ᠡᠳ᠋ ᠰᠢᠯᠭᠠᠭᠴᠢ ᠶᠢᠨ ᠲᠠᠮᠠᠭ᠎ᠠ – ᠴᠠᠨᠳᠠ ᠶᠢᠨ ᠱᠠᠭᠳᠠᠷ Эд шалгагчийн тамга – Цандын Шагдар ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠳ᠋ ᠰᠢᠯᠭᠠᠭᠴᠢ ᠶᠢᠨ ᠲᠠᠮᠠᠭ᠎ᠠ – ᠴᠠᠨᠳᠠ ᠶᠢᠨ ᠱᠠᠭᠳᠠᠷ Эд шалгагчийн тамга – Цандын Шагдар

ᠡᠳ᠋ ᠰᠢᠯᠭᠠᠭᠴᠢ ᠶᠢᠨ ᠲᠠᠮᠠᠭ᠎ᠠ – ᠴᠠᠨᠳᠠ ᠶᠢᠨ ᠱᠠᠭᠳᠠᠷ Эд шалгагчийн тамга – Цандын Шагдар

ᠠᠩᠭᠢᠯᠠᠯ:ᠬᠣᠱᠣᠩ ᠱᠣᠭ
2024-03-13

267

ᠡᠳ᠋ ᠰᠢᠯᠭᠠᠭᠴᠢ ᠶᠢᠨ ᠲᠠᠮᠠᠭ᠎ᠠ


             ᠵᠠᠮᠠᠴᠠ ᠶ᠋ᠢᠨ ᠱᠠᠭᠳᠠᠷ  
                        ( ᠱᠣᠭ ᠰᠢᠯᠦᠭ)  

 ᠡᠳ᠋ ᠰᠢᠯᠭᠠᠭᠴᠢ ᠶ᠋ᠢᠨ ᠭᠠᠷ ᠲᠤ᠌ 
 ᠡᠯᠳᠡᠪ ᠶᠠᠩᠵᠤ ᠶ᠋ᠢᠨ ᠲᠠᠮᠠᠭ᠎ᠠ ᠪᠠᠢᠪᠠ᠂ 
 ᠮᠠᠭᠤ ᠰᠠᠢᠨ ᠢ᠋ ᠨᠢ ᠦᠵᠡᠯ ᠦᠭᠡᠢ 
 ᠮᠤᠲᠤᠷᠯᠠᠵᠤ ᠪᠠᠢᠳᠠᠭ ᠵᠠᠩ ᠲᠠᠢ ᠪᠠᠢᠪᠠ᠃  

 ᠲᠡᠷᠮ᠎ᠡ ᠬᠡᠦᠬᠡᠨ ᠢ᠋ ᠤᠷᠳᠤᠭᠤᠷ ᠢ᠋ᠶ᠋ᠠᠨ ᠭᠠᠷᠬᠤ ᠳ᠋ᠤᠨᠢ 
 ᠳᠠᠷᠠᠭᠠᠷ( ᠳᠠᠷᠳᠠᠭᠠᠷ) ᠰᠠᠢᠬᠠᠨ ᠴᠤᠪᠠ ᠶ᠋ᠢ ᠨᠢ 
 ᠳᠠᠮᠵᠢᠯᠭ᠎ᠠ ᠶ᠋ᠢᠨ ᠪᠠᠷᠠᠭ᠎ᠠ ᠭᠡᠵᠦ ᠠᠨᠳᠠᠭᠤᠷᠠᠭᠠᠳ 
 ᠲᠠᠮᠠᠭᠠᠯᠠᠭᠠᠳ ᠥᠩᠭᠡᠷᠡᠭᠰᠡᠨ ᠤᠳᠠᠭ᠎ᠠ ᠪᠠᠢᠨ᠎ᠠ᠃  

 ᠰᠢᠯᠭᠠᠬᠤ ᠶᠠᠭᠤᠮ᠎ᠠ ᠨᠢ ᠪᠥᠭᠡᠮᠨᠡᠷᠡᠴᠢᠬᠡᠭᠡᠳ 
 ᠰᠠᠨᠳᠤᠷᠤᠭᠰᠠᠨ ᠨᠢᠭᠡ ᠦᠶ᠎ᠡ ᠳ᠋ᠦ᠍ 
 ᠳᠠᠩᠬᠠᠷ ᠳᠣᠷᠵᠢ ᠶ᠋ᠢ ᠳᠡᠪᠡᠯ ᠲᠡᠢ ᠶᠠᠪᠤᠬᠤ ᠳ᠋ᠤᠨᠢ 
 ᠳᠠᠬᠢᠨ ᠢᠨᠳᠡᠦᠳᠡᠭᠰᠡᠨ ᠬᠣᠶᠠᠳᠤᠭᠠᠷ ᠵᠡᠷᠭᠡ ᠭᠡᠵᠦ 
 ᠲᠠᠯᠤᠨ ᠳᠡᠭᠡᠷ᠎ᠡ ᠨᠢ ᠲᠠᠮᠠᠭᠠᠯᠠᠭᠰᠠᠨ ᠪᠠᠢᠨ᠎ᠠ 
 ᠳᠡᠮᠡᠢ ᠶᠠᠷᠢᠶᠠᠨ ᠳ᠋ᠠᠭᠠᠨ ᠬᠠᠯᠠᠴᠢᠬᠠᠭᠠᠳ 
 ᠳᠠᠩ ᠲᠤᠩ ᠰᠠᠭᠤᠬᠤ ᠳ᠋ᠠᠭᠠᠨ 
 ᠷᠢᠨᠴᠢᠨ ᠨᠢᠷᠪᠠ ᠶ᠋ᠢᠨ ᠤᠯᠠᠭᠠᠨ ᠬᠠᠮᠠᠷ ᠢ᠋ 
 ᠡᠷᠲᠡ ᠶ᠋ᠢᠨ ᠤᠯᠠᠷᠢᠯ ᠭᠡᠵᠦ ᠡᠨᠳᠡᠭᠦᠷᠡᠭᠡᠳ 
 ᠡᠳ᠋ ᠦ᠋ᠨ ᠳᠡᠭᠡᠳᠦ ᠭᠡᠵᠦ ᠲᠠᠮᠠᠭᠠᠯᠠᠭᠰᠠᠨ ᠪᠠᠢᠨ᠎ᠠ᠃ 
 ᠴᠢᠨᠠᠷ ᠰᠢᠯᠭᠠᠭᠴᠢ ᠶ᠋ᠢᠨ ᠬᠠᠵᠠᠭᠤ ᠪᠠᠷ ᠥᠩᠭᠡᠷᠡᠭᠰᠡᠨ 
 ᠴᠡᠪᠡᠷᠯᠡᠭᠴᠢ ᠠᠪᠠᠭᠠᠢ ᠶ᠋ᠢᠨ ᠬᠠᠭᠤᠴᠢᠨ ᠱᠦᠭᠦᠷ ᠢ᠋ 
 ᠴᠡᠪᠡᠷᠬᠡᠨ ᠰᠠᠢᠨ ᠡᠳ᠋ ᠭᠡᠵᠦ 
 ᠨᠢᠭᠡᠳᠦᠭᠡᠷ ᠵᠡᠷᠭᠡ ᠭᠡᠰᠡᠨ 
 ᠨᠢᠭᠡᠨ ᠲᠠᠮᠠᠭ᠎ᠠ ᠳᠠᠷᠤᠭᠰᠠᠨ ᠪᠠᠢᠨ᠎ᠠ᠃ 
 ᠬᠠᠷᠢᠶᠠᠲᠤ ᠳᠠᠷᠤᠭ᠎ᠠ ᠨᠢ ᠲᠡᠭᠦᠨ ᠢ᠋ ᠰᠣᠨᠣᠰᠤᠭᠠᠳ 
 ᠬᠠᠷᠢᠭᠤᠴᠠᠯᠭ᠎ᠠ ᠶ᠋ᠢ ᠨᠢ ᠰᠢᠯᠭᠠᠬᠤ ᠪᠠᠷ ᠢᠷᠡᠬᠦ ᠳ᠋ᠦ᠍ 
 ᠴᠠᠭᠠᠰᠢ ᠪᠠᠨ ᠬᠠᠷᠠᠵᠤ ᠶᠠᠷᠢᠵᠤ ᠰᠠᠭᠤᠬᠤ ᠳ᠋ᠠᠭᠠᠨ 
 ᠴᠠᠭᠠᠰᠤᠨ ᠳᠠᠪᠤᠤ ᠶ᠋ᠢᠨ ᠡᠳ᠋ᠯᠡᠯ ᠭᠡᠳ 
 ᠴᠠᠮᠴᠠ ᠶ᠋ᠢᠨ ᠳᠡᠭᠡᠷ᠎ᠡ ᠨᠢ ᠲᠠᠮᠠᠭᠠᠯᠠᠭᠰᠠᠨ ᠪᠠᠢᠨ᠎ᠠ᠃  
 ᠡᠳ᠋ ᠰᠢᠯᠭᠠᠭᠴᠢ ᠢᠩᠭᠢᠵᠦ 
 ᠬᠡᠳᠦ ᠬᠠᠷᠢᠭᠤᠴᠠᠯᠭ᠎ᠠ ᠠᠯᠳᠠᠵᠤ 
 ᠵᠡᠷᠭᠡ ᠶ᠋ᠢᠨ ᠲᠠᠮᠠᠭ᠎ᠠ ᠬᠠᠮᠢᠶ᠎ᠠ ᠦᠭᠡᠢ ᠳᠠᠷᠤᠭᠰᠠᠨ 
 ᠬᠡᠷᠡᠭ ᠦ᠋ᠨ ᠤᠴᠢᠷ ᠪᠤᠷᠤᠭᠤᠳᠠᠭᠰᠠᠨ ᠪᠠᠢᠨ᠎ᠠ᠃ 


《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠲᠡᠭᠷᠢ ᠡᠵᠢ 
        ᠬᠢᠨᠠᠭ᠍ᠴᠢ :   ᠲᠤᠭᠴᠢ ᠰᠠᠷᠠᠨ᠎ᠠ 
               2024᠂ 3᠂  1  ᠤ ᠡᠳᠦᠷ