ᠪᠥᠬᠡ ᠶᠢᠨ ᠴᠣᠯᠠ БӨХИЙН ЦОЛ
ᠪᠥᠬᠡ ᠶᠢᠨ ᠴᠣᠯᠠ
ᠪᠠᠷᠠᠭᠤᠨ ᠲᠠᠯ᠎ᠠ ᠶ᠋ᠢᠨ ᠵᠠᠰᠠᠭᠤᠯ ᠰᠣᠨᠣᠰ ᠠ᠋
ᠪᠦᠷᠢᠨ ᠡᠷᠬᠡᠲᠦ ᠪᠦᠭᠦᠳᠡ ᠨᠠᠢᠷᠠᠮᠳᠠᠬᠤ
ᠮᠣᠩᠭᠣᠯ ᠠᠷᠠᠳ ᠤᠯᠤᠰ ᠤ᠋ᠨ
ᠠᠷᠠᠳ ᠤ᠋ᠨ ᠬᠤᠪᠢᠰᠬᠠᠯ ᠤ᠋ᠨ
ᠢᠷᠠᠭᠤ ᠠᠯᠳᠠᠷᠲᠤ ... ᠵᠢᠯ ᠦ᠋ᠨ
ᠣᠢ ᠶ᠋ᠢᠨ ᠪᠠᠶᠠᠷ ᠨᠠᠭᠠᠳᠤᠮ ᠤ᠋ᠨ
ᠤᠯᠤᠰ ᠤ᠋ᠨ ᠢᠳᠡᠷ ᠵᠠᠯᠠᠭᠤ
ᠠᠪᠤᠷᠭᠤ ᠁ ᠡ
ᠡᠨᠡ ᠶᠡᠬᠡ ᠪᠠᠶᠠᠷ ᠴᠡᠩᠭᠡᠯ ᠦ᠋ᠨ
ᠲᠦᠭᠡᠮᠡᠯ ᠵᠢᠪᠬᠤᠯᠠᠩ ᠪᠦᠷᠢᠳᠦᠭᠦᠯᠦᠭᠰᠡᠨ
ᠲᠦᠮᠡᠨ ᠣᠯᠠᠨ ᠤ᠋ ᠳᠣᠲᠣᠷ᠎ᠠ ᠠ᠋ᠴᠠ ᠰᠢᠯᠭᠠᠷᠠᠭᠰᠠᠨ
ᠮᠣᠩᠭᠣᠯ ᠳᠠᠶᠠᠭᠠᠷ ᠠᠯᠳᠠᠷᠲᠠᠢ
ᠬᠠᠮᠤᠭ ᠣᠯᠠᠨ ᠢ᠋ᠶ᠋ᠠᠨ ᠪᠠᠶᠠᠰᠤᠭᠤᠯᠤᠭᠴᠢ
ᠬᠠᠷᠢᠯᠲᠠ ᠦᠭᠡᠢ ᠵᠣᠷᠢᠭᠲᠤ
ᠬᠤᠷᠴᠠ ᠭᠠᠷᠮᠠᠭᠠᠢ
ᠬᠤᠷᠳᠤᠨ ᠱᠠᠯᠠᠮᠠᠭᠠᠢ
ᠪᠠᠭᠠᠲᠤᠷ ᠵᠣᠷᠢᠭᠲᠤ
ᠪᠠᠳᠠᠷᠠᠩᠭᠤᠢ ᠬᠦᠴᠦᠲᠦ
ᠦᠰᠦᠨ ᠨᠡᠮᠡᠬᠦ
ᠥᠷᠨᠢᠨ ᠳᠡᠯᠭᠡᠷᠡᠬᠦ
ᠤᠯᠠᠮ ᠤᠯᠠᠮ ᠰᠠᠢᠵᠢᠷᠠᠬᠤ
ᠤᠷᠠᠨ ᠮᠡᠬᠡᠲᠦ ᠵᠠᠯᠠᠭᠤ ᠪᠥᠬᠡ ᠠ᠋
ᠶᠡᠬᠡ ᠪᠠᠶᠠᠷ ᠴᠡᠩᠭᠡᠯ ᠨᠠᠭᠠᠳᠤᠮ ᠤ᠋ᠨ
ᠦᠨᠳᠦᠰᠦᠨ ᠦ᠌ ᠪᠥᠬᠡ ᠶ᠋ᠢᠨ ᠪᠠᠷᠢᠯᠳᠤᠭᠠᠨ ᠤ᠋
ᠵᠡᠭᠦᠨ ᠲᠠᠯ᠎ᠠ ᠶ᠋ᠢᠨ ᠵᠢᠭᠦᠷ ᠲᠦ᠍ ᠪᠠᠢᠭ᠎ᠠ
᠁ ᠠᠢᠮᠠᠭ ᠤ᠋ᠨ ᠬᠠᠷᠢᠶᠠᠲᠤ
ᠣᠯᠠᠨ ᠲᠦᠮᠡᠨ ᠦ᠌ ᠳᠤᠮᠳᠠ ᠠ᠋ᠴᠠ
ᠣᠨᠴᠠᠯᠠᠨ ᠰᠢᠯᠭᠠᠷᠠᠭᠰᠠᠨ
ᠪᠦᠬᠦᠨ ᠦ᠌ ᠲᠡᠷᠢᠭᠦᠨ
ᠪᠥᠬᠡ ᠶ᠋ᠢᠨ ᠮᠠᠩᠨᠠᠢ
ᠢᠳᠡᠷ ᠵᠠᠯᠠᠭᠤ ᠠᠪᠤᠷᠭᠤ ᠡ᠃
ᠲᠠᠨ ᠤ᠋ ᠲᠠᠯ᠎ᠠ ᠶ᠋ᠢᠨ
ᠪᠠᠷᠠᠭᠤᠨ ᠵᠢᠭᠦᠷ ᠲᠦ᠍ ᠪᠠᠢᠭ᠎ᠠ
᠁ ᠠᠢᠮᠠᠭ ᠤ᠋ᠨ
ᠬᠠᠷᠢᠶᠠᠲᠤ ᠤᠯᠤᠰ ᠤ᠋ᠨ ᠵᠠᠭᠠᠨ
᠁ ᠢ ᠠᠮᠠᠯᠠᠨ ᠠᠪᠴᠤ
ᠣᠯᠠᠨ ᠲᠦᠮᠡᠨ ᠦ᠌ ᠡᠮᠦᠨ᠎ᠡ
ᠤᠷᠠᠨ ᠮᠡᠬᠡ ᠶ᠋ᠢ ᠣᠷᠣᠯᠳᠣᠭᠤᠯᠤᠨ ᠬᠢᠵᠦ
ᠪᠠᠷᠢᠨ ᠠᠪᠴᠤ
ᠪᠠᠷᠢᠯᠳᠤᠵᠤ ᠬᠦᠴᠦ ᠶ᠋ᠢ
ᠦᠵᠡᠶ᠎ᠡ ᠭᠡᠪᠡ ᠠ᠋᠃
БӨХИЙН ЦОЛ
Баруун талын засуул сонс оо
Бүрэн эрхт Бүгд Найрамдах
Монгол Ард Улсын
Ардын хувьсгалын
Яруу алдарт
... жилийн ойн
Баяр наадмын
Улсын идэр залуу
Аварга ... аа
Энэ их баяр цэнгэлийн
Түгээмэл жавхлан бүрдүүлсэн
Түмэн олны дотроос шалгарсан
Монгол даяар алдартай
Хамаг олноо баясуулагч
Харилтгүй зоригт
Хурц гарамгай
Хурдан шаламгай
Баатар зоригт
Бадрангуй хүчит
Өсөн нэмэх
Өрнөн дэлгэрэх
Улам улам сайжрах
Уран мэхт залуу бөх өө
Их баяр цэнгэл наадмын
Үндэсний бөхийн барилдааны
Зүүн талын жигүүрт байгаа
... аймгийн харъяат
Олон түмний дундаас
Онцлон шалгарсан
Бүхний тэргүүн
Бөхийн магнай
Идэр залуу
Аварга аа.
Танай талын баруун жигүүрт байгаа
... аймгийн харьяат
Улсын заан ...-ийг амлан авч
Олон түмний өмнө
Уран мэхийг уралдуулан хийж
Барин авч барилдаж
Хүчийг үзье гэв ээ.