ᠣᠳᠣᠳ ᠲᠠᠢ ᠬᠥᠪᠡᠭᠦᠳОдодтой хөвгүүд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠳᠣᠳ ᠲᠠᠢ ᠬᠥᠪᠡᠭᠦᠳОдодтой хөвгүүд

ᠣᠳᠣᠳ ᠲᠠᠢ ᠬᠥᠪᠡᠭᠦᠳОдодтой хөвгүүд

2022-04-30

551

ᠣᠳᠣᠳ ᠲᠠᠢ ᠬᠥᠪᠡᠭᠦᠳ 

   ᠡᠷᠲᠡ ᠤᠷᠢᠳᠤ ᠴᠠᠭ ᠲᠤ᠌ ᠳᠡᠯᠡᠬᠡᠢ ᠶ᠋ᠢᠨ ᠲᠠᠯ᠎ᠠ ᠶ᠋ᠢ ᠵᠠᠬᠢᠷᠳᠠᠭ᠃ ᠰᠠᠢᠬᠠᠨ ᠰᠡᠳᠬᠢᠯ ᠲᠡᠢ ᠴᠢᠷᠠᠢᠯᠢᠭ᠂ ᠨᠢᠭᠡᠨ ᠡᠵᠡᠨ ᠬᠠᠭᠠᠨ ᠪᠠᠢᠵᠠᠢ ᠭᠡᠨ᠎ᠡ᠃ ᠲᠡᠭᠦᠨ ᠦ᠌ ᠵᠠᠬ᠎ᠠ ᠬᠢᠵᠠᠭᠠᠷ ᠦᠭᠡᠢ ᠬᠠᠭᠠᠨᠲᠤ ᠤᠯᠤᠰ ᠲᠤ᠌ ᠬᠠᠮᠤᠭ ᠤ᠋ᠨ ᠦᠵᠡᠰᠬᠦᠯᠡᠩ ᠭᠤᠸ᠎ᠠ ᠪᠦᠰᠡᠭᠦᠢ᠂ ᠯᠠᠪᠲ᠋ᠢᠢᠽᠠ ᠠᠮᠢᠳᠤᠷᠠᠨ ᠰᠠᠭᠤᠳᠠᠭ ᠪᠠᠢᠪᠠ᠃
ᠯᠠᠪᠲ᠋ᠢᠢᠽᠠ᠂ ᠬᠣᠨᠢᠴᠢᠨ ᠤ᠋ ᠥᠬᠢᠨ ᠲᠡᠭᠦᠨ ᠦ᠌ ᠭᠢᠯᠠᠯᠵᠠᠭᠰᠠᠨ ᠬᠥᠪᠰᠥᠭᠡᠷ ᠦᠰᠦ᠂ ᠵᠥᠭᠡᠯᠡᠨ ᠲᠣᠯᠢᠭᠠᠷ ᠠᠷᠠᠰᠤ ᠨᠢ ᠬᠠᠭᠠᠨᠲᠤ ᠤᠯᠤᠰ ᠳᠠᠶᠠᠭᠠᠷ ᠠᠯᠳᠠᠷᠲᠠᠢ ᠪᠠᠢᠪᠠ᠃ ᠲᠣᠰᠬᠣᠨ ᠤ᠋ ᠬᠥᠮᠦᠨ ᠪᠦᠷᠢ ᠲᠡᠭᠦᠨ ᠦ᠌ ᠭᠤᠸ᠎ᠠ ᠦᠵᠡᠰᠬᠦᠯᠡᠩ ᠳ᠋ᠦ᠍ ᠬᠣᠲᠠᠯᠠᠭᠤᠯᠳᠠᠭ ᠪᠠᠢᠯ᠎ᠠ᠃ ᠲᠡᠷᠡ ᠪᠦᠬᠦᠢ ᠯᠡ ᠰᠢᠪᠠᠭᠠᠳ ᠠᠮᠢᠲᠠᠳ᠂ ᠮᠣᠳᠣᠳ ᠬᠦᠷᠲᠡᠯ᠎ᠡ᠂ ᠭᠤᠸ᠎ᠠ ᠦᠵᠡᠰᠬᠦᠯᠡᠩ ᠳ᠋ᠦ᠍ ᠨᠢ᠂ ᠰᠥᠬᠥᠷᠡᠳᠡᠭ ᠪᠠᠢᠪᠠ᠃ᠯᠠᠪᠲ᠋ᠢᠢᠽᠠ᠂ ᠦᠵᠡᠰᠬᠦᠯᠡᠩ ᠭᠤᠸ᠎ᠠ ᠪᠠᠢᠭᠠᠳ ᠵᠣᠭᠰᠣᠬᠤ ᠦᠭᠡᠢ᠂ ᠬᠠᠮᠤᠭ ᠤ᠋ᠨ ᠰᠠᠢᠬᠠᠨ ᠰᠡᠳᠬᠢᠯᠲᠡᠢ ᠡᠮᠡᠭᠲᠡᠢ ᠪᠠᠢᠵᠠᠢ ᠭᠡᠨ᠎ᠡ᠂ ᠲᠡᠭᠦᠨ ᠢ᠋ ᠠᠮᠢᠲᠠᠳ ᠪᠦᠴᠢᠵᠦ᠂ ᠪᠦᠰᠡᠯᠡᠵᠦ ᠲᠣᠭᠣᠷᠢᠨ ᠬᠦᠷᠢᠶᠡᠯᠡᠭᠰᠡᠨ ᠴᠦ᠍ ᠲᠡᠳᠡᠨ ᠢ᠋ ᠭᠣᠮᠣᠳᠠᠭᠠᠳᠠᠭ ᠥᠬᠡᠢ ᠪᠠᠢᠪᠠ᠃ ᠠᠮᠢᠲᠠᠳ ᠰᠢᠪᠠᠭᠤᠳ ᠢ᠋ᠶ᠋ᠠᠷ ᠵᠣᠭᠰᠣᠬᠤ ᠦᠭᠡᠢ ᠣᠳᠣᠳ ᠬᠦᠷᠲᠡᠯ᠎ᠡ᠂ ᠲᠡᠭᠦᠨ ᠦ᠌ ᠭᠤᠸ᠎ᠠ ᠦᠵᠡᠰᠬᠦᠯᠡᠩ ᠥᠭᠭᠢᠶᠡᠮᠦᠷ ᠵᠠᠩ ᠳ᠋ᠤ᠌ ᠨᠢ ᠲᠠᠲᠠᠭᠳᠠᠨ ᠳᠡᠯᠡᠬᠡᠢ ᠳᠡᠭᠡᠷ᠎ᠡ ᠪᠠᠭᠤᠵᠤ ᠢᠷᠡᠳᠡᠭ ᠪᠠᠢᠪᠠ᠃ ᠲᠡᠳᠡᠨ ᠦ᠌ ᠨᠢᠭᠡ ᠪᠣᠯ ᠯᠢᠢᠨ ᠣᠳᠣ ᠶᠤᠮ᠃
ᠯᠢᠢᠨ ᠣᠳᠣ᠄ ᠯᠠᠪᠲ᠋ᠢᠢᠽᠠ᠂ ᠴᠢ ᠦᠨᠡᠬᠡᠷ ᠰᠠᠢᠬᠠᠨ ᠰᠡᠳᠬᠢᠯ ᠲᠠᠢ ᠶᠤᠮ᠂ ᠪᠢᠳᠡ ᠴᠢᠮ᠎ᠠ ᠶ᠋ᠢ ᠲᠩᠷᠢ ᠡᠴᠡ ᠪᠠᠢᠩᠭᠤ ᠠᠵᠢᠭᠯᠠᠳᠠᠭ᠂ ᠪᠢᠳᠡ ᠴᠢᠨᠦ ᠭᠤᠸ᠎ᠠ ᠦᠵᠡᠰᠬᠦᠯᠡᠩ᠂ ᠰᠠᠢᠬᠠᠨ ᠰᠡᠳᠬᠢᠯ ᠢ᠋ ᠪᠢᠰᠢᠷᠡᠵᠦ ᠪᠠᠢᠨ᠎ᠠ᠃ ᠲᠡᠢᠮᠦ ᠡᠴᠡ ᠪᠢ ᠴᠢᠮ᠎ᠠ ᠳ᠋ᠤ᠌ ᠪᠡᠯᠡᠭ ᠥᠭᠭᠦᠮᠡᠷ ᠪᠠᠢᠨ᠎ᠠ᠃
ᠯᠠᠪᠲ᠋ᠢᠢᠽᠠ᠄ ᠶᠠᠮᠠᠷ ᠪᠡᠯᠡᠭ
ᠯᠢᠢᠨ ᠣᠳᠣ᠄ ᠠᠳᠢᠰᠯᠠᠯ᠂ ᠬᠤᠷᠢᠮ ᠢ᠋ᠶ᠋ᠠᠨ ᠬᠢᠭᠡᠳ᠂ ᠶᠠᠭ ᠵᠢᠷᠭᠤᠭᠠᠨ ᠰᠠᠷ᠎ᠠ ᠪᠣᠯᠤᠭᠰᠠᠨ ᠤ᠋ ᠳᠠᠷᠠᠭ᠎ᠠ᠂ ᠴᠢᠮ᠎ᠠ ᠳ᠋ᠤ᠌ ᠢᠬᠡᠷ᠎ᠡ ᠬᠦᠦ ᠪᠡᠯᠡᠭᠯᠡᠬᠦ ᠪᠣᠯᠤᠨ᠎ᠠ᠃ ᠲᠡᠳᠡ ᠪᠣᠯ ᠴᠢᠨᠦ ᠣᠳᠣᠳ ᠲᠠᠢ ᠬᠥᠪᠡᠭᠦᠳ!
ᠯᠠᠪᠲ᠋ᠢᠢᠽᠠ᠄ ᠣᠳᠣᠳ ᠲᠠᠢ ᠬᠥᠪᠡᠭᠦᠳ ᠠ᠋?
ᠯᠢᠢᠨ ᠣᠳᠣ : ᠲᠡᠢᠮᠦ ᠠ᠋᠂ ᠳᠤᠬᠤᠨ ᠳᠡᠭᠡᠷ᠎ᠡ ᠪᠡᠨ ᠵᠢᠵᠢᠭ ᠣᠳᠣ ᠭᠢᠯᠲᠠᠭᠠᠨᠠᠭᠤᠯᠤᠭᠰᠠᠨ᠂ ᠬᠥᠪᠡᠭᠦᠳ ᠴᠢᠨᠢ᠂ ᠴᠢᠮ᠎ᠠ ᠶ᠋ᠢ ᠴᠠᠭ ᠦᠷᠭᠦᠯᠵᠢ ᠬᠠᠮᠠᠭᠠᠯᠠᠬᠤ ᠪᠣᠯᠤᠨ᠎ᠠ᠃ ᠣᠳᠣ ᠨᠢ ᠲᠡᠳᠡᠨ ᠦ᠌ ᠬᠤᠶᠠᠭ ᠳᠤᠭᠤᠯᠠᠭ᠎ᠠ ᠭᠡᠵᠦ ᠣᠢᠯᠠᠭ᠎ᠠ᠂ ᠬᠡᠨ ᠴᠦ᠍ ᠲᠡᠳᠡᠨ ᠢ᠋ ᠭᠡᠮᠲᠦᠭᠡᠵᠦ ᠴᠢᠳᠠᠬᠤ ᠦᠭᠡᠢ᠂ ᠢᠬᠡᠷ᠎ᠡ ᠬᠥᠪᠡᠭᠦᠳ ᠴᠢᠨᠢ᠂ ᠡᠨᠡ ᠬᠠᠭᠠᠨᠲᠤ ᠤᠯᠤᠰ ᠤ᠋ᠨ ᠬᠠᠮᠤᠭ ᠤ᠋ᠨ ᠴᠢᠷᠠᠢᠯᠢᠭ᠂ ᠬᠠᠮᠤᠭ ᠤ᠋ᠨ ᠤᠬᠠᠭᠠᠯᠢᠭ ᠡᠷᠡᠴᠦᠳ ᠪᠣᠯᠤᠨ ᠥᠰᠬᠦ ᠪᠣᠯᠤᠨ᠎ᠠ᠃
ᠢᠩᠭᠢᠵᠦ ᠬᠡᠯᠡᠭᠡᠳ᠄ ᠯᠢᠢᠨ ᠲᠩᠷᠢ ᠥᠭᠡᠳᠡ ᠨᠢᠰᠦᠨ ᠣᠳᠤᠯ᠎ᠠ᠂ ᠮᠠᠷᠭᠠᠰᠢ ᠨᠢ ᠯᠠᠪᠲ᠋ᠢᠢᠽᠠ ᠬᠣᠨᠢᠨ ᠰᠦᠷᠦᠭ ᠢ᠋ᠶ᠋ᠡᠨ ᠪᠡᠯᠴᠢᠭᠡᠷ ᠲᠦ᠍ ᠳᠠᠭᠠᠭᠤᠯᠤᠨ᠂ ᠬᠠᠷᠢᠭᠤᠯᠵᠤ ᠶᠠᠪᠤᠭᠠᠳ᠂ ᠮᠣᠷᠢ ᠱᠣᠭᠰᠢᠨ ᠣᠢᠷᠠᠳᠴᠤ ᠪᠠᠢᠭ᠎ᠠ ᠶ᠋ᠢ ᠰᠣᠨᠣᠰᠴᠠᠢ᠃ ᠡᠷᠭᠢᠨ ᠬᠠᠷᠠᠲᠠᠯ᠎ᠠ᠂ ᠡᠵᠡᠨ ᠬᠠᠭᠠᠨ᠂ ᠬᠡᠳᠦᠨ ᠴᠡᠷᠢᠭ ᠦ᠋ᠳ ᠦ᠋ᠨ ᠢ᠋ᠶ᠋ᠡᠨ ᠬᠠᠮᠲᠤ ᠪᠠᠷ ᠲᠡᠭᠦᠨ ᠤᠷᠤᠭᠤ ᠣᠢᠷᠠᠳᠴᠤ ᠶᠠᠪᠤᠭ᠎ᠠ ᠶ᠋ᠢ ᠬᠠᠷᠠᠭᠠᠳ᠂ ᠯᠠᠪᠲ᠋ᠢᠢᠽᠠ ᠭᠠᠢᠬᠠᠪᠠ᠃ ᠡᠵᠡᠨ ᠬᠠᠭᠠᠨ᠂ᠯᠠᠪᠲ᠋ᠢᠢᠽᠠ ᠳ᠋ᠤ᠌ ᠠᠩᠬᠠᠨ ᠤ᠋ ᠬᠠᠷᠠᠴᠠ ᠪᠠᠷ ᠳᠤᠷᠠᠯᠠᠵᠠᠢ᠃
ᠬᠠᠭᠠᠨ᠄ ᠪᠦᠰᠡᠭᠦᠢ ᠮᠢᠨᠢ᠂ ᠴᠢᠮ᠎ᠠ ᠶ᠋ᠢ ᠬᠡᠨ ᠭᠡᠳᠡᠭ ᠶᠦᠮ ᠪᠣᠢ?
ᠯᠠᠪᠲ᠋ᠢᠢᠽᠠ᠄ ᠨᠠᠮ᠎ᠠ ᠶ᠋ᠢ ᠯᠠᠪᠲ᠋ᠢᠢᠽᠠ ᠭᠡᠳᠡᠭ᠂
ᠢᠩᠭᠢᠵᠦ ᠲᠡᠳᠡ ᠠᠭᠤᠯᠵᠠᠵᠠᠢ᠂ ᠡᠵᠡᠨ ᠬᠠᠭᠠᠨ ᠮᠣᠷᠢᠨ ᠠ᠋ᠴᠠ ᠪᠠᠨ ᠪᠠᠭᠤᠨ ᠣᠴᠢᠵᠤ᠂ᠯᠠᠪᠲ᠋ᠢᠢᠽᠠ ᠲᠠᠢ ᠮᠠᠰᠢ ᠤᠳᠠᠭᠠᠨ ᠶᠠᠷᠢᠵᠤ ᠵᠣᠭᠰᠣᠪᠠ᠃ ᠡᠵᠡᠨ ᠬᠠᠭᠠᠨ ᠦᠵᠡᠰᠬᠦᠯᠡᠩ ᠭᠤᠸ᠎ᠠ᠂ ᠬᠣᠨᠢᠴᠢᠨ ᠪᠦᠰᠡᠭᠦᠢ ᠳ᠋ᠦ᠍ ᠳᠤᠷᠠᠯᠠᠵᠤ ᠲᠡᠭᠦᠨ ᠡᠴᠡ ᠭᠡᠷᠯᠡᠬᠦ ᠶ᠋ᠢ ᠭᠤᠶᠤᠵᠠᠢ᠃ ᠯᠠᠪᠲ᠋ᠢᠢᠽᠠ ᠪᠠᠰᠠ ᠡᠵᠡᠨ ᠬᠠᠭᠠᠨ ᠳ᠋ᠤ᠌ ᠲᠠᠲᠠᠭᠳᠠᠨ ᠲᠡᠭᠦᠨ ᠲᠡᠢ ᠭᠡᠷᠯᠡᠬᠦ ᠶ᠋ᠢ ᠵᠥᠪᠰᠢᠶᠡᠷᠡᠵᠡᠢ᠃ᠭᠡᠬᠦ ᠳ᠋ᠦ᠍ ᠡᠨᠡ ᠪᠦᠬᠦᠨ᠂ ᠲᠡᠢᠮᠦ ᠬᠢᠯᠪᠠᠷ ᠪᠠᠢᠭᠰᠠᠨ ᠦᠭᠡᠢ᠂ ᠡᠵᠡᠨ ᠬᠠᠭᠠᠨ ᠳ᠋ᠤ᠌ ᠪᠠᠨ ᠦᠨᠡᠨᠴᠢ ᠪᠤᠰᠤ ᠮᠦᠷᠢᠺ ᠬᠡᠮᠡᠬᠦ ᠲᠦᠰᠢᠮᠡᠯ ᠪᠠᠢᠳᠠᠭ ᠠᠵᠠᠢ᠃ ᠮᠦᠷᠢᠺ ᠥᠬᠢᠨ ᠢ᠋ᠶ᠋ᠡᠨ ᠡᠵᠡᠨ ᠬᠠᠭᠠᠨ ᠲᠠᠢ ᠭᠡᠷᠯᠡᠭᠦᠯᠵᠦ ᠬᠠᠲᠤᠨ ᠬᠠᠭᠠᠨ ᠪᠣᠯᠭᠠᠬᠤ ᠶ᠋ᠢ ᠬᠦᠰᠡᠳᠡᠭ ᠪᠠᠢᠪᠠ᠃ᠡᠵᠡᠨ ᠬᠠᠭᠠᠨ ᠲᠡᠭᠦᠨ ᠦ᠌ ᠳᠠᠯᠳᠠ ᠰᠠᠨᠠᠭ᠎ᠠ ᠶ᠋ᠢ ᠮᠠᠲᠠᠯ ᠦᠭᠡᠢ᠂ ᠲᠡᠭᠦᠨ ᠳ᠋ᠦ᠍ ᠢᠲᠡᠭᠡᠯ ᠬᠦᠯᠢᠶᠡᠯᠭᠡᠳᠡᠭ ᠪᠠᠢᠵᠠᠢ᠃
ᠮᠥᠷᠢᠺ᠄ ᠡᠢᠮᠦ ᠵᠦᠢᠯ ᠪᠠᠢᠵᠤ ᠪᠣᠯᠬᠤ ᠦᠭᠡᠢ᠂ ᠡᠨᠡ ᠣᠷᠳᠣᠨ ᠳ᠋ᠤ᠌ ᠵᠥᠷᠢᠴᠡᠵᠦ ᠪᠣᠯᠬᠤ ᠦᠭᠡᠢ ᠤᠯᠠᠮᠵᠢᠯᠠᠯ ᠪᠣᠢ ᠰᠢᠦ ᠳᠡ᠂ ᠲᠡᠷᠡ ᠪᠦᠰᠡᠭᠦᠢ ᠪᠣᠯ ᠬᠣᠨᠢᠴᠢᠨ᠂ ᠬᠣᠨᠢᠴᠢᠨ ᠪᠦᠰᠡᠭᠦᠢ ᠲᠠᠨ ᠲᠠᠢ ᠭᠡᠷᠯᠡᠬᠦ ᠬᠦᠰᠡᠯ ᠲᠡᠢ ᠪᠠᠢᠭ᠎ᠠ ᠪᠣᠯ ᠬᠠᠷᠢᠭᠤ ᠳ᠋ᠤ᠌ ᠨᠢ᠂ ᠲᠠᠨ ᠳ᠋ᠤ᠌ ᠦᠨ᠎ᠡ ᠴᠠᠨ᠎ᠠ ᠲᠠᠢ ᠶᠠᠮᠠᠷ ᠨᠢᠭᠡ ᠵᠦᠢᠯᠡᠰ ᠰᠠᠨᠠᠯ ᠪᠣᠯᠭᠠᠬᠤ ᠶᠣᠰᠣᠲᠠᠢ᠃ᠲᠡᠷᠡ ᠦᠶ᠎ᠡ ᠳ᠋ᠦ᠍ ᠯᠡ ᠡᠷᠬᠡ ᠲᠡᠭᠰᠢ᠂ᠰᠢᠳᠤᠷᠭᠤ ᠭᠡᠷᠯᠡᠯᠲᠡ ᠭᠡᠵᠦ ᠲᠣᠭᠠᠴᠠᠭᠳᠠᠨ᠎ᠠ᠂
ᠬᠠᠭᠠᠨ᠄ ᠭᠡᠬᠦ ᠳ᠋ᠦ᠍ ᠪᠡᠨ ᠲᠡᠷᠡ ᠪᠦᠰᠡᠭᠦᠢ ᠪᠣᠯ ᠬᠣᠨᠢᠴᠢᠨ ᠤ᠋ ᠥᠬᠢᠨ ᠰᠢᠦ ᠳᠡ᠂ ᠲᠡᠭᠦᠨ ᠡᠴᠡ ᠦᠨ᠎ᠡ ᠴᠠᠨ᠎ᠠ ᠲᠠᠢ ᠵᠦᠢᠯ ᠨᠡᠬᠡᠬᠦ ᠨᠢ ᠰᠢᠳᠤᠷᠭᠤ ᠪᠤᠰᠤ ᠶᠤᠮ ᠰᠢᠭ᠋ ᠰᠠᠨᠠᠭᠳᠠᠵᠤ ᠪᠠᠢᠨ᠎ᠠ᠃
ᠮᠥᠷᠢᠺ᠄ᠤᠯᠠᠮᠵᠢᠯᠠᠯ ᠪᠣᠯ ᠤᠯᠠᠮᠵᠢᠯᠠᠯ ᠰᠢᠦ ᠳᠡ᠂ ᠡᠵᠡᠨ ᠬᠠᠭᠠᠨᠲᠠᠨ ᠮᠢᠨᠢ ᠪᠢ ᠡᠨᠡ ᠤᠯᠠᠮᠵᠢᠯᠠᠯ ᠢ᠋ ᠵᠣᠬᠢᠶᠠᠭ᠎ᠠ ᠦᠭᠡᠢ᠂ ᠮᠥᠨ ᠡᠵᠡᠨ ᠬᠠᠭᠠᠨ ᠤ᠋ ᠬᠤᠪᠢ ᠳ᠋ᠤ᠌᠂ ᠲᠠ ᠤᠯᠠᠮᠵᠢᠯᠠᠯ ᠢ᠋ ᠵᠥᠷᠢᠴᠡᠬᠦ ᠶᠣᠰᠣ ᠦᠭᠡᠢ ᠰᠢᠦ ᠳᠡ᠂
ᠬᠠᠭᠠᠨ᠄ ᠭᠡᠬᠦ ᠳ᠋ᠦ᠍ ᠪᠡᠨ
ᠯᠠᠪᠲ᠋ᠢᠢᠽᠠ᠄ ᠦᠭᠡ ᠬᠡᠯᠡᠬᠦ ᠶ᠋ᠢ ᠮᠢᠨᠢ ᠵᠥᠪᠰᠢᠶᠡᠷᠡᠨ᠎ᠡ ᠤᠤ? ᠨᠠᠳᠠ ᠳ᠋ᠤ᠌ ᠰᠠᠨᠠᠯ ᠪᠣᠯᠭᠠᠬᠤ ᠦᠨᠡᠲᠦ ᠵᠦᠢᠯ ᠪᠣᠢ᠂ ᠬᠤᠷᠢᠮ ᠢ᠋ᠶ᠋ᠠᠨ ᠬᠢᠭᠰᠡᠨ ᠡᠴᠡ ᠬᠣᠢᠰᠢ᠂ ᠵᠢᠷᠭᠤᠭᠠᠨ ᠰᠠᠷ᠎ᠠ ᠶ᠋ᠢᠨ ᠳᠠᠷᠠᠭ᠎ᠠ᠂ ᠳᠤᠬᠤᠨ ᠳᠡᠭᠡᠷ᠎ᠡ ᠪᠡᠨ ᠭᠢᠯᠲᠠᠭᠠᠨᠠᠭᠰᠠᠨ᠂ ᠵᠢᠵᠢᠭ ᠣᠳᠣᠲᠠᠢ ᠢᠬᠡᠷ᠎ᠡ ᠬᠥᠪᠡᠭᠦᠳ ᠲᠡᠢ ᠪᠣᠯᠤᠨ᠎ᠠ᠃ ᠣᠳᠣ ᠨᠢ ᠬᠠᠷᠠᠭᠳᠠᠬᠤ ᠦᠭᠡᠢ ᠴᠦ᠍ ᠭᠡᠯ᠎ᠡ᠂ ᠴᠠᠭ ᠦᠷᠭᠦᠯᠵᠢ ᠨᠠᠮ᠎ᠠ ᠶ᠋ᠢ ᠪᠣᠯᠤᠨ᠂ ᠡᠨᠡ ᠬᠠᠭᠠᠨᠲᠤ ᠤᠯᠤᠰ ᠢ᠋ ᠬᠠᠮᠠᠭᠠᠯᠠᠵᠤ ᠪᠠᠢᠬᠤ ᠪᠣᠯᠤᠨ᠎ᠠ᠃
ᠮᠥᠷᠢᠺ᠄ ᠲᠡᠭᠡᠨ᠎ᠡ ᠤᠤ ᠳᠠ! ᠴᠢᠮ᠎ᠠ ᠶ᠋ᠢ ᠬᠤᠳᠠᠯ ᠶᠠᠷᠢᠭ᠎ᠠ ᠦᠭᠡᠢ ᠭᠡᠳᠡᠭ ᠢ᠋ ᠪᠢᠳᠡ ᠶᠠᠭᠠᠬᠢᠵᠤ ᠮᠡᠳᠡᠬᠦ ᠶᠦ᠍ᠮ᠃
ᠯᠠᠪᠲ᠋ᠢᠢᠽᠠ᠄ᠪᠢ ᠬᠤᠳᠠᠯ ᠬᠡᠯᠡᠭᠰᠡᠨ ᠪᠠᠢᠪᠠᠯ᠂ ᠦᠯᠡᠳᠡᠭᠰᠡᠨ ᠠᠮᠢᠳᠤᠷᠠᠯ ᠤ᠋ᠨ ᠢ᠋ᠶ᠋ᠠᠨ ᠲᠤᠷᠰᠢ ᠭᠠᠵᠠᠷ ᠳᠣᠣᠷᠠᠬᠢ ᠭᠢᠨᠳᠠᠨ ᠳ᠋ᠤ᠌ ᠬᠣᠷᠢᠭᠳᠠᠬᠤ ᠳ᠋ᠤ᠌ ᠪᠡᠯᠡᠨ ᠪᠠᠢᠨ᠎ᠠ᠃
ᠬᠠᠭᠠᠨ᠄ ᠶᠠᠭᠤ? ᠯᠠᠪᠲ᠋ᠢᠢᠽᠠ ᠦᠭᠡᠢ ᠠ᠋!
ᠯᠠᠪᠲ᠋ᠢᠢᠽᠠ᠄ᠨᠠᠮ᠎ᠠ ᠶ᠋ᠢ ᠥᠷᠥᠰᠢᠶᠡ᠂ ᠡᠵᠡᠨ ᠬᠠᠭᠠᠨ ᠮᠢᠨᠢ᠂ ᠬᠠᠲᠤᠨ ᠬᠠᠭᠠᠨ ᠪᠠᠢᠯ᠎ᠠ ᠴᠤ᠌᠂ ᠬᠣᠨᠢᠴᠢᠨ ᠪᠠᠢᠯ᠎ᠠ ᠴᠤ᠌ ᠭᠡᠰᠡᠨ ᠠᠮᠠᠯᠠᠯᠲᠠ ᠪᠣᠯ᠂ ᠠᠮᠠᠯᠠᠯᠲᠠ᠂ ᠪᠢ ᠠᠳᠢᠰᠯᠠᠭᠳᠠᠭᠰᠠᠨ᠂ ᠭᠡᠳᠡᠭ ᠲᠦ᠍ ᠪᠡᠨ ᠪᠠᠰᠠ ᠥᠪᠡᠷ ᠲᠦ᠍ ᠪᠡᠨ ᠢᠲᠡᠭᠡᠵᠦ ᠪᠠᠢᠨ᠎ᠠ᠃
ᠡᠵᠡᠨ ᠬᠠᠭᠠᠨ ᠡᠷᠡᠭᠡᠯᠵᠡᠭᠰᠡᠨ ᠦᠭᠡᠢ ᠵᠥᠪᠰᠢᠶᠡᠷᠡᠵᠡᠢ᠃
ᠮᠠᠷᠭᠠᠰᠢ ᠨᠢ ᠬᠤᠷᠢᠮ ᠪᠣᠯᠤᠯ᠎ᠠ᠂ ᠬᠠᠭᠠᠨ ᠤ᠋ ᠣᠷᠳᠣᠨ ᠪᠣᠯᠤᠭᠠᠳ ᠬᠠᠭᠠᠨᠲᠤ ᠤᠯᠤᠰ ᠲᠡᠷᠡ ᠴᠢᠭ ᠲᠦ᠍ ᠪᠡᠨ ᠪᠠᠶᠠᠷ ᠬᠥᠷ ᠲᠦ᠍ ᠤᠮᠪᠠᠨ᠂ ᠣᠯᠠᠨ ᠡᠳᠦᠷ ᠡᠨᠡ ᠬᠦ᠌ ᠪᠠᠶᠠᠷ ᠢ᠋ ᠲᠡᠮᠳᠡᠭᠡᠯᠪᠡ᠃ ᠮᠥᠷᠢᠺ ᠲᠡᠳᠡᠨ ᠢ᠋ ᠪᠣᠯᠢᠭᠤᠯᠬᠤ ᠰᠢᠯᠲᠠᠭ ᠣᠯᠵᠤ ᠴᠢᠳᠠᠭᠰᠠᠨ ᠦᠭᠡᠢ᠂ᠭᠡᠬᠦ ᠳ᠋ᠦ᠍ ᠪᠡᠨ ᠬᠣᠨᠢᠴᠢᠨ ᠪᠦᠰᠡᠭᠦᠢ ᠳ᠋ᠦ᠍ ᠢᠯᠠᠭᠳᠠᠭᠰᠠᠨ ᠢ᠋ᠶ᠋ᠠᠨ ᠬᠦᠯᠢᠶᠡᠨ ᠵᠥᠪᠰᠢᠶᠡᠷᠡᠬᠦ ᠪᠣᠯᠤᠭ᠎ᠠ ᠦᠭᠡᠢ ᠪᠠᠢᠪᠠ᠃ ᠬᠡᠳᠦᠨ ᠰᠠᠷ᠎ᠠ ᠥᠩᠭᠡᠷᠡᠵᠦ ᠤᠳᠠᠯ ᠦᠭᠡᠢ᠂ ᠭᠡᠷᠯᠡᠯᠲᠡ ᠶ᠋ᠢᠨ ᠵᠢᠷᠭᠤᠳᠠᠬᠢ ᠰᠠᠷ᠎ᠠ ᠪᠣᠯᠬᠤ ᠭᠡᠵᠦ ᠪᠠᠢᠯ᠎ᠠ᠃ ᠮᠥᠷᠢᠺ ᠡᠳᠦᠷ ᠬᠣᠨᠣᠭ ᠪᠦᠷᠢ ᠶ᠋ᠢ ᠠᠯᠳᠠᠯ ᠦᠭᠡᠢ ᠲᠡᠮᠳᠡᠭᠡᠯᠵᠦ ᠪᠠᠢᠯ᠎ᠠ᠃ ᠡᠴᠦᠰ ᠲᠦ᠍ ᠨᠢ ᠲᠡᠷᠡ ᠪᠡᠷ ᠥᠪᠡᠷ ᠦ᠋ᠨ ᠬᠠᠭᠠᠨᠲᠤ ᠤᠯᠤᠰ ᠤ᠋ᠨ ᠡᠰᠡᠷᠭᠦ ᠡᠴᠦᠰ ᠦ᠋ᠨ ᠨᠡᠭᠦᠳᠡᠯ ᠢ᠋ᠶ᠋ᠡᠨ ᠬᠢᠪᠡ᠃
ᠬᠠᠯᠳᠠᠭᠴᠢᠳ᠄ ᠲᠠ ᠪᠢᠳᠡᠨ ᠢ᠋ ᠬᠠᠭᠠᠨᠲᠤ ᠤᠯᠤᠰ ᠤᠷᠤᠭᠤ ᠪᠠᠨ ᠳᠠᠭᠠᠷᠢᠭᠠᠴᠢ ᠭᠡᠵᠦ ᠪᠠᠢᠭ᠎ᠠ ᠶᠤᠮ ᠤᠤ? ᠪᠢᠳᠡ ᠢᠯᠠᠭᠳᠠᠨ᠎ᠠ ᠰᠢᠲᠠ!
ᠮᠥᠷᠢᠺ᠄ ᠮᠡᠳᠡᠨ᠎ᠡ ᠠ᠋᠂ ᠭᠡᠬᠦ ᠳ᠋ᠦ᠍ ᠪᠡᠨ ᠡᠨᠡ ᠬᠠᠮᠢᠶ᠎ᠠ ᠦᠭᠡᠢ᠂ ᠪᠢ ᠴᠢᠮ᠎ᠠ ᠳ᠋ᠤ᠌ ᠬᠣᠶᠠᠷ ᠪᠣᠭᠴᠣ ᠳᠦᠭᠦᠷᠡᠩ ᠠᠯᠲᠠ ᠠᠮᠠᠯᠠᠭᠰᠠᠨ ᠪᠠᠢᠬ᠎ᠠ! ᠴᠢ ᠣᠯᠵᠠᠯᠠᠭᠳᠠᠯ᠎ᠠ ᠭᠡᠬᠦ ᠳ᠋ᠦ᠍ ᠪᠢ ᠴᠢᠮ᠎ᠠ ᠶ᠋ᠢ ᠰᠤᠯᠠᠯᠠᠵᠤ ᠱᠠᠩᠨᠠᠯ ᠢ᠋ ᠴᠢᠨᠢ ᠥᠭᠭᠦᠨ᠎ᠡ᠃ ᠮᠠᠷᠭᠠᠰᠢ ᠪᠣᠯ ᠵᠢᠷᠭᠤᠳᠠᠬᠢ ᠰᠠᠷ᠎ᠠ ᠶ᠋ᠢᠨ ᠰᠡᠭᠦᠯ ᠦ᠋ᠨ ᠡᠳᠦᠷ᠂ ᠪᠢ ᠡᠵᠡᠨ ᠬᠠᠭᠠᠨ ᠢ᠋ ᠬᠠᠲᠤᠨ ᠬᠠᠭᠠᠨ ᠠ᠋ᠴᠠ ᠰᠠᠯᠭᠠᠬᠤ ᠶᠣᠰᠣᠲᠠᠢ᠂ ᠣᠳᠣ ᠶᠠᠪᠤᠵᠤ ᠦᠵᠡ!
ᠮᠠᠷᠭᠠᠰᠢ ᠨᠢ ᠡᠵᠡᠨ ᠬᠠᠭᠠᠨ ᠠᠷᠠᠳ ᠢᠷᠭᠡᠳ ᠤᠷᠤᠭᠤ ᠨᠢ ᠳᠠᠭᠠᠷᠢᠵᠤ ᠪᠠᠢᠨ᠎ᠠ ᠭᠡᠰᠡᠨ ᠮᠡᠳᠡᠭᠡ ᠠᠪᠤᠯ᠎ᠠ᠂᠂ ᠬᠠᠭᠠᠨ ᠭᠡᠷᠭᠡᠢ ᠪᠡᠨ ᠣᠷᠬᠢᠬᠤ ᠶ᠋ᠢ ᠬᠦᠰᠡᠭᠡ ᠦᠭᠡᠢ ᠴᠦ᠍᠂ ᠠᠷᠠᠳ ᠢᠷᠭᠡᠳ ᠢ᠋ᠶ᠋ᠡᠨ ᠬᠠᠮᠠᠭᠠᠯᠠᠬᠤ ᠨᠢ ᠲᠡᠭᠦᠨ ᠦ᠌ ᠡᠭᠦᠷᠭᠡ ᠭᠡᠳᠡᠭ ᠢ᠋ ᠮᠡᠳᠡᠵᠦ ᠪᠠᠢᠪᠠ᠃
ᠯᠠᠪᠲ᠋ᠢᠢᠽᠠ; ᠴᠢ ᠶᠠᠪᠤᠬᠤ ᠶᠣᠰᠣᠲᠠᠢ ᠬᠠᠢᠷᠠᠲᠤ ᠮᠢᠨᠢ᠂ ᠪᠢ ᠵᠦᠭᠡᠷ ᠳᠡ᠂
ᠬᠠᠭᠠᠨᠲᠤ ᠤᠯᠤᠰ ᠤᠷᠤᠭᠤ ᠬᠠᠯᠳᠠᠭᠴᠢᠳ ᠢ᠋ ᠪᠠᠷᠢᠵᠤ ᠠᠪᠪᠠ᠃ ᠡᠵᠡᠨ ᠬᠠᠭᠠᠨ ᠡᠬᠡᠨᠡᠷ ᠤᠷᠤᠭᠤ ᠪᠠᠨ ᠶᠠᠭᠠᠷᠠᠨ ᠣᠴᠢᠲᠠᠯ᠎ᠠ᠂ ᠮᠥᠷᠢᠺ ᠲᠡᠭᠦᠨ ᠢ᠋ ᠵᠣᠭᠰᠣᠭᠠᠪᠠ᠃
ᠮᠥᠷᠢᠺ᠄ ᠥᠨᠥᠳᠥᠷ ᠪᠣᠯ ᠵᠢᠷᠭᠤᠳᠠᠬᠢ ᠰᠠᠷ᠎ᠠ ᠶ᠋ᠢᠨ ᠰᠡᠭᠦᠯᠴᠢ ᠶ᠋ᠢᠨ ᠡᠳᠦᠷ ᠡᠵᠡᠨ ᠬᠠᠭᠠᠨᠲᠠᠨ ᠮᠢᠨᠢ᠂ ᠨᠠᠷᠠ ᠤᠳᠠᠬᠤ ᠦᠭᠡᠢ ᠵᠢᠷᠭᠠᠬᠤ ᠨᠢ ᠭᠡᠲᠡᠯ᠎ᠡ ᠣᠳᠣᠳ ᠲᠠᠢ ᠬᠥᠪᠡᠭᠦᠳ ᠡᠴᠡ ᠶᠠᠮᠠᠷ ᠴᠤ᠌ ᠰᠤᠷᠠᠭ ᠲᠤᠭᠤᠯᠳᠠᠭᠰᠠᠨ ᠦᠭᠡᠢ᠂ ᠠᠮᠠᠯᠠᠯᠲᠠ ᠪᠣᠯ ᠠᠮᠠᠯᠠᠯᠲᠠ ᠭᠡᠵᠦ ᠬᠠᠲᠤᠨ ᠬᠠᠭᠠᠨ ᠥᠪᠡᠷ ᠢ᠋ᠶ᠋ᠡᠨ ᠬᠡᠯᠡᠭᠰᠡᠨ᠂
ᠬᠠᠭᠠᠨ᠄ᠨᠠᠳᠠ ᠳ᠋ᠤ᠌ ᠪᠣᠯ ᠬᠠᠮᠢᠶ᠎ᠠ ᠦᠭᠡᠢ᠂ ᠪᠢ ᠯᠠᠪ ᠬᠠᠲᠤᠨ ᠢ᠋ᠶ᠋ᠠᠨ ᠭᠢᠨᠳᠠᠨ ᠳ᠋ᠤ᠌ ᠬᠣᠷᠢᠬᠤ ᠦᠭᠡᠢ ᠰᠢᠦ᠂
ᠮᠥᠷᠢᠺ᠄ᠣᠢᠯᠠᠭᠠᠵᠤ ᠪᠠᠢᠨ᠎ᠠ ᠬᠠᠲᠤᠨ ᠬᠠᠭᠠᠨ ᠬᠡᠯᠡᠭᠰᠡᠨ ᠠᠮᠠᠯᠠᠯᠲᠠ ᠪᠠᠨ ᠵᠥᠷᠢᠴᠡᠵᠦ ᠪᠣᠯᠤᠨ᠎ᠠ᠃
ᠯᠠᠪᠲ᠋ᠢᠢᠽᠠ᠄ ᠦᠭᠡᠢ ᠠ᠋! ᠪᠢ ᠵᠥᠷᠢᠴᠡᠬᠦ ᠦᠭᠡᠢ᠂ ᠲᠡᠭᠡᠪᠡᠯ ᠮᠢᠨᠦ ᠪᠣᠯᠤᠭᠠᠳ ᠮᠠᠨ ᠤ᠋ ᠬᠠᠭᠠᠨᠲᠤ ᠤᠯᠤᠰ ᠤ᠋ᠨ ᠨᠡᠷ᠎ᠡ ᠬᠦᠨᠳᠦ ᠳ᠋ᠦ᠍ ᠬᠣᠯᠪᠣᠭᠳᠠᠨ᠎ᠠ᠃ ᠦᠨᠡᠨ ᠢᠯᠡ ᠪᠣᠯᠬᠤ ᠬᠦᠷᠲᠡᠯ᠎ᠡ ᠪᠢ ᠠᠮᠠᠯᠠᠭᠰᠠᠨ ᠶᠣᠰᠣᠭᠠᠷ ᠢ᠋ᠶ᠋ᠠᠨ ᠪᠢ ᠭᠢᠨᠳᠠᠨ ᠳ᠋ᠤ᠌ ᠠᠮᠢᠳᠤᠷᠠᠬᠤ ᠪᠣᠯᠤᠨ᠎ᠠ ᠃
ᠬᠠᠭᠠᠨᠲᠤ ᠤᠯᠤᠰ ᠤ᠋ᠨ ᠢᠷᠭᠡᠳ ᠴᠣᠴᠢᠷᠳᠠᠪᠠ᠂ ᠲᠡᠳᠡ ᠭᠡᠨᠡᠳᠲᠡ ᠡᠢᠮᠦ ᠵᠦᠢᠯ ᠪᠣᠯᠤᠭᠰᠠᠨ ᠳ᠋ᠤ᠌ ᠶᠡᠬᠡᠳᠡ ᠭᠠᠢᠬᠠᠵᠤ ᠪᠠᠢᠯ᠎ᠠ᠃ ᠮᠡᠳᠡᠭᠡᠵᠢ᠂ ᠮᠥᠷᠢᠺ ᠡᠴᠡ ᠪᠤᠰᠤᠳ ᠨᠢ᠂ ᠲᠡᠷᠡ ᠰᠥᠨᠢ ᠮᠥᠷᠢᠺ ᠣᠷᠳᠣᠨ ᠠ᠋ᠴᠠ ᠨᠢᠭᠤᠴᠠ ᠪᠠᠷ ᠭᠠᠷᠴᠤ ᠳᠠᠯᠠᠢ ᠶ᠋ᠢ ᠴᠢᠭᠯᠡᠨ ᠠᠯᠬᠤᠯ᠎ᠠ᠂᠂
ᠮᠥᠷᠢᠺ᠄ ᠵᠢᠩᠬᠢᠨᠢ ᠷᠢᠳᠢ ᠰᠢᠳᠢ ᠭᠡᠵᠦ ᠡᠭᠦᠨ ᠢ᠋ ᠯᠡ ᠬᠡᠯᠡᠬᠦ ᠪᠠᠢᠬ᠎ᠠ᠂ ᠲᠠ ᠬᠣᠶᠠᠷ ᠭᠠᠭᠴᠠᠬᠠᠨ ᠡᠳᠦᠷ ᠦ᠋ᠨ ᠳᠣᠲᠣᠷ᠎ᠠ ᠶᠠᠭᠠᠬᠢᠵᠤ ᠡᠢᠮᠦ ᠲᠣᠮᠣ ᠪᠣᠯᠪᠠ? ᠠᠮᠠ ᠪᠠᠨ ᠬᠤᠮᠢᠵᠠᠭ᠎ᠠ ᠂
ᠯᠢᠢᠨ ᠣᠳᠣᠨ ᠤ᠋ ᠠᠳᠢᠰᠯᠠᠯ᠂ ᠪᠡᠶᠡᠯᠡᠯ ᠢ᠋ᠶ᠋ᠡᠨ ᠣᠯᠤᠭᠰᠠᠨ ᠢ᠋ ᠣᠷᠳᠣᠨ ᠤ᠋ ᠨᠢᠭᠡ ᠴᠦ᠍ ᠬᠥᠮᠦᠨ ᠮᠡᠳᠡᠭᠡ ᠦᠭᠡᠢ ᠪᠠᠢᠯ᠎ᠠ᠃ᠯᠢᠢᠨ᠂ ᠬᠠᠲᠤᠨ ᠬᠠᠭᠠᠨ ᠳ᠋ᠤ᠌ ᠰᠥᠨᠢ ᠳᠤᠮᠳᠠ ᠪᠣᠯᠬᠤ ᠠ᠋ᠴᠠ ᠡᠮᠦᠨ᠎ᠡ ᠢᠬᠡᠷ᠎ᠡ ᠬᠦᠦ ᠥᠭᠭᠦᠭᠰᠡᠨ ᠪᠠᠢᠪᠠ᠃ ᠮᠥᠷᠢᠺ ᠡᠨᠡ ᠪᠦᠭᠦᠳᠡ ᠶ᠋ᠢ ᠬᠠᠷᠠᠵᠤ ᠪᠠᠢᠭᠰᠠᠨ ᠠᠵᠠᠢ᠃ ᠯᠠᠪᠲ᠋ᠢᠢᠽᠠ ᠬᠥᠪᠡᠭᠦᠳ ᠦ᠋ᠨ ᠳᠤᠮᠳᠠ ᠪᠥᠬᠡ ᠭᠡᠭᠴᠢ ᠨᠢ ᠤᠨᠲᠠᠵᠤ ᠪᠠᠢᠯ᠎ᠠ᠃ ᠥᠷᠯᠥᠭᠡ ᠶᠠᠭᠤ ᠪᠣᠯᠤᠭᠰᠠᠨ ᠢ᠋ ᠮᠡᠳᠡᠬᠦ ᠤᠴᠢᠷ ᠲᠠᠢ ᠪᠠᠢᠪᠠ᠃ ᠮᠥᠷᠢᠺ ᠣᠳᠣᠳ ᠲᠠᠢ ᠬᠥᠪᠡᠭᠦᠳ ᠢ᠋ ᠠᠯᠤᠰ ᠲᠡᠷᠲᠡᠭᠡ ᠬᠣᠯᠠ ᠶ᠋ᠢᠨ ᠬᠣᠯᠠ ᠠᠪᠴᠤ ᠶᠠᠪᠤᠬᠤ ᠶ᠋ᠢ ᠬᠦᠰᠡᠭᠰᠡᠨ ᠠᠵᠠᠢ᠃ ᠮᠥᠷᠢᠺ ᠲᠡᠳᠡᠨ ᠦ᠌ ᠬᠤᠪᠢ ᠲᠥᠭᠡᠷᠭᠡ ᠶ᠋ᠢ ᠤᠷᠢᠳ ᠠ᠋ᠴᠠ ᠲᠥᠯᠥᠪᠯᠡᠭᠰᠡᠨ ᠪᠠᠢᠪᠠ᠃ ᠬᠥᠪᠡᠭᠦᠳ ᠢ᠋ ᠵᠠᠪᠢᠨ ᠳᠡᠭᠡᠷ᠎ᠡ ᠰᠠᠭᠤᠯᠭᠠᠨ ᠥᠷᠥᠰᠢᠶᠡᠯ ᠦᠭᠡᠢ᠂ ᠭᠡᠭᠴᠢ ᠨᠢ ᠵᠠᠪᠢ ᠶ᠋ᠢ ᠵᠠᠬ᠎ᠠ ᠦᠭᠡᠢ ᠳᠠᠯᠠᠢ ᠤᠷᠤᠭᠤ ᠲᠦᠯᠬᠢᠪᠡ᠃ ᠢᠩᠭᠢᠭᠡᠳ ᠮᠢᠨᠦ ᠥᠬᠢᠨ᠂ ᠬᠠᠲᠤᠨ ᠬᠠᠭᠠᠨ ᠪᠣᠯᠵᠤ᠂ ᠪᠢ ᠳᠡᠯᠡᠬᠡᠢ ᠶ᠋ᠢᠨ ᠲᠠᠯ᠎ᠠ ᠶ᠋ᠢ ᠵᠠᠬᠢᠷᠴᠤ ᠴᠢᠳᠠᠬᠤ ᠪᠠᠷ ᠪᠣᠯᠤᠯ᠎ᠠ᠃ᠲᠡᠷᠡ ᠬᠣᠨᠢᠴᠢᠨ ᠪᠦᠰᠡᠭᠦᠢ ᠪᠠᠰᠠ ᠡᠨᠡ ᠬᠥᠪᠡᠭᠦᠳ᠂ ᠮᠢᠨᠦ ᠲᠥᠯᠥᠪᠯᠡᠭᠡ ᠶ᠋ᠢ ᠨᠤᠷᠠᠭᠠᠵᠤ ᠴᠢᠳᠠᠬᠤ ᠦᠭᠡᠢ᠂ ᠵᠠᠪᠢ ᠣᠯᠠᠨ ᠴᠠᠭ ᠬᠥᠪᠦᠨ ᠬᠥᠪᠦᠭᠰᠡᠭᠡᠷ ᠳᠠᠯᠠᠢ ᠶ᠋ᠢᠨ ᠰᠢᠭᠤᠷᠭᠠᠨ ᠳ᠋ᠤ᠌ ᠣᠷᠣᠵᠤ ᠢᠷᠡᠯ᠎ᠡ᠂ ᠳᠠᠯᠠᠢ ᠶ᠋ᠢᠨ ᠳᠠᠪᠠᠯᠭᠠᠨ ᠬᠦᠴᠦᠲᠡᠢ ᠨᠢᠷᠭᠢᠯᠡᠵᠦ ᠪᠠᠢᠯ᠎ᠠ᠂ᠳᠠᠪᠠᠯᠭᠠᠨ ᠵᠠᠪᠢ ᠶ᠋ᠢ ᠬᠦᠴᠦᠲᠡᠢ ᠴᠣᠬᠢᠭᠰᠠᠨ ᠴᠤ᠌ ᠂ ᠬᠥᠪᠡᠭᠦᠳ ᠡᠢᠮᠦ ᠲᠠᠭᠠᠯᠠᠮᠵᠢᠲᠠᠢ᠂ ᠢᠨᠢᠶᠡᠵᠦ ᠬᠥᠭᠵᠢᠯᠳᠦᠨ᠎ᠡ᠂ ᠤᠳᠠᠯ ᠦᠭᠡᠢ ᠮᠠᠰᠢ ᠲᠣᠮᠣ ᠳᠠᠪᠠᠯᠭᠠᠨ ᠲᠡᠳᠡᠨ ᠢ᠋ ᠨᠥᠮᠥᠷᠦᠨ ᠢᠷᠡᠵᠦ ᠵᠠᠪᠢ ᠶ᠋ᠢ ᠬᠦᠴᠦᠲᠡᠢ ᠴᠣᠬᠢᠨ ᠬᠥᠮᠥᠷᠢᠭᠦᠯᠪᠡ᠃ᠭᠡᠲᠡᠯ᠎ᠡ ᠣᠳᠣᠳ ᠲᠠᠢ ᠬᠥᠪᠡᠭᠦᠳ ᠵᠢᠪᠦᠯ ᠦᠭᠡᠢ᠂ᠪᠢᠴᠢᠬᠠᠨ ᠬᠣᠶᠠᠷ ᠵᠢᠭᠠᠰᠤ ᠪᠣᠯᠤᠨ ᠬᠤᠪᠢᠷᠠᠵᠠᠢ᠃ ᠲᠡᠳᠡ ᠵᠠᠪᠢᠨ ᠠ᠋ᠴᠠ ᠪᠠᠶᠠᠰᠤᠯᠲᠠᠢ ᠪᠠᠷ ᠦᠰᠦᠷᠴᠦ ᠳᠠᠯᠠᠢ ᠶ᠋ᠢᠨ ᠰᠢᠭᠤᠷᠭ᠎ᠠ ᠶ᠋ᠢ ᠴᠢᠭᠯᠡᠨ ᠦᠰᠦᠷᠴᠦ ᠪᠠᠢᠪᠠ!
ᠬᠠᠷᠢᠨ ᠬᠠᠭᠠᠨ ᠤ᠋ ᠣᠷᠳᠣᠨ ᠳ᠋ᠤ᠌
ᠮᠥᠷᠢᠺ᠄ ᠣᠢ ᠭᠠᠰᠢᠭᠤ ᠳ᠋ᠤ᠌ ᠠᠪᠲᠠᠭᠳᠠᠭᠰᠠᠨ ᠢ᠋ ᠴᠢᠨᠢ ᠣᠢᠯᠠᠭᠠᠵᠤ ᠪᠠᠢᠨ᠎ᠠ᠂ ᠡᠵᠡᠨ ᠬᠠᠭᠠᠨᠲᠠᠨ ᠮᠢᠨᠢ! ᠭᠡᠬᠦ ᠳ᠋ᠦ᠍᠂ ᠠᠷᠠᠳ ᠢᠷᠭᠡᠳ ᠲᠠᠨ ᠳ᠋ᠤ᠌ ᠢᠲᠡᠭᠡᠯ ᠨᠠᠢᠳᠠᠪᠤᠷᠢ ᠮᠥᠷᠥᠭᠡᠳᠦᠯ ᠢ᠋ᠶ᠋ᠡᠨ ᠳᠠᠭᠠᠳᠬᠠᠭᠰᠠᠨ ᠭᠡᠳᠡᠭ ᠢ᠋ ᠮᠠᠷᠲᠠᠵᠤ ᠪᠣᠯᠬᠤ ᠦᠭᠡᠢ᠂ ᠲᠠ ᠠᠷᠠᠳ ᠢᠷᠭᠡᠳ ᠢ᠋ᠶ᠋ᠡᠨ ᠪᠣᠳᠣᠬᠤ ᠶᠣᠰᠣᠲᠠᠢ᠂ ᠠᠬᠢᠭᠠᠳ ᠭᠡᠷᠯᠡᠬᠦ ᠶᠣᠰᠣᠲᠠᠢ᠂
ᠬᠠᠭᠠᠨ᠄ᠮᠦᠷᠢᠺ ᠪᠢ ᠠᠬᠢᠵᠤ ᠭᠡᠷᠯᠡᠬᠦ ᠦᠭᠡᠢ ᠂ᠠᠬᠢᠵᠤ ᠪᠢ ᠭᠡᠷᠯᠡᠬᠦ ᠦᠭᠡᠢ ᠂
ᠮᠥᠷᠢᠺ᠄ᠠᠷᠠᠳ ᠢᠷᠭᠡᠳ ᠢ᠋ᠶ᠋ᠡᠨ ᠪᠣᠳᠣᠭᠠᠴᠢ ᠳᠠ᠂ ᠬᠠᠭᠠᠨᠲᠠᠨ ᠮᠢᠨᠢ! ᠲᠡᠳᠡ ᠲᠠᠨ ᠳ᠋ᠤ᠌ ᠬᠤᠳᠠᠯ ᠬᠡᠯᠡᠭᠡ ᠦᠭᠡᠢ ᠰᠢᠦ ᠳᠡ᠂ ᠲᠡᠳᠡᠨ ᠳ᠋ᠦ᠍ ᠬᠠᠲᠤᠨ ᠬᠠᠭᠠᠨ ᠬᠡᠷᠡᠭᠲᠡᠢ ᠠ᠋᠂
ᠬᠠᠭᠠᠨ᠄ ᠮᠡᠳᠡᠬᠦ ᠦᠭᠡᠢ ᠶᠦ᠍ᠮ ᠠ᠋᠂
ᠮᠥᠷᠢᠺ᠄ ᠰᠠᠨᠠᠯ ᠪᠣᠯᠭᠠᠬᠤ ᠶ᠋ᠢ ᠮᠢᠨᠢ ᠵᠥᠪᠰᠢᠶᠡᠷᠡᠭᠡᠴᠢ ᠳᠡ᠂ ᠡᠵᠡᠨ ᠬᠠᠭᠠᠨᠲᠠᠨ ᠮᠢᠨᠢ! ᠲᠠ᠂ ᠶᠠᠭᠠᠬᠢᠭᠠᠳ ᠮᠢᠨᠦ ᠥᠬᠢᠨ ᠲᠡᠢ ᠭᠡᠷᠯᠡᠵᠦ ᠪᠣᠯᠬᠤ ᠦᠭᠡᠢ ᠭᠡᠵᠦ ᠲᠡᠷᠡ ᠪᠦᠭᠦᠳᠡ ᠶ᠋ᠢ ᠮᠡᠳᠡᠵᠦ ᠪᠠᠢᠭ᠎ᠠ᠂ ᠲᠠᠨ ᠤ᠋ ᠵᠣᠪᠠᠯᠠᠩ ᠰᠢᠨᠠᠯᠤᠯ ᠢ᠋ ᠰᠠᠢᠨ ᠣᠢᠯᠠᠭᠠᠬᠤ ᠪᠣᠯᠤᠨ᠎ᠠ ᠠ᠋!
ᠬᠠᠭᠠᠨ᠄ ᠵᠠ᠂ ᠳᠤᠷ᠎ᠠ ᠪᠠᠷ ᠢ᠋ᠶ᠋ᠠᠨ ᠪᠣᠯ ᠳᠠ ᠮᠥᠷᠢᠺ ᠨᠠᠳᠠ ᠳ᠋ᠤ᠌ ᠬᠠᠮᠢᠶ᠎ᠠ ᠦᠭᠡᠢ᠂
ᠨᠢᠭᠡ ᠬᠣᠷᠣᠮ ᠢ᠋ ᠴᠦ᠍ ᠠᠯᠳᠠᠯ ᠦᠭᠡᠢ᠂ ᠮᠥᠷᠢᠺ ᠬᠤᠷᠢᠮ ᠤ᠋ᠨ ᠶᠣᠰᠣᠯᠠᠯ ᠢ᠋ ᠪᠡᠯᠡᠳᠬᠡᠪᠡ᠃ ᠬᠤᠷᠢᠮ ᠲᠡᠷᠡ ᠳᠣᠯᠣᠭᠠᠨ ᠬᠣᠨᠣᠭ ᠲᠤ᠌ ᠪᠠᠨ ᠪᠣᠯᠬᠤ ᠪᠠᠷ ᠲᠣᠪᠯᠠᠭᠳᠠᠪᠠ ᠃ ᠬᠡᠳᠦᠨ ᠡᠳᠦᠷ ᠥᠩᠭᠡᠷᠡᠭᠰᠡᠨ ᠦ᠌ ᠳᠠᠷᠠᠭ᠎ᠠ ᠵᠢᠭᠠᠰᠤᠴᠢᠨ᠂ ᠲᠣᠣᠷ ᠲᠤ᠌ ᠨᠢ᠂ ᠬᠣᠶᠠᠷ ᠭᠢᠯᠲᠠᠭᠠᠨᠠᠭᠰᠠᠨ ᠵᠢᠭᠠᠰᠤ ᠣᠷᠣᠭᠰᠠᠨ ᠪᠠᠢᠭ᠎ᠠ ᠶ᠋ᠢ ᠣᠯᠵᠤ ᠬᠠᠷᠠᠪᠠ᠂
ᠵᠢᠭᠠᠰᠤᠴᠢᠨ᠄ᠡᠨᠡ ᠵᠢᠭᠠᠰᠤ ᠨᠤᠭᠤᠳ ᠢ᠋ ᠡᠵᠡᠨ ᠬᠠᠭᠠᠨ ᠳ᠋ᠤ᠌ ᠪᠡᠯᠡᠭᠯᠡᠬᠦ ᠬᠡᠷᠡᠭᠲᠡᠢ᠂
ᠵᠢᠭᠠᠰᠤᠴᠢᠨ᠄ ᠲᠡᠢᠮᠦ ᠰᠢᠦ ᠂ ᠡᠵᠡᠨ ᠬᠠᠭᠠᠨ ᠥᠨᠥᠳᠥᠷ ᠬᠤᠷᠢᠮ ᠢ᠋ᠶ᠋ᠠᠨ ᠬᠢᠨ᠎ᠡ᠃ ᠬᠤᠷᠢᠮ ᠤ᠋ᠨ ᠰᠠᠢᠬᠠᠨ ᠪᠡᠯᠡᠭ ᠪᠣᠯᠤᠨ᠎ᠠ ᠳᠠ᠂
ᠣᠳᠣᠳ ᠲᠠᠢ ᠬᠥᠪᠡᠭᠦᠳ ᠄ ᠦᠭᠡᠢ! ᠬᠦᠯᠢᠶᠡ᠂ ᠪᠢᠳᠡᠨ ᠢ᠋ ᠪᠦᠦ ᠠᠯᠠᠭᠠᠴᠢ!
ᠵᠢᠭᠠᠰᠤᠴᠢᠨ ᠦᠭᠡᠢ᠂ᠡᠨᠡ ᠴᠢᠨᠢ ᠶᠠᠷᠢᠳᠠᠭ ᠵᠢᠭᠠᠰᠤ ᠤᠤ ᠳᠠ᠂
ᠣᠳᠣᠳ ᠲᠠᠢ ᠬᠥᠪᠡᠭᠦᠳ ᠄ ᠲᠡᠢᠮᠦ ᠠ᠋! ᠪᠢᠳᠡ ᠬᠣᠶᠠᠷ ᠪᠣᠯ ᠵᠢᠷ ᠦ᠋ᠨ ᠨᠢᠭᠡ ᠵᠢᠭᠠᠰᠤ ᠪᠢᠰᠢ! ᠪᠢᠳᠡᠨ ᠢ᠋ ᠪᠦᠦ ᠠᠯᠠᠭᠠᠴᠢ ᠳᠠ !
ᠵᠢᠭᠠᠰᠤᠴᠢᠨ᠄ ᠲᠡᠭᠡᠭᠡᠳ ᠲᠠ ᠬᠣᠶᠠᠷ ᠢ᠋ ᠶᠠᠭᠠᠬᠢᠬᠤ ᠶᠣᠰᠣᠲᠠᠢ ᠪᠣᠯᠵᠤ ᠪᠠᠢᠨ᠎ᠠ?
ᠣᠳᠣᠳ ᠲᠠᠢ ᠬᠥᠪᠡᠭᠦᠳ ᠄ ᠲᠣᠮᠣ ᠠᠶᠠᠭ᠎ᠠ ᠠᠪᠴᠢᠷᠠᠵᠤ ᠴᠡᠪᠡᠷ ᠤᠰᠤ ᠪᠠᠷ ᠳᠦᠭᠦᠷᠭᠡᠬᠦ ᠬᠡᠷᠡᠭᠲᠡᠢ᠃ ᠠᠶᠠᠭ᠎ᠠ ᠲᠠᠢ ᠤᠰᠤᠨ ᠳ᠋ᠤ᠌ ᠰᠡᠯᠢᠭᠰᠡᠨ ᠦ᠌ ᠳᠠᠷᠠᠭ᠎ᠠ ᠪᠢᠳᠡᠨ ᠢ᠋ ᠡᠪᠡᠰᠦᠨ ᠳᠡᠭᠡᠷ᠎ᠡ ᠲᠠᠯᠪᠢᠵᠤ ᠬᠠᠲᠠᠭᠠᠭᠠᠷᠠᠢ !
ᠵᠢᠭᠠᠰᠤᠴᠢᠨ᠄ ᠦ ᠶᠠᠭᠤ ?
ᠵᠢᠭᠠᠰᠤᠴᠢᠨ᠂ᠲᠡᠳᠡᠨ ᠦ᠌ ᠬᠡᠯᠡᠭᠰᠡᠨ ᠢ᠋ᠶ᠋ᠡᠷ ᠬᠢᠪᠡ᠃ᠶᠠᠷᠢᠳᠠᠭ ᠵᠢᠭᠠᠰᠤ ᠨᠤᠭᠤᠳ ᠤ᠋ᠨ ᠦᠭᠡ ᠶ᠋ᠢ ᠳᠠᠭᠠᠬᠤ ᠪᠠᠷ ᠰᠢᠢᠳᠦᠭᠰᠡᠨ ᠠᠵᠠᠢ᠃ ᠰᠡᠯᠢᠭᠰᠡᠨ ᠦ᠌ ᠳᠠᠷᠠᠭ᠎ᠠ ᠲᠡᠳᠡᠨ ᠢ᠋ ᠡᠪᠡᠰᠦᠨ ᠳᠡᠭᠡᠷ᠎ᠡ ᠲᠠᠯᠪᠢᠵᠤ ᠬᠠᠲᠠᠭᠠᠪᠠ ᠭᠡᠨ᠎ᠡ᠃ ᠬᠠᠭᠤᠷᠠᠢ ᠪᠣᠯᠤᠭᠰᠠᠨ ᠬᠣᠶᠠᠷ ᠵᠢᠭᠠᠰᠤ᠂ ᠵᠠᠯᠠᠭᠤ ᠬᠥᠪᠡᠭᠦᠳ ᠪᠣᠯᠵᠤ ᠬᠤᠪᠢᠷᠠᠬᠤ ᠨᠢ ᠲᠡᠷᠡ ᠬᠣᠶᠠᠭᠤᠯᠠ ᠶᠡᠬᠡ ᠴᠢᠷᠠᠢᠯᠢᠭ ᠪᠠ ᠲᠡᠳᠡᠨ ᠦ᠌ ᠳᠤᠬᠤᠨ ᠳᠡᠭᠡᠷ᠎ᠡ ᠣᠳᠣ ᠭᠢᠯᠲᠠᠭᠠᠨᠠᠵᠤ ᠪᠠᠢᠪᠠ᠃
ᠵᠢᠭᠠᠰᠤᠴᠢᠨ᠄ ᠲᠠ ᠨᠠᠷ ᠬᠡᠨ ᠪᠣᠢ?
ᠣᠳᠣᠳ ᠲᠠᠢ ᠬᠥᠪᠡᠭᠦᠳ ᠄ ᠪᠢᠳᠡ ᠬᠣᠶᠠᠷ ᠪᠣᠯ ᠬᠠᠨ ᠬᠦᠦ᠂ ᠪᠢᠳᠡ ᠬᠣᠶᠠᠷ ᠪᠣᠯ ᠬᠠᠭᠠᠨ ᠡᠵᠡᠨ᠂ ᠬᠠᠲᠤᠨ ᠬᠠᠭᠠᠨ ᠯᠠᠪᠲ᠋ᠢᠢᠽᠠᠠ ᠶ᠋ᠢᠨ ᠬᠥᠪᠡᠭᠦᠳ
ᠵᠢᠭᠠᠰᠤᠴᠢᠨ᠄ ᠦ᠂ ᠬᠦ᠂ ᠬᠠᠲᠤᠨ ᠬᠠᠭᠠᠨ ᠬᠤᠳᠠᠯ ᠬᠡᠯᠡᠭᠡ ᠦᠭᠡᠢ ᠶ᠋ᠢ ᠪᠢ ᠪᠦᠷ ᠮᠡᠳᠡᠭᠡᠳ ᠪᠠᠢᠭᠰᠠᠨ ᠶᠤᠮ ᠠ᠋᠂
ᠣᠳᠣᠳ ᠲᠠᠢ ᠬᠥᠪᠡᠭᠦᠳ ᠄ ᠪᠢᠳᠡ ᠬᠤᠷᠢᠮ ᠪᠣᠯᠬᠤ ᠠ᠋ᠴᠠ ᠡᠮᠦᠨ᠎ᠡ ᠣᠷᠳᠣᠨ ᠳ᠋ᠤ᠌ ᠠᠮᠵᠢᠵᠤ ᠣᠴᠢᠬᠤ ᠶᠣᠰᠣᠲᠠᠢ
ᠵᠢᠭᠠᠰᠤᠴᠢᠨ᠄ ᠲᠣᠯᠣᠭᠠᠢ ᠪᠠᠨ ᠬᠠᠯᠬᠠᠯᠠᠭᠰᠠᠨ ᠳᠡᠭᠡᠷ᠎ᠡ ᠪᠠᠢᠬ᠎ᠠ᠂ ᠬᠡᠨ ᠳ᠋ᠦ᠍ ᠴᠦ᠍ ᠣᠳᠣ ᠪᠠᠨ ᠬᠠᠷᠠᠭᠤᠯᠵᠤ ᠪᠣᠯᠬᠤ ᠦᠭᠡᠢ ᠰᠢᠦ᠂ ᠪᠢᠳᠡ ᠨᠠᠷ ᠲᠠ ᠬᠣᠶᠠᠷ ᠢ᠋ ᠣᠷᠳᠣᠨ ᠳ᠋ᠤ᠌ ᠬᠦᠷᠭᠡᠵᠦ ᠥᠭᠭᠦᠶ᠎ᠡ᠂
ᠣᠷᠳᠣᠨ ᠳ᠋ᠤ᠌ ᠣᠯᠠᠨ ᠬᠥᠮᠦᠨ ᠬᠤᠷᠠᠨ ᠴᠤᠭᠯᠠᠷᠠᠭᠰᠠᠨ ᠪᠠᠢᠪᠠ᠃ ᠶᠣᠰᠣᠯᠠᠯ ᠢ᠋ ᠪᠦᠭᠦᠳᠡ ᠬᠦᠯᠢᠶᠡᠵᠦ ᠪᠠᠢᠭᠰᠠᠨ ᠴᠤ᠌ ᠡᠵᠡᠨ ᠬᠠᠭᠠᠨ ᠪᠣᠯᠤᠭᠠᠳ ᠣᠷᠳᠣᠨ ᠳ᠋ᠤ᠌ ᠴᠤᠭᠯᠠᠭᠰᠠᠨ ᠬᠥᠮᠦᠰ ᠭᠤᠨᠢᠭᠲᠠᠢ ᠪᠠᠢᠯ᠎ᠠ᠃
ᠮᠥᠷᠢᠺ᠄ ᠴᠢᠮᠡᠭᠡ ᠦᠭᠡᠢ ᠪᠤᠯᠵᠠᠭᠠᠨ᠎ᠠ ᠤᠤ!᠂ ᠡᠵᠡᠨ ᠬᠠᠭᠠᠨ ᠮᠠᠨᠢ ᠮᠢᠨᠦ ᠥᠬᠢᠨ ᠲᠡᠢ ᠭᠡᠷᠯᠡᠬᠦ ᠪᠡᠷ ᠰᠢᠢᠳᠦᠭᠰᠡᠨ ᠭᠡᠳᠡᠭ ᠢ᠋ ᠪᠢᠳᠡ ᠪᠦᠭᠦᠳᠡ ᠮᠡᠳᠡᠵᠦ ᠪᠠᠢᠭ᠎ᠠ᠂ ᠬᠠᠷᠢᠨ ᠣᠳᠣ ᠪᠢᠳᠡ᠂
ᠣᠳᠣᠳ ᠲᠠᠢ ᠬᠥᠪᠡᠭᠦᠳ ᠄ ᠬᠦᠯᠢᠶᠡ! ᠬᠦᠯᠢᠶᠡ ᠠ᠋!
ᠬᠠᠭᠠᠨ᠄ ᠲᠡᠳᠡ᠂ ᠲᠡᠳᠡ ᠬᠡᠨ ᠪᠣᠢ? ᠬᠡᠨ ᠪᠣᠯᠤᠭᠠᠳ ᠮᠢᠨᠢ ᠢᠲᠡᠭᠡᠯᠲᠦ ᠲᠦᠰᠢᠮᠡᠯ ᠦ᠋ᠨ ᠦᠭᠡ ᠶ᠋ᠢ ᠲᠠᠰᠤᠳᠠᠵᠤ ᠵᠢᠷᠦᠬᠡᠯᠡᠵᠦ ᠪᠠᠢᠭ᠎ᠠ ᠶᠤᠮ ᠪᠣᠢ?
ᠣᠳᠣᠳ ᠲᠠᠢ ᠬᠥᠪᠡᠭᠦᠳ ᠄ ᠪᠢᠳᠡ ᠬᠣᠶᠠᠷ ᠪᠣᠯ ᠲᠠᠨ ᠤ᠋ ᠬᠡᠦᠬᠡᠳ ᠦ᠋ᠳ᠂ ᠠᠪᠤ ᠠ᠋ ᠂ ᠲᠠᠨ ᠤ᠋ ᠬᠥᠪᠡᠭᠦᠳ᠂ ᠣᠳᠣᠳ ᠲᠠᠢ ᠢᠬᠡᠷ᠎ᠡ ᠬᠥᠪᠡᠭᠦᠳ
ᠬᠠᠭᠠᠨ᠄ ᠦ ᠡᠨᠡ ᠶᠠᠭᠤ? ᠡᠢᠮᠦ ᠵᠦᠢᠯ ᠪᠠᠢᠵᠤ ᠪᠣᠯᠤᠨ᠎ᠠ ᠭᠡᠵᠢ ᠤᠤ?
ᠣᠳᠣᠳ ᠲᠠᠢ ᠬᠥᠪᠡᠭᠦᠳ ᠄ ᠲᠠᠨ ᠤ᠋ ᠢᠲᠡᠭᠡᠯᠲᠦ ᠲᠦᠰᠢᠮᠡᠯ ᠥᠬᠢᠨ ᠢ᠋ᠶ᠋ᠡᠨ ᠬᠠᠲᠤᠨ ᠬᠠᠭᠠᠨ ᠪᠣᠯᠭᠠᠬᠤ ᠶ᠋ᠢᠨ ᠲᠤᠯᠠᠳᠠ ᠪᠢᠳᠡᠨ ᠢ᠋ ᠦᠬᠦᠭ ᠭᠡᠳ ᠳᠠᠯᠠᠢ ᠳ᠋ᠤ᠌ ᠬᠠᠶᠠᠭᠰᠠᠨ ᠶᠤᠮ᠃ ᠲᠡᠷᠡ ᠲᠠᠨ ᠤ᠋ ᠡᠷᠬᠡ ᠮᠠᠲᠠᠯ ᠢ᠋ ᠪᠤᠯᠢᠶᠠᠬᠤ ᠶ᠋ᠢ ᠬᠦᠰᠡᠳᠡᠭ ᠭᠡᠬᠦ ᠳ᠋ᠦ᠍ ᠪᠡᠨ ᠲᠠᠨ ᠤ᠋ ᠲᠦᠰᠢᠮᠡᠯ ᠪᠢᠳᠡᠨ ᠢ᠋ ᠣᠳᠣᠳ ᠢ᠋ᠶ᠋ᠠᠷ ᠠᠳᠢᠰᠯᠠᠭᠳᠠᠭᠰᠠᠨ ᠭᠡᠳᠡᠭ ᠢ᠋ ᠮᠠᠷᠲᠠᠭᠰᠠᠨ ᠪᠣᠯᠤᠯᠲᠠᠢ᠂ ᠲᠡᠷᠡ ᠪᠢᠳᠡᠨ ᠢ᠋ ᠠᠯᠠᠵᠤ ᠴᠢᠳᠠᠬᠤ ᠦᠭᠡᠢ᠂
ᠬᠠᠭᠠᠨ᠄ ᠮᠥᠷᠢᠺ ᠡᠨᠡ ᠦᠨᠡᠨ ᠭᠡᠵᠡᠢ ᠤᠤ?
ᠮᠥᠷᠢᠺ᠄ ᠦ ᠶᠠᠭᠤ ᠂ ᠪᠢ᠂ ᠪᠢ᠂
ᠬᠠᠭᠠᠨ᠄ ᠡᠭᠦᠨ ᠢ᠋ ᠪᠠᠷᠢᠪᠴᠢᠯᠠ᠂
ᠬᠠᠭᠠᠨ᠄ ᠮᠢᠨᠦ ᠬᠥᠪᠡᠭᠦᠳ ᠲᠡᠢᠮᠦ ᠠ᠋! ᠮᠢᠨᠦ ᠬᠥᠪᠡᠭᠦᠳ
ᠡᠵᠡᠨ ᠬᠠᠭᠠᠨ ᠲᠡᠷᠡ ᠳᠠᠷᠤᠢ ᠳ᠋ᠤ᠌᠂ ᠯᠠᠪᠲ᠋ᠢᠢᠽᠠ ᠤᠷᠤᠭᠤ ᠭᠦᠶᠦᠨ ᠣᠴᠢᠵᠤ ᠭᠢᠨᠲᠠ ᠠ᠋ᠴᠠ ᠰᠤᠯᠠᠯᠠᠵᠠᠢ᠃ᠯᠠᠪᠲ᠋ᠢᠢᠽᠠ ᠬᠥᠪᠡᠭᠦᠳ ᠢ᠋ᠶ᠋ᠡᠨ ᠲᠡᠪᠡᠷᠢᠪᠡ᠃ᠯᠢᠢᠨ ᠣᠳᠣ ᠶ᠋ᠢᠨ ᠵᠥᠪ ᠪᠠᠢᠯ᠎ᠠ᠃ ᠬᠥᠪᠡᠭᠦᠳ ᠰᠠᠢᠬᠠᠨ ᠰᠡᠳᠬᠢᠯ ᠡᠴᠡ ᠲᠥᠷᠥᠨ ᠭᠠᠷᠤᠭᠰᠠᠨ ᠨᠢ ᠰᠠᠢᠨ ᠰᠠᠢᠬᠠᠨ ᠨᠢ ᠬᠡᠵᠢᠶᠡᠳᠡ ᠬᠣᠷᠣᠨ ᠰᠠᠨᠠᠭ᠎ᠠ ᠶ᠋ᠢ ᠳᠡᠢᠯᠳᠡᠭ ᠡᠵᠡᠨ ᠬᠠᠭᠠᠨ ᠬᠠᠲᠤᠨ ᠬᠠᠭᠠᠨ ᠯᠠᠪᠲ᠋ᠢᠢᠽᠠ ᠮᠥᠨ ᠣᠳᠣᠳ ᠲᠠᠢ ᠢᠬᠡᠷ᠎ᠡ ᠬᠥᠪᠡᠭᠦᠳ ᠦ᠋ᠨ ᠲᠤᠰᠠᠯᠠᠮᠵᠢ ᠲᠠᠢ ᠣᠯᠠᠨ ᠵᠢᠯ ᠬᠠᠭᠠᠨᠲᠤ ᠤᠯᠤᠰ ᠢ᠋ᠶ᠋ᠠᠨ ᠤᠳᠤᠷᠢᠳᠴᠠᠢ ᠃
   ᠦᠰᠦᠭ ᠠᠮᠢᠯᠠᠭᠤᠯᠤᠭᠴᠢ᠄ᠰᠠᠢᠠᠠᠥ᠋ᠯᠵᠡᠢ
   ᠦᠰᠦᠭ ᠬᠠᠲᠠᠭᠰᠠᠨ ᠨᠢ᠄ᠭᠠᠸᠠ
   ᠬᠢᠨᠠᠭᠴᠢ ᠪᠠᠭᠰᠢ᠄ᠢᠷᠡᠭᠡᠳᠦᠢ