1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠤ ᠴᠣᠯᠠ < ᠶᠢᠰᠦ > МОРИНЫ ЦОЛ – IX

ᠮᠣᠷᠢᠨ ᠤ ᠴᠣᠯᠠ < ᠶᠢᠰᠦ > МОРИНЫ ЦОЛ – IX

2024-03-14

460

ᠮᠣᠷᠢᠨ ᠤ ᠴᠣᠯᠠ < ᠶᠢᠰᠦ >


 ᠪᠦᠷᠢᠨ ᠡᠷᠬᠡᠲᠦ 
 ᠪᠥᠬᠥᠳᠡ ᠨᠠᠢᠢᠷᠠᠮᠳᠠᠬᠤ ᠮᠣᠩᠭᠣᠯ ᠠᠷᠠᠳ ᠤᠯᠤᠰ ᠤᠨ
 ᠁ ᠠᠢᠮᠠᠭ ᠤ᠋ᠨ ᠁ ᠰᠤᠮᠤ ᠶ᠋ᠢᠨ ᠁ ᠨᠢᠭᠡᠳᠦᠯ ᠦ᠋ᠨ 
 ᠁  ᠳᠦᠭᠡᠷ ᠪᠠᠷᠢᠭᠠᠳᠠ ᠶ᠋ᠢᠨ ᠮᠠᠯᠴᠢᠨ ᠁ ᠦ 
 ᠠᠳᠤᠭᠤᠨ ᠰᠦᠷᠦᠭ ᠦ᠋ᠨ ᠤᠨᠠᠭ᠎ᠠ ᠠ! 
 ᠲᠡᠭᠦᠰ ᠢᠯᠠᠯᠲᠠ ᠶ᠋ᠢᠨ ᠣᠢ ᠶ᠋ᠢᠨ 
 ᠲᠥᠷᠥ ᠶ᠋ᠢᠨ ᠶᠡᠬᠡ ᠪᠠᠶᠠᠷ ᠤ᠋ᠨ 
 ᠲᠦᠮᠡᠨ ᠦ᠌ ᠴᠡᠩᠭᠡᠯ ᠦ᠋ᠨ ᠳᠡᠭᠡᠵᠢ 
 ᠲᠦᠪᠰᠢᠨ ᠡᠩᠬᠡ ᠶ᠋ᠢᠨ ᠨᠠᠭᠠᠳᠤᠮ ᠤ᠋ᠨ 
 ᠬᠤᠢ ᠠᠳᠠᠯᠢ ᠬᠥᠳᠡᠯᠭᠡᠭᠡᠨ ᠳ᠋ᠦ᠍ 
 ᠬᠤᠷᠳᠤᠨ ᠬᠦᠯᠦᠭ ᠦ᠋ᠨ ᠤᠷᠤᠯᠳᠤᠭᠠᠨ ᠳ᠋ᠤ᠌ 
 ᠪᠢᠷ᠎ᠠ ᠴᠢᠳᠠᠯ ᠤ᠋ᠨ ᠢ᠋ᠶ᠋ᠠᠨ ᠬᠦᠴᠦ ᠪᠡᠷ 
 ᠪᠠᠷᠲᠠᠭᠠᠲᠤ ᠵᠠᠮ ᠢ᠋ ᠲᠤᠭᠤᠯᠵᠤ 
 ᠬᠠᠰᠬᠢᠷᠤᠨ ᠭᠢᠩᠭᠢᠨᠡᠭᠦᠯᠬᠦ ᠳᠠᠭᠤᠨ ᠳ᠋ᠤ᠌ 
 ᠬᠠᠷᠠᠢᠯᠲᠠ ᠶ᠋ᠢᠨ ᠬᠦᠴᠦᠨ ᠨᠡᠮᠡᠭᠳᠡᠭᠡᠳ 
 ᠤᠷᠢᠳᠤ ᠪᠠᠨ ᠶᠠᠪᠤᠭ᠎ᠠ ᠮᠣᠷᠢᠳ ᠢ᠋ 
 ᠤᠷᠮ᠎ᠠ ᠲᠠᠢ ᠭᠦᠢᠴᠡᠵᠦ ᠠᠪᠤᠭᠠᠳ 
 ᠭᠠᠵᠠᠷ ᠬᠣᠯᠠᠳᠬᠤ ᠳᠣᠳᠣᠮ ᠳ᠋ᠤ᠌ ᠪᠠᠨ 
 ᠭᠠᠢᠬᠠᠮᠠᠷ ᠬᠤᠷᠳᠤᠨ ᠨᠡᠮᠡᠭᠡᠳ 
 ᠬᠠᠷᠠᠢᠬᠤ ᠬᠥᠯ ᠤᠨ ᠬᠢᠨᠢ ᠡᠷᠴᠢ 
 ᠬᠠᠷᠴᠠᠭᠠᠢ ᠶ᠋ᠢᠨ ᠱᠤᠮᠪᠠᠬᠤ ᠠᠳᠠᠯᠢ ᠳᠡᠭᠦᠯᠢᠭᠡᠳ 
 ᠠᠭᠲᠠ ᠶ᠋ᠢᠨ ᠬᠤᠷᠳᠤ ᠶ᠋ᠢ ᠰᠢᠯᠭᠠᠭᠰᠠᠨ 
 ᠠᠯᠳᠠᠷᠲᠤ ᠡᠨᠡ ᠤᠷᠤᠯᠳᠤᠭᠠᠨ ᠳ᠋ᠤ᠌ 
 ᠠᠢᠷᠠᠭ ᠤ᠋ᠨ ᠲᠠᠪᠤ ᠳ᠋ᠤ᠌ ᠪᠠᠷᠢᠭᠳᠠᠭᠰᠠᠨ 
 ᠠᠷᠭᠤᠮᠠᠭ ᠬᠤᠷᠳᠤᠨ ᠬᠦᠯᠦᠭ ᠠ᠋! 
 ᠡᠨᠡ ᠮᠣᠷᠢᠨ ᠤ᠋ ᠰᠢᠨᠵᠢ ᠨᠢ ᠭᠡᠪᠡᠯ᠄ 
 ᠡᠴᠡᠵᠦ ᠴᠣᠴᠠᠬᠤ ᠦᠭᠡᠢ ᠲᠡᠩᠬᠡᠯ ᠲᠡᠢ 
 ᠡᠷᠡᠯᠬᠡᠭ ᠰᠢᠨᠵᠢ ᠪᠦᠷᠢᠳᠦᠭᠰᠡᠨ 
 ᠡᠷᠡᠮᠡᠬᠡᠢ ᠬᠤᠷᠳᠤᠨ ᠤᠳᠤᠮ ᠲᠠᠢ 
 ᠲᠦᠮᠡᠨ ᠦ᠌ ᠳᠤᠷ᠎ᠠ ᠶ᠋ᠢ ᠪᠤᠯᠢᠶᠠᠵᠤ 
 ᠳᠠᠶᠠᠭᠠᠷ ᠣᠯᠠᠨ ᠳ᠋ᠤ᠌ ᠭᠠᠢᠬᠠᠭᠳᠠᠭᠰᠠᠨ 
 ᠭᠠᠩ ᠵᠤᠤᠵᠠᠢ ᠳᠠᠷᠤᠵᠤ 
 ᠭᠠᠵᠠᠷ ᠤ᠋ᠨ ᠬᠣᠯᠠ ᠳ᠋ᠤ᠌ ᠴᠢᠩᠭᠠᠷᠠᠳᠠᠭ ᠢ᠋ᠶ᠋ᠠᠷ ᠢ᠋ᠶ᠋ᠠᠨ 
 ᠢᠵᠢᠯ ᠳᠤᠮᠳᠠ ᠠ᠋ᠴᠠ ᠪᠠᠨ ᠲᠣᠳᠣᠷᠠᠭᠰᠠᠨ 
 ᠡᠵᠡᠨ ᠠᠷᠠᠳ ᠢᠶᠠᠨ ᠪᠠᠶᠠᠰᠤᠭᠤᠯᠤᠭᠴᠢ 
 ᠡᠩᠬᠡ ᠲᠥᠷᠥ ᠶ᠋ᠢᠨ ᠴᠢᠮᠡᠭ 
 ᠡᠷᠬᠢᠮ ᠬᠤᠷᠳᠤᠨ ᠰᠢᠨᠵᠢᠲᠦ 
 ᠮᠠᠭᠲᠠᠭᠳᠠᠵᠤ ᠪᠠᠷᠠᠰᠢ ᠦᠭᠡᠢ ᠡᠷᠳᠡᠮ ᠲᠡᠢ 
 ᠮᠠᠨᠳᠤᠭᠤᠯᠵᠤ ᠪᠠᠷᠠᠰᠢ ᠦᠭᠡᠢ ᠦᠵᠡᠰᠬᠦᠯᠡᠩ ᠲᠡᠢ 
 ᠢᠷᠡᠬᠦ ᠵᠢᠯ ᠦ᠋ᠨ ᠨᠠᠭᠠᠳᠤᠮ ᠳ᠋ᠤ᠌ 
 ᠡᠬᠢᠨ ᠳ᠋ᠦ᠍ ᠲᠦᠷᠦᠭᠦᠯᠡᠬᠦ ᠬᠤᠷᠳᠤᠨ ᠬᠦᠯᠦᠭ ᠠ᠋! 

МОРИНЫ ЦОЛ – IX


 IX 
 Бүрэн эрхт БНМАУ-ын 
 ... аймгийн сумын ... нэгдлийн 
 ...-р бригадын малчин 
 ...-ний адуун сүргийн унага аа︕ 
 Төгс ялалтын ойн 
 Төрийн их баярын 
 Түмний цэнгэлийн дээж 
 Түвшин энхийн наадмын 
 Хуй адил хөдөлгөөнт 
 Хурдан хүлгийн уралдаанд 
 Бяр чадлынхаа хүчээр 
 Бартаат замыг туулж 
 Хашгиран гийнгоолох дуунд 
 Харайлтын хүчин нэмэгдээд 
 Урдаа яваа морьдыг 
 Урамтай гүйцэж аваад 
 Газар холдох тутамдаа 
 Гайхмаар хурдан нэмээд 
 Харайх хөлний нь эрч 
 Харцагын шумбах адил дүүлээд
 Агтын хурдыг шалгасан 
 Алдарт энэ уралдаанд 
 Айргийн тавд баригдсан 
 Армаг хурдан хүлэг ээ︕ 
 Энэ морины шинж нь гэвэл: 
 Эцэж цуцахгүй тэнхэлтэй 
 Эрэлхэг шинж бүрдсэн 
 Эрэмгий хурдан удамтай 
 Түмний дурыг булааж 
 Даяар олонд гайхагдсан 
 Ган зуузай дарж 
 Газрын холд чангардгаараа 
 Ижил дундаасаа тодорсон 
 Эзэн ардаа баясуулагч 
 Энх төрийн чимэг 
 Эрхэм хурдан шинжит 
 Магтагдаж баршгүй эрдэмтэй 
 Мандуулж баршгүй үзэсгэлэнтэй 
 Ирэх жилийн наадамд 
 Эхэнд түрүүлэх хурдан хүлэг ээ︕