ᠲᠣᠣ ᠶᠢᠨ ᠳᠦ ᠥᠨᠭᠭᠡᠷᠡᠭᠦᠯᠦᠭᠰᠡᠨ ᠨᠢᠭᠡᠨ ᠡᠳᠦᠷ – ᠰ ᠂ᠡᠷᠳᠡᠨᠢ Доогийнд өнгөрүүлсэн нэгэн өдөр – С ᠂ Эрдэнэ ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠣ ᠶᠢᠨ ᠳᠦ ᠥᠨᠭᠭᠡᠷᠡᠭᠦᠯᠦᠭᠰᠡᠨ ᠨᠢᠭᠡᠨ ᠡᠳᠦᠷ – ᠰ ᠂ᠡᠷᠳᠡᠨᠢ Доогийнд өнгөрүүлсэн нэгэн өдөр – С ᠂ Эрдэнэ

ᠲᠣᠣ ᠶᠢᠨ ᠳᠦ ᠥᠨᠭᠭᠡᠷᠡᠭᠦᠯᠦᠭᠰᠡᠨ ᠨᠢᠭᠡᠨ ᠡᠳᠦᠷ – ᠰ ᠂ᠡᠷᠳᠡᠨᠢ Доогийнд өнгөрүүлсэн нэгэн өдөр – С ᠂ Эрдэнэ

ᠠᠩᠭᠢᠯᠠᠯ:ᠬᠣᠱᠣᠩ ᠱᠣᠭ
2024-03-15

403

ᠲᠣᠣ ᠶᠢᠨ ᠳᠦ ᠥᠨᠭᠭᠡᠷᠡᠭᠦᠯᠦᠭᠰᠡᠨ ᠨᠢᠭᠡᠨ ᠡᠳᠦᠷ


                        ᠰ · ᠡᠷᠳᠡᠨᠢ  
                               ( ᠱᠣᠭ ᠥᠭᠦᠯᠡᠯᠭᠡ)   

       ᠲᠤᠤ ᠶ᠋ᠢᠨ ᠳᠤ ᠥᠩᠭᠡᠷᠡᠭᠦᠯᠦᠭᠰᠡᠨ ᠨᠢᠭᠡ ᠡᠳᠦᠷ ᠦ᠋ᠨ ᠳᠠᠷᠠᠭ᠎ᠠ ᠨᠢᠭᠡᠨ ᠰᠣᠩᠭᠣᠳᠠᠭ ᠵᠣᠬᠢᠶᠠᠯᠴᠢ ᠶ᠋ᠢᠨ ᠬᠤᠷᠴᠠ ᠥᠭᠦᠯᠡᠯᠭᠡ ᠶ᠋ᠢ ᠰᠠᠨᠠᠵᠤ ᠪᠢᠯᠡ᠃ ᠮᠢᠨᠦ ᠪᠡᠶ᠎ᠡ ᠲᠡᠷᠡ ᠬᠦ᠌ ᠰᠣᠩᠭᠣᠳᠠᠭ ᠤ᠋ᠨ ᠰᠢᠭᠡᠵᠡᠢ ᠶ᠋ᠢᠨ ᠬᠤᠷᠤᠭᠤᠨ ᠳ᠋ᠤ᠌ ᠬᠦᠷᠬᠦ ᠦᠭᠡᠢ ᠪᠣᠯᠪᠠᠴᠤ ᠲᠡᠷᠡ ᠨᠢᠭᠡ ᠡᠳᠦᠷ ᠦ᠋ᠨ ᠲᠤᠬᠠᠢ ᠪᠢᠴᠢᠮᠡᠷ ᠰᠠᠨᠠᠭᠳᠠᠭᠠᠳ ᠶᠡᠷᠦ ᠪᠣᠯᠤᠭᠰᠠᠨ ᠦᠭᠡᠢ᠃ 
       ᠥᠭᠦᠯᠡᠬᠦ ᠨᠢ ᠪᠣᠭᠳᠠ ᠠᠭᠤᠯᠠ ᠶ᠋ᠢᠨ ᠬᠣᠷᠮᠣᠢ ᠳ᠋ᠠᠬᠢ ᠵᠤᠰᠠᠯᠠᠩ ᠤ᠋ᠨ ᠰᠡᠷᠭᠦᠯᠡᠩ ᠳᠡᠨᠵᠢᠨ ᠳ᠋ᠦ᠍ ᠲᠤᠤ ᠨᠠᠢᠵᠠ ᠶ᠋ᠢᠨ ᠬᠢᠨ ᠪᠠᠭᠤᠵᠠᠢ᠃ ᠥᠪᠡᠷ ᠢ᠋ ᠪᠡᠨ ᠪᠢᠴᠢᠭ ᠦ᠋ᠨ ᠬᠥᠮᠦᠨ ᠳ᠋ᠦ᠍ ᠲᠣᠭᠠᠴᠠᠭᠰᠠᠭᠠᠷ ᠤᠳᠠᠵᠤ ᠪᠠᠢᠭ᠎ᠠ ᠪᠣᠯᠪᠠᠴᠤ ᠲᠣᠢᠮᠣ ᠲᠠᠢ ᠪᠦᠲᠦᠭᠡᠯ ᠦᠭᠡᠢ ᠪᠤᠶᠤ ᠬᠠᠭᠤᠷᠠᠢ ᠵᠣᠬᠢᠶᠠᠯᠴᠢ ᠭᠡᠵᠦ ᠪᠣᠯᠤᠮᠠᠷ ᠲᠡᠷᠡ ᠨᠥᠬᠥᠷ ᠮᠠᠨᠢ ᠠᠭᠤᠯᠵᠠᠬᠤ ᠪᠣᠯᠭᠠᠨ ᠳ᠋ᠠᠭᠠᠨ《 ᠴᠢ ᠮᠠᠨ ᠤ᠋ ᠬᠠᠭᠠᠯᠭ᠎ᠠ ᠪᠠᠷ ᠪᠠᠭᠲᠠᠬᠤ ᠪᠠᠨ ᠪᠣᠯᠢᠭᠰᠠᠨ ᠰᠢᠭ᠋ ᠪᠠᠢᠨ᠎ᠠ᠂ ᠠᠷᠭ᠎ᠠ ᠪᠣᠯᠤᠯᠴᠠᠭ᠎ᠠ ᠪᠠᠢᠳᠠᠭ ᠪᠣᠯ ᠮᠣᠷᠢᠯᠠᠨ ᠣᠴᠢᠵᠤ ᠮᠠᠭᠤ ᠲᠤᠤ ᠶ᠋ᠢᠨ ᠢ᠋ᠶ᠋ᠡᠨ ᠪᠣᠷᠣ ᠭᠡᠷ ᠢ᠋ ᠭᠡᠢᠭᠦᠯᠵᠦ ᠥᠭᠭᠦᠭᠡᠴᠢ》 ᠭᠡᠳ ᠪᠠᠢᠬᠤ ᠪᠠᠷ ᠨᠢ ᠣᠢᠰᠢᠶᠠᠯ ᠦᠭᠡᠢ ᠥᠩᠭᠡᠷᠡᠵᠦ ᠪᠣᠯᠤᠭᠰᠠᠨ ᠦᠭᠡᠢ᠂ ᠮᠢᠨᠦ ᠭᠡᠢᠭᠦᠯᠬᠦ ᠪᠣᠯᠤᠭᠰᠠᠨ ᠪᠣᠷᠣ ᠭᠡᠷ ᠭᠡᠳᠡᠭ ᠨᠢ ᠵᠤᠰᠠᠯᠠᠩ ᠤ᠋ᠨ ᠨᠣᠭᠣᠭᠠᠨ ᠵᠦᠯᠭᠡᠨ ᠳᠡᠭᠡᠷ᠎ᠡ ᠴᠡᠮᠴᠡᠢᠵᠦ ᠪᠥᠮᠪᠥᠢᠭᠰᠡᠨ ᠲᠣᠮᠣ ᠭᠡᠷ ᠪᠠᠢᠬᠤ ᠪᠥᠭᠡᠳ ᠠᠯᠲᠠᠨ ᠵᠦᠮᠪᠠᠢ ᠲᠠᠢ ᠡᠷᠢᠶᠡᠨ ᠬᠠᠭᠠᠯᠭ᠎ᠠ ᠶ᠋ᠢ ᠴᠠᠯᠠᠢᠲᠠᠯ᠎ᠠ ᠨᠡᠭᠡᠭᠡᠵᠦ ᠬᠠᠶᠠᠭ᠎ᠠ ᠶ᠋ᠢ ᠰᠡᠬᠦᠭᠰᠡᠨ ᠪᠠᠢᠯ᠎ᠠ᠃ 
       ᠭᠡᠷ ᠲᠤ ᠪᠥᠭᠡᠮ ᠨᠠᠷᠭᠢᠶᠠᠨ ᠪᠣᠯᠵᠤ ᠪᠠᠢᠪᠠ᠂ ᠬᠡᠦᠬᠡᠨ ᠨᠦ᠍ᠭᠦᠳ ᠳᠡᠰ ᠳᠡᠰ ᠬᠥᠭᠦᠷᠡᠯᠳᠦᠵᠤ ᠬᠥᠭᠵᠢᠮ ᠬᠠᠩᠭᠢᠨᠠᠵᠤ ᠪᠠᠢᠨ᠎ᠠ᠃ ᠪᠠᠬᠠᠨ ᠲᠦᠳᠡᠭᠡᠯᠵᠡᠵᠦ ᠪᠠᠢᠭᠠᠳ ᠣᠷᠣᠵᠤ ᠶᠠᠪᠤᠴᠢᠬᠠᠭᠰᠠᠨ ᠴᠢᠨᠢ ᠨᠢᠳᠦ ᠭᠢᠯᠪᠠᠨ᠎ᠠ ᠭᠡᠳᠡᠭ ᠨᠢ ᠪᠣᠯᠤᠯ᠎ᠠ᠃ ᠬᠣᠢᠮᠣᠷ ᠲᠤ ᠤᠷᠲᠤ ᠰᠢᠷᠡᠭᠡ ᠵᠠᠰᠠᠵᠤ ᠢᠳᠡᠭᠡ ᠪᠤᠳᠠᠭ᠎ᠠ ᠳᠡᠯᠭᠡᠨ ᠡᠷᠡᠭᠲᠡᠢ ᠡᠮᠡᠭᠲᠡᠢ ᠵᠠᠯᠠᠭᠤᠴᠤᠳ ᠨᠠᠢᠷᠯᠠᠵᠤ ᠪᠠᠢᠪᠠ᠃ ᠲᠤᠤ ᠨᠠᠢᠵᠠ ᠪᠣᠰᠤᠨ ᠬᠠᠷᠠᠢᠵᠤ《 ᠲᠠ ᠮᠢᠨᠢ ᠡᠭᠦᠨ ᠢ᠋ ᠬᠠᠷᠠᠪᠠ ᠤᠤ》 ᠭᠡᠵᠦ ᠳᠠᠭᠤ ᠠᠯᠲᠠᠨ᠄ 
       — ᠵᠠ ᠴᠢ ᠮᠠᠨ ᠤ ᠡᠭᠦᠳᠡ ᠪᠡᠷ ᠠᠰᠢᠭᠦᠢ ᠨᠢᠭᠡ ᠪᠠᠭᠲᠠᠵᠤ ᠣᠷᠣᠪᠠ ᠤᠤ᠃ ᠴᠢᠭᠢᠭ ᠲᠡᠢ ᠪᠠᠢᠰᠢᠩ ᠳ᠋ᠤ᠌ ᠲᠠᠷᠢᠬᠢ ᠪᠠᠨ ᠭᠠᠰᠢᠯᠭᠠᠵᠤ ᠰᠠᠭᠤᠳᠠᠭ ᠬᠥᠮᠦᠨ ᠵᠤᠰᠠᠯᠠᠩ ᠤ᠋ᠨ ᠰᠠᠯᠬᠢ ᠪᠠᠷ ᠨᠢᠭᠡ ᠠᠮᠢᠰᠬᠤᠯᠠᠬᠤ ᠰᠠᠢᠨ᠃ ᠰᠠᠭᠤᠭᠰᠠᠨ ᠴᠡᠴᠡᠨ ᠡᠴᠡ ᠶᠠᠪᠤᠭᠰᠠᠨ ᠲᠡᠨᠡᠭ ᠳᠡᠭᠡᠷ᠎ᠡ ᠭᠡᠳᠡᠭ ᠰᠢᠦ ᠳᠡ᠂ ᠬᠠ ᠬᠠ ᠬᠠ᠂ ᠵᠠ ᠰᠠᠭᠤ᠃ ᠮᠠᠨ ᠤ᠋ ᠺᠠᠮᠫᠠᠨᠢ( ᠬᠠᠮᠰᠠᠭᠠᠲᠠᠨ) ᠨᠤᠭᠤᠳ ᠲᠠᠢ ᠲᠠᠨᠢᠯᠴᠠ ᠭᠡᠵᠦ ᠰᠢᠷᠡᠭᠡᠨ ᠳ᠋ᠦ᠍ ᠰᠠᠭᠤᠯᠭᠠᠪᠠ᠃ ᠲᠤᠤ ᠶ᠋ᠢᠨ ᠡᠬᠡᠨᠡᠷ ᠶᠠ ᠤᠯᠠᠭᠠᠨ ᠲᠣᠷᠭᠠᠨ ᠲᠠᠱᠶ᠋ᠨᠵᠠ ᠲᠠᠢ᠂ ᠴᠢᠷᠠᠢ ᠵᠢᠰᠦ ᠪᠠᠰᠠ ᠴᠦ᠍ ᠤᠯᠠᠭ᠎ᠠ ᠪᠤᠲᠠᠷᠠᠵᠤ ᠰᠠᠭᠤᠨ᠎ᠠ᠃ ᠬᠣᠩᠭᠣᠷ ᠦᠰᠦ ᠲᠡᠢ ᠰᠢᠷ᠎ᠠ ᠬᠡᠦᠬᠡᠨ ᠰᠠᠨ᠃ ᠣᠳᠣ ᠳᠡᠰ ᠬᠠᠷ᠎ᠠ ᠦᠰᠦ ᠲᠡᠢ ᠱᠣᠪᠣᠯᠵᠠᠭᠰᠠᠨ ᠤᠯᠠᠭᠠᠨ ᠬᠡᠦᠬᠡᠨ ᠪᠠᠢᠨ᠎ᠠ᠂ ᠶᠠ ᠶ᠋ᠢᠨ ᠳᠡᠷᠭᠡᠳᠡ ᠴᠠᠭᠠᠨ ᠬᠤᠪᠴᠠᠰᠤ ᠲᠠᠢ ᠭᠤᠸᠠᠯᠢᠭ ᠪᠣᠷᠣ ᠬᠡᠦᠬᠡᠨ ᠰᠠᠭᠤᠨ᠎ᠠ᠂ ᠪᠣᠷᠣ ᠴᠢᠷᠠᠢ ᠪᠠᠨ ᠴᠠᠢᠯᠭᠠᠬᠤ ᠭᠡᠵᠦ ᠣ ᠡᠩᠭᠡᠰᠬᠡ ᠬᠡᠲᠦᠷᠬᠡᠢ ᠲᠦᠷᠬᠢᠵᠦ ᠤᠷᠤᠭᠤᠯ ᠢ᠋ᠶ᠋ᠠᠨ ᠴᠢᠰ ᠤᠯᠠᠭᠠᠨ ᠢ᠋ᠶ᠋ᠠᠷ ᠪᠣᠳᠣᠵᠠᠢ᠃ ᠲᠣᠮᠣ ᠬᠠᠷ᠎ᠠ ᠨᠢᠳᠦ ᠪᠡᠷ ᠢ᠋ᠶ᠋ᠡᠨ ᠨᠠᠭᠠᠯᠠᠩᠬᠠᠢᠲᠠᠨ ᠬᠥᠭᠵᠢᠮ ᠦ᠋ᠨ ᠠᠶ᠎ᠠ ᠪᠠᠷ ᠲᠣᠯᠣᠭᠠᠢ ᠪᠠᠨ ᠬᠥᠳᠡᠯᠭᠡᠨ ᠰᠠᠭᠤᠨ᠎ᠠ᠃ ᠭᠤᠷᠪᠠᠳᠠᠬᠢ ᠬᠡᠦᠬᠡᠨ ᠵᠡᠭᠦᠨ ᠣᠷᠣᠨ ᠳᠡᠭᠡᠷ᠎ᠡ ᠰᠠᠭᠤᠵᠤ ᠪᠠᠢᠪᠠ᠃ ᠪᠢᠴᠢᠬᠠᠨ ᠬᠠᠷ᠎ᠠ ᠲᠠᠱᠶ᠋ᠨᠵᠠ ᠲᠠᠢ ᠲᠡᠷᠡ ᠲᠠᠷᠭᠤᠨ ᠴᠠᠭᠠᠨ ᠬᠡᠦᠬᠡᠨ ᠬᠣᠷᠮᠣᠢ ᠪᠠᠨ ᠠᠷᠠᠢ ᠴᠦ᠍ ᠬᠡᠲᠦᠷᠬᠡᠢ ᠡᠷᠭᠦᠵᠦ ᠦᠵᠡᠮᠵᠢ ᠦᠭᠡᠢ ᠪᠣᠭᠣᠨᠢ ᠬᠥᠯ ᠢ᠋ᠶ᠋ᠡᠨ ᠢᠯᠡ ᠭᠠᠷᠭᠠᠭᠠᠳ ᠶᠠᠷᠢᠶᠠᠨ ᠠ᠋ᠴᠠ ᠪᠠᠨ ᠵᠠᠯᠬᠠᠭᠰᠠᠨ ᠮᠡᠲᠦ ᠨᠣᠢᠷᠮᠤᠭ ᠨᠢᠳᠦ ᠪᠡᠷ ᠬᠠᠷᠠᠵᠤ ᠰᠠᠭᠤᠯ᠎ᠠ᠃ ᠡᠨᠡ ᠭᠤᠷᠪᠠᠨ ᠬᠡᠦᠬᠡᠨ ᠤᠯᠠᠭᠠᠨ᠂ ᠬᠠᠷ᠎ᠠ᠂ ᠴᠠᠭᠠᠨ ᠬᠤᠪᠴᠠᠰᠤ ᠡᠮᠦᠰᠴᠦ ᠵᠣᠷᠢᠭᠤᠳᠠ ᠥᠩᠭᠡ ᠢᠯᠭᠠᠭᠰᠠᠨ ᠪᠤᠶᠤ ᠶᠠᠮᠠᠷ ᠨᠢᠭᠡ ᠶᠠᠩᠵᠤ ᠮᠠᠶᠢᠭ ᠡᠭᠦᠰᠬᠡᠵᠦ ᠪᠠᠢᠭ᠎ᠠ ᠬᠡᠷᠡᠭ ᠪᠢᠵᠡ ᠠ᠋᠃ ᠭᠡᠷ ᠦ᠋ᠨ ᠪᠠᠷᠠᠭᠤᠨ ᠡᠲᠡᠭᠡᠳ ᠲᠤ ᠲᠡᠭᠦᠯᠳᠡᠷ ᠬᠤᠭᠤᠷ ᠤ᠋ᠨ ᠡᠮᠦᠨ᠎ᠡ ᠳᠤᠰᠤᠯᠠᠵᠤ ᠠᠮᠰᠠᠬᠠᠭᠰᠠᠨ ᠤᠷᠲᠤ ᠦᠰᠦᠲᠡᠢ ᠴᠠᠭᠠᠨ ᠨᠸᠢᠯᠤᠩ ᠴᠠᠮᠴᠠ ᠲᠠᠢ ᠳᠠᠷᠤᠤᠬᠠᠨ ᠵᠠᠯᠠᠭᠤ ᠬᠥᠭᠵᠢᠮᠴᠢᠨ ᠮᠠᠶᠢᠭ ᠤ᠋ᠨ ᠤᠷᠲᠤ ᠬᠤᠷᠤᠭᠤ ᠨᠤᠭᠤᠳ ᠢ᠋ᠶ᠋ᠠᠨ ᠭᠦᠶᠦᠯᠭᠡᠨ ᠶᠠᠮᠠᠷ ᠨᠢᠭᠡ ᠬᠥᠩᠭᠡᠨ ᠠᠶ᠎ᠠ ᠲᠣᠭᠯᠠᠵᠤ ᠪᠠᠢᠪᠠ᠃ ᠶᠠᠭ ᠪᠢᠳᠡ ᠬᠣᠶᠠᠷ ᠤ᠋ᠨ ᠳᠤᠮᠳᠠ ᠨᠢᠭᠡ ᠰᠠᠢᠬᠠᠨ ᠪᠦᠳᠦᠭᠦᠨ ᠡᠷ᠎ᠡ ᠬᠥᠯᠥᠰᠥ ᠪᠡᠨ ᠠᠷᠴᠢᠨ᠎ᠠ ᠭᠡᠳᠡᠭ ᠠᠷᠭ᠎ᠠ ᠦᠭᠡᠢ ᠯᠡ ᠲᠠᠷᠭᠤᠨ ᠬᠥᠮᠦᠨ ᠦ᠌ ᠵᠣᠪᠠᠯᠠᠩ ᠳᠠ᠃ ᠰᠠᠢᠬᠠᠨ ᠭᠡᠳᠡᠭ ᠨᠢ ᠮᠢᠨᠦ ᠰᠠᠨᠠᠯ ᠪᠢᠰᠢ ᠬᠠᠷᠢᠨ ᠲᠤᠤ ᠶ᠋ᠢᠨ ᠡᠬᠡᠨᠡᠷ ᠶᠠ᠂ ᠪᠣᠷᠣ ᠬᠡᠦᠬᠡᠨ ᠬᠣᠶᠠᠷ ᠲᠠᠯ᠎ᠠ ᠲᠠᠯ᠎ᠠ ᠠ᠋ᠴᠠ ᠨᠢ ᠨᠠᠢᠷ ᠲᠠᠯᠪᠢᠨ ᠠᠯᠢ ᠪᠣᠯᠬᠤ ᠠᠶᠠᠲᠠᠢ ᠨᠠᠮᠪᠠᠭ᠎ᠠ ᠲᠠᠢ ᠦᠢᠯᠡᠴᠢᠯᠡᠬᠦ ᠭᠡᠵᠦ ᠤᠷᠤᠯᠳᠤᠵᠤ ᠪᠠᠢᠭ᠎ᠠ ᠶ᠋ᠢ ᠦᠵᠡᠭᠡᠳ ᠯᠡ ᠲᠡᠭᠡᠭᠰᠡᠨ ᠬᠡᠷᠡᠭ᠃ ᠲᠡᠷᠡ ᠰᠠᠢᠬᠠᠨ ᠡᠷ᠎ᠡ ᠮᠠᠨᠢ ᠥᠳᠬᠡᠨ ᠬᠠᠷ᠎ᠠ ᠬᠥᠮᠥᠰᠬᠡ ᠲᠡᠢ᠂ ᠣᠨᠢᠭᠠᠷᠳᠠᠬᠤ ᠵᠠᠯᠢᠲᠠᠢ ᠨᠢᠳᠦ ᠲᠡᠢ᠂ ᠣᠷᠣᠭᠰᠢ ᠲᠦᠷᠢᠭᠰᠡᠨ ᠤᠷᠲᠤ ᠡᠷᠡᠦ ᠲᠡᠢ᠂ ᠪᠣᠭᠣᠨᠢ ᠬᠦᠵᠦᠭᠦᠦ ᠲᠡᠢ ᠲᠤᠯᠣᠳᠣᠭᠠᠨᠠᠭᠰᠠᠨ ᠬᠥᠮᠥᠨ ᠠᠵᠢ᠃ ᠪᠦᠳᠦᠭᠦᠨ ᠬᠦᠵᠦᠬᠦᠦ ᠲᠡᠢ ᠡᠷ᠎ᠡ ᠳᠡ ᠭᠡᠵᠦ ᠬᠥᠮᠦᠨ ᠢ᠋ ᠶᠣᠵᠣᠯᠠᠨ ᠬᠡᠯᠡᠳᠡᠭ ᠨᠢ ᠬᠡᠦᠬᠡᠨ ᠨᠦ᠍ᠭᠦᠳ ᠲᠦ᠍ ᠭᠠ ᠠᠷᠠᠢ ᠣᠨᠳᠣᠣ ᠪᠠᠷ ᠣᠢᠯᠠᠭᠠᠭᠳᠠᠳᠠᠭ ᠶᠤᠮ ᠪᠣᠯᠪᠠ ᠤᠤ ᠳᠠ᠃ ᠲᠠᠨᠢᠯᠴᠠᠬᠤ ᠶ᠋ᠢᠨ ᠲᠤᠬᠠᠢ ᠳ᠋ᠤ᠌ ᠪᠣᠯ ᠲᠦᠪᠡᠭ ᠦᠭᠡᠢ ᠪᠣᠯᠤᠯ᠎ᠠ᠃ ᠲᠤᠤ ᠨᠠᠢᠵᠠ ᠨᠠᠮ᠎ᠠ ᠶ᠋ᠢ ᠶᠡᠬᠡ ᠪᠢᠴᠢᠭ ᠦ᠋ᠨ ᠬᠥᠮᠦᠨ᠂ ᠰᠣᠶᠣᠨ ᠭᠡᠢᠭᠦᠯᠦᠭᠴᠢ ᠭᠡᠵᠦ ᠪᠠᠢᠨ᠎ᠠ᠃ ᠬᠡᠦᠬᠡᠨ ᠨᠦ᠍ᠭᠦᠳ ᠦᠬᠦᠭᠰᠡᠨ ᠬᠣᠢᠨ᠎ᠠ ᠪᠠᠨ ᠭᠡᠰᠡᠨ ᠶᠠᠩᠵᠤ ᠲᠠᠢ ᠰᠢᠷᠪᠢ ① ᠲᠡᠳᠡᠨ᠂ ᠲᠡᠷᠡ ᠳᠠᠷᠤᠢ ᠭᠣᠯᠣᠭᠳᠠᠯ ᠭᠠᠷᠭᠠᠭᠰᠠᠨ ᠬᠢᠷᠢᠨ᠎ᠡ ᠬᠠᠭᠤᠷᠮᠠᠭᠴᠢ ᠢᠨᠢᠶᠡᠮᠰᠦᠭᠯᠡᠯ ᠬᠠᠢᠷᠠᠯᠠᠪᠠ᠃ 
       ᠬᠠᠷ᠎ᠠ ᠬᠣᠪᠴᠠᠰᠤᠲᠠᠢ ᠬᠡᠦᠬᠡᠨ ᠨᠣᠢᠷᠮᠤᠭ ᠨᠢᠳᠦ ᠪᠡᠨ ᠨᠡᠭᠡᠭᠡᠵᠦ ᠨᠢᠭᠡᠨᠲᠡ ᠬᠠᠷᠠᠭᠠᠳ ᠄ 
       — ᠠᠯᠢᠪ ᠲᠠ ᠨᠠᠳᠠ ᠨᠢᠭᠡ ᠶᠠᠩᠵᠤᠤᠷ ᠠᠪᠤᠭᠠᠳ ᠥᠭ ᠭᠡᠵᠦ ᠵᠠᠬᠢᠷᠤᠯ᠎ᠠ᠃ 
       ᠲᠡᠭᠦᠨ ᠳ᠋ᠦ᠍ ᠶᠠᠩᠵᠤᠤᠷ ᠵᠠᠭᠤᠯᠭᠠᠵᠤ ᠠᠰᠠᠭᠠᠵᠤ ᠥᠭᠭᠦᠯ᠎ᠡ ᠂ ᠲᠡᠭᠡᠭᠡᠳ ᠰᠠᠭᠤᠯ᠎ᠠ᠃ ᠠᠷᠢᠬᠢ ᠂ ᠠᠢᠷᠠᠭ ᠤᠤᠭᠤᠯ᠎ᠠ᠃ ᠡᠳᠡᠨ ᠦ᠌ ᠳᠣᠲᠣᠷ᠎ᠠ ᠬᠠᠮᠤᠭ ᠤ᠋ᠨ ᠠᠬᠠᠮᠠᠳ ᠨᠢ ᠲᠤᠤ ᠨᠠᠢᠵᠠ ᠶᠤᠮ᠂ ᠪᠠᠭ᠎ᠠ ᠵᠡᠷᠭᠡ ᠬᠠᠯᠵᠠᠨ᠂ ᠬᠠᠰᠤᠬᠤ ᠳᠥᠷᠪᠡ ᠶ᠋ᠢᠨ ᠨᠢᠳᠦᠨ ᠦ᠌ ᠰᠢᠯ ᠲᠡᠢ᠂ ᠶᠡᠷᠦ ᠪᠠᠢᠳᠠᠯ ᠨᠢ ᠠᠷᠭ᠎ᠠ ᠦᠭᠡᠢ ᠯᠡ ᠪᠢᠴᠢᠭ ᠦ᠋ᠨ ᠬᠥᠮᠦᠨ ᠦ᠌ ᠰᠢᠨᠵᠢ ᠲᠡᠢ᠃ ᠨᠠᠢᠷ ᠴᠦ᠍ ᠵᠢᠭᠳᠡᠷᠡᠵᠦ ᠳᠠᠭᠤ ᠴᠦ᠍ ᠴᠢᠩᠭᠠᠷᠠᠯ᠎ᠠ᠂ ᠬᠠᠷ᠎ᠠ ᠬᠤᠪᠴᠠᠰᠤᠲᠤ ᠬᠡᠦᠬᠡᠨ ᠭᠡᠨᠡᠳᠲᠡ ᠰᠡᠷᠭᠦᠵᠦ ( ᠶᠡᠷᠦ ᠨᠢ ᠶᠠᠭᠤᠮ᠎ᠠ ᠪᠦᠬᠦᠨ ᠢ᠋ ᠭᠡᠨᠡᠳᠲᠡ ᠬᠢᠳᠡᠭ ᠪᠣᠯᠤᠯᠲᠠᠢ )᠄ 
       — ᠰᠣᠨᠢᠨ ᠶᠠᠭᠤᠮ᠎ᠠ ᠶᠠᠷᠢᠭᠠᠴᠢ ᠲᠠ ᠮᠢᠨᠢ ᠃ ᠶᠠᠭᠤᠨ ᠲᠥᠯᠥᠭᠡ ᠤᠷᠠᠨ ᠵᠣᠬᠢᠶᠠᠯᠴᠢᠳ ᠪᠠᠢᠭ᠎ᠠ ᠪᠢᠯᠡ ᠳᠠ ᠭᠡᠵᠦ ᠱᠠᠭᠠᠷᠳᠠᠪᠠ 
       ᠳᠤᠤ ᠨᠠᠢᠵᠠ ᠪᠢᠴᠢᠭ ᠵᠣᠬᠢᠶᠠᠯ ᠤ᠋ᠨ ᠲᠤᠬᠠᠢ ᠶᠠᠷᠢᠬᠤ ᠳ᠋ᠤ᠌ ᠬᠡᠵᠢᠶᠡᠳᠡ ᠪᠡᠯᠡᠨ ᠪᠠᠢᠳᠠᠭ ᠤᠴᠢᠷ ᠳᠠᠬᠢᠨ ᠱᠠᠭᠠᠷᠳᠠᠭᠤᠯᠤᠭᠰᠠᠨ ᠦᠭᠡᠢ ᠄ 
       — ᠾᠧᠠ ᠸᠮᠢᠨᠭᠣᠢ 《 ᠵᠡᠪᠰᠡᠭ ᠨᠢᠭᠡᠲᠡᠢ ᠨᠥᠬᠥᠳ 》 ᠭᠡᠳᠡᠭ ᠨᠣᠮ ᠳ᠋ᠠᠭᠠᠨ ᠁ ᠭᠡᠲᠡᠯ᠎ᠡ ᠲᠡᠭᠦᠯᠳᠡᠷ ᠬᠤᠭᠤᠷᠴᠢ ᠢᠨᠢᠶᠡᠳᠦ ᠠᠯᠳᠠᠵᠤ ᠄ 
       — ᠵᠠᠷ ᠵᠡᠪᠰᠡᠭ ᠮᠢᠨᠢ ᠪᠠᠶᠠᠷᠲᠠᠢ ᠭᠡᠳᠡᠭ ᠪᠤᠰᠤ ᠤᠤ ? ᠭᠡᠬᠦ ᠳ᠋ᠦ᠍ ᠲᠤᠤ ᠨᠠᠢᠵᠠ ᠬᠡᠨᠡᠭ ᠴᠦ᠍ ᠦᠭᠡᠢ ᠄ 
       —  ᠶᠤ᠋ ᠵᠣᠯᠢᠭ ᠪᠢ ᠪᠤᠷᠤᠭᠤ ᠶᠠᠷᠢᠵᠤ ᠪᠠᠢᠨ᠎ᠠ ᠃ ᠾᠧᠨ ᠸᠮᠢ‍ᠨᠭᠤᠢ ᠬᠡᠦᠬᠡᠨ ᠤ ᠪᠠᠨ ᠬᠡᠦᠬᠡᠳ ᠭᠠᠷᠭᠠᠵᠤ ᠪᠠᠢᠭ᠎ᠠ ᠶ᠋ᠢ ᠮᠥᠨ ᠴᠦ᠍ ᠵᠢᠪᠡᠭᠦᠨ ᠪᠢᠴᠢᠵᠡᠢ ᠭᠡᠬᠦ ᠳ᠋ᠦ᠍ ᠂ 
       — ᠬᠡᠦᠬᠡᠳ ᠭᠠᠷᠭᠠᠵᠤ ᠪᠠᠢᠬ᠎ᠠ ᠶᠢ ᠪᠢᠴᠢᠨ᠎ᠡ ᠭᠡᠳᠡᠭ ᠴᠢᠨᠢ  ᠳᠡᠮᠡᠢ ᠬᠡᠷᠡᠭ ᠪᠠᠢᠨ᠎ᠠ ᠳᠠ ᠭᠡᠵᠦ ᠬᠠᠷ᠎ᠠ ᠬᠤᠪᠴᠠᠰᠤᠲᠤ ᠬᠡᠯᠡᠪᠡ᠃ ᠪᠦᠳᠦᠭᠦᠨ  ᠰᠠᠢᠬᠠᠨ ᠡᠷ᠎ᠡ ᠬᠤᠨᠳᠠᠭ᠎ᠠ ᠲᠠᠢ ᠠᠷᠢᠬᠢ ᠪᠠᠨ ᠬᠥᠨᠳᠡᠷᠴᠦ ᠥᠭᠡᠬᠦ ᠲᠡᠢ ᠮᠢᠬ᠎ᠠ ᠪᠠᠷ ᠳᠠᠷᠤᠭᠤᠯᠤᠭᠠᠳ᠄ 
       — ᠲᠡᠭᠡᠵᠦ ᠪᠣᠯᠬᠤ ᠦᠭᠡᠢ᠂ ᠤᠷᠠᠨ ᠵᠣᠬᠢᠶᠠᠯ ᠳ᠋ᠤ᠌ ᠠᠮᠢᠳᠤᠷᠠᠯ ᠢ᠋ ᠪᠢᠴᠢᠳᠡᠭ ᠡᠴᠡ ᠬᠣᠢᠰᠢ ᠶᠠᠭᠤ ᠴᠦ᠍ ᠪᠢᠴᠢᠵᠦ ᠪᠣᠯᠤᠨ᠎ᠠ᠃ ᠦᠨᠡᠨ ᠶᠠᠭᠤᠮ᠎ᠠ ᠦᠨᠡᠨ ᠢ᠋ᠶ᠋ᠡᠷ ᠢ᠋ᠶ᠋ᠡᠨ ᠪᠠᠢᠬᠤ ᠶᠣᠰᠣᠲᠠᠢ᠂ ᠮᠠᠨ ᠤ᠋ ᠵᠣᠬᠢᠶᠠᠯᠴᠢᠳ ᠳᠡᠩᠳᠡᠭᠦᠦ ᠰᠢᠨᠲᠠᠷᠠᠮᠠᠲᠠᠭᠠᠢ ᠶᠤᠮ ᠠ᠋᠃ ᠵᠢᠱ᠌ᠢᠶ᠎ᠡ ᠨᠢ ᠬᠠᠢᠷ᠎ᠠ ᠳᠤᠷᠠᠯᠠᠯ ᠤ᠋ᠨ ᠲᠤᠬᠠᠢ ᠪᠢᠴᠢᠬᠦ ᠳ᠋ᠡᠭᠡᠨ ᠳᠡᠩᠳᠡᠭᠦᠦ ᠢᠴᠢᠮᠡᠬᠡᠢ ᠪᠣᠯᠬᠢ ᠪᠠᠢᠨ᠎ᠠ᠃ ᠣᠷᠴᠢᠨ ᠦᠶ᠎ᠡ ᠶ᠋ᠢᠨ ᠵᠠᠯᠠᠭᠤᠴᠤᠳ ᠤ᠋ᠨ ᠳᠤᠷᠠᠯᠠᠯ ᠭᠡᠳᠡᠭ ᠣᠨᠳᠣᠣ ᠰᠢᠦ ᠳᠡ᠂ ᠠᠯᠢᠨ ᠪᠣᠯᠭᠠᠨ ᠬᠠᠴᠠᠷ ᠳᠡᠭᠡᠷ᠎ᠡ ᠨᠢ ᠦᠨᠦᠰᠴᠦ ᠪᠠᠢᠬᠤ ᠪᠣᠢ ᠳᠠ ᠭᠡᠬᠦ ᠳ᠋ᠦ᠍ ᠴᠣᠭ ᠢ᠋ᠶ᠋ᠠᠷ ᠢ᠋ᠶ᠋ᠠᠨ ᠬᠥᠭᠵᠢᠯᠳᠦᠨ ᠢᠨᠢᠶᠡᠪᠡ ᠂ ᠲᠤᠤ ᠶ᠋ᠢᠨ ᠡᠬᠡᠨᠡᠷ ᠶᠠ ᠠᠯᠠᠭ᠎ᠠ ᠪᠠᠨ ᠬᠠᠪᠰᠤᠷᠴᠤ ᠬᠥᠯ ᠢ᠋ᠶ᠋ᠡᠨ ᠬᠠᠪᠴᠢᠵᠤ ᠪᠠᠢᠭᠠᠳ ᠣᠨᠴᠠ ᠶ᠋ᠢᠨ ᠪᠠᠶᠠᠷ ᠲᠠᠢ ᠢᠨᠢᠶᠡᠯ᠎ᠡ᠃ 
       ᠲᠤᠤ ᠨᠠᠢᠵᠠ ᠰᠣᠩᠭᠣᠳᠠᠭ ᠵᠣᠬᠢᠶᠠᠯᠴᠢᠳ ᠢ᠋ ᠨᠡᠷᠡᠯᠡᠬᠦ ᠳᠤᠷᠠᠲᠠᠢ ᠪᠢᠯᠡ᠃ ᠲᠡᠭᠦᠨ ᠦ᠌ ᠬᠡᠪᠯᠡᠭᠳᠡᠭᠡ ᠦᠭᠡᠢ ᠵᠣᠬᠢᠶᠠᠯ ᠤ᠋ᠳ ᠲᠤ᠌ ᠪᠧᠲ᠋ᠾᠧᠦᠸᠸᠨ ᠤ ᠬᠥᠭᠵᠢᠮ ᠢ᠋ ᠰᠣᠨᠣᠰᠤᠭᠠᠳ ᠤᠶᠠᠷᠠᠵᠤ ᠪᠠᠢᠭ᠎ᠠ ᠵᠠᠯᠠᠭᠤ ᠪᠦᠰᠡᠭᠦᠢ᠂ ᠷᠧᠮᠪᠷᠨᠠᠳ᠋ᠠᠲ ᠤ᠋ᠨ ᠵᠢᠷᠤᠭ ᠢ᠋ ᠨᠡᠷᠡᠯᠡᠵᠦ ᠪᠠᠢᠭ᠎ᠠ ᠰᠣᠶᠣᠯᠲᠤ ᠬᠥᠮᠦᠰ ᠳᠦᠭᠦᠷᠡᠩ ᠪᠣᠢ᠃ ᠲᠡᠨᠦᠮᠡᠯ ᠬᠦᠦ ᠶ᠋ᠢᠨ ᠪᠤᠴᠠᠵᠤ ᠢᠷᠡᠭᠰᠡᠨ ᠨᠢ ( ᠷᠧᠮᠪᠷᠨᠠᠳ᠋ᠠᠲ ᠤ᠋ᠨ ᠵᠢᠷᠤᠭ ᠠ᠋ᠴᠠ ᠰᠡᠳᠦᠪᠯᠡᠨ ᠪᠢᠴᠢᠪᠡ ᠭᠡᠰᠡᠨ ᠲᠠᠢᠯᠪᠤᠷᠢ ᠲᠠᠢ ) ᠭᠡᠳᠡᠭ ᠵᠣᠬᠢᠶᠠᠯ ᠴᠦ᠍ ᠪᠣᠢ᠂ ᠲᠤᠤ ᠨᠠᠢᠵᠠ ᠶ᠋ᠢᠨ ᠬᠠᠮᠤᠭ ᠤ᠋ᠨ ᠶᠡᠬᠡ ᠭᠤᠳᠤᠷᠠᠳᠠᠭ ᠵᠦᠢᠯ ᠭᠡᠪᠡᠯ ᠣᠷᠴᠢᠨ ᠦᠶ᠎ᠡ ᠶ᠋ᠢᠨ ᠰᠣᠶᠣᠯ ᠠ᠋ᠴᠠ ᠬᠣᠴᠣᠷᠤᠭᠳᠠᠭᠰᠠᠳ ᠤᠨ ᠲᠤᠬᠠᠢ ᠶᠤᠮ ᠂ ᠤᠷᠠᠨ ᠵᠣᠬᠢᠶᠠᠯ ᠤᠨ ᠲᠤᠬᠠᠢ ᠳ᠋ᠤ᠌ ᠪᠣᠯ ᠣᠷᠴᠢᠨ ᠦᠶ᠎ᠡ ᠶ᠋ᠢᠨ ᠪᠢᠰᠢ ᠭᠡᠳᠡᠭ ᠵᠢᠮᠡᠯᠡᠯ ᠢ᠋ ᠪᠠᠷᠠᠭᠤᠨ ᠵᠡᠭᠦᠨ ᠦᠭᠡᠢ ᠰᠢᠳᠡᠯᠡᠨ᠎ᠡ ᠃ ᠲᠤᠤ ᠨᠠᠢᠵᠠ ᠵᠢᠭᠠᠬᠠᠨ ᠬᠠᠯᠠᠵᠤ ᠪᠠᠢᠭ᠎ᠠ ᠪᠣᠯᠤᠯᠲᠠᠢ᠄
       — ᠲᠠ ᠨᠠᠷ ᠴᠢᠩᠭᠢᠰ ᠠᠶ᠋ᠢᠭᠡᠮᠡᠲ᠋ᠣᠸ ᠦ᠋ᠨ ᠵᠣᠬᠢᠶᠠᠯ ᠁ ᠭᠡᠲᠡᠯ᠎ᠡ ᠄        
       — ᠠᠶ᠋ᠢᠭᠡᠮᠡᠲ᠋ᠣᠸ ᠪᠢᠰᠢ  ᠠᠶ᠋ᠢᡁᠠᠮᠠᠲ᠋ᠣᠸ ᠭᠡᠭᠴᠢ ᠭᠡᠵᠦ ᠠᠪᠠᠭᠠᠢ ᠨᠢ ᠵᠠᠯᠠᠷᠠᠭᠤᠯᠪᠠ 
       — ᠠ ᠲᠡᠢᠨ᠂ ᠣᠷᠴᠢᠭᠤᠯᠭ᠎ᠠ ᠨᠢ ᠮᠠᠭᠤᠬᠠᠨ ᠪᠣᠯᠤᠭᠰᠠᠨ ᠰᠢᠭ᠋ ᠪᠠᠢᠨ᠎ᠠ ᠯᠠᠢ ᠂ ᠶᠣᠰᠣᠲᠠᠢ ᠣᠷᠴᠢᠨ ᠦᠶ᠎ᠡ ᠶ᠋ᠢᠨ ᠵᠣᠬᠢᠶᠠᠯ ᠭᠡᠳᠡᠭ ᠲᠡᠢᠮᠦ ᠯᠡ ᠪᠠᠢᠬᠤ ᠶᠣᠰᠣᠲᠠᠢ᠂  ᠪᠢᠳᠠ ᠠᠮᠢᠳᠤᠷᠠᠯ ᠳ᠋ᠤ᠌ ᠬᠡᠲᠦᠷᠬᠡᠢ ᠬᠦᠯᠢᠭᠳᠡᠵᠦ ᠪᠠᠷᠢᠭᠳᠠᠵᠤ ᠪᠠᠢᠨ᠎ᠠ᠃ ᠡᠨᠡ ᠶᠢᠷᠲᠢᠨᠴᠦ ᠳ᠋ᠦ᠍ ᠰᠡᠳᠬᠢᠯ ᠢ᠋ᠶ᠋ᠡᠨ ᠴᠢᠯᠥᠭᠡᠲᠡᠢ ᠲᠠᠯᠪᠢᠬᠤ ᠬᠡᠷᠡᠭᠲᠡᠢ᠂  ᠢᠳᠡᠰᠢ ᠪᠠᠨ ᠬᠠᠷᠴᠠᠭᠠᠢ ᠰᠢᠭ᠋ ᠰᠢᠭᠦᠷᠡᠵᠦ ᠴᠢᠳᠠᠪᠠᠯ ᠪᠣᠯᠬᠤ ᠨᠢ ᠲᠡᠷᠡ᠃ ᠶᠠᠭᠤᠮ᠎ᠠ ᠶᠡᠬᠡ ᠨᠠᠷᠢᠨ ᠣᠯᠵᠤ ᠯᠠ ᠬᠠᠷᠠᠬᠤ ᠬᠡᠷᠡᠭᠲᠡᠢ᠃ ᠣᠲ᠋ᠸᠯᠯᠣ ᠬᠠᠷ᠎ᠠ᠂ ᠳ᠋ᠸᠽᠳ᠋ᠸᠮᠣᠨᠠ ᠴᠠᠭᠠᠨ ᠪᠠᠢᠭᠰᠠᠨ ᠠ᠋ᠴᠠ ᠯᠠ ᠬᠠᠮᠤᠭ ᠤᠴᠢᠷ ᠨᠢ ᠤᠷᠭᠤᠳᠠᠭ ᠂  ᠱᠠᠺᠰᠫᠢᠶᠸᠷ ᠭᠡᠳᠡᠭ ᠦᠨᠡᠬᠡᠷ ᠠᠵᠢᠭᠴᠢ ᠬᠥᠮᠦᠨ ᠪᠠᠢᠵᠤ ᠂ ᠲᠡᠢᠮᠦ ᠤᠤ?
       — ᠵᠠ ᠲᠡᠢᠮᠦ ᠴᠦ᠍ ᠪᠣᠯ ᠤᠤ ᠳᠠ ᠭᠡᠵᠦ ᠬᠠᠷᠢᠭᠤᠯᠪᠠ᠃ ᠲᠤᠤ ᠨᠠᠢᠵᠠ ᠬᠠᠷᠠᠪᠠ ᠤᠤ ᠭᠡᠰᠡᠨ ᠶᠠᠩᠵᠤ ᠲᠠᠢ ᠤᠷᠮᠠᠲᠠᠢᠬᠠᠨ ᠮᠢᠰᠢᠪᠡᠯᠵᠡᠪᠡ᠃ ᠬᠣᠢᠮᠣᠷ ᠤ᠋ᠨ ᠠᠪᠳᠠᠷ᠎ᠠ ᠳᠡᠭᠡᠷ᠎ᠡ ᠦᠵᠡᠰᠬᠦᠯᠡᠩ ᠪᠣᠯᠭᠠᠵᠤ ᠲᠠᠯᠪᠢᠭᠰᠠᠨ ᠲᠣᠮᠣ ᠭᠠᠤᠯᠢᠨ ᠪᠤᠷᠬᠠᠨ ᠪᠠᠰᠠ ᠮᠢᠰᠢᠯᠵᠡᠵᠦ ᠪᠠᠢᠬᠤ ᠰᠢᠭ᠋᠃ ᠲᠤᠤ ᠶ᠋ᠢᠨ ᠡᠬᠡᠨᠡᠷ ᠶᠠ ᠶ᠋ᠢᠨ ᠬᠣᠷᠮᠣᠢ ᠳ᠋ᠤ᠌ ᠰᠠᠯᠬᠢ ᠣᠷᠣᠭᠰᠠᠨ ᠪᠣᠯᠤᠯᠲᠠᠢ ᠢᠳᠡᠭᠡ ᠪᠤᠳᠠᠭ᠎ᠠ ᠪᠠᠨ ᠰᠢᠨᠡᠳᠬᠡᠨ ᠭᠦᠶᠦᠨ᠎ᠡ᠃ ᠬᠠᠷ᠎ᠠ ᠬᠤᠪᠴᠠᠰᠤᠲᠤ ᠴᠠᠭᠠᠨ ᠬᠤᠪᠴᠠᠰᠤᠲᠤ ᠬᠣᠶᠠᠷ ᠠᠮᠠ ᠪᠠᠬᠠᠨ ᠵᠠᠳᠠᠭᠠᠢᠷᠠᠵᠤ ᠤᠴᠢᠷ ᠰᠢᠯᠲᠠᠭᠠᠨ ᠦᠭᠡᠢ ᠬᠥᠭᠡᠷᠡᠯᠳᠦᠭᠡᠨ ᠪᠣᠯᠪᠠ᠃ ᠤᠳᠬ᠎ᠠ ᠵᠣᠬᠢᠶᠠᠯ ᠤ᠋ᠨ ᠲᠤᠬᠠᠢ ᠣᠨᠣᠯᠴᠢ ᠶᠠᠷᠢᠶ᠎ᠠ ᠶ᠋ᠢ ᠳᠡᠮᠵᠢᠬᠦ ᠬᠥᠮᠦᠨ ᠣᠯᠳᠠᠬᠤ ᠦᠭᠡᠢ ᠲᠤᠯᠠ ᠪᠦᠳᠦᠭᠦᠨ ᠰᠠᠢᠬᠠᠨ ᠡᠷ᠎ᠡ ᠠᠮᠢᠳᠤᠷᠠᠯ ᠤ᠋ᠨ ᠲᠤᠬᠠᠢ ᠶᠠᠷᠢᠶ᠎ᠠ ᠪᠠᠷ ᠲᠠᠰᠤᠯᠠᠨ ᠠᠪᠴᠤ ᠡᠢᠨ ᠥᠭᠦᠯᠡᠷᠦᠨ᠄  
       — ᠠᠵᠠ ᠵᠢᠷᠭᠠᠯ ᠤ᠋ᠨ ᠲᠤᠬᠠᠢ ᠮᠠᠷᠭᠤᠪᠠᠯ ᠮᠠᠷᠭᠤᠶ᠎ᠠ᠂ ᠲᠠ ᠨᠠᠷ ᠰᠢᠭ᠋ ᠡᠢᠮᠦ ᠵᠠᠯᠠᠭᠤ ᠰᠠᠢᠬᠠᠨ ᠪᠦᠰᠡᠭᠦᠢᠴᠦᠳ ᠡᠨᠡ ᠲᠤᠬᠠᠢ ᠶᠠᠷᠢᠬᠤ ᠶᠡᠬᠡ ᠳᠤᠷᠠᠲᠠᠢ ᠪᠠᠢᠳᠠᠭ ᠰᠢᠦ ᠳᠡ᠃ ᠪᠣᠳᠣᠭᠠᠳ ᠪᠠᠢᠪᠠᠯ ᠮᠠᠷᠭᠤᠭᠠᠳ ᠴᠦ᠍ ᠪᠠᠢᠬᠤ ᠪᠠᠷ ᠶᠠᠭᠤᠮ᠎ᠠ ᠪᠣᠢ ᠯᠠ ᠳᠠ᠂ ᠣᠳᠣ ᠪᠢᠳᠡ ᠰᠢᠷᠡᠭᠡ ᠲᠣᠭᠣᠷᠢᠭᠠᠳ ᠰᠠᠢᠬᠠᠨ ᠨᠠᠷᠭᠢᠵᠤ ᠪᠠᠢᠨ᠎ᠠ᠃ ᠪᠦᠳᠦᠭᠦᠨ ᠡᠷ᠎ᠡ ᠳᠡᠷᠡᠰᠦᠨ ᠦ᠌ ᠪᠣᠯᠣᠷ ᠵᠦᠩᠵᠡ ᠪᠡᠷ ᠳᠦᠭᠦᠷᠭᠡᠭᠰᠡᠨ ᠬᠠᠷ᠎ᠠ ᠠᠷᠢᠬᠢ ᠤᠤᠭᠤᠵᠤ ᠲᠠᠮᠰᠢᠶᠠᠯᠠᠬᠤ ᠳ᠋ᠤ᠌《 ᠳᠠᠭᠤᠰᠲᠠᠯ᠎ᠠ ᠤᠤᠭᠤᠨ᠎ᠠ ᠭᠡᠳᠡᠭ ᠲᠤᠩ ᠵᠥᠪ》 ᠭᠡᠵᠦ ᠬᠡᠦᠬᠡᠨ ᠨᠦ᠍ᠭᠦᠳ ᠲᠠᠯᠠᠷᠬᠠᠪᠠ᠃ ᠴᠣᠭ ᠢ᠋ᠶ᠋ᠠᠷ ᠢ᠋ᠶ᠋ᠠᠨ ᠳᠠᠭᠤᠰᠲᠠᠯ᠎ᠠ ᠤᠤᠭᠤᠯ᠎ᠠ᠃ 
       — ᠠᠵᠠ ᠵᠢᠷᠭᠠᠯ ᠭᠡᠳᠡᠭ ᠴᠢᠨᠢ ᠬᠠᠢᠷ᠎ᠠ ᠳᠤᠷᠠᠯᠠᠯ ᠮᠥᠨ᠂ ᠮᠠᠷᠭᠤᠭᠠᠨ ᠦᠭᠡᠢ ᠲᠡᠢᠮᠦ ᠰᠢᠦ ᠳᠡ᠃ ᠬᠠᠷᠢᠨ ᠬᠠᠢᠷ᠎ᠠ ᠳᠤᠷᠠᠯᠠᠯ ᠳ᠋ᠤ᠌ ᠬᠠᠷᠠᠮᠴᠢ ᠵᠠᠩ ᠪᠠᠢᠵᠤ ᠪᠣᠯᠬᠤ ᠦᠭᠡᠢ᠂ ᠲᠡᠭᠡᠪᠡᠯ ᠵᠢᠷᠭᠠᠯ ᠪᠢᠰᠢ ᠶᠡᠷᠦ ᠶ᠋ᠢᠨ ᠵᠠᠯᠬᠠᠭᠤ ᠲᠠᠢ ᠠᠮᠢᠳᠤᠷᠠᠯ ᠪᠣᠯᠤᠨ᠎ᠠ᠃ ᠨᠠᠮᠤᠷ ᠤ᠋ᠨ ᠮᠣᠳᠣ ᠬᠠᠮᠤᠭ ᠨᠠᠪᠴᠢ ᠪᠠᠨ ᠭᠦᠪᠢᠵᠦ ᠨᠢᠴᠦᠭᠦᠷᠡᠳᠡᠭ ᠰᠢᠭ ᠪᠦᠬᠦ ᠨᠠᠪᠴᠢ ᠪᠠᠨ ᠲᠠᠰᠤᠯᠵᠤ ᠬᠠᠶᠠᠵᠤ ᠪᠠᠢᠵᠤ ᠰᠠᠶᠢ ᠵᠢᠷᠭᠠᠨ᠎ᠠ᠃ 
       — ᠠᠢ ᠵᠣᠯᠢᠭ ᠭᠡᠵᠦ ᠶᠣᠰᠣᠲᠠᠢ ᠵᠥᠪ᠂ ᠴᠢ ᠶᠡᠷᠦ ᠤᠷᠠᠨ ᠵᠣᠬᠢᠶᠠᠯ ᠪᠢᠴᠢᠪᠡᠯ ᠰᠦᠷᠡᠬᠡᠢ ᠳᠠᠯᠳᠠ ᠤᠳᠬ᠎ᠠ ᠲᠠᠢ ᠵᠣᠬᠢᠶᠠᠯ ᠪᠢᠴᠢᠬᠦ ᠬᠥᠮᠦᠨ ᠰᠢᠦ ᠭᠡᠵᠦ ᠲᠤᠤ ᠨᠠᠢᠵᠠ ᠭᠠᠯ ᠳᠡᠭᠡᠷ᠎ᠡ ᠲᠣᠰᠣ ᠨᠡᠮᠡᠯ᠎ᠡ᠃ ᠴᠠᠭᠠᠨ ᠬᠤᠪᠴᠠᠰᠤᠲᠤ ᠪᠣᠰᠤᠨ ᠬᠠᠷᠠᠢᠵᠤ᠄  
       — ᠬᠥᠶᠢ ᠨᠠᠳᠠ ᠨᠢᠭᠡ ᠰᠠᠨᠠᠯ ᠪᠠᠢᠨ᠎ᠠ᠂ ᠪᠥᠵᠢᠭᠯᠡᠵᠡᠭᠡᠪᠡᠯ ᠶᠠᠭᠠᠬᠢᠭᠰᠠᠨ ᠶᠤᠮ ᠭᠡᠵᠦ ᠱᠣᠮᠪᠣᠯᠵᠠᠪᠠ᠃ ᠤᠤᠬᠠᠢ ᠶ᠋ᠢᠨ ᠳᠡᠰ ᠪᠥᠵᠢᠭᠯᠡᠬᠦ ᠶᠦᠮ ᠪᠣᠯᠤᠯ᠎ᠠ᠃ ᠲᠡᠭᠦᠯᠳᠡᠷ ᠬᠤᠭᠤᠷᠴᠢ ᠶ᠋ᠢᠨ ᠣᠩᠭᠣᠳ ᠨᠢ ᠣᠷᠣᠯ᠎ᠠ᠃ ᠡᠪ ᠳᠠᠪ ᠬᠢᠭᠰᠡᠨ ᠶᠠᠮᠠᠷ ᠨᠢᠭᠡ ᠠᠳᠠ ᠲᠠᠢ ᠠᠶ᠎ᠠ ᠡᠭᠦᠰᠬᠡᠵᠦ ᠤᠷᠲᠤ ᠦᠰᠦ ᠪᠡᠨ ᠰᠡᠭᠰᠡᠯᠵᠡᠭᠦᠯᠦᠨ ᠰᠠᠨᠳᠠᠯᠢ ᠳᠡᠭᠡᠷ᠎ᠡ ᠪᠡᠨ ᠦᠰᠦᠷᠴᠦ ᠪᠠᠭᠤᠵᠤ ᠪᠠᠢᠨ᠎ᠠ᠂ ᠲᠤᠤ ᠨᠠᠢᠵᠠ ᠬᠠᠷ᠎ᠠ ᠬᠤᠪᠴᠠᠰᠤᠲᠤ ᠶ᠋ᠢ ᠠᠪᠤᠯ᠎ᠠ᠂ ᠲᠤᠤ ᠶ᠋ᠢᠨ ᠡᠬᠡᠨᠡᠷ ᠶᠠ ᠪᠦᠳᠦᠭᠦᠨ ᠡᠷ᠎ᠡ ᠳ᠋ᠦ᠍ ᠣᠴᠢᠪᠠ᠂ ᠴᠠᠭᠠᠨ ᠬᠤᠪᠴᠠᠰᠤᠲᠤ ᠨᠠᠮ᠎ᠠ ᠶ᠋ᠢ ᠰᠢᠷᠪᠢ ᠲᠠᠲᠠᠭᠠᠳ᠄  
       — ᠲᠠ ᠨᠠᠮ᠎ᠠ ᠶ᠋ᠢ ᠤᠷᠢᠬᠤ ᠦᠭᠡᠢ ᠤᠤ? ᠭᠡᠵᠦ ᠪᠠᠢᠨ᠎ᠠ᠃  
       — ᠪᠢ ᠪᠥᠵᠢᠭᠯᠡᠵᠦ ᠴᠢᠳᠠᠳᠠᠭ ᠦᠭᠡᠢ ᠯᠡ ᠳᠡ ᠭᠡᠰᠡᠨ ᠴᠢᠨᠢ᠂  
       — ᠠ᠋ ᠴᠠᠪᠠᠰᠤ ᠳᠠ ᠭᠡᠵᠦ ᠴᠥᠬᠥᠷᠡᠩ ᠢ᠋ᠶ᠋ᠡᠨ ᠪᠠᠷᠠᠪᠠ᠃ ᠲᠡᠭᠦᠯᠳᠡᠷ ᠬᠤᠭᠤᠷᠴᠢ ᠸᠠᠭ ᠸᠠᠭ ᠭᠡᠵᠦ ᠣᠷᠢᠯᠠᠨ ᠬᠥᠯ ᠢ᠋ᠶ᠋ᠡᠷ ᠢ᠋ᠶ᠋ᠡᠨ ᠱᠠᠯᠠ ᠳᠡᠪᠰᠡᠯᠡᠨ ᠬᠦᠴᠦ ᠨᠡᠮᠡᠵᠦ ᠤᠯᠠᠭᠠᠨ ᠬᠠᠷ᠎ᠠ ᠶ᠋ᠢᠨ ᠤᠭᠤᠴᠠ ᠨᠢᠷᠤᠭᠤ ᠬᠤᠯᠪᠢᠯᠵᠠᠨ᠂ ᠭᠠᠷ ᠬᠥᠯ ᠲᠠᠲᠠᠪᠠᠭᠠᠨᠠᠨ ᠰᠦᠢᠳ ᠪᠣᠯᠤᠯ᠎ᠠ᠃ ᠲᠤᠤ ᠨᠠᠢᠵᠠ ᠮᠥᠴᠡᠭᠡ ᠪᠡᠨ ᠥᠭᠬᠦ ᠦᠭᠡᠢ ᠪᠠᠢᠨ᠎ᠠ᠂ ᠣᠷᠴᠢᠨ ᠦᠶ᠎ᠡ ᠶ᠋ᠢᠨ ᠲᠤᠬᠠᠢ ᠨᠣᠮᠯᠠᠯ ᠳ᠋ᠠᠭᠠᠨ ᠬᠠᠷᠢᠨ ᠨᠢᠭᠡ ᠳᠡᠪᠡᠷᠴᠦ ᠳᠡᠪᠬᠡᠷᠡᠵᠦ ᠪᠠᠢᠭ᠎ᠠ ᠪᠣᠯᠤᠯᠲᠠᠢ᠂ ᠭᠡᠰᠡᠨ ᠴᠦ᠍ ᠨᠣᠮ ᠪᠢᠰᠢᠯᠭᠠᠭᠴᠢ ᠶ᠋ᠢᠨ ᠳᠦᠷᠢ᠂ ᠬᠣᠯᠠ ᠶ᠋ᠢᠨ ᠬᠠᠷᠠᠭ᠎ᠠ ᠮᠠᠭᠤᠳᠠᠭᠰᠠᠨ ᠨᠢᠳᠦᠨ ᠦ᠌ ᠰᠢᠯ ᠨᠢ ᠠᠯᠢ ᠠᠯᠢᠨ ᠲᠠᠢ ᠨᠢᠭᠡ ᠶᠡᠬᠡ ᠲᠠᠭᠠᠷᠠᠮᠵᠢᠲᠠᠢ ᠪᠢᠰᠢ ᠪᠥᠭᠡᠳ ᠬᠥᠭᠡᠷᠦᠬᠦᠢᠯᠡᠯᠲᠡᠢ ᠪᠠᠢᠯ᠎ᠠ᠃ ᠴᠠᠭᠠᠨ ᠬᠤᠪᠴᠠᠰᠤᠲᠤ ᠲᠡᠰᠴᠦ ᠶᠠᠳᠠᠨ ᠪᠠᠢᠭᠰᠠᠨ ᠢ᠋ᠶ᠋ᠠᠨ《 ᠪᠣᠯᠬᠢ ᠠᠮᠢᠲᠠᠨ ᠴᠢ ᠲᠡᠭᠡᠭᠡᠳ ᠠᠩᠭᠠᠢᠭᠠᠳ ᠰᠠᠭᠤᠵᠤ ᠪᠠᠢ》 ᠭᠡᠰᠡᠨ ᠶᠠᠩᠵᠤ ᠲᠠᠢ ᠨᠠᠮ᠎ᠠ ᠶ᠋ᠢ ᠨᠢᠳᠦ ᠪᠡᠷ ᠢ᠋ᠶ᠋ᠡᠨ ᠨᠤᠯᠮᠤᠭᠠᠳ ᠴᠠᠬᠢᠯᠭᠠᠨ ᠡᠭᠡᠰᠢᠭᠲᠦ ᠬᠠᠢᠷᠴᠠᠭ ᠲᠤ ᠤᠯᠠᠮ ᠴᠦ᠍ ᠠᠳᠠ ᠲᠠᠢ ᠬᠥᠭᠵᠢᠮ ᠲᠠᠯᠪᠢᠭᠠᠳ ᠲᠡᠭᠦᠯᠳᠡᠷ ᠬᠤᠭᠤᠷᠴᠢᠨ ᠳ᠋ᠤ᠌ ᠪᠡᠶ᠎ᠡ ᠪᠡᠨ ᠲᠤᠰᠢᠶᠠᠯ᠎ᠠ᠃ 
       ᠵᠤᠨ ᠤ᠋ ᠬᠠᠯᠠᠭᠤᠨ ᠡᠳᠦᠷ ᠪᠠᠢᠭᠰᠠᠨ ᠰᠠᠨ᠂ ᠪᠦᠳᠦᠭᠦᠨ ᠰᠠᠢᠬᠠᠨ ᠡᠷ᠎ᠡ ᠬᠥᠯᠥᠰᠥᠨ ᠳ᠋ᠡᠭᠡᠨ ᠨᠡᠪᠲᠡᠷᠡᠵᠡᠢ᠃ ᠬᠠᠷ᠎ᠠ ᠬᠤᠪᠴᠠᠰᠤᠲᠤ ᠶ᠋ᠢᠨ ᠵᠤᠵᠠᠭᠠᠨ ᠪᠡᠶ᠎ᠡ ᠤᠶᠠᠨ ᠬᠠᠳᠠᠨ ᠣᠭᠲᠣ ᠦᠭᠡᠢ ᠪᠣᠯᠪᠠᠴᠤ ᠡᠷᠴᠢᠭᠨᠡᠨ ᠬᠥᠲᠥᠯᠬᠦ ᠨᠢ ᠭᠠᠢᠬᠠᠯᠲᠠᠢ᠂ ᠴᠠᠭᠠᠨ ᠬᠤᠪᠴᠠᠰᠤᠲᠤ ᠴᠣᠬᠣᠮ《 ᠠᠯᠠᠭᠠᠳ》 ᠥᠭᠭᠦᠯ᠎ᠡ᠃ ᠲᠤᠤ ᠨᠠᠢᠵᠠ ᠶ᠋ᠢᠨ ᠪᠥᠮᠪᠥᠭᠡᠷ ᠴᠠᠭᠠᠨ ᠭᠡᠷ ᠬᠥᠪᠭᠥᠯᠵᠡᠵᠦ ᠪᠠᠢᠬᠤ ᠰᠢᠭ᠋᠂ ᠬᠥᠭᠵᠢᠮ ᠵᠣᠭᠰᠣᠬᠤ ᠳ᠋ᠤ᠌ ᠮᠠᠨᠢ ᠬᠡᠳᠦ ᠶᠡᠬᠡ ᠬᠦᠴᠢᠷ ᠠᠵᠢᠯ ᠬᠢᠭᠰᠡᠨ ᠶᠦᠮ ᠰᠢᠭ ᠤᠭᠤᠬᠢᠯᠳᠤᠨ ᠬᠦᠢᠲᠡᠨ ᠠᠢᠷᠠᠭ ᠵᠠᠯᠭᠢᠯᠠᠪᠠ᠂ ᠲᠤᠤ ᠨᠠᠢᠵᠠ ᠶ᠋ᠢᠨ ᠡᠬᠡᠨᠡᠷ ᠦ᠋ᠨ ᠨᠢᠳᠦ ᠵᠢᠭᠲᠡᠢᠬᠡᠨ ᠮᠠᠨᠠᠷᠠᠵᠤ ᠴᠢᠷᠠᠢ ᠶ᠋ᠢᠨ ᠬᠢᠨᠢ ᠴᠢᠰᠤ ᠣᠭᠰᠢᠴᠢᠬᠠᠭᠰᠠᠨ ᠪᠠᠢᠯ᠎ᠠ᠃ ᠪᠢ ᠵᠠᠶᠠᠭ᠎ᠠ ᠲᠠᠢ ᠯᠠ ᠢᠨᠢᠶᠡᠳᠦ ᠠᠯᠳᠠᠴᠢᠬᠠᠭᠰᠠᠨ ᠦᠭᠡᠢ ᠰᠠᠯᠬᠢᠨ ᠳ᠋ᠤ᠌ ᠭᠠᠷᠤᠯ᠎ᠠ᠃ 
       ᠦᠳᠡ ᠶ᠋ᠢᠨ ᠬᠣᠭᠣᠯᠠᠨ ᠤ᠋ ᠳᠠᠷᠠᠭ᠎ᠠ ᠲᠤᠤᠯᠠ ᠶ᠋ᠢᠨ ᠭᠣᠣᠯ ᠳ᠋ᠤ᠌ ᠣᠴᠢᠵᠤ ᠤᠰᠤᠨ ᠳ᠋ᠤ᠌ ᠣᠷᠣᠬᠤ ᠶᠤᠮ ᠪᠣᠯᠪᠠ᠃ ᠲᠤᠤ ᠨᠠᠢᠵᠠ ᠶ᠋ᠢᠨ ᠭᠠᠷᠭᠠᠭᠰᠠᠨ ᠡᠨᠡ ᠰᠠᠨᠠᠯ ᠢ᠋ ᠴᠥᠮ ᠢ᠋ᠶ᠋ᠡᠷ ᠢ᠋ᠶ᠋ᠡᠨ ᠳᠡᠮᠵᠢᠪᠡ᠃ ᠰᠢᠨ᠎ᠡ ᠲᠠᠷᠭᠤᠨ ᠮᠢᠬ᠎ᠠ ᠪᠠᠷ ᠬᠢᠭᠰᠡᠨ ᠪᠤᠤᠵᠠ ᠢᠳᠡᠵᠦ ᠠᠢᠷᠠᠭ ᠤᠤᠭᠤᠭᠰᠠᠨ ᠤ᠋ ᠳᠠᠷᠠᠭ᠎ᠠ ᠬᠡᠲᠦᠷᠬᠡᠢ ᠴᠠᠳᠴᠤ ᠦᠭᠡ ᠳᠠᠭᠤ ᠴᠦ᠍ ᠴᠥᠭᠡᠨ ᠪᠣᠯᠵᠠᠢ᠃ ᠲᠤᠤᠯᠠ ᠶ᠋ᠢᠨ ᠡᠷᠭᠢ ᠳ᠋ᠦ᠍ ᠬᠤᠪᠴᠠᠰᠤ ᠪᠠᠨ ᠲᠠᠢᠴᠢᠵᠤ ᠤᠰᠤᠨ ᠳ᠋ᠤ᠌ ᠣᠷᠣᠪᠠ᠃ ᠴᠡᠪᠡᠷ ᠢᠴᠢᠮᠡᠲᠡᠭᠡᠢ ᠭᠡᠳᠡᠭ ᠣᠷᠴᠢᠨ ᠦᠶ᠎ᠡ ᠳ᠋ᠦ᠍ ᠪᠠᠰᠠ ᠯᠠ ᠥᠭᠡᠷ᠎ᠡ ᠪᠣᠯᠤᠭᠰᠠᠨ ᠭᠡᠳᠡᠭ ᠢ᠋ ᠵᠣᠷᠢᠭᠤᠳᠠ ᠦᠵᠡᠭᠦᠯᠵᠦ ᠪᠠᠢᠬᠤ ᠮᠡᠲᠦ ᠤᠯᠠᠭᠠᠨ᠂ ᠴᠠᠭᠠᠨ᠂ ᠬᠠᠷ᠎ᠠ ᠲᠠᠱᠶ᠋ᠨᠵᠠ ᠨᠤᠭᠤᠳ ᠨᠣᠭᠣᠭᠠᠨ ᠵᠦᠯ ᠬᠡᠨ ᠳᠡᠭᠡᠷ᠎ᠡ ᠤᠨᠠᠵᠤ᠂ ᠭᠤᠸ᠎ᠠ ᠦᠵᠡᠮᠵᠢ ᠪᠡᠷ ᠭᠠᠷᠭᠠᠩᠭᠤᠢ ᠬᠠᠭᠳᠠᠷᠠᠵᠤ ᠦᠵᠡᠭᠦᠯᠵᠦ ᠶᠠᠪᠤᠭ᠎ᠠ ᠬᠡᠦᠬᠡᠨ ᠨᠦ᠍ᠭᠦᠳ ᠦ᠋ᠨ ᠪᠡᠶ᠎ᠡ ᠲᠤᠤᠯᠠ ᠶ᠋ᠢᠨ ᠤᠰᠤᠨ ᠳ᠋ᠤ᠌ ᠤᠬᠢᠶᠠᠭᠳᠠᠪᠠ᠃ ᠲᠤᠤ ᠨᠠᠢᠵᠠ ᠵᠦᠯᠭᠡᠨ ᠳᠡᠭᠡᠷ᠎ᠡ ᠢᠳᠡᠭᠡ ᠪᠤᠳᠠᠭ᠎ᠠ ᠳᠡᠯᠭᠡᠵᠦ ᠭᠣᠣᠯ ᠤ᠋ᠨ ᠤᠰᠤᠨ ᠳ᠋ᠤ᠌ ᠰᠡᠷᠢᠭᠦᠴᠡᠭᠦᠯᠦᠭᠰᠡᠨ ᠳᠠᠷᠠᠰᠤ ᠰᠥᠩᠨᠡᠪᠡ᠃ ᠰᠠᠢᠬᠠᠨ ᠬᠡᠦᠬᠡᠨ ᠨᠦ᠍ᠭᠦᠳ ᠲᠡᠢ ᠤᠰᠤᠨ ᠳ᠋ᠤ᠌ ᠣᠷᠣᠵᠤ ᠳᠠᠷᠠᠰᠤ ᠤᠤᠭᠤᠬᠤ ᠰᠢᠭ᠋ ᠵᠢᠷᠭᠠᠯ ᠡᠨᠡ ᠶᠡᠷᠲᠢᠨᠴᠦ ᠳ᠋ᠦ᠍ ᠦᠭᠡᠢ ᠭᠡᠨ᠎ᠡ᠃ ᠤᠷᠠᠨ ᠵᠣᠬᠢᠶᠠᠯ ᠠᠮᠢᠳᠤᠷᠠᠯ ᠤ᠋ᠨ ᠲᠤᠬᠠᠢ ᠰᠦᠷᠵᠢᠨ ᠶᠠᠷᠢᠶ᠎ᠠ ᠠᠯᠢ ᠬᠡᠳᠦᠢᠨ ᠮᠠᠷᠲᠠᠭᠳᠠᠵᠤ ᠴᠢᠬᠢ ᠴᠢᠨᠢ ᠠᠯᠲᠠ ᠪᠣᠯᠤᠭ ᠭᠡᠳ ᠶᠠᠷᠢᠳᠠᠭ ᠶᠠᠷᠢᠶ᠎ᠠ ᠡᠬᠢᠯᠡᠵᠡᠢ᠃ ᠡᠭᠦᠨ ᠳ᠋ᠦ᠍ ᠭᠤᠷᠪᠠᠨ ᠬᠡᠦᠬᠡᠨ ᠳᠤᠷᠠᠲᠠᠢ ᠭᠡᠳᠡᠭ ᠨᠢ ᠶᠠᠭᠠᠬᠢᠬᠤ ᠠᠷᠭ᠎ᠠ ᠦᠭᠡᠢ᠃ ᠴᠠᠭᠠᠨ ᠬᠤᠪᠴᠠᠰᠤᠲᠤ ᠨᠠᠷᠠᠨ ᠳ᠋ᠤ᠌ ᠪᠣᠷᠣᠯᠠᠭᠰᠠᠨ( ᠬᠥᠷᠥᠰᠥᠵᠢᠭᠰᠡᠨ) ᠭᠣᠣᠯ ᠰᠢᠭ᠋ ᠪᠡᠶ᠎ᠡ ᠪᠡᠨ ᠭᠠᠢᠬᠠᠭᠤᠯᠵᠤ ᠨᠠᠭᠠᠰᠢ ᠴᠠᠭᠠᠰᠢ ᠭᠡᠲᠡᠩ ᠭᠣᠳᠣᠩ ᠶᠠᠪᠤᠨ᠎ᠠ᠃ ᠪᠡᠶ᠎ᠡ ᠶ᠋ᠢᠨ ᠦᠵᠡᠮᠦᠷᠢ ᠣᠨᠴᠠ ᠦᠭᠡᠢ ᠬᠠᠷ᠎ᠠ ᠬᠤᠪᠴᠠᠰᠤᠲᠤ ᠲᠡᠭᠦᠨ ᠢ᠋ ᠠᠲᠠᠭᠠᠷᠬᠠᠯᠲᠠᠢ ᠰᠢᠷᠪᠠᠨ ᠬᠠᠷᠠᠨ᠎ᠠ᠂ ᠲᠤᠤ ᠶ᠋ᠢᠨ ᠡᠬᠡᠨᠡᠷ ᠪᠦᠳᠦᠭᠦᠨ ᠡᠷ᠎ᠡ ᠶ᠋ᠢ ᠮᠠᠰᠢᠳᠠ ᠰᠠᠢᠰᠢᠶᠠᠨ ᠢᠯᠡᠷᠬᠡᠢ ᠡᠷᠬᠡᠯᠡᠨ ᠱᠣᠮᠪᠣᠯᠵᠠᠵᠤ ᠪᠠᠢᠯ᠎ᠠ᠃ ᠪᠦᠳᠦᠭᠦᠨ ᠡᠷ᠎ᠡ ᠤᠯᠠᠮ ᠬᠥᠭᠡᠷᠴᠦ ᠪᠡᠶ᠎ᠡ ᠪᠡᠨ ᠮᠠᠭᠲᠠᠨ᠎ᠠ᠃ ᠲᠡᠭᠦᠯᠳᠡᠷ ᠬᠤᠭᠤᠷᠴᠢ  ᠴᠠᠭᠠᠨ ᠬᠤᠪᠴᠠᠰᠤᠲᠤ ᠳᠤ ᠦᠢᠯᠡᠴᠢᠯᠡᠨ᠎ᠡ᠃  ᠲᠤᠤ ᠨᠠᠢᠵᠠ ᠶᠠᠪᠠᠭᠠᠨ ᠱᠣᠭ ᠶᠠᠷᠢᠵᠤ ᠥᠪᠡᠷ ᠢ᠋ᠶ᠋ᠡᠨ ᠥᠪᠡᠷ ᠢ᠋ ᠪᠡᠨ ᠢᠨᠢᠶᠡᠯᠭᠡᠨ᠎ᠡ᠃ ᠬᠠᠷ᠎ᠠ ᠬᠤᠪᠴᠠᠰᠤᠲᠤ ᠰᠤᠨᠳᠤᠭᠠᠢᠷᠠᠬᠤ ᠠ᠋ᠴᠠ ᠪᠠᠨ ᠲᠦᠷᠦᠭᠦᠨ ᠳ᠋ᠦ᠍ ᠲᠤᠤ ᠨᠠᠢᠵᠠ ᠶ᠋ᠢ ᠪᠠᠷᠠᠳᠠᠨ ᠨᠠᠭᠠᠯᠢᠩᠬᠠᠢᠲᠤᠵᠤ ᠡᠬᠢᠯᠡᠪᠡ᠃ ᠣᠷᠣᠭ᠎ᠠ ᠮᠣᠷᠢ ᠢᠵᠢᠯᠢ ᠪᠡᠨ ᠣᠯᠤᠨ᠎ᠠ ᠭᠡᠳᠡᠭ ᠦᠨᠡᠨ  ᠦᠭᠡ ᠶᠦᠮ᠃ ᠡᠨᠡ ᠬᠡᠦᠬᠡᠨ ᠨᠦ᠍ᠭᠦᠳ ᠪᠡᠶ᠎ᠡ ᠪᠡᠶ᠎ᠡ ᠪᠡᠨ ᠮᠥᠨ ᠰᠠᠢᠬᠠᠨ ᠣᠯᠵᠠᠢ᠃ ᠲᠡᠢᠨ ᠪᠠᠢᠲᠠᠯ᠎ᠠ ᠬᠡᠷᠡᠭ ᠪᠢᠰᠢᠳᠡᠯ᠎ᠡ᠃ ᠬᠠᠷ᠎ᠠ ᠬᠤᠪᠴᠠᠰᠤᠲᠤ ᠴᠠᠭᠠᠨ ᠬᠤᠪᠴᠠᠰᠤᠲᠤ ᠬᠣᠶᠠᠷ ᠨᠢᠭᠡ ᠮᠡᠳᠡᠭᠰᠡᠨ ᠴᠢᠨᠢ ᠬᠡᠷᠡᠭᠦᠯ ᠦ᠋ᠨ ᠬᠤᠷᠴᠠ ᠢᠯᠳᠦ ᠵᠦᠷᠢᠭᠦᠯᠴᠢᠭᠡᠭᠰᠡᠨ ᠪᠠᠢᠯ᠎ᠠ᠃ 
       — ᠪᠢ ᠴᠢᠮ᠎ᠠ ᠶ᠋ᠢ ᠮᠡᠳᠡᠨ᠎ᠡ ᠭᠡᠵᠦ ᠬᠠᠷ᠎ᠠ ᠬᠤᠪᠴᠠᠰᠤᠲᠤ ᠬᠡᠯᠡᠪᠡ᠃ 
       — ᠴᠢᠨᠦ ᠮᠡᠳᠡᠳᠡᠭ ᠲᠡᠨᠳᠡ ᠪᠠᠨ ᠯᠠ ᠪᠢᠵᠡ ᠭᠡᠵᠦ ᠴᠠᠭᠠᠨ ᠬᠤᠪᠴᠠᠰᠤᠲᠤ ᠬᠡᠯᠡᠪᠡ᠃  
       — ᠴᠢᠨᠦ ᠭᠣᠶᠣ ᠰᠠᠢᠬᠠᠨ ᠴᠢᠨᠢ ᠲᠡᠨᠳᠡ ᠪᠢᠵᠡ ᠭᠡᠬᠦ ᠳ᠋ᠦ᠍ 
       — ᠴᠢᠮ᠎ᠠ ᠲᠠᠢ ᠠᠳᠠᠯᠢᠬᠠᠨ ᠬᠠᠷ᠎ᠠ ᠬᠥᠮᠦᠨ ᠡᠷᠭᠢᠭᠦᠯᠳᠡᠭ ᠦᠭᠡᠢ ᠭᠡᠵᠦ ᠪᠠᠢᠨ᠎ᠠ᠃ ᠲᠡᠷᠡ ᠬᠣᠶᠠᠷ ᠢ᠋ ᠡᠪᠯᠡᠷᠡᠭᠦᠯᠬᠦ ᠭᠡᠵᠦ ᠪᠥᠭᠡᠮ ᠬᠥᠯ ᠪᠣᠯᠪᠠ᠃ ᠲᠡᠭᠦᠯᠳᠡᠷ ᠬᠤᠭᠤᠷᠴᠢ ᠴᠠᠭᠠᠨ ᠬᠤᠪᠴᠠᠰᠤᠲᠤ ᠶ᠋ᠢ ᠲᠤᠤ ᠨᠠᠢᠵᠠ ᠬᠠᠷ᠎ᠠ ᠬᠤᠪᠴᠠᠰᠤᠲᠤ ᠶ᠋ᠢ ᠠᠷᠭᠠᠳᠠᠪᠠ᠃ 
       ᠲᠤᠤᠯᠠ ᠶ᠋ᠢᠨ ᠤᠰᠤᠨ ᠳ᠋ᠤ᠌ ᠰᠡᠷᠢᠭᠦᠴᠡᠭᠰᠡᠨ ᠦ᠌ ᠳᠠᠷᠠᠭ᠎ᠠ ᠲᠤᠤ ᠶ᠋ᠢᠨ ᠭᠡᠷ ᠲᠤ ᠢᠷᠡᠵᠦ ᠣᠷᠣᠢ ᠶ᠋ᠢᠨ ᠬᠣᠭᠣᠯᠠ ᠢᠳᠡᠪᠡ᠃ ᠣᠷᠣᠢ ᠶ᠋ᠢᠨ ᠬᠣᠭᠣᠯᠠᠨ ᠳ᠋ᠤ᠌ ᠲᠣᠰᠣ ᠪᠣᠬᠢᠰᠢᠬᠰᠡᠨ ᠱᠣᠷᠣᠯᠠᠭ ᠢᠳᠡᠵᠦ ᠪᠠᠰᠠ ᠠᠢᠷᠠᠭ ᠠᠷᠢᠬᠢ ᠤᠤᠭᠤᠯ᠎ᠠ᠃ ᠴᠠᠳᠴᠤ ᠪᠠᠢᠭ᠎ᠠ ᠭᠡᠵᠦ ᠵᠢᠭᠲᠡᠢᠬᠡᠨ᠂ ᠢᠯᠠᠩᠭᠤᠶ᠎ᠠ ᠬᠠᠷ᠎ᠠ ᠬᠤᠪᠴᠠᠰᠤᠲᠤ᠂ ᠪᠦᠳᠦᠭᠦᠨ ᠡᠷ᠎ᠡ ᠬᠣᠶᠠᠷ ᠤ᠋ᠨ ᠢᠳᠡᠵᠦ ᠤᠤᠭᠤᠬᠤ ᠨᠢ ᠭᠠᠢᠬᠠᠯᠲᠠᠢ᠂ ᠪᠤᠰᠤᠳ ᠤ᠋ᠨ ᠭᠤᠸ᠎ᠠ ᠰᠠᠢᠬᠠᠨ ᠳ᠋ᠤ᠌ ᠠᠲᠠᠭᠠᠷᠬᠠᠵᠤ ᠶᠠᠪᠤᠳᠠᠭ ᠪᠣᠯ ᠢᠩᠭᠢᠲᠡᠯ᠎ᠡ ᠪᠡᠨ ᠢᠳᠡᠬᠦ ᠶ᠋ᠢᠨ ᠬᠡᠷᠡᠭ ᠪᠠᠢᠨ᠎ᠠ ᠤᠤ᠃ ᠨᠠᠷᠠᠨ ᠰᠢᠩᠭᠡᠬᠦ ᠦᠶ᠎ᠡ ᠪᠡᠷ ᠲᠡᠭᠦᠯᠳᠡᠷ ᠬᠤᠭᠤᠷᠴᠢ ᠪᠥᠵᠢᠭᠯᠡᠵᠦ ᠪᠥᠵᠢᠭᠯᠡᠵᠦ ᠣᠢᠴᠢᠪᠠ᠃ ᠴᠠᠭᠠᠨ ᠬᠤᠪᠴᠠᠰᠤᠲᠤ ᠲᠡᠭᠦᠨ ᠢ᠋ ᠰᠡᠷᠡᠭᠡᠬᠦ ᠭᠡᠵᠦ ᠤᠷᠤᠯᠳᠤᠨ《 ᠬᠥᠭᠡᠷᠦᠬᠦᠢ ᠮᠢᠨᠢ᠂ ᠬᠥᠭᠡᠷᠦᠬᠦᠢ ᠮᠢᠨᠢ》 ᠤᠬᠢᠯᠠᠩᠨᠠᠨ ᠪᠠᠢᠯ᠎ᠠ᠃ ᠬᠠᠷᠠᠩᠭᠤᠢ ᠴᠦ᠍ ᠪᠣᠯᠪᠠ᠂ ᠲᠤᠤ ᠨᠠᠢᠵᠠ ᠨᠠᠮ᠎ᠠ ᠶ᠋ᠢ ᠤᠨᠲᠠᠭᠠᠳ ᠶᠠᠪᠤ ᠭᠡᠵᠦ ᠪᠠᠢᠨ᠎ᠠ᠂ ᠪᠢ ᠵᠠ ᠭᠡᠳ ᠭᠠᠷᠤᠯ᠎ᠠ᠃ ᠭᠡᠷ ᠡᠴᠡ ᠵᠠᠢᠳᠠᠭᠤᠬᠠᠨ ᠲᠤᠤ ᠨᠠᠢᠵᠠ ᠶ᠋ᠢᠨ ᠠᠪᠠᠭᠠᠢ ᠪᠦᠳᠦᠭᠦᠨ ᠡᠷ᠎ᠡ ᠬᠣᠶᠠᠷ ᠲᠡᠪᠡᠷᠢᠯᠳᠦᠨ ᠵᠣᠭᠰᠣᠵᠤ ᠪᠠᠢᠪᠠ᠃ 
       — ᠶᠠᠭᠠᠬᠢᠵᠤ ᠪᠣᠯᠬᠤ ᠶᠤᠮ ᠪᠣᠢ! ᠪᠣᠯᠬᠤ ᠦᠭᠡᠢ ᠰᠢᠦ ᠳᠡ ᠭᠡᠵᠦ ᠲᠤᠤ ᠨᠠᠢᠵᠠ ᠶ᠋ᠢᠨ ᠠᠪᠠᠭᠠᠢ《 ᠬᠢ ᠬᠢ ᠬᠢ》 ᠭᠡᠵᠦ ᠪᠣᠯᠤᠨ᠎ᠠ ᠭᠡᠰᠡᠨ ᠶᠠᠩᠵᠤ ᠲᠠᠢ ᠵᠥᠭᠡᠯᠡᠨ ᠢᠨᠢᠶᠡᠵᠦ ᠪᠠᠢᠨ᠎ᠠ᠃ 
       ᠪᠢ ᠡᠨᠡ ᠡᠳᠦᠷ ᠦ᠋ᠨ ᠲᠡᠭᠦᠰᠬᠡᠯ ᠶᠠᠮᠠᠷ ᠪᠣᠯᠬᠤ ᠶ᠋ᠢ ᠲᠠᠭᠠᠮᠠᠭᠯᠠᠨ ᠭᠡᠷ ᠲᠡᠭᠡᠨ ᠬᠠᠷᠢᠬᠤ ᠪᠠᠷ ᠶᠠᠪᠤᠯ᠎ᠠ᠃ ᠲᠤᠤ ᠨᠠᠢᠵᠠ ᠶ᠋ᠢᠨ ᠴᠠᠭᠠᠨ ᠭᠡᠷ ᠰᠥᠨᠢ ᠶ᠋ᠢᠨ ᠬᠠᠷᠠᠩᠭᠤᠢ ᠳ᠋ᠤ᠌ ᠴᠠᠢᠪᠠᠯᠵᠠᠨ ᠬᠣᠴᠣᠷᠪᠠ᠃《 ᠡᠨᠡ ᠪᠦᠬᠦᠨ ᠭᠡᠷ ᠲᠤ ᠪᠣᠯᠵᠤ ᠪᠠᠢᠨ᠎ᠠ ᠰᠢᠦ ᠳᠡ》 ᠭᠡᠵᠦ ᠪᠢ ᠪᠣᠳᠣᠯ᠎ᠠ᠃  

– – – – 
① ᠨᠢᠳᠦᠨ ᠪᠤᠯᠤᠩ ᠢ᠋ᠶ᠋ᠠᠷ ᠡᠭᠳᠡᠭᠦᠴᠡᠨ ᠬᠠᠷᠠᠭᠠᠳ ᠨᠢᠳᠦ ᠪᠤᠷᠤᠭᠤᠯᠠᠬᠤ

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂ ᠪᠣᠷᠵᠢᠭᠢᠨ ᠪᠠᠭᠠᠲᠤᠷ᠂ ᠣᠳᠣᠨᠬᠤᠸᠠᠷ  
        ᠬᠢᠨᠠᠭ᠍ᠴᠢ :   ᠣᠳᠣᠨᠬᠤᠸᠠᠷ᠂ ᠲᠤᠭᠴᠢ ᠰᠠᠷᠠᠨ᠎ᠠ 
               2024᠂ 3᠂  13  ᠤ ᠡᠳᠦᠷ