᠶ᠋ᠠᠷ 
 ᠬᠡᠷᠡᠯᠳᠦᠵᠦ ᠪᠠᠢᠭᠰᠠᠨ ᠶᠤᠮ 

 ᠤᠷᠤᠭ ᠰᠠᠭᠠᠷᠠᠯ ᠠᠷᠢᠶᠠᠲᠠᠨ ᠨᠤᠭᠤᠳ 
 ᠣᠭᠯᠣ ᠦᠰᠦᠷᠦᠨ ᠪᠤᠲᠠᠷᠠᠵᠤ 
 ᠣᠯᠠᠨ ᠶᠠᠩᠵᠤ ᠶ᠋ᠢᠨ ᠳᠠᠭᠤ ᠪᠠᠷ 
 ᠤᠷᠢ ᠲᠠᠯᠪᠢᠨ ᠭᠠᠰᠠᠯᠵᠤ 

 ᠪᠤᠯᠤᠤ ᠪᠠᠨ ᠬᠡᠮᠬᠡ ᠬᠠᠵᠠᠲᠠᠯ᠎ᠠ 
 ᠪᠤᠯᠲᠤ ᠴᠥᠮ ᠢ᠋ᠶ᠋ᠡᠷ ᠳᠠᠭᠵᠢᠵᠤ 
 ᠪᠤᠲᠠᠨ ᠤ᠋ ᠴᠠᠭᠠᠨ᠎ᠠ ᠨᠢᠭᠤᠭᠳᠠᠵᠤ 
 ᠪᠤᠷᠤᠭᠤ ᠬᠠᠷᠠᠨ ᠭᠢᠩᠰᠢᠭᠰᠡᠨ ᠶᠦᠮ 
 
 ᠲᠡᠷᠡ ᠴᠠᠭ ᠠ᠋ᠴᠠ ᠬᠣᠢᠰᠢ 
 ᠲᠡᠷᠰᠡᠭᠦᠦ ᠰᠠᠭᠠᠷᠠᠯ ᠴᠥᠭᠡᠪᠦᠷᠢ ᠨᠦ᠍ᠭᠦᠳ 
 ᠳᠠᠭᠠᠭᠰᠠᠨ ᠹᠷᠣᠨᠲ ᠤ᠋ᠨ ᠠᠷᠤ ᠳ᠋ᠤ᠌ ᠪᠢᠰᠢ 
 ᠲᠠᠪᠰᠢᠭᠰᠠᠨ ᠹᠷᠣᠨᠲ ᠤ᠋ᠨ ᠭᠠᠯ ᠳ᠋ᠤ᠌ ᠣᠷᠣᠵᠤ 

 ᠤᠯᠠᠭᠠᠨ ᠰᠤᠭᠤ ᠪᠠᠷ ᠢ᠋ᠶ᠋ᠠᠨ ᠨᠡᠪᠲᠡ ᠫᠤᠤᠳᠠᠭᠤᠯᠵᠤ 
 ᠠᠭᠤᠰᠬᠢ ᠵᠢᠷᠦᠬᠡ ᠪᠡᠨ ᠰᠤᠭᠤ ᠳᠡᠯᠪᠡᠯᠡᠭᠦᠯᠵᠦ 
 ᠪᠥᠭᠡᠮ ᠪᠥᠭᠡᠮ ᠢ᠋ᠶ᠋ᠡᠷ ᠰᠦᠢᠷᠡᠭᠰᠡᠨ ᠶᠦᠮ 
 ᠪᠤᠴᠠᠬᠤ ᠵᠠᠮ ᠢ᠋ᠶ᠋ᠠᠷ ᠢ᠋ᠶ᠋ᠠᠨ ᠵᠢᠭᠤᠲᠠᠭᠰᠠᠨ ᠶᠤᠮ 

 ᠤᠭ ᠢ᠋ᠶ᠋ᠠᠨ ᠲᠠᠨᠢᠬᠤ ᠬᠠᠰ ᠲᠡᠮᠳᠡᠭ ᠲᠡᠢ 
 ᠤᠬᠤᠷᠢᠵᠤ ᠶᠠᠪᠤᠭ᠎ᠠ ᠲᠠᠩᠺ ᠪᠠᠷᠠᠳᠠᠵᠤ 
 ᠥᠷᠥᠨ᠎ᠡ ᠵᠦᠭ ᠢ᠋ᠶ᠋ᠡᠷ ᠴᠢᠭ ᠪᠠᠷᠢᠨ 
 ᠥᠯᠥᠪ ᠲᠤᠯᠤᠪ ᠭᠦᠶᠦᠭᠰᠡᠨ ᠶᠦᠮ᠃ 



       ᠳᠥᠷᠪᠡ
 ᠳᠠᠭᠠᠭᠰᠠᠨ ᠹᠷᠣᠨᠲ ᠨᠢ ᠬᠡᠮᠬᠡ ᠦᠰᠦᠷᠴᠦ  
 ᠲᠠᠪᠰᠢᠭᠰᠠᠨ ᠹᠷᠣᠨᠲ ᠤ᠋ᠨ ᠭᠠᠯ ᠳ᠋ᠤ᠌ ᠣᠷᠣᠵᠤ 
 ᠦᠨᠳᠦᠰᠦ ᠪᠡᠷ ᠢ᠋ᠶ᠋ᠡᠨ ᠰᠦᠢᠷᠡᠬᠦ ᠳᠥᠭᠥᠭᠰᠡᠨ  
 ᠦᠬᠦᠭᠡᠷ ᠦ᠋ᠨ ᠰᠠᠭᠠᠷᠠᠯ ᠴᠥᠭᠡᠪᠦᠷᠢ ᠨᠦ᠍ᠭᠦᠳ  

 ᠳᠠᠶᠠᠭᠠᠷ ᠣᠯᠠᠨ ᠤ᠋ ᠬᠢᠯᠢᠩ ᠳ᠋ᠦ᠍ ᠨᠢᠷᠭᠡᠭᠦᠯᠵᠦ  
 ᠳᠠᠪᠰᠢᠭᠰᠠᠨ ᠹᠷᠣᠨᠲ ᠲᠤ ᠠᠷᠤ ᠠ᠋ᠴᠠ ᠪᠠᠨ ᠰᠢᠬᠠᠭᠤᠯᠵᠤ 
 ᠨᠢᠭᠦᠯ ᠨᠢ ᠨᠢᠳᠦ ᠪᠡᠷ ᠢ᠋ᠶ᠋ᠡᠨ ᠭᠠᠷᠴᠤ 
 ᠨᠢᠭᠤᠷ ᠤ᠋ᠨ ᠬᠢᠨᠢ ᠠᠷᠠᠰᠤ ᠴᠠᠢᠵᠤ  

 ᠲᠦᠮᠡᠨ ᠦ᠌ ᠬᠣᠯᠠ ᠭᠠᠵᠠᠷ ᠠ᠋ᠴᠠ  
 ᠲᠡᠵᠢᠭᠡᠭᠰᠡᠨ ᠡᠭᠦᠷ ᠢ᠋ᠶ᠋ᠡᠨ ᠲᠡᠮᠡᠴᠡᠵᠦ  
 ᠪᠠᠯᠠᠷ ᠬᠠᠷᠠᠩᠭᠤᠢ ᠰᠥᠨᠢ ᠪᠡᠷ  
 ᠪᠠᠷᠠᠭᠤᠨ ᠵᠣᠩ ᠱᠣᠭᠰᠢᠬᠤ ᠳ᠋ᠠᠭᠠᠨ  

 ᠪᠠᠢᠨ ᠪᠠᠢᠨ ᠪᠥᠮᠪᠦᠭᠡᠳᠡᠭᠦᠯᠵᠦ  
 ᠪᠠᠢᠭ᠎ᠠ ᠲᠣᠭ᠎ᠠ ᠨᠢ ᠴᠥᠭᠡᠷᠡᠵᠦ  
 ᠦᠵᠡᠭᠳᠡᠭᠰᠡᠨ ᠭᠠᠵᠠᠷ ᠢ᠋ᠶ᠋ᠠᠨ ᠫᠤᠤᠳᠠᠭᠤᠯᠵᠤ  
 ᠦᠶ᠎ᠡ ᠮᠥᠴᠢᠨ ᠡᠴᠡ ᠪᠡᠨ ᠬᠠᠭᠠᠴᠠᠵᠤ  

 ᠦᠶ᠎ᠡ ᠦᠶ᠎ᠡ ᠭᠠᠰᠠᠯᠵᠤ  
 ᠦᠷᠡᠭᠦᠯᠵᠢ ᠲᠠᠩᠳᠠ ᠥᠯᠥᠰᠴᠦ 
 ᠴᠥᠮ ᠢ ᠨᠢ ᠥᠪᠡᠷᠰᠡᠳ ᠢᠶᠡᠨ ᠴᠥᠯᠮᠦᠭ᠍ᠰᠡᠨ
 ᠴᠣᠯᠭᠠᠷ ᠬᠣᠭᠣᠰᠣᠨ ᠵᠠᠮ ᠳ᠋ᠤ᠌  

 ᠪᠡᠶ᠎ᠡ ᠪᠠᠶᠠᠨ ᠢ᠋ ᠪᠡᠨ ᠪᠠᠷᠢᠵᠤ  
 ᠪᠡᠯᠲᠡᠷᠭᠡ ᠪᠠᠭ᠎ᠠ ᠶ᠋ᠢ ᠪᠡᠨ ᠢᠳᠡᠵᠦ  
 ᠲᠡᠰᠴᠦ ᠴᠢᠳᠠᠬᠤ ᠦᠭᠡᠢ ᠲᠤᠯᠠ ᠳ᠋ᠤ᠌ ᠬᠦᠷᠴᠦ 
 ᠲᠡᠵᠢᠭᠡᠭᠰᠡᠨ ᠡᠵᠢ ᠶ᠋ᠢᠨ ᠢ᠋ᠶ᠋ᠡᠨ ᠲᠣᠯᠣᠭᠠᠢ ᠶ᠋ᠢ ᠵᠠᠯᠭᠢᠵᠤ 

 ᠥᠯᠥᠰᠴᠦ ᠦᠬᠦᠬᠦ ᠶ᠋ᠢᠨ ᠡᠮᠦᠨᠡᠬᠡᠨ
 ᠥᠪᠡᠷ ᠢ ᠪᠡᠨ ᠢᠳᠡᠬᠦ ᠶᠢᠨ ᠳᠠᠪᠠᠭᠠᠨ ᠳᠡᠭᠡᠷ᠎ᠡ 
 ᠳᠠᠪᠰᠢᠭᠰᠠᠨ ᠹᠷᠣᠨᠲ ᠤ᠋ᠨ ᠢᠯᠠᠯᠲᠠ ᠪᠠᠷ  
 ᠳᠡᠯᠡᠬᠡᠢ ᠶ᠋ᠢᠨ ᠲᠡᠢᠨ ᠳᠠᠭᠤᠰᠬᠤ ᠦᠶ᠎ᠡ ᠳ᠋ᠦ᠍  

 ᠦᠰᠦ ᠨᠣᠣᠰᠣ ᠨᠢ ᠦᠩᠭᠡᠯᠳᠡᠭᠰᠡᠨ  
 ᠥᠷᠥᠭᠡᠰᠦᠨ ᠬᠥᠯ ᠨᠢ ᠲᠤᠭᠤᠯᠤᠭᠰᠠᠨ  
 ᠡᠴᠦᠰ ᠦ᠋ᠨ ᠬᠣᠶᠠᠷ ᠴᠥᠭᠡᠪᠦᠷᠢ  
 ᠡᠷᠡᠭᠴᠢᠨ ᠡᠮᠡᠭᠴᠢᠨ ᠠᠷᠢᠶᠠᠲᠠᠨ 

 ᠥᠷᠥᠨᠡᠲᠦ ᠭᠧᠷᠮᠠᠨ ᠤ᠋ ᠨᠤᠲᠤᠭ ᠲᠤ      
 ᠥᠯᠥᠨ ᠬᠣᠭᠣᠰᠣᠨ ᠬᠦᠷᠴᠦ 
 ᠠᠲᠠᠭ᠎ᠠ ᠵᠢᠲᠦᠭᠡᠨ ᠦ᠌ ᠰᠡᠭᠦᠳᠡᠷ 
 ᠠᠳᠠᠭ ᠤ᠋ᠨ ᠮᠠᠭᠤ ᠠᠵᠠ ᠪᠠᠷ  

 ᠠᠷᠠᠭ᠎ᠠ ᠰᠢᠲᠦ ᠪᠡᠨ ᠵᠠᠭᠤᠵᠤ  
 ᠠᠮᠢ ᠭᠣᠣᠯ ᠲᠠᠢ ᠦᠯᠡᠳᠡᠵᠦ  
 ᠦᠷᠦ ᠵᠢᠷᠦᠬᠡᠨ ᠳ᠋ᠡᠭᠡᠨ ᠰᠢᠷᠬ᠎ᠠ ᠲᠠᠢ  
 ᠥᠯᠥᠨ ᠨᠢᠳᠦᠨ ᠳ᠋ᠡᠭᠡᠨ ᠨᠢᠯᠪᠤᠰᠤ ᠲᠠᠢ 

 ᠭᠡᠷᠡᠯ ᠡᠴᠡ ᠨᠢᠭᠤᠭᠳᠠᠵᠤ 
 ᠬᠠᠪᠴᠢᠯ ᠣᠯᠵᠤ 
 ᠭᠡᠭᠡᠨ ᠡᠴᠡ ᠨᠢᠭᠤᠭᠳᠠᠵᠤ  
 ᠬᠣᠩᠭᠢᠯ ᠳ᠋ᠤ᠌ ᠣᠷᠣᠭᠰᠠᠨ ᠶᠤᠮ     

      ᠲᠠᠪᠤ  
 ᠪᠠᠷᠠᠭᠤᠨ ᠭᠧᠷᠮᠠᠨ ᠤ᠋ ᠨᠤᠲᠤᠭ ᠲᠤ  
 ᠪᠠᠪᠤᠷ ᠭᠡᠳᠡᠭ ᠭᠠᠵᠠᠷ 
 ᠪᠠᠷᠠᠭᠠᠨ ᠬᠠᠰ ᠤ᠋ᠨ ᠳᠦᠷᠰᠦᠲᠡᠢ 
 ᠪᠠᠬᠠᠨ ᠵᠢᠪᠡᠬᠡᠢ ᠴᠥᠭᠡᠪᠦᠷᠢ  

 ᠪᠠᠢᠨ ᠪᠠᠢᠨ ᠴᠤᠭᠯᠠᠵᠤ 
 ᠪᠠᠢᠵᠤ ᠴᠢᠳᠠᠬᠤ ᠦᠭᠡᠢ ᠲᠡᠯᠡᠭᠦᠯᠵᠦ 
 ᠴᠢᠰᠤᠨ ᠤ᠋ ᠦᠨᠦᠷ ᠬᠡᠢ ᠠᠪᠴᠤ 
 ᠴᠤᠤ ᠲᠠᠯᠪᠢᠨ ᠱᠤᠤᠭᠢᠵᠤ  

 ᠬᠠᠷ᠎ᠠ ᠬᠣᠩᠭᠢᠯ ᠳ᠋ᠤ᠌ ᠨᠢᠭᠤᠭᠳᠠᠨ 
 ᠬᠠᠷᠠᠩᠭᠤᠢ ᠰᠥᠨᠢ ᠪᠡᠷ ᠣᠯᠢᠬᠤ ᠨᠢ 
 ᠬᠠᠨᠢ ᠢᠵᠢᠯᠢ ᠪᠡᠨ ᠳᠠᠭᠤᠳᠠᠨ 
 ᠬᠣᠯᠠ ᠶ᠋ᠢᠨ ᠴᠢᠮᠡᠭᠡ ᠥᠭᠬᠦ ᠨᠢ  

 ᠵᠡᠷᠯᠢᠭ ᠹᠶᠦᠷᠸᠷ ᠦ᠋ᠨ ᠲᠡᠵᠢᠭᠡᠭᠰᠡᠨ 
 ᠵᠢᠪᠡᠬᠡᠢ ᠴᠥᠭᠡᠪᠦᠷᠢ ᠡᠴᠡ ᠦᠯᠡᠳᠡᠭᠰᠡᠨ 
 ᠦᠷᠦ ᠵᠢᠷᠦᠬᠡᠨ ᠳ᠋ᠦ᠍ ᠪᠡᠨ ᠰᠢᠷᠬ᠎ᠠ ᠲᠠᠢ 
 ᠥᠯᠥᠭᠴᠢᠨ ᠡᠷᠡᠭᠴᠢᠨ ᠬᠣᠶᠠᠷ ᠤ᠋ᠨ 

 ᠦᠷ᠎ᠡ ᠰᠡᠳᠦ ᠨᠢ ᠣᠳᠣ 
 ᠥᠯᠥᠰᠴᠦ ᠴᠠᠩᠭᠠᠬᠤ ᠪᠣᠯᠤᠭᠰᠠᠨ ᠤ᠋ ᠬᠢ ᠪᠠᠢᠨ᠎ᠠ 
 ᠥᠯᠥᠨ ᠨᠢᠳᠦᠨ ᠳ᠋ᠦ᠍ ᠪᠡᠨ ᠨᠢᠯᠪᠤᠰᠤ ᠲᠠᠢ 
 ᠦᠰ ᠨᠢ ᠭᠣᠵᠣᠯᠵᠠᠬᠤ ᠪᠣᠯᠤᠭᠰᠠᠨ ᠤ᠋ ᠬᠢ ᠪᠠᠢᠨ᠎ᠠ

      ᠵᠢᠷᠭᠤᠭ᠎ᠠ
 ᠬᠣᠲᠠᠯᠠ ᠳᠡᠯᠡᠬᠡᠢ ᠶ᠋ᠢᠨ ᠬᠥᠮᠦᠨ ᠠᠷᠠᠳ ᠠ᠋!  
 ᠬᠠᠯᠠ ᠦᠵᠡᠭᠰᠡᠨ ᠵᠢᠷᠦᠬᠡᠨ ᠦ᠌ ᠦᠭᠡ ᠶ᠋ᠢ ᠰᠣᠨᠣᠰ  
 ᠭᠠᠷ ᠤ᠋ᠨ ᠬᠤᠷᠤᠭᠤ ᠰᠢᠭ᠋ ᠢ᠋ᠶ᠋ᠡᠨ ᠪᠢᠳᠡ ᠮᠡᠳᠡᠨ᠎ᠡ  
 ᠭᠠᠢᠬᠠᠯ ᠹᠠᠰᠢᠰᠮ ᠠᠶᠤᠯᠲᠠᠢ 

 ᠭᠠᠢ ᠭᠠᠮᠰᠢᠭ ᠲᠠᠷᠢᠭᠰᠠᠨ ᠢ᠋ ᠨᠢ  
 ᠭᠠᠵᠠᠷ ᠳᠡᠯᠡᠬᠡᠢ ᠶ᠋ᠢᠨ ᠬᠢᠨ ᠮᠠᠷᠲᠠᠬᠤ ᠦᠭᠡᠢ  
 ᠳᠡᠭᠡᠷᠡᠮ ᠦ᠋ᠨ ᠲᠡᠢᠨ ᠦ᠌ ᠬᠢᠨᠢ ᠰᠢᠷᠬ᠎ᠠ  
 ᠳᠡᠯᠡᠬᠡᠢ ᠡᠴᠡ ᠪᠠᠰᠠ ᠠᠷᠢᠯᠤᠭ᠎ᠠ ᠦᠭᠡᠢ  

 ᠭᠠᠢᠬᠠᠯ ᠬᠠᠷ᠎ᠠ ᠹᠠᠰᠢᠰᠮ ᠢ᠋  
 ᠭᠠᠵᠠᠷ ᠠᠪᠬᠠᠭᠤᠯᠵᠤ ᠪᠣᠯᠬᠤ ᠦᠭᠡᠢ  
 ᠭᠠᠵᠠᠷ ᠤ᠋ᠨ ᠪᠤᠯᠠᠰᠢᠨ ᠤ᠋ ᠴᠥᠭᠡᠪᠦᠷᠢ ᠨᠦ᠍ᠭᠦᠳ ᠢ᠋ 
 ᠵᠣᠷᠭ᠎ᠠ( ᠳᠤᠷ᠎ᠠ ᠵᠣᠷᠭ᠎ᠠ) ᠳ᠋ᠤᠨᠢ ᠲᠠᠯᠪᠢᠵᠤ ᠪᠣᠯᠬᠤ ᠦᠭᠡᠢ!  

 ᠭᠠᠳᠠᠭᠠᠳᠤ ᠳᠠᠯᠠᠢ ᠶ᠋ᠢ ᠭᠠᠲᠤᠯᠤᠭᠤᠯᠵᠤ 
 ᠭᠠᠵᠠᠷ ᠲᠢᠪ ᠠᠯᠬᠤᠭᠤᠯᠵᠤ 
 ᠡᠯᠳᠡᠪ ᠮᠠᠭᠤ ᠰᠠᠢᠨ ᠳᠠᠢᠰᠤᠨ ᠨᠤᠭᠤᠳ 
 ᠡᠨᠳᠡ ᠲᠡᠨᠳᠡ ᠲᠡᠵᠢᠭᠡᠭᠡᠳ ᠪᠠᠢᠨ᠎ᠠ  

 ᠪᠠᠪᠤᠷ ᠨᠤᠲᠤᠭ ᠤ᠋ᠨ ᠬᠣᠩᠭᠢᠯ ᠳ᠋ᠤ᠌ 
 ᠪᠠᠢᠨ ᠪᠠᠢᠨ ᠴᠤᠭᠯᠠᠷᠠᠵᠤ 
 ᠴᠢᠰᠤᠨ ᠦᠨᠦᠷ ᠬᠡᠢ ᠠᠪᠴᠤ 
 ᠴᠤᠤ ᠲᠠᠯᠪᠢᠨ ᠱᠤᠤᠭᠢᠯᠳᠤᠭᠠᠳ ᠪᠠᠢᠨ᠎ᠠ  

 ᠬᠥᠮᠦᠨ ᠦ᠌ ᠪᠡᠶ᠎ᠡ ᠶ᠋ᠢ ᠬᠣᠣ ᠲᠠᠲᠠᠬᠤ 
 ᠬᠦᠢᠲᠡᠨ ᠰᠣᠶᠣᠭ᠎ᠠ ᠨᠢ ᠵᠠᠭᠠᠲᠤᠨᠠᠵᠤ ᠪᠠᠢᠨ᠎ᠠ  
 ᠲᠡᠷᠰᠡᠭᠦᠦ ᠰᠠᠨᠠᠭᠠᠲᠤ ᠳᠠᠢᠰᠤᠨ ᠤ᠋ 
 ᠳᠣᠲᠣᠷ᠎ᠠ ᠲᠡᠵᠢᠭᠡᠬᠦ ᠡᠵᠡᠨ ᠲᠡᠢ ᠪᠣᠯᠤᠭᠰᠠᠨ ᠪᠠᠢᠨ᠎ᠠ  

 ᠬᠣᠲᠠᠯᠠ ᠳᠡᠯᠡᠬᠡᠢ ᠶ᠋ᠢᠨ ᠬᠥᠮᠦᠨ ᠠᠷᠠᠳ ᠠ᠋  
 ᠬᠠᠯᠠ ᠦᠵᠡᠭᠰᠡᠨ ᠵᠢᠷᠦᠬᠡᠨ ᠦ᠌ ᠦᠭᠡ ᠶ᠋ᠢ ᠰᠣᠨᠣᠰ  
 ᠦᠬᠦᠭᠡᠷ ᠦ᠋ᠨ ᠹᠠᠰᠢᠰᠮ ᠠᠶᠤᠯᠲᠠᠢ ᠰᠢᠦ 
 ᠦᠨᠡᠬᠡᠷ ᠰᠡᠷᠡᠮᠵᠢᠲᠡᠢ ᠪᠠᠢᠭᠠᠷᠠᠢ!  

– – – – 
① ‍ ᠭᠸᠷᠮᠠᠨ ᠤ ᠴᠡᠷᠢᠭ ᠦᠨ ᠤᠳᠤᠷᠢᠳᠤᠭ᠌ᠴᠢ ᠂  ᠭᠸᠷᠮᠠᠨ ᠦᠭᠡ ᠃
② ᠨᠣᠣᠬᠠᠢ᠂ ᠮᠤᠤᠷ ᠲᠠᠷᠭᠤᠯᠠᠬᠤ 

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂ ᠰᠡᠷᠭᠦᠯᠡᠩ᠂ ᠪᠣᠷᠵᠢᠭᠢᠨ ᠪᠠᠭᠠᠲᠤᠷ᠂ ᠠᠯᠲᠠᠨᠴᠢᠮᠡᠭ᠂  ᠳᠤᠯᠠᠭᠠᠨ᠂ ᠣᠳᠣᠨᠬᠤᠸᠠᠷ  
        ᠬᠢᠨᠠᠭ᠍ᠴᠢ :  ᠲᠤᠭᠴᠢ ᠰᠠᠷᠠᠨ᠎ᠠ 
               2024᠂ 3᠂  15  ᠤ ᠡᠳᠦᠷ