ᠪᠢᠳᠠ ᠭᠤᠷᠪᠠ – ᠲ ᠂ ᠶᠦᠮᠰᠥ᠋ᠷᠦᠩ Бид гурав – Т ᠂ Юмсүрэн ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠳᠠ ᠭᠤᠷᠪᠠ – ᠲ ᠂ ᠶᠦᠮᠰᠥ᠋ᠷᠦᠩ Бид гурав – Т ᠂ Юмсүрэн

ᠪᠢᠳᠠ ᠭᠤᠷᠪᠠ – ᠲ ᠂ ᠶᠦᠮᠰᠥ᠋ᠷᠦᠩ Бид гурав – Т ᠂ Юмсүрэн

ᠠᠩᠭᠢᠯᠠᠯ:ᠬᠣᠱᠣᠩ ᠱᠣᠭ
2024-03-16

454

ᠪᠢᠳᠠ ᠭᠤᠷᠪᠠ


                            ᠲ· ᠶᠦᠮᠰᠥ᠋ᠷᠦᠩ  
                                 ( ᠱᠣᠭ ᠥᠭᠦᠯᠡᠯᠭᠡ)  

       ᠭᠠᠳᠠᠨ᠎ᠠ ᠠ᠋ᠴᠠ ᠣᠷᠣᠵᠤ ᠢᠷᠡᠲᠡᠯ᠎ᠡ ᠬᠡᠯᠲᠡᠰ ᠦ᠋ᠨ ᠳᠠᠷᠤᠭ᠎ᠠ ᠨᠠᠳᠠ ᠤᠷᠤᠭᠤ ᠬᠠᠨᠳᠤᠨ᠄ 
       — ᠨᠠᠪᠲᠠᠰᠤ ᠬᠥᠳᠥᠰᠥ ᠬᠣᠶᠠᠷ ᠬᠠᠮᠢᠭ᠎ᠠ ᠣᠴᠢᠭᠰᠠᠨ ᠪᠢᠯᠡ ᠭᠡᠯ᠎ᠡ᠃ ᠪᠢ ᠭᠠᠳᠠᠭᠰᠢ ᠪᠠᠨ ᠠᠵᠢᠯ ᠢ᠋ᠶ᠋ᠠᠷ ᠶᠠᠪᠤᠭᠠᠳ ᠢᠷᠡᠭᠰᠡᠨ ᠤᠴᠢᠷ ᠮᠡᠳᠡᠬᠦ ᠦᠭᠡᠢ ᠭᠡᠯ᠎ᠡ᠃ ᠳᠠᠷᠤᠭ᠎ᠠ ᠥᠭᠡᠳᠡ ᠡᠴᠡ ᠮᠢᠨᠢ ᠨᠤᠬᠤᠴᠢᠲᠠᠢᠬᠠᠨ ᠬᠠᠷᠠᠭᠠᠳ᠄ 
       — ᠲᠡᠭᠡᠬᠦ ᠪᠡᠷ ᠢ᠋ᠶ᠋ᠡᠨ ᠴᠢ ᠲᠡᠷᠡ ᠬᠣᠶᠠᠷ ᠢ᠋ ᠲᠦᠷᠭᠡᠬᠡᠨ ᠣᠯᠵᠤ ᠢᠷᠡᠨ᠎ᠡ ᠳᠠ᠂ ᠣᠳᠣ ᠴᠢᠬᠤᠯᠠ ᠬᠤᠷᠠᠯ ᠲᠠᠢ ᠭᠡᠪᠡ᠃  ᠪᠢ ᠬᠠᠳᠬᠤᠭᠤᠯᠤᠭᠰᠠᠨ ᠮᠡᠲᠦ ᠰᠠᠭᠤᠳᠠᠯ ᠠ᠋ᠴᠠ ᠪᠠᠨ ᠣᠭᠯᠣ ᠬᠠᠷᠠᠢᠨ ᠪᠣᠰᠤᠭᠠᠳ ᠭᠠᠳᠠᠭᠰᠢ ᠭᠠᠷᠤᠯ᠎ᠠ᠃ ᠲᠡᠳᠡᠨ ᠢ᠋ ᠬᠠᠶᠠ ᠢᠩᠭᠢᠵᠦ ᠣᠯᠵᠤ ᠢᠷᠡᠳᠡᠭ ᠪᠣᠯᠬᠣᠷ ᠢ᠋ᠶ᠋ᠠᠨ ᠬᠠᠮᠢᠭ᠎ᠠ ᠪᠠᠢᠭ᠎ᠠ ᠪᠣᠯ ᠭᠡᠵᠦ ᠬᠠᠢᠭᠰᠠᠨ ᠦᠭᠡᠢ ᠰᠢᠭᠤᠳᠬᠠᠨ《 ᠰᠣᠯᠣᠩᠭ᠎ᠠ》 ᠷᠧᠰᠲ᠋ᠣᠷᠠᠨ ᠤᠷᠤᠭᠤ ᠠᠯᠬᠤᠯ᠎ᠠ᠃ ᠣᠷᠣᠲᠠᠯ᠎ᠠ ᠮᠠᠨ ᠤ᠋ ᠬᠣᠶᠠᠷ ᠮᠤᠬᠤᠷ ᠤ᠋ᠨ ᠰᠢᠷᠡᠭᠡᠨ ᠳ᠋ᠦ᠍ ᠳᠡᠷᠭᠡᠳᠡ ᠪᠡᠨ ᠬᠡᠳᠦᠨ ᠰᠢᠯ ᠫᠢᠸᠣ᠋ ᠲᠠᠯᠪᠢᠭᠰᠠᠨ ᠪᠠᠢᠪᠠ᠃ ᠪᠢ ᠴᠦ᠍ ᠲᠡᠷᠡ ᠬᠣᠶᠠᠷ ᠤ᠋ᠨ ᠳᠡᠷᠭᠡᠳᠡ ᠬᠦᠷᠴᠦ ᠣᠴᠢᠭᠠᠳ᠄ 
       — ᠶᠠᠪᠤᠶ᠎ᠠ ᠴᠢᠬᠤᠯᠠ ᠬᠤᠷᠠᠯ ᠲᠠᠢ ᠭᠡᠨ᠎ᠡ᠂ ᠬᠡᠯᠲᠡᠰ ᠦ᠋ᠨ ᠳᠠᠷᠤᠭ᠎ᠠ ᠳᠠᠭᠤᠳᠠᠵᠤ ᠪᠠᠢᠨ᠎ᠠ ᠭᠡᠯ᠎ᠡ᠃ ᠨᠠᠪᠲᠠᠰᠤ ᠳᠠᠭᠤ ᠦᠭᠡᠢ ᠰᠢᠷᠡᠭᠡᠨ ᠳᠡᠭᠡᠷ᠎ᠡ ᠭᠠᠷ ᠢ᠋ᠶ᠋ᠠᠨ ᠵᠥᠷᠢᠭᠦᠯᠦᠨ ᠲᠣᠩᠭᠣᠢᠵᠤ ᠰᠠᠭᠤᠭᠰᠠᠨ ᠢ᠋ᠶ᠋ᠠᠨ ᠨᠠᠳᠠ ᠤᠷᠤᠭᠤ ᠡᠷᠭᠢᠵᠦ ᠬᠠᠷᠠᠭᠠᠳ᠄ ​
       — ᠶᠠᠭᠤ ᠭᠡᠯ᠎ᠡ ᠭᠡᠨ᠎ᠡ ᠭᠡᠵᠦ ᠲᠣᠯᠣᠭᠠᠢ ᠪᠠᠨ ᠳᠠᠯᠵᠢᠢᠯᠭᠠᠨ ᠰᠠᠭᠤᠪᠠ᠃ ᠪᠢ ᠥᠨᠥ ᠦᠭᠡ ᠪᠡᠨ ᠠᠬᠢᠨ ᠬᠡᠯᠡᠪᠡ᠃ ᠭᠡᠲᠡᠯ᠎ᠡ ᠬᠥᠳᠥᠰᠥ ᠭᠤᠸᠠᠢ ᠰᠢᠷᠡᠭᠡᠨ ᠦ᠌ ᠨᠥᠭᠦᠭᠡ ᠲᠠᠯ᠎ᠠ ᠠ᠋ᠴᠠ ᠰᠠᠭᠤᠳᠠᠯ ᠳ᠋ᠠᠭᠠᠨ ᠬᠠᠪᠢᠳᠠᠭᠰᠠᠨ ᠢ᠋ᠶ᠋ᠠᠨ᠄ ​
       — ᠵᠠ᠂ ᠲᠡᠭᠡᠭᠡᠳ ᠶᠠᠭᠤᠨ ᠤ᠋ ᠲᠤᠬᠠᠢ ᠬᠤᠷᠠᠯ ᠭᠡᠵᠦ ᠠᠰᠠᠭᠤᠪᠠ᠃ ᠪᠢ᠄ ​
       — ᠵᠠ ᠲᠦᠷᠭᠡᠯᠡᠭᠡᠴᠢ᠂ ᠲᠤᠩ ᠴᠢᠬᠤᠯᠠ ᠬᠤᠷᠠᠯ ᠭᠡᠰᠡᠨ ᠰᠢᠦ ᠳᠡ ᠭᠡᠳ ᠬᠣᠶᠠᠭᠤᠯᠠ ᠶ᠋ᠢᠨ ᠬᠢᠨ ᠭᠠᠷ ᠠ᠋ᠴᠠ ᠬᠥᠲᠥᠯᠪᠡ᠃ ​ 
       ᠨᠠᠪᠲᠠᠰᠤ ᠨᠠᠳᠠ ᠤᠷᠤᠭᠤ ᠤᠷᠢᠳᠤ ᠶ᠋ᠢᠨ ᠶᠠᠩᠵᠤ ᠪᠠᠷ ᠳᠤᠬᠤ ᠪᠠᠷ ᠢ᠋ᠶ᠋ᠠᠨ ᠬᠠᠷᠠᠭᠰᠠᠨ ᠢ᠋ᠶ᠋ᠠᠨ ᠪᠣᠰᠴᠤ ᠨᠢᠭᠡ ᠰᠠᠨᠳᠠᠯᠢ ᠠᠪᠴᠢᠷᠠᠨ᠄《 ᠠᠯᠢᠪ ᠳᠡᠭᠦᠦ ᠮᠢᠨᠢ ᠰᠠᠭᠤ》 ᠭᠡᠪᠡ᠃ ​ ᠪᠢ ᠰᠠᠭᠤᠭᠰᠠᠨ ᠦᠭᠡᠢ᠂ ᠲᠡᠭᠡᠲᠡᠯ᠎ᠡ ᠬᠣᠶᠠᠷ ᠮᠥᠷᠥ ᠤᠷᠤᠭᠤ ᠴᠢᠩᠭ᠎ᠠ ᠳᠠᠷᠤᠨ ᠰᠠᠭᠤᠯᠭᠠᠭᠠᠳ ᠥᠷᠥᠭᠡᠰᠦᠨ ᠭᠠᠷ ᠠ᠋ᠴᠠ ᠪᠠᠷᠢᠴᠢᠬᠠᠪᠠ ᠃ᠲᠡᠭᠡᠭᠡᠳ᠄ ​
       — ᠶᠠᠭᠤ ᠰᠢᠦ ᠭᠦ᠂ ᠴᠢ ᠪᠢᠳᠡ ᠭᠤᠷᠪᠠ ᠨᠢᠭᠡ ᠬᠡᠯᠲᠡᠰ ᠲᠤ ᠭᠤᠷᠪᠠᠨ ᠵᠢᠯ ᠬᠠᠮᠲᠤ ᠠᠵᠢᠯᠯᠠᠯ᠎ᠠ᠂ ᠪᠡᠶ᠎ᠡ ᠪᠠᠶᠠᠨ ᠤ᠋ ᠪᠠᠨ ᠵᠠᠩ ᠢ᠋ ᠵᠦᠭᠡᠷ ᠦᠭᠡᠢ ᠰᠠᠢᠨ ᠮᠡᠳᠡᠨ᠎ᠡ ᠳᠠ᠂ ᠲᠡᠭᠡᠭᠡᠳ ᠴᠢ ᠪᠢᠳᠡ ᠬᠣᠶᠠᠷ᠎ ᠲᠤ ᠢᠩᠭᠢᠵᠦ ᠠᠯᠪᠠᠷᠬᠠᠤ ᠬᠡᠷᠡᠭ ᠪᠠᠢᠨ᠎ᠠ ᠤᠤ? ᠮᠠᠢ ᠡᠭᠦᠨ ᠢ᠋ ᠤᠤᠭᠤ ᠭᠡᠳ ᠠᠶᠠᠭ᠎ᠠ ᠲᠠᠢ ᠫᠢᠸᠣ᠋ ᠶ᠋ᠢ ᠮᠢᠨᠦ ᠠᠮᠠ ᠤᠷᠤᠭᠤ ᠣᠢᠷᠠᠲᠤᠭᠤᠯᠪᠠ᠃ ᠪᠢ ᠤᠤᠭᠤᠵᠤ ᠴᠢᠳᠠᠳᠠᠭ ᠦᠭᠡᠢ ᠪᠡᠨ ᠬᠡᠯᠡᠯ᠎ᠡ᠂ ᠬᠥᠲᠥᠰᠦ ᠬᠠ ᠬᠠ ᠬᠥᠬᠥᠷᠡᠨ᠄ ​
       — ᠪᠢᠳᠡ ᠨᠠᠷ ᠴᠢᠨᠢ ᠬᠠᠶᠠ ᠶᠠᠭᠤᠮ᠎ᠠ ᠤᠤᠭᠤᠵᠤ ᠶᠠᠪᠤᠬᠤ ᠬᠡᠷᠡᠭᠲᠡᠢ ᠶᠦᠮ ᠰᠢᠦ ᠬᠦ᠂ ᠠᠩ ᠭᠡᠪᠡ᠃ ᠲᠡᠭᠡᠲᠡᠯ᠎ᠡ ᠨᠠᠪᠲᠠᠰᠤ ᠪᠠᠬᠢᠮ ᠭᠠᠷ ᠢ᠋ᠶ᠋ᠠᠷ ᠢ᠋ᠶ᠋ᠠᠨ ᠮᠢᠨᠦ ᠰᠢᠯᠢᠨ ᠬᠦᠵᠦᠭᠦᠨ ᠡᠴᠡ ᠴᠢᠩᠭ᠎ᠠ ᠠᠳᠬᠤᠭᠠᠳ ᠨᠥᠭᠦᠭᠡ ᠭᠠᠷ ᠢ᠋ᠶ᠋ᠠᠷ ᠢ᠋ᠶ᠋ᠠᠨ ᠠᠶᠠᠭ᠎ᠠ ᠶ᠋ᠢ ᠠᠮᠠ ᠤᠷᠤᠭᠤ ᠲᠣᠩᠭᠣᠢᠯᠭᠠᠪᠠ᠃ ᠪᠢ ᠬᠠᠷᠴᠠᠭᠠᠢ ᠳ᠋ᠤ᠌ ᠪᠠᠷᠢᠭᠳᠠᠭᠰᠠᠨ ᠪᠣᠯᠵᠣᠮᠣᠷ ᠠᠳᠠᠯᠢ ᠪᠦᠯᠲᠡᠭᠡᠨᠡᠨ ᠬᠠᠬᠠᠵᠤ ᠴᠡᠴᠡᠨ ᠥᠨᠥ ᠠᠢᠷᠠᠭ ᠢ᠋ ᠨᠢ ᠪᠠᠯᠭᠤᠵᠤ ᠡᠬᠢᠯᠡᠪᠡ᠃ ᠬᠡᠳᠦ ᠳᠠᠬᠢᠨ ᠴᠠᠴᠠᠭᠠᠳ ᠠᠷᠠᠢ ᠭᠡᠵᠦ ᠨᠢᠭᠡ ᠤᠤᠭᠤᠵᠤ ᠳᠠᠭᠤᠰᠬᠠᠪᠠ᠃ ᠲᠡᠭᠡᠭᠡᠳ ᠪᠣᠰᠬᠤ ᠭᠡᠲᠡᠯ᠎ᠡ ᠪᠤᠰᠬᠠᠬᠰᠡᠨ ᠦᠭᠡᠢ᠂ ᠪᠣᠰᠢᠭᠣ ᠶᠠᠪᠤᠶ᠎ᠠ ᠭᠡᠪᠡ᠃ ​ 
       ᠬᠥᠳᠥᠰᠥ ᠰᠠᠭᠤᠳᠠᠯ ᠢ᠋ᠶ᠋ᠠᠨ ᠵᠠᠰᠠᠭᠰᠠᠨ ᠢ᠋ᠶ᠋ᠠᠨ᠄ ​
       — ᠵᠠ᠂ ᠲᠡᠭᠡᠭᠡᠳ ᠡᠭᠦᠨ ᠢ᠋ ᠪᠡᠨ ᠤᠤᠭᠤᠭᠠᠳ ᠯᠠ ᠶᠠᠪᠤᠶ᠎ᠠ᠂ ᠨᠢᠭᠡᠨᠲᠡ ᠠᠪᠴᠢᠬᠠᠭᠰᠠᠨ ᠶᠤᠮ ᠠᠰᠬᠠᠯ ᠲᠠᠢ ᠪᠢᠰᠢ ᠭᠡᠪᠡ᠃ ᠨᠠᠪᠲᠠᠰᠤ ᠠᠶᠠᠭ᠎ᠠ ᠲᠠᠢ ᠪᠠᠨ ᠠᠪᠴᠤ ᠳᠠᠬᠢᠨ ᠨᠠᠳᠠ ᠳ᠋ᠤ᠌ ᠥᠭᠪᠡ᠃ ​
       — ᠪᠢ ᠤᠤᠭᠤᠳᠠᠭ ᠦᠭᠡᠢ ᠲᠠ ᠬᠣᠶᠠᠷ ᠮᠡᠳᠡᠨ᠎ᠡ ᠰᠢᠦ ᠳᠡ᠂ ᠣᠳᠣ ᠶᠡᠷᠦ ᠤᠤᠭᠤᠵᠤ ᠴᠢᠳᠠᠬᠤ ᠦᠭᠡᠢ᠂ ᠲᠦᠷᠦᠭᠦᠴᠢ ᠶ᠋ᠢᠨ ᠤᠤᠭᠤᠭᠰᠠᠨ ᠨᠢ ᠪᠤᠴᠠᠵᠤ ᠭᠠᠷᠴᠢᠬᠠᠬᠤ ᠭᠡᠳ ᠪᠠᠢᠨ᠎ᠠ ᠭᠡᠵᠦ ᠤᠴᠢᠷᠯᠠᠪᠠ᠃ ᠨᠠᠪᠲᠠᠰᠤ᠄ ​
       — ᠶᠠᠭᠤ ᠰᠢᠦ ᠳᠡᠭᠦᠦ ᠮᠢᠨᠢ᠂ ᠴᠢ ᠡᠨᠡ ᠪᠠᠢᠭᠤᠯᠤᠯᠭ᠎ᠠ ᠳ᠋ᠤ᠌ ᠢᠷᠡᠭᠡᠳ ᠭᠤᠷᠪᠠᠬᠠᠨ ᠵᠢᠯ ᠪᠣᠯᠵᠤ ᠪᠠᠢᠭ᠎ᠠ ᠰᠢᠦ᠂ ᠴᠢ ᠪᠢᠳᠡ ᠭᠤᠷᠪᠠ ᠠᠪᠳᠠᠭ ᠴᠠᠯᠢᠩ ᠠᠳᠠᠯᠢ᠂ ᠠᠯᠪᠠᠨ ᠲᠤᠰᠢᠶᠠᠯ ᠢᠵᠢᠯᠢ ᠴᠤ᠌ ᠭᠡᠰᠡᠨ ᠬᠣᠶᠠᠷ ᠠᠬ᠎ᠠ ᠴᠢᠨᠢ ᠴᠢᠮ᠎ᠠ ᠠ᠋ᠴᠠ ᠠᠷᠠᠢ ᠣᠯᠠᠨ ᠣᠢᠮᠣᠰᠤ ᠡᠯᠡᠭᠡᠭᠰᠡᠨ ᠢ᠋ ᠮᠠᠷᠲᠠᠬᠤ ᠦᠭᠡᠢ ᠪᠢᠵᠡ ᠳᠡ ᠭᠡᠳ ᠨᠠᠮᠵᠤᠷᠳᠠᠩᠭᠤᠢ ᠬᠠᠷᠠᠪᠠ᠃ ᠪᠢ ᠳᠡᠮᠡᠢ ᠯᠡ ᠢᠷᠪᠠᠢᠨ᠄ 
       ​— ᠤᠤᠭᠤᠬᠤ ᠦᠭᠡᠢ ᠤᠤᠭᠤᠬᠤ ᠦᠭᠡᠢ ᠭᠡᠳ ᠲᠣᠯᠣᠭᠠᠢ ᠰᠡᠭᠰᠦᠷᠦᠯ᠎ᠡ᠃ ᠲᠡᠭᠡᠲᠡᠯ᠎ᠡ ᠠᠶᠠᠭ᠎ᠠ ᠲᠠᠢ ᠶ᠋ᠢ ᠰᠢᠭᠤᠳᠬᠠᠨ ᠠᠪᠴᠤ ᠠᠮᠠ ᠤᠷᠤᠭᠤ ᠮᠢᠨᠢ ᠲᠣᠩᠭᠣᠢᠯᠭᠠᠪᠠ᠃ ᠨᠢᠳᠦᠨ ᠡᠴᠡ ᠨᠢᠯᠪᠤᠰᠤ ᠭᠠᠷᠴᠤ ᠬᠠᠬᠠᠵᠤ ᠴᠡᠴᠡᠨ ᠠᠷᠠᠢ ᠭᠡᠵᠦ ᠵᠠᠯᠭᠢᠯᠠᠯ᠎ᠠ᠃ ᠬᠥᠳᠥᠰᠥ ᠭᠤᠸᠠᠢ᠄ ​
       — ᠵᠠ᠂ ᠴᠢ ᠬᠡᠳᠦᠨ ᠬᠣᠷᠣᠮ ᠲᠠᠭ ᠳᠠᠭᠤ ᠦᠭᠡᠢ ᠬᠦᠯᠢᠶᠡᠵᠦ ᠪᠠᠢ᠂ ᠪᠢᠳᠡ ᠬᠣᠶᠠᠷ ᠭᠤᠷᠪᠠᠬᠠᠨ ᠦᠭᠡ ᠰᠣᠯᠢᠭᠠᠳ ᠤᠷᠭᠢᠶ᠎ᠠ ᠭᠡᠳ ᠢᠨᠢᠶᠡᠪᠡ᠃ ​ 
       ᠪᠢ ᠶᠠᠭᠠᠬᠢᠵᠤ ᠪᠣᠯᠤᠭᠰᠠᠨ ᠦᠭᠡᠢ ᠳᠠᠭᠤ ᠦᠭᠡᠢᠬᠡᠨ ᠰᠠᠭᠤᠵᠤ ᠪᠠᠢᠪᠠ᠃ ᠲᠡᠭᠡᠲᠡᠯ᠎ᠡ ᠨᠠᠪᠲᠠᠰᠤ᠄ ​
       — ᠶᠠᠭᠤ ᠰᠢᠦ ᠬᠦ᠂ ᠲᠡᠭᠡᠬᠦ ᠪᠡᠷ ᠮᠠᠨ ᠤ᠋ ᠬᠣᠲᠠ ᠡᠳᠦᠷ ᠡᠴᠡ ᠡᠳᠦᠷ ᠢᠷᠡᠬᠦ ᠲᠣᠰᠤᠮ ᠤᠯᠠᠮ ᠰᠠᠢᠬᠠᠨ ᠪᠣᠯᠵᠤ ᠪᠠᠢᠨ᠎ᠠ᠂ ᠬᠠᠢ ᠳᠠ ᠡᠨᠡ ᠰᠢᠨ᠎ᠡ ᠬᠣᠷᠢᠶᠠᠯᠠᠯ ᠤᠤ ᠭᠡᠳ ᠨᠢᠳᠦ ᠠᠨᠢᠭᠰᠠᠨ ᠢ᠋ᠶ᠋ᠠᠨ᠄ ​
       — ᠬᠠᠷᠢᠨ ᠬᠣᠲᠠ ᠳ᠋ᠤ᠌ ᠭᠤᠸᠠᠩᠵᠠ᠂ ᠬᠠᠯᠠᠭᠤᠨ ᠤᠰᠤ ᠶ᠋ᠢ ᠲᠤᠩ ᠣᠯᠠᠰᠢᠷᠠᠭᠤᠯᠵᠤ᠂ ᠬᠣᠷᠢᠨ ᠳᠥᠷᠪᠡᠨ ᠴᠠᠭ ᠤ᠋ᠨ ᠦᠢᠯᠡᠴᠢᠯᠡᠭᠡ ᠲᠡᠢ ᠪᠣᠯᠭᠠᠪᠠᠯ ᠬᠠᠢ ᠮᠥᠨ ᠰᠠᠢᠬᠠᠨ ᠪᠣᠯᠤᠨ᠎ᠠ ᠳᠠ᠃ ᠭᠤᠸᠠᠩᠵᠠᠨ ᠤ᠋ ᠦᠢᠯᠡᠴᠢᠯᠡᠭᠴᠢ᠂ ᠳᠡᠯᠭᠡᠭᠦᠷ ᠦ᠋ᠨ ᠬᠤᠳᠠᠯᠳᠤᠭᠴᠢ᠂ ᠠᠦ᠋ᠲ᠋ᠣᠪᠦ᠋ᠰ ᠦ᠋ᠨ ᠮᠥᠩᠭᠥ ᠬᠤᠷᠢᠶᠠᠭᠴᠢᠳ ᠤ᠋ᠨ ᠠᠭᠠᠰᠢ ᠦᠢᠯᠡᠴᠢᠯᠡᠭᠡ ᠭᠡᠪᠡᠯ ᠠᠷᠠᠢ ᠯᠠ ᠨᠢᠭᠡ ᠲᠠᠮᠡᠢᠬᠡᠨ ᠪᠠᠢᠬᠤ ᠪᠣᠢ᠂ ᠲᠡᠳᠡ ᠨᠠᠷ ᠤ᠋ᠨ ᠬᠠᠷᠠᠴᠠᠨ ᠤ᠋ ᠰᠢᠷᠦᠭᠦᠨ᠂ ᠠᠭᠠᠰᠢᠨ ᠤ᠋ ᠮᠠᠭᠤᠬᠠᠢ ᠶ᠋ᠢ ᠶᠠᠭᠠᠬᠢᠨ᠎ᠠ᠂ ᠫᠧᠢ ᠭᠡᠳ ᠨᠢᠳᠦ ᠪᠡᠨ ᠠᠨᠢᠯ᠎ᠠ᠃ ᠬᠥᠳᠥᠰᠥ ᠭᠤᠸᠠᠢ ᠡᠢᠨ ᠶᠠᠷᠢᠯ᠎ᠠ᠄ ​
       — ᠵᠠ ᠨᠠᠪᠲᠠᠰᠤ ᠮᠢᠨᠢ ᠶᠠᠭᠤᠮ᠎ᠠ ᠶ᠋ᠢ ᠶᠠᠷᠢᠬᠤ ᠳ᠋ᠤ᠌ ᠤᠴᠢᠷ ᠪᠣᠢ᠂ ᠴᠢ ᠪᠢᠳᠡ ᠬᠣᠶᠠᠷ ᠡᠨᠳᠡ ᠢᠩᠭᠢᠵᠦ ᠳᠡᠮᠡᠢ ᠶᠠᠷᠢᠳᠠᠭ ᠴᠤ᠌ ᠶᠠᠭᠠᠬᠢᠬᠤᠪ᠂ ᠪᠢᠳᠡ ᠥᠨᠥᠳᠥᠷ ᠵᠢᠭᠠᠬᠠᠨ ᠢᠰᠬᠦᠯᠡᠩ ᠶᠠᠭᠤᠮ᠎ᠠ ᠤᠤᠭᠤᠴᠢᠬᠠᠭᠰᠠᠨ ᠦᠶ᠎ᠡ ᠳ᠋ᠡᠭᠡᠨ ᠢᠩᠭᠢᠵᠦ ᠶᠠᠷᠢᠬᠤ ᠬᠡᠷᠡᠭ ᠠᠯᠠᠭ᠎ᠠ᠂ ᠴᠢ ᠮᠠᠷᠭᠠᠰᠢ ᠡᠷᠡᠭᠦᠯ ᠳ᠋ᠡᠭᠡᠨ ᠬᠣᠲᠠ ᠶ᠋ᠢᠨ ᠵᠠᠬᠢᠷᠭᠠᠨ ᠳ᠋ᠤ᠌ ᠣᠴᠢᠭᠠᠳ ᠬᠡᠯᠡ᠃ ᠡᠰᠡᠪᠡᠯ ᠰᠣᠨᠢᠨ ᠳ᠋ᠤ᠌ ᠰᠠᠶ᠋ᠢᠬᠠᠨ  ᠪᠠᠷᠢᠮᠲᠠ ᠳᠤᠷᠠᠳᠤᠭᠠᠳ ᠥᠭᠦᠯᠡᠯ ᠪᠢᠴᠢᠵᠦ ᠣᠷᠬᠢ ᠭᠡᠪᠡ᠃ ᠨᠠᠪᠲᠠᠰᠤ ᠲᠠᠭᠠᠵᠠ ᠥᠭᠡᠳᠡ ᠬᠡᠰᠡᠭ ᠬᠠᠷᠠᠭᠰᠠᠨ ᠶ᠋ᠢᠠᠨ᠄
       — ᠶᠠᠭᠤ ᠰᠢᠦ ᠬᠦ᠋᠂ ᠲᠡᠭᠡᠬᠦ ᠪᠡᠷ ᠴᠢᠨᠢ ᠠᠷᠠᠢ ᠲᠤᠰᠠᠲᠠᠢ ᠶᠤᠮ ‍ᠤᠤ ᠳ᠋ᠠ᠂ ᠰᠣᠨᠢᠨ ᠳ᠋ᠤ᠌ ᠪᠢᠴᠢᠬᠦ ᠪᠡᠷ ᠴᠢᠨᠢ ᠬᠥᠮᠦᠨ ᠠᠮᠢᠲᠠᠨ ‍ᠤ ᠨᠡᠷ᠎ᠡ ᠤᠰᠤ ᠳᠤᠷᠠᠳᠬᠤ ᠪᠣᠯᠤᠨ᠎ᠠ᠂ ᠲᠡᠭᠡᠬᠦ ᠪᠡᠷ ᠠᠮᠢᠲᠠᠨ ᠲᠠᠢ ᠥᠰᠢᠲᠡᠨ ᠪᠣᠯᠤᠨ᠎ᠠ᠃ ᠲᠡᠭᠡᠭᠡᠳ ᠯᠡ ᠬᠥᠮᠦᠨ ‍ᠦ ᠮᠠᠭᠤ ᠦᠵᠡᠭᠰᠡᠨ ᠬᠥᠮᠦᠨ ᠳ᠋ᠤ᠌ ᠬᠡᠨ ᠰᠠᠶ᠋ᠢᠨ ᠪᠠᠶ᠋ᠢᠬᠤᠪ ᠳ᠋ᠠ ᠡᠩ ᠭᠡᠳ ᠠᠮᠠ ᠪᠠᠨ ᠲᠣᠮᠣ ᠠᠩᠭᠠᠶ᠋ᠢᠭᠠᠳ ᠪᠢᠳᠡ ᠬᠣᠶᠠᠷ ᠤᠷᠤᠭᠤ ᠡᠭᠡᠯᠵᠢᠯᠡᠨ ᠬᠠᠷᠠᠯ᠎ᠠ᠃ ᠬᠥᠲᠥᠰᠦ᠄ ᠬᠥᠮᠥᠰᠬᠡ ᠠᠲᠤᠷᠢᠭᠤᠯᠤᠨ ᠠᠶᠠᠷᠬᠠᠨ ᠰᠠᠨᠠᠭ᠎ᠠ ᠠᠯᠳᠠᠯ᠎ᠠ᠃
       — ᠵᠠ᠂ ᠴᠢ ᠦᠨᠡᠬᠡᠷ ᠬᠣᠲᠠ ᠶ᠋ᠢᠨ ᠶ᠋ᠢᠡᠨ ᠰᠠᠶ᠋ᠢᠨ ᠰᠠᠶ᠋ᠢᠬᠠᠨ ‍ᠤ ᠲᠥᠯᠥᠭᠡ ᠰᠠᠨᠠᠭ᠎ᠠ ᠲᠠᠯᠪᠢᠳᠠᠭ ᠶᠤᠮ ᠪᠣᠯ ᠡᠨᠳᠡ ᠢᠩᠭᠢᠵᠦ ᠶᠠᠷᠢᠵᠤ ᠪᠠᠶ᠋ᠢᠬᠤ ᠶ᠋ᠢᠨ ᠣᠷᠣᠨ ᠳ᠋ᠤ᠌ ᠡᠭᠦᠨ ᠊ᠢ ᠪᠡᠨ ᠠᠵᠢᠯ ᠪᠣᠯᠭᠠᠬᠤ ᠶᠠᠭᠤᠮ᠎ᠠ ᠬᠢᠭᠡᠴᠢ ᠬᠦ᠋᠂ ᠬᠥᠮᠦᠨ ᠲᠡᠢ ᠡᠪ ᠳᠥᠨᠵᠢᠨ ᠲᠠᠰᠤᠷᠠᠬᠤ ᠦᠭᠡᠢ ᠶ᠋ᠢ ᠬᠠᠷᠠᠭᠠᠳ ᠶᠠᠪᠤᠪᠠᠯ ᠠᠯᠢᠪᠠ ᠶᠠᠭᠤᠮ᠎ᠠ ᠮᠥᠨ ᠯᠡ ᠬᠡᠴᠡᠭᠦᠦ ᠪᠣᠯᠤᠨ᠎ᠠ ᠳ᠋ᠠ ᠭᠡᠳ ᠳᠣᠭᠣᠭᠢᠲᠠᠢ ᠨᠢ ᠠᠷᠭ᠎ᠠ ᠦᠭᠡᠢ ᠢᠨᠢᠶᠡᠪᠡ᠃ ᠨᠠᠪᠲᠠᠰᠤ ᠭᠤᠸᠠᠢ ᠨᠢᠳᠦ ᠪᠡᠨ ᠪᠦᠯᠲᠡᠭᠡᠨᠡᠭᠦᠯᠦᠨ᠄
       — ᠶᠠᠭᠤ ᠰᠢᠦ ᠬᠦ᠋᠃ ᠶᠠᠭᠤᠮ᠎ᠠ ᠪᠦᠷᠢ ᠳ᠋ᠤ᠌ ᠦᠨᠡᠨᠴᠢ ᠪᠡᠷ ᠬᠠᠨᠳᠤᠵᠤ ᠪᠣᠯᠬᠤ ᠦᠭᠡᠢ᠂ ᠥᠪᠡᠷ ᠦ᠋ᠨ ᠲᠣᠯᠣᠭᠠᠢ ᠲᠠᠢ ᠬᠣᠯᠪᠣᠭᠠᠲᠠᠢ ᠶᠠᠭᠤᠮ᠎ᠠ ᠪᠣᠯ ᠠᠮᠠ ᠪᠠᠨ ᠪᠠᠷᠢᠭᠠᠳ ᠪᠡᠶ᠎ᠡ ᠪᠡᠨ ᠵᠠᠶ᠋ᠢᠯᠠᠭᠤᠯᠤᠭᠠᠳ ᠪᠠᠶ᠋ᠢᠬᠤ ᠨᠢ ᠳᠡᠭᠡᠷ᠎ᠡ ᠳ᠋ᠡ᠂ ᠴᠢ ᠪᠣᠳᠣᠭᠠᠳ ᠦᠵᠡᠭᠴᠢ᠂ ᠡᠨᠡ ᠪᠠᠶ᠋ᠢᠭᠤᠯᠭ᠎ᠠ ᠳ᠋ᠤ᠌ ᠨᠠᠳᠠ ᠲᠠᠢ ᠬᠠᠮᠠᠷ ᠦ᠋ᠨ ᠦᠵᠦᠭᠦᠷ ᠮᠤᠷᠤᠶ᠋ᠢᠬᠰᠠᠨ ᠬᠥᠮᠦᠨ ᠳᠠᠩᠴᠤ ᠪᠠᠶ᠋ᠢᠬᠤ ᠦᠭᠡᠢ ᠳ᠋ᠠ᠃ ᠲᠡᠭᠡᠭᠡᠳ ᠴᠦ᠍ ᠬᠥᠮᠦᠰ ᠨᠠᠳᠠ ᠲᠠᠢ ᠮᠠᠭᠤ ᠦᠭᠡᠢ ᠰᠢᠦ ᠬᠦ᠋᠂ ᠪᠢ ᠲᠠ ᠨᠠᠷ ᠠ᠋ᠴᠠ ᠬᠠᠮᠤᠭ ᠦ᠋ᠨ ᠲᠦᠷᠦᠭᠦᠨ ᠪᠠᠶ᠋ᠢᠷᠢᠨ ᠳ᠋ᠤ᠌ ᠣᠷᠣᠯ᠎ᠠ᠂ ᠡᠨᠡ ᠴᠢᠨᠢ ᠡᠭᠦᠨ ‍ᠦ ᠯᠡ ᠠᠴᠢ ᠳ᠋ᠠ ᠭᠡᠪᠡ᠃ ᠬᠥᠲᠥᠰᠦ᠄ ᠬᠡᠩ ᠭᠡᠵᠦ ᠳᠠᠭᠤ ᠠᠯᠳᠠᠭᠰᠠᠨ ᠶ᠋ᠢᠠᠨ᠄
       — ᠵᠠ᠂ ᠴᠢᠮ᠎ᠠ ᠰᠢᠭ᠋ ᠢᠩᠭᠢᠵᠦ ᠶᠠᠪᠤᠪᠠᠯ ᠬᠡᠴᠡᠭᠦᠦ ᠬᠡᠷᠡᠭ ᠪᠠᠶ᠋ᠢᠨ᠎ᠠ ᠳ᠋ᠠ᠂ ᠬᠠ ᠬᠠ ᠬᠠ ᠭᠡᠳ ᠵᠢᠭᠠᠬᠠᠨ ᠬᠥᠬᠥᠷᠡᠪᠡ᠃ ᠨᠠᠪᠲᠠᠰᠤ ᠨᠢᠳᠦ ᠪᠡᠨ ᠠᠨᠢᠨ ᠪᠣᠳᠣᠯᠬᠢᠯᠠᠭᠰᠠᠨ ᠶ᠋ᠢᠠᠨ᠄
       — ᠶᠠᠭᠤ ᠰᠢᠦ ᠬᠦ᠋᠂ ᠶᠠᠭ ᠦᠨᠡᠨ ᠰᠢᠦ᠂ ᠡᠨᠡ ᠠᠮᠢᠳᠤᠷᠠᠯ ᠭᠡᠳᠡᠭ ᠴᠢᠨᠢ ᠤᠴᠢᠷᠲᠠᠢ ᠬᠦ᠋ ᠭᠡᠳ ᠨᠢᠳᠦ ᠪᠡᠨ ᠲᠣᠮᠣ ᠪᠣᠯᠭᠠᠨ ᠪᠥᠬᠥᠶ᠋ᠢᠨ ᠳᠣᠭᠣᠰᠢ ᠪᠣᠯᠤᠭᠰᠠᠨ ᠶ᠋ᠢᠠᠨ᠄    
       —  ᠳ᠋ᠠᠰᠢ ᠶ᠋ᠢ ᠬᠠᠷᠠ ᠳ᠋ᠠ ᠬᠦ᠋᠂ ᠠᠵᠤ ᠠᠬᠤᠢ ᠶ᠋ᠢᠨ ᠳᠠᠷᠤᠭ᠎ᠠ ᠳ᠋ᠣᠪᠴᠢᠨ ᠊ᠢ ᠨᠢᠭᠡ ᠤᠳᠠᠭ᠎ᠠ ᠰᠢᠭᠦᠮᠵᠢᠯᠡᠴᠢᠬᠡᠭᠰᠡᠨ ᠡᠴᠡ ᠬᠣᠶ᠋ᠢᠰᠢ ᠰᠠᠭᠤᠴᠠᠨ ᠳ᠋ᠤ᠌ ᠶᠡᠷᠦ ᠣᠷᠣᠬᠤ ᠦᠭᠡᠢ ᠪᠠᠶ᠋ᠢᠭ᠎ᠠ ᠶ᠋ᠢ ᠬᠠᠷᠠᠭ᠎ᠠ ᠪᠢᠵᠡ᠂ ᠡᠨᠡ ᠴᠢᠨᠢ ᠤᠤᠯ ᠨᠢ ᠮᠠᠨ ᠪ‍ ᠪᠠᠶ᠋ᠢᠭᠤᠯᠬ᠋᠎ᠠ ᠳ᠋ᠤ᠌ ᠤᠲ‍ᠠᠭᠰᠠᠨ ᠪᠢᠲ‍ᠡᠨ ᠡᠴᠡ ᠲᠦᠷᠦᠭᠦᠨ ᠰᠠᠭᠤᠴᠠᠨ ᠳ᠋ᠤ᠌ ᠣᠷᠣᠬᠤ ᠬᠥᠮᠦᠨ ᠪᠠᠶ᠋ᠢᠬᠰᠠᠨ ᠶᠤᠮ ᠳ᠋ᠠ ᠭᠡᠵᠦ ᠶᠠᠷᠢᠯ᠎ᠠ᠃ ᠬᠥᠲᠥᠰᠦ᠄    
       — ᠵᠠ ᠴᠢᠮ᠎ᠠ ᠰᠢᠭ᠋ ᠢᠩᠭᠢᠵᠦ ᠶᠠᠪᠤᠵᠤ ᠪᠠᠶ᠋ᠢᠷᠢᠨ ᠳ᠋ᠤ᠌ ᠣᠷᠣᠭᠰᠠᠨ ᠳ᠋ᠤ᠌ ᠣᠷᠣᠪᠠᠯ ᠪᠠᠶ᠋ᠢᠷᠢ ᠦᠭᠡᠢ ᠶᠠᠪᠤᠭᠰᠠᠨ ᠨᠢ ᠬᠣᠯᠠ ᠳᠡᠭᠡᠷ᠎ᠡ ᠬᠦ᠋ ᠭᠡᠳ ᠬᠥᠮᠥᠰᠬᠡ ᠪᠡᠨ ᠵᠠᠩᠭᠢᠤ‍ᠠᠪᠠ᠃ ᠨᠠᠪᠲᠠᠰᠤ ᠠᠮᠠ ᠪᠠᠨ ᠠᠩᠭᠠᠶ᠋ᠢᠨ᠄   
       — ᠠᠢ ᠬᠥᠲᠥᠰᠦ ᠮᠢᠨᠢ ᠲᠡᠭᠡᠵᠦ ᠶᠠᠭᠠᠬᠢᠬᠰᠠᠨ ᠴᠤ᠌ ᠪᠣᠯᠬᠤ ᠦᠭᠡᠢ᠂ ᠶᠠᠭᠤᠮ᠎ᠠ ᠶ᠋ᠢ ᠠᠷᠭᠠᠯᠠᠵᠤ ᠬᠥᠮᠦᠰ ᠊ᠢ ᠬᠠᠭᠤᠷᠴᠤ ᠶᠠᠪᠤ ᠭᠡᠳ ᠨᠢᠳᠦ ᠪᠡᠨ ᠠᠨᠢᠨ ᠭᠡᠲ‍ᠡᠶ᠋ᠢᠯ᠎ᠡ᠃ ᠬᠥᠲᠥᠰᠦ ᠭᠤᠸᠠᠢ᠄  
       — ᠶᠣᠰᠣᠲᠠᠢ ᠶᠠᠭᠤᠮ᠎ᠠ ᠶᠣᠰᠣ ᠪᠠᠷ ᠶ᠋ᠢᠠᠨ ᠪᠠᠶ᠋ᠢᠪᠠᠯ ᠪᠣᠯᠵᠤ ᠭᠡᠳ ᠣᠬᠤᠰᠬᠢᠨ ᠪᠣᠰᠴᠤ ᠡᠭᠦᠳᠡ ᠤᠷᠤᠭᠤ ᠠᠯᠬᠤᠪᠠ᠃ ᠪᠢᠳᠡ ᠭᠤᠷᠪᠠ ᠭᠠᠲ‍ᠠᠬ᠋᠎ᠠ ᠭᠠᠷᠴᠤ ᠢᠷᠡᠪᠡᠯ ᠴᠠᠭ ᠲᠠᠯᠢ᠊ᠢ᠍ᠵᠠᠢ᠃   
       — ᠬᠤᠷᠠᠯ ᠲᠠᠷᠬᠠᠭᠰᠠᠨ ᠪᠠᠶ᠋ᠢᠬ᠎ᠠ᠁ ᠲᠠ ᠬᠣᠶᠠᠷ ᠠ᠋ᠴᠠ ᠪᠣᠯᠤᠯ᠎ᠠ ᠭᠡᠵᠦ ᠪᠢ ᠬᠡᠯᠡᠯ᠎ᠡ᠃ ᠨᠠᠪᠲᠠᠰᠤ ᠭᠤᠸᠠᠢ᠄ 
       — ᠶᠠᠭᠤ ᠰᠢᠦ ᠬᠦ᠋᠂ ᠬᠣᠵᠢᠮᠲ‍ᠠᠭᠰᠠᠨ ᠭᠡᠰᠡᠨ ᠶᠠᠪᠤᠭᠠᠳ ᠣᠴᠢᠶ᠎ᠠ᠂ ᠲᠡᠭᠡᠪᠡᠯ ᠲᠣᠯᠣᠭᠠᠢ ᠳᠡᠭᠡᠷ᠎ᠡ ᠪᠠᠭᠤᠬᠤ ᠵᠢᠮᠡᠯᠡᠯ ᠠᠷᠠᠢ ᠭᠡᠵᠦ ᠯᠡ ᠬᠥᠩᠭᠡᠷᠡᠨ᠎ᠡ ᠭᠡᠳ ᠲᠡᠷᠢᠭᠦᠯᠡᠨ ᠠᠯᠬᠤᠪᠠ᠃ ᠲᠡᠭᠡᠲᠡᠯ᠎ᠡ ᠬᠥᠲᠥᠰᠦ ᠭᠤᠸᠠᠢ᠄   
       —  ᠵᠠ ᠬᠤᠷᠠᠯ ᠨᠢᠭᠡᠨᠲᠡ ᠲᠠᠰᠤᠯᠠᠭᠰᠠᠨ ᠠ᠋ᠴᠠ ᠴᠠᠭᠠᠰᠢ ᠣᠴᠢᠭᠠᠳ ᠴᠤ᠌ ᠶᠠᠭᠠᠬᠢᠬᠤᠪ᠂ ᠣᠳᠣ ᠭᠡᠷ ᠭᠡᠷ ᠤᠷᠤᠭᠤ ᠪᠠᠨ ᠶᠠᠪᠤᠶ᠎ᠠ᠂ ᠮᠠᠷᠭᠠᠰᠢ ᠯᠡ ᠶᠠᠯ᠎ᠠ ᠵᠢᠮᠡᠯᠡᠯ ᠬᠦᠯᠢᠶᠡᠬᠦ ᠪᠣᠯᠵᠤ ᠭᠡᠳ ᠡᠷᠭᠢᠵᠦ ᠠᠯᠬᠤᠪᠠ᠃ ᠪᠢ ᠬᠠᠮᠢᠭᠠᠰᠢ ᠪᠠᠨ ᠶᠠᠪᠤᠬᠤ ᠤᠴᠢᠷ ᠶ᠋ᠢᠠᠨ ᠣᠯᠬᠤ ᠦᠭᠡᠢ ᠳᠤᠮᠳᠠ ᠨᠢ ᠡᠷᠭᠢᠯᠲ‍ᠦᠵᠦ ᠪᠠᠶ᠋ᠢᠲᠠᠯ᠎ᠠ ᠨᠠᠪᠲᠠᠰᠤ ᠡᠷᠭᠢᠨ ᠬᠠᠷᠠᠭᠠᠳ᠄    
       — ᠶᠠᠭᠤ ᠰᠢᠦ ᠬᠦ᠋᠂᠂ ᠴᠣᠶ᠋ᠢᠵᠢᠨ ᠴᠢ᠂ ᠪᠢᠳᠡ ᠬᠣᠶᠠᠷ ᠊ᠢ ᠣᠯᠵᠤ ᠢᠷᠡᠬᠦ ᠭᠡᠳ ᠭᠠᠷᠤᠭᠰᠠᠨ ᠬᠥᠮᠦᠨ ᠥᠪᠡᠷ ᠶ᠋ᠢᠡᠨ ᠣᠴᠢᠬᠤ ᠪᠣᠯ ᠬᠡᠯᠡ ᠠᠮᠠᠨ ᠳ᠋ᠤ᠌ ᠣᠷᠣᠵᠤ ᠭᠦᠢᠴᠡᠨ᠎ᠡ ᠰᠢᠦ ᠭᠡᠵᠦ ᠬᠡᠯᠡᠬᠦ ᠳ᠋ᠤ᠌᠂ ᠪᠢ᠄  
       — ᠨᠡᠭᠡᠷᠡᠨ ᠴᠦ᠍ ᠲᠡᠭᠡᠬᠦ ᠪᠣᠯᠪᠠ ‍ᠤᠤ ᠭᠡᠵᠦ ᠰᠠᠨᠠᠨ ᠠᠵᠢᠯ ᠤᠷᠤᠭᠤ ᠪᠠᠨ ᠶᠠᠪᠤᠪᠠ᠃ ᠬᠦᠷᠴᠦ ᠣᠴᠢᠪᠠᠯ ᠬᠤᠷᠠᠯ ᠡᠷᠲᠡ ᠲᠠᠷᠬᠠᠵᠠᠢ᠃ ᠲᠡᠭᠡᠲᠡᠯ᠎ᠡ ᠨᠠᠪᠲᠠᠰᠤ ᠭᠤᠸᠠᠢ ᠠᠯᠠᠬ᠋᠎ᠠ ᠪᠣᠯᠴᠢᠬᠠᠪᠠ᠃ ᠪᠢ ᠨᠠᠯᠢᠶᠠᠨ ᠬᠦᠯᠢᠶᠡᠵᠦ ᠰᠠᠭᠤᠭᠰᠠᠨ ᠠᠪᠠᠴᠤ ᠭᠠᠷᠴᠤ ᠢᠷᠡᠳᠡᠭ ᠦᠭᠡᠢ᠃ ᠪᠢ ᠳᠡᠭᠡᠭᠰᠢ ᠭᠠᠷᠴᠤ ᠥᠪᠡᠷ ᠦ᠋ᠨ ᠶ᠋ᠢᠡᠨ ᠡᠭᠦᠲ‍ᠡᠨ ᠳ᠋ᠤ᠌ ᠢᠷᠡᠪᠡᠯ ᠬᠡᠨ ᠨᠢᠭᠡ ᠬᠥᠮᠦᠨ᠄  
       — ᠳᠠᠷᠤᠬ᠋᠎ᠠ ᠡ᠂ ᠮᠠᠨ ᠪ‍ ᠬᠥᠲᠥᠰᠦ ᠴᠣᠶ᠋ᠢᠵᠢᠨ ᠪᠢᠳᠡ ᠭᠤᠷᠪᠠ ᠬᠠᠮᠲᠤ ᠶᠠᠪᠤᠭᠰᠠᠨ ᠶᠤᠮ ᠡ᠂ ᠲᠡᠭᠡᠭᠡᠳ ᠨᠥᠭᠦᠭᠡ ᠬᠣᠶᠠᠷ ᠮᠠᠨᠢ ᠬᠣᠴᠣᠷᠴᠢᠬᠠᠭᠰᠠᠨ᠂ ᠪᠢ ᠶᠠᠭᠠᠷᠠᠭᠰᠠᠭᠠᠷ ᠶᠠᠪᠤᠭᠠᠳ ᠢᠷᠡᠲᠡᠯ᠎ᠡ ᠬᠤᠷᠠᠯ ᠲᠠᠷᠬᠠᠴᠢᠬᠠᠵᠠᠢ᠃ ᠠᠭᠤᠴᠢᠯᠠᠭᠠᠷᠠᠢ ᠳ᠋ᠠ ᠳᠠᠷᠤᠬ᠋᠎ᠠ ᠮᠢᠨᠢ᠂ ᠮᠢᠨᠦ ᠪᠤᠷᠤᠭᠤ ᠭᠡᠳ ᠶᠠᠷᠢᠵᠤ ᠪᠤᠢ ᠳᠤᠭᠤᠯᠲ‍ᠠᠨ᠎ᠠ᠃ ᠱᠠᠭᠠᠶ᠋ᠢᠵᠤ ᠬᠠᠷᠠᠪᠠᠯ ᠨᠠᠪᠲᠠᠰᠤ ᠭᠤᠸᠠᠢ ᠪᠠᠶ᠋ᠢᠪᠠ᠃     
       ᠪᠢ ᠦᠭᠡ ᠳᠤᠤᠭᠠᠷᠴᠤ ᠴᠢᠲ‍ᠠᠭᠰᠠᠨ ᠦᠭᠡᠢ᠃ ᠮᠠᠷᠭᠠᠰᠢ ᠥᠷᠯᠥᠭᠡ ᠢᠷᠡᠬᠦ ᠳ᠋ᠤ᠌ ᠬᠥᠲᠥᠰᠦ ᠭᠤᠸᠠᠢ ᠪᠢᠳᠡ ᠬᠣᠶᠠᠷ ᠊ᠢ ᠠᠷᠢᠬᠢ ᠤᠤᠭᠤᠵᠤ ᠰᠠᠨᠠᠬ᠋᠎ᠠ ᠲᠠᠢ ᠬᠤᠷᠠᠯ ᠲᠠᠰᠤᠯᠲ‍ᠠᠭᠰᠠᠨ ᠭᠡᠳ ᠳᠣᠩᠭᠣᠤ‍ᠠᠴᠤ ᠨᠠᠪᠲᠠᠰᠤ ᠭᠤᠸᠠᠢ ᠰᠠᠨᠠᠭᠤᠯᠬ᠋᠎ᠠ ᠠᠪᠴᠤ ᠪᠢᠯᠡ᠃

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠠᠯᠲᠠᠨᠴᠢᠮᠡᠭ᠂ ᠣᠳᠣᠨᠬᠤᠸᠠᠷ  
        ᠬᠢᠨᠠᠭ᠍ᠴᠢ :   ᠲᠤᠭᠴᠢ ᠰᠠᠷᠠᠨ᠎ᠠ 
               2024᠂ 3᠂  13  ᠤ ᠡᠳᠦᠷ