ᠪᠢᠯᠳᠠᠤᠴᠢ ᠂ ᠳᠠᠷᠤᠭ᠎ᠠ ᠲᠠᠢ ᠪᠠᠨ ᠶᠠᠷᠢᠭᠰᠠᠨ ᠨᠢ – ᠴᠠᠨᠳᠠ ᠶᠢᠨ ᠱᠠᠭᠳᠠᠷ Бялдууч ᠂ Даргатайгаа ярьсан нь – Цандын Шагдар ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠯᠳᠠᠤᠴᠢ ᠂ ᠳᠠᠷᠤᠭ᠎ᠠ ᠲᠠᠢ ᠪᠠᠨ ᠶᠠᠷᠢᠭᠰᠠᠨ ᠨᠢ – ᠴᠠᠨᠳᠠ ᠶᠢᠨ ᠱᠠᠭᠳᠠᠷ Бялдууч ᠂ Даргатайгаа ярьсан нь – Цандын Шагдар

ᠪᠢᠯᠳᠠᠤᠴᠢ ᠂ ᠳᠠᠷᠤᠭ᠎ᠠ ᠲᠠᠢ ᠪᠠᠨ ᠶᠠᠷᠢᠭᠰᠠᠨ ᠨᠢ – ᠴᠠᠨᠳᠠ ᠶᠢᠨ ᠱᠠᠭᠳᠠᠷ Бялдууч ᠂ Даргатайгаа ярьсан нь – Цандын Шагдар

ᠠᠩᠭᠢᠯᠠᠯ:ᠬᠣᠱᠣᠩ ᠱᠣᠭ
2024-03-14

667

ᠪᠢᠯᠳᠠᠤᠴᠢ ᠂ ᠳᠠᠷᠤᠭ᠎ᠠ ᠲᠠᠢ ᠪᠠᠨ ᠶᠠᠷᠢᠭᠰᠠᠨ ᠨᠢ


                ( ᠬᠣᠱᠣᠩ ᠰᠢᠯᠦᠭ) 

 — ᠳᠠᠷᠤᠭ᠎ᠠ ᠠ᠋! ᠲᠠᠨ ᠤ᠋ ᠪᠡᠶ᠎ᠡ ᠵᠦᠭᠡᠷ ᠪᠢᠵᠡ 
 ᠳᠠᠷᠤᠯᠲᠠ ᠮᠠᠷᠤᠯᠲᠠ ᠴᠢᠨᠢ ᠭᠠᠢ ᠦᠭᠡᠢ ᠤᠤ  
 ᠲᠠᠩᠳᠠ ᠪᠢ ᠲᠠᠨ ᠢ᠋ ᠪᠣᠳᠣᠭᠠᠳ  
 ᠲᠠᠭᠠᠷᠠᠵᠤ ᠪᠠᠢᠭ᠎ᠠ ᠪᠣᠯᠪᠠ ᠤᠤ ᠭᠡᠵᠦ ᠵᠣᠪᠠᠭᠠᠳ ᠁ 

 — ᠵᠦᠭᠡᠷ ᠵᠦᠭᠡᠷ ᠪᠡᠶ᠎ᠡ ᠰᠠᠢᠨ 
 ᠵᠢᠷᠦᠬᠡ ᠳᠠᠷᠤᠯᠲᠠ ᠪᠦᠭᠦᠳᠡ ᠰᠠᠢᠨ  
 ᠲᠠᠨ ᠤ᠋ ᠥᠪᠡᠷ ᠦ᠋ᠨ ᠪᠡᠶ᠎ᠡ ᠰᠠᠢᠨ ᠤᠤ? 
 ᠲᠠᠷᠭᠤᠨ ᠲᠠᠪᠠᠲᠠᠢ ᠡᠪᠦᠯᠵᠢᠵᠦ ᠪᠠᠢᠨ᠎ᠠ ᠤᠤ? 

 — ᠤᠤᠯ ᠨᠢ ᠪᠢ ᠭᠡᠳᠡᠭ ᠬᠥᠮᠦᠨ ᠪᠣᠯ  
 ᠤᠯᠤᠰ ᠤ᠋ᠨ ᠲᠥᠯᠥᠭᠡ ᠲᠥᠷᠥᠭᠰᠡᠨ ᠰᠢᠭ ᠪᠠᠢᠨ᠎ᠠ᠃ 
 ᠬᠦᠨᠳᠦᠬᠡᠨ ᠠᠵᠢᠯ ᠬᠢᠬᠦ ᠲᠣᠰᠤᠮ ᠢ᠋ᠶ᠋ᠠᠨ 
 ᠬᠦᠴᠦ ᠣᠷᠣᠭᠠᠳ ᠪᠠᠢᠬᠤ ᠰᠢᠭ᠋ ᠪᠠᠢᠨ᠎ᠠ᠃ 
 ᠳᠠᠷᠤᠭ᠎ᠠ ᠠ᠋  ᠲᠠᠨ ᠤ᠋ ᠬᠢᠨ ᠴᠥᠮ ᠯᠡ 
 ᠲᠠᠵᠢ ᠦᠭᠡᠢ ᠮᠡᠨᠳᠦ ᠰᠠᠢᠨ ᠪᠢᠵᠡ ᠳᠡ?  
 ᠪᠢ ᠲᠡᠳᠡᠨ ᠢ᠋ ᠲᠠᠨᠢᠳᠠᠭ ᠪᠣᠯᠬᠣᠷ ᠢ᠋ᠶ᠋ᠠᠨ  
 ᠪᠢᠲᠡᠭᠦᠬᠡᠨ ᠳ᠋ᠡᠭᠡᠨ ᠪᠣᠳᠣᠭᠠᠳ ᠯᠠ ᠶᠠᠪᠤᠬᠤ ᠶᠤᠮ᠃ 

 — ᠰᠠᠢᠨ ᠰᠠᠢᠨ ᠪᠦᠭᠦᠳᠡ ᠰᠠᠢᠨ  
 ᠰᠠᠨᠠᠭ᠎ᠠ ᠵᠣᠪᠠᠯᠲᠠ ᠦᠭᠡᠢ ᠮᠡᠨᠳᠦ ᠰᠠᠢᠨ  
 ᠥᠪᠡᠷ ᠢ᠋ᠶ᠋ᠡᠨ ᠶᠠᠭᠤ ᠬᠢᠵᠦ ᠪᠠᠢᠨ᠎ᠠ ᠳᠠ?  
 ᠡᠭᠦᠷᠭᠡᠲᠦ ᠠᠵᠢᠯ ᠲᠠᠩᠬᠢ ᠪᠢᠵᠡ? 

 — ᠰᠢᠵᠢᠭᠡ ᠶ᠋ᠢᠨ ᠲᠤᠤᠶᠤ ᠪᠢ ᠪᠣᠯ  
 ᠰᠢᠨ᠎ᠡ ᠶ᠋ᠢ ᠰᠠᠨᠠᠭᠠᠴᠢᠯᠠᠬᠤ ᠪᠠᠷ ᠲᠥᠷᠥᠭᠰᠡᠨ ᠰᠢᠭ ᠪᠠᠢᠨ᠎ᠠ᠃  
 ᠠᠰᠢᠭᠲᠠᠢ ᠨᠢᠭᠡ ᠶᠠᠭᠤᠮ᠎ᠠ ᠰᠠᠨᠠᠭᠠᠴᠢᠯᠠᠬᠤ ᠭᠡᠳ 
 ᠠᠷᠠᠢ ᠭᠦᠢᠴᠡᠬᠦ ᠦᠭᠡᠢ ᠳᠥᠭᠥᠭᠡᠳ ᠯᠡ ᠪᠠᠢᠨ᠎ᠠ ᠳᠠ᠃  
 ᠳᠠᠷᠤᠭ᠎ᠠ ᠠ᠋! ᠲᠠᠨ ᠤ᠋ ᠮᠠᠰᠢᠨ ᠤ᠋ ᠳᠤᠭᠤᠢ ᠶ᠋ᠢ  
 ᠳᠠᠪᠬᠤᠷ ᠬᠢᠴᠢᠬᠡᠵᠦ ᠪᠣᠯᠬᠤ ᠦᠭᠡᠢ ᠶᠦᠮ ᠤᠤ?  
 ᠬᠠᠶᠠ ᠪᠢ ᠨᠢᠭᠡ ᠬᠠᠷᠠᠬᠤ ᠪᠠᠷ ᠢ᠋ᠶ᠋ᠠᠨ  
 ᠬᠠᠭᠠᠷᠠᠴᠢᠬᠠᠬᠤ ᠪᠣᠢ ᠭᠡᠵᠦ ᠠᠶᠤᠭᠠᠳ ᠪᠠᠢᠬᠤ ᠶᠤᠮ᠃ 

 — ᠮᠠᠰᠢᠨ ᠤ᠋ ᠳᠤᠭᠤᠢ ᠵᠦᠭᠡᠷ ᠵᠦᠭᠡᠷ  
 ᠮᠠᠰᠢ ᠪᠥᠬᠡ ᠡᠳ᠋ ᠪᠠᠢᠭ᠎ᠠ ᠶᠤᠮ᠂  
 ᠳᠡᠮᠡᠢ ᠶᠠᠭᠤᠮᠠᠨ ᠳ᠋ᠤ᠌ ᠰᠠᠨᠠᠭ᠎ᠠ ᠵᠣᠪᠠᠭᠠᠳ ᠪᠠᠢᠪᠠᠯ  
 ᠳᠡᠩᠳᠡᠭᠦᠦ ᠶᠠᠳᠠᠷᠠᠴᠢᠬᠠᠵᠤ ᠮᠡᠳᠡᠨ᠎ᠡ ᠰᠢᠦ ᠳᠡ 

 — ᠲᠡᠢᠮᠦ ᠠ᠋᠂ ᠳᠠᠷᠤᠭ᠎ᠠ ᠠ᠋᠂ ᠪᠢ ᠶᠡᠷᠦ ᠨᠢ  
 ᠳᠡᠷᠡᠨ ᠦ᠌ ᠲᠥᠯᠥᠭᠡ ᠲᠥᠷᠥᠭᠰᠡᠨ ᠰᠢᠭ ᠪᠠᠢᠨ᠎ᠠ᠃  
 ᠳᠡᠯᠡᠬᠡᠢ ᠶ᠋ᠢᠨ ᠪᠥᠮᠪᠥᠷᠴᠡᠭ ᠢ᠋ ᠨᠠᠷᠠᠨ ᠳ᠋ᠤ᠌ ᠣᠢᠷᠠᠲᠤᠭᠤᠯᠬᠤ ᠭᠡᠵᠦ  
 ᠳᠡᠩᠰᠡᠯᠵᠦ ᠪᠣᠳᠣᠭᠠᠳ ᠨᠣᠢᠷ ᠦᠭᠡᠢ ᠬᠣᠨᠣᠬᠤ ᠶᠤᠮ᠃ 

 — ᠬᠥᠶᠢ ᠳᠠᠷᠤᠭ᠎ᠠ ᠠ᠋ ᠲᠠ  
 ᠬᠥᠯᠳᠡᠭᠦᠦ ᠭᠠᠵᠠᠷ ᠣᠢᠴᠢᠪᠠ ᠳᠠ᠂ ᠮᠡᠳᠡᠭᠡᠷᠡᠢ  
 ᠲᠠᠰᠢᠭᠤ ᠭᠠᠵᠠᠷ ᠬᠠᠷᠠᠬᠤ ᠪᠠᠷ ᠢ᠋ᠶ᠋ᠠᠨ ᠪᠢ  
 ᠲᠠᠨ ᠢ᠋ ᠣᠢᠴᠢᠬᠤ ᠪᠣᠢ ᠭᠡᠵᠦ ᠠᠶᠤᠳᠠᠭ ᠶᠤᠮ᠃ 

 — ᠬᠥᠶᠢ ᠳᠠᠷᠤᠭ᠎ᠠ ᠠ᠋᠂ ᠳᠠᠷᠤᠭ᠎ᠠ ᠠ᠋!  
 ᠬᠥᠯᠳᠡᠭᠦᠦ ᠭᠠᠵᠠᠷ ᠣᠢᠴᠢᠪᠠ ᠳᠠ ᠲᠠ  
 ᠬᠠᠮᠢᠭ᠎ᠠ ᠴᠦ᠍ ᠭᠡᠰᠡᠨ ᠲᠡᠷᠡ᠂ ᠶᠠᠪᠤᠬᠤ ᠳ᠋ᠠᠭᠠᠨ  
 ᠬᠠᠵᠠᠭᠠᠢ ᠭᠠᠵᠠᠷ ᠬᠠᠷᠠᠬᠤ ᠪᠠᠷ ᠢ᠋ᠶ᠋ᠠᠨ  
 ᠬᠥᠭᠡᠷᠦᠬᠦᠢ ᠳᠠᠷᠤᠭ᠎ᠠ ᠮᠢᠨᠢ ᠡᠨᠳᠡ  
 ᠬᠥᠯ ᠨᠢ ᠬᠠᠯᠲᠤᠷᠢᠬᠤ ᠪᠣᠢ ᠭᠡᠵᠦ ᠠᠶᠤᠳᠠᠭ ᠶᠤᠮ᠃  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠠᠯᠲᠠᠨᠴᠢᠮᠡᠭ
        ᠬᠢᠨᠠᠭ᠍ᠴᠢ :   ᠲᠤᠭᠴᠢ ᠰᠠᠷᠠᠨ᠎ᠠ 
               2024᠂ 3᠂  1  ᠤ ᠡᠳᠦᠷ