ᠮᠣᠷᠢᠨ ᠤ ᠴᠣᠯᠠ < ᠨᠠᠢ᠍ᠮᠠ > МОРИНЫ ЦОЛ – VIII
ᠮᠣᠷᠢᠨ ᠤ ᠴᠣᠯᠠ < ᠨᠠᠢ᠍ᠮᠠ >
ᠬᠠᠷᠪᠤᠭᠰᠠᠨ ᠰᠤᠮᠤᠨ ᠤ᠋ ᠰᠦᠢᠭᠡᠭᠡ ᠮᠡᠲᠦ
ᠬᠠᠷᠠᠩᠭᠤᠢ ᠰᠥᠨᠢ ᠶ᠋ᠢᠨ ᠴᠠᠬᠢᠯᠭᠠᠨ ᠮᠡᠲᠦ
ᠬᠠᠳᠠ ᠴᠢᠯᠠᠭᠤᠨ ᠤ᠋ ᠴᠤᠤᠷᠢᠶ᠎ᠠ ᠮᠡᠲᠦ
ᠬᠠᠨᠠᠭᠠᠷ ᠭᠠᠯ ᠤ᠋ᠨ ᠵᠡᠷᠭᠡᠯᠭᠡ ᠮᠡᠲᠦ
ᠲᠦᠮᠡᠨ ᠠᠭᠲᠠ ᠶ᠋ᠢ ᠠᠷᠤ ᠳ᠋ᠠᠭᠠᠨ ᠣᠷᠬᠢᠵᠤ
ᠲᠥᠭᠡᠨᠡᠷᠡᠭᠰᠡᠨ ᠲᠣᠭᠣᠰᠣ ᠶ᠋ᠢ ᠪᠤᠲᠠᠷᠭᠠᠨ ᠣᠷᠬᠢᠵᠤ
ᠲᠦᠭᠡᠮᠡᠯ ᠨᠠᠭᠠᠳᠤᠮ ᠤ᠋ᠨ ᠴᠢᠮᠡᠭ ᠪᠣᠯᠵᠤ
ᠲᠦᠮᠡᠨ ᠣᠯᠠᠨ ᠤ᠋ ᠰᠡᠳᠬᠢᠯ ᠢ᠋ ᠪᠠᠶᠠᠰᠬᠠᠵᠤ
ᠢᠵᠢᠯᠢ ᠰᠦᠷᠦᠭ ᠦ᠋ᠨ ᠠᠯᠳᠠᠷ ᠢ᠋ ᠮᠠᠨᠳᠤᠭᠤᠯᠵᠤ
ᠡᠵᠡᠨ ᠬᠥᠮᠦᠨ ᠦ᠌ ᠮᠠᠩᠨᠠᠢ ᠶ᠋ᠢ ᠲᠡᠨᠢᠯᠭᠡᠵᠦ
ᠡᠩ ᠦ᠋ᠨ ᠣᠯᠣᠩ ᠳ᠋ᠤ᠌ ᠭᠠᠢᠬᠠᠮᠰᠢᠭ ᠪᠣᠯᠤᠭᠰᠠᠨ
ᠡᠷᠳᠡᠨᠢ ᠶ᠋ᠢᠨ ᠬᠦᠯᠦᠭ᠃
ᠳᠡᠮᠪᠡᠷᠢᠯ ᠪᠢᠯᠢᠭ ᠴᠣᠯᠠ ᠤᠴᠠᠷᠠᠯ ᠪᠦᠷᠢᠳᠦᠭᠰᠡᠨ
ᠳᠡᠯᠭᠡᠷᠡᠩᠭᠦᠢ ᠡᠨᠡ ᠶᠡᠬᠡ ᠨᠠᠢᠷ ᠤ᠋ᠨ
ᠳᠡᠳ᠋ ᠳ᠋ᠤᠭᠠᠷᠲᠤ ᠭᠦᠶᠦᠵᠦ ᠢᠷᠡᠭᠰᠡᠨ ᠡᠨᠡ ᠮᠣᠷᠢ ᠪᠣᠯ
ᠳᠠᠪᠬᠤᠷᠯᠠᠭᠰᠠᠨ ᠡᠭᠦᠯᠡ ᠪᠡᠷ ᠬᠥᠯᠭᠡᠯᠡᠭᠴᠢ
ᠴᠠᠬᠢᠯᠭᠠᠨ ᠶᠡᠬᠡ ᠲᠡᠢ
ᠠᠯᠲᠠᠨ ᠯᠤᠤ ᠶᠢᠨ ᠰᠣᠶᠣᠭ᠎ᠠ ᠲᠠᠢ
ᠴᠠᠰᠢ ᠨᠡᠰᠢ ᠬᠠᠯᠢᠨ ᠨᠢᠰᠦᠭᠴᠢ
ᠠᠯᠠᠭ ᠭᠠᠷᠤᠳᠢ ᠶ᠋ᠢᠨ ᠳᠡᠪᠢᠯᠭᠡ ᠲᠡᠢ
ᠴᠠᠰᠤᠲᠤ ᠠᠭᠤᠯᠠ ᠶ᠋ᠢᠨ ᠣᠷᠣᠢ ᠳᠡᠭᠡᠷ᠎ᠡ ᠪᠠᠢᠴᠠᠯᠤᠭᠴᠢ
ᠴᠠᠭᠠᠨ ᠥᠩᠭᠡᠲᠦ ᠠᠷᠰᠯᠠᠨ ᠤ ᠵᠢᠪᠬᠤᠯᠠᠩ ᠲᠠᠢ
ᠽᠠᠨᠳᠠᠨ ᠮᠣᠳᠣᠨ ᠤ᠋ ᠰᠢᠭᠤᠢ ᠳᠣᠣᠷ᠎ᠠ ᠰᠦᠷᠦᠭᠯᠡᠭᠴᠢ
ᠴᠢᠳᠠᠯ ᠶᠡᠬᠡ ᠲᠡᠢ ᠡᠷᠢᠶᠡᠨ ᠪᠠᠷᠰ ᠤ᠋ᠨ ᠦᠰᠦᠷᠯᠢᠭ ᠲᠡᠢ
ᠴᠢᠳᠬᠤᠯᠠᠩ ᠲᠠᠢ ᠶᠡᠬᠡ ᠳᠠᠯᠠᠢ ᠳᠣᠣᠷ᠎ᠠ ᠱᠤᠩᠭᠤᠭᠴᠢ
ᠴᠢᠩᠭᠢᠮᠡᠯ ᠠᠪᠤᠷᠭᠤ ᠵᠢᠭᠠᠰᠤᠨ ᠤ᠋ ᠲᠣᠭᠯᠠᠭᠠᠮ ᠲᠠᠢ
ᠴᠡᠷᠢᠭ ᠳᠠᠢᠨ ᠤ᠋ ᠲᠣᠭᠣᠰᠣ ᠶ᠋ᠢ ᠲᠣᠪᠣᠷᠤᠤ ᠪᠣᠯᠭᠠᠭᠴᠢ
ᠴᠢᠨ ᠵᠣᠷᠢᠭᠲᠤ ᠴᠠᠭᠠᠨ ᠵᠠᠭᠠᠨ ᠤ᠋ ᠴᠢᠳᠠᠯ ᠲᠠᠢ
ᠴᠡᠪᠡᠷᠬᠡᠨ ᠪᠠᠢᠳᠠᠯ ᠲᠠᠢ ᠠᠵᠢᠨᠠᠢ ᠬᠦᠯᠦᠭ ᠠ᠋᠃
МОРИНЫ ЦОЛ – VIII
Харвасан сумны сүйгээ мэт
Харанхуй шөнийн цахилгаан мэт
Хад чулууны цуурай мэт
Ханагар галын зэрэглээ мэт
Түмэн агтыг ардаа орхиж
Төөнөрсөн тоосыг бутарган орхиж
Түгээмэл наадмын чимэг болж
Түмэн олны сэтгэлийг баясгаж
Ижил сүргийн алдрыг мандуулж
Эзэн хүний магнайг тэнийлгэж
Энгийн олонд гайхамшиг болсон
Эрдэнийн хүлэг.
Дэмбэрэл билэг цол учрал бүрдсэн
Дэлгэрэнгүй энэ их найрын
Дэд дугаарт гүйж ирсэн энэ морь бол
Давхарлагсан үүлээр хөлөглөгч
Цахилгаан ихтэй алтан лууны соёотой
Цааш нааш халин нисэгч
Алаг гарьдын дэвлэгтэй
Цаст уулын орой дээр байцлагч
Цагаан өнгөт арслангийн жавхлантай
Зандан модны шугуй доор сүрэглэгч
Чадал ихтэй эрээн барсын үсэрлэгтэй
Цутгалантай их далай доор шунгагч
Чингэмэл аварга загасны тоглоомтой
Цэрэг дайны тоосыг товруу болгогч
Чин зоригт цагаан зааны чадалтай
Цэвэрхэн байдалтай ажнай хүлэг ээ.