ᠣᠷᠣᠢ ᠦᠭᠡᠢ ᠰᠦᠮ᠎ᠡ – ᠬᠣᠷᠢ ᠶᠢᠰᠦ ᠂ ᠨᠢᠭᠦᠯ ᠨᠢᠭᠦᠯ ᠠᠴᠠ ᠴᠢᠭ ᠠᠶᠤᠭᠰᠠᠨ ᠦᠭᠡᠢ Оройгүй сүм – Хорь ес ᠂ Нүгэл нүглээс чиг айсангүй - Oroigui sum 29
ᠬᠣᠷᠢ ᠶᠢᠰᠦ ᠂ ᠨᠢᠭᠦᠯ ᠨᠢᠭᠦᠯ ᠠᠴᠠ ᠴᠢᠭ ᠠᠶᠤᠭᠰᠠᠨ ᠦᠭᠡᠢ
ᠬᠠᠯᠠ ᠦᠵᠡᠳᠡᠭ ᠢ᠋ᠶ᠋ᠡᠷ ᠢ᠋ᠶ᠋ᠡᠨ ᠭᠠᠷ ᠭᠠᠳᠠᠨ᠎ᠠ
ᠬᠠᠷ᠎ᠠ ᠨᠢᠳᠦᠨ ᠡᠴᠡ ᠬᠥᠮᠥᠰᠬᠡ ᠭᠠᠳᠠᠨ᠎ᠠ
ᠭᠡᠨᠡᠳᠲᠡ ᠲᠩᠷᠢ ᠮᠠᠭᠤᠳᠠᠵᠤ ᠪᠥᠭᠡᠮ ᠬᠠᠷ᠎ᠠ ᠡᠭᠦᠯᠡ ᠨᠡᠭᠦᠵᠦ ᠳᠠᠭᠤ ᠴᠠᠬᠢᠯᠭᠠᠨ ᠲᠠᠢ ᠪᠣᠷᠣᠭ᠎ᠠ ᠣᠷᠣᠵᠤ ᠡᠬᠢᠯᠡᠯ᠎ᠡ᠃ ᠣᠢᠷᠠᠬᠠᠨ ᠪᠠᠢᠭ᠎ᠠ ᠬᠥᠳᠡᠭᠡ ᠭᠡᠷ ᠲᠦ᠍ ᠪᠡᠨ ᠣᠴᠢᠬᠤ ᠪᠠᠷ ᠭᠠᠭᠴᠠᠭᠠᠷ ᠢ᠋ᠶ᠋ᠠᠨ ᠮᠣᠷᠢ ᠪᠠᠷ ᠭᠠᠷᠤᠭᠰᠠᠨ ᠬᠠᠮᠪᠤ ᠯᠠᠮᠠ ᠰᠠᠩᠵᠢᠳᠠᠯᠪᠢᠴᠣᠢᠵᠠᠮᠰᠤ ᠲᠡᠷᠡ ᠬᠦ᠌ ᠰᠢᠷᠦᠭᠦᠨ ᠪᠣᠷᠣᠭᠠᠨ ᠳ᠋ᠤ᠌ ᠲᠣᠬᠢᠶᠠᠯᠳᠤᠵᠤ ᠵᠦᠭ ᠴᠢᠭ ᠢ᠋ᠶ᠋ᠡᠨ ᠠᠯᠳᠠᠯ᠎ᠠ᠃ ᠵᠠᠯᠠᠭᠤᠪᠲᠤᠷ ᡀᠠᠷᠠᠮᠪᠠ ᠶ᠋ᠢᠨ ᠡᠷᠡᠮᠡᠬᠡᠢ ᠵᠠᠩ ᠨᠢ ᠲᠡᠭᠦᠨ ᠢ᠋ ᠡᠢᠨ ᠬᠦ᠌ ᠭᠠᠭᠴᠠᠭᠠᠷ ᠢ᠋ᠶ᠋ᠠᠨ ᠵᠠᠮ ᠳ᠋ᠤ᠌ ᠭᠠᠷᠭᠠᠬᠤ ᠳ᠋ᠤ᠌ ᠬᠦᠷᠭᠡᠵᠡᠢ᠃ ᠮᠣᠷᠢ ᠨᠢ ᠴᠦ᠍ ᠬᠤᠢᠰᠠᠭᠠᠨᠠᠨ᠂ ᠥᠪᠡᠷ ᠢ᠋ᠶ᠋ᠡᠨ ᠴᠦ᠍ ᠵᠢᠬᠡᠷᠡᠭᠦᠳᠡᠰᠦ ᠨᠢ ᠬᠦᠷᠴᠦ ᠠᠭᠠᠳᠠᠷ ᠪᠣᠷᠣᠭ᠎ᠠ ᠶ᠋ᠢ ᠲᠦᠷᠭᠡᠨ ᠥᠩᠭᠡᠷᠡᠭᠡᠰᠡᠢ ᠭᠡᠵᠦ ᠬᠦᠰᠡᠮᠵᠢᠯᠡᠨ ᠨᠥᠮᠥᠷᠢ ᠭᠠᠵᠠᠷ ᠪᠠᠷᠠᠳᠠᠬᠤ ᠶ᠋ᠢ ᠣᠷᠣᠯᠳᠣᠭᠰᠠᠨ ᠪᠣᠯᠪᠠᠴᠤ ᠪᠦᠲᠦᠭᠰᠡᠨ ᠦᠭᠡᠢ᠃ ᠵᠢᠯᠠᠭ᠎ᠠ ᠳ᠋ᠤ᠌ ᠮᠣᠷᠢ ᠨᠢ ᠲᠣᠭᠲᠠᠬᠤ ᠦᠭᠡᠢ ᠪᠠᠢᠯ᠎ᠠ᠃ ᠲᠡᠢᠨ ᠬᠦ᠌ ᠵᠢᠯᠠᠭ᠎ᠠ ᠤᠷᠤᠭᠤᠳᠠᠨ ᠶᠠᠪᠤᠭᠰᠠᠭᠠᠷ ᠨᠡᠯᠢᠶᠡᠳ ᠬᠤᠭᠤᠴᠠᠭ᠎ᠠ ᠥᠩᠭᠡᠷᠡᠯ᠎ᠡ᠃ ᠠᠭᠠᠳᠠᠷ ᠪᠣᠷᠣᠭ᠎ᠠ ᠠᠭᠠᠵᠢᠮ ᠢ᠋ᠶ᠋ᠠᠷ ᠵᠦᠰᠡᠷᠡᠵᠦ ᠰᠥᠨᠢᠵᠢᠨ ᠣᠷᠣᠬᠤ ᠲᠥᠯᠥᠪ ᠲᠡᠢ ᠪᠣᠯᠪᠠ᠃ ᠲᠡᠭᠡᠲᠡᠯ᠎ᠡ ᠠᠰᠢᠭᠦᠢ ᠵᠢᠯᠠᠭ᠎ᠠ ᠶ᠋ᠢᠨ ᠠᠮᠠ ᠣᠷᠣᠭᠣᠬᠢ ᠨᠢᠭᠡᠨ ᠲᠣᠬᠣᠢ ᠳ᠋ᠤ᠌ ᠬᠣᠶᠠᠷ ᠭᠡᠷ ᠪᠠᠢᠬᠤ ᠲᠠᠢ ᠲᠠᠭᠠᠷᠠᠯᠳᠤᠪᠠ᠃ ᠨᠢᠭᠡ ᠶ᠋ᠢᠨ ᠭᠠᠳᠠᠭ᠎ᠠ ᠨᠢ ᠵᠢᠯᠣᠭᠣ ᠲᠡᠳᠡᠨ ᠵᠣᠭᠰᠣᠭᠠᠳ ᠬᠠᠮᠪᠤ ᠯᠠᠮᠠ ᠮᠣᠷᠢᠨ ᠠ᠋ᠴᠠ ᠪᠠᠭᠤᠵᠤ᠂ ᠭᠡᠷ ᠦ᠋ᠨ ᠪᠠᠷᠠᠭᠤᠨ ᠪᠥᠰᠡᠨ ᠡᠴᠡ ᠴᠤᠯᠪᠤᠭᠤᠷ ᠢ᠋ᠶ᠋ᠠᠷ ᠨᠢ ᠤᠶᠠᠭᠠᠳ ᠴᠢᠳᠥᠷᠯᠡᠵᠦ᠂ ᠡᠮᠡᠭᠡᠯ ᠢ᠋ᠶ᠋ᠡᠨ ᠰᠢᠭᠤᠭᠠᠳ ᠡᠭᠦᠳᠡ ᠶ᠋ᠢ ᠠᠶᠠᠷᠬᠠᠨ ᠰᠡᠬᠦᠵᠦ ᠲᠡᠷᠡ ᠠᠢᠯ ᠳ᠋ᠤ᠌ ᠣᠷᠣᠯ᠎ᠠ᠃ ᠭᠡᠷ ᠦ᠋ᠨ ᠬᠣᠢᠮᠣᠷ ᠲᠤ᠌ ᠭᠦᠡᠭ᠌ᠭᠠᠷᠪᠠ ᠶ᠋ᠢᠨ ᠡᠮᠦᠨ᠎ᠡ ᠭᠠᠭᠴᠠ ᠵᠤᠯᠠ ᠭᠣᠯᠣᠢᠲᠠᠯᠠ ᠠᠰᠠᠭᠠᠰᠤᠲᠠᠢ ᠪᠠᠢᠪᠠ᠃ ᠬᠥᠮᠦᠨ ᠦᠭᠡᠢ ᠠᠢᠯ ᠶᠤᠮ ᠤᠤ ᠳᠠ ᠭᠡᠵᠦ ᠬᠠᠮᠪᠤ ᠯᠠᠮᠠ ᠬᠡᠯᠡᠭᠡᠳ ᠭᠠᠢᠬᠠᠨ ᠵᠣᠭ ᠲᠣᠰᠤᠯ᠎ᠠ᠃ ᠲᠡᠭᠡᠲᠡᠯ᠎ᠡ ᠭᠡᠷ ᠦ᠋ᠨ ᠵᠡᠭᠦᠨ ᠬᠠᠶᠠᠭᠠᠨ ᠳ᠋ᠤ᠌ ᠡᠷᠭᠢᠨᠡᠭ ᠦ᠋ᠨ ᠡᠮᠦᠨ᠎ᠡ ᠨᠢᠭᠡ ᠬᠥᠮᠦᠨ ᠪᠥᠭᠲᠥᠭᠡᠨᠡᠨ ᠶᠠᠭᠤᠮ᠎ᠠ ᠬᠢᠵᠦ ᠪᠠᠢᠭ᠎ᠠ ᠶ᠋ᠢ ᠣᠯᠵᠤ ᠬᠠᠷᠠᠯ᠎ᠠ᠃
- ᠰᠠᠢᠨ ᠪᠠᠢᠨ᠎ᠠ ᠤᠤ? ᠭᠡᠵᠦ ᠬᠠᠮᠪᠤ ᠯᠠᠮᠠ ᠲᠡᠷᠡ ᠬᠥᠮᠦᠨ ᠦ᠌ ᠠᠮᠤᠷ ᠢ᠋ ᠡᠷᠢᠭᠰᠡᠨ ᠴᠢᠨᠢ ᠴᠣᠴᠢᠬᠤ ᠮᠡᠲᠦ ᠳᠠᠭᠤ ᠠᠯᠳᠠᠬᠤ ᠳ᠋ᠤ᠌ ᠨᠢ ᠪᠦᠰᠡᠭᠦᠢ ᠬᠥᠮᠦᠨ ᠭᠡᠵᠦ ᠲᠠᠨᠢᠯ᠎ᠠ᠃
- ᠰᠠᠢᠨ᠂ ᠲᠠ ᠰᠠᠢᠨ ᠤᠤ? ᠥᠭᠡᠳᠡ ᠪᠡᠨ ᠰᠠᠭᠤ! ᠭᠡᠵᠦ ᠭᠡᠷ ᠦ᠋ᠨ ᠡᠵᠡᠭᠲᠡᠢ ᠬᠡᠯᠡᠭᠡᠳ ᠪᠠᠷᠠᠭᠤᠨ ᠬᠠᠶᠠᠭ᠎ᠠ ᠤᠷᠤᠭᠤ ᠪᠠᠨ ᠵᠢᠭᠠᠯ᠎ᠠ᠃《ᠶᠠᠭᠠᠬᠢᠭᠰᠠᠨ ᠲᠠᠨᠢᠯ ᠳᠠᠭᠤ ᠪᠣᠢ?》 ᠭᠡᠵᠦ ᠬᠠᠮᠪᠤ ᠯᠠᠮᠠ ᠡᠷᠡᠭᠡᠯᠵᠡᠨ ᠭᠠᠢᠬᠠᠭᠠᠳ ᠪᠠᠷᠠᠭᠤᠨ ᠬᠣᠢᠮᠣᠷ ᠥᠭᠡᠳᠡ ᠶᠠᠪᠤᠬᠤ ᠵᠠᠭᠤᠷ᠎ᠠ ᠶᠡᠦᠳᠡᠨ ᠢ᠋ᠶ᠋ᠡᠨ ᠰᠡᠬᠦᠪᠡ᠃ ᠭᠡᠷ ᠦ᠋ᠨ ᠡᠵᠡᠭᠲᠡᠢ ᠬᠠᠢᠴᠢ᠂ ᠰᠢᠯᠡᠭᠡᠪᠦᠷ ᠢ᠋ᠶ᠋ᠡᠨ ᠳᠤᠤᠭᠠᠷᠭᠠᠨ ᠭᠠᠯ ᠳ᠋ᠤ᠌ ᠪᠠᠨ ᠠᠷᠭᠠᠯ ᠵᠡᠷᠭᠡᠯᠡᠵᠦ ᠡᠬᠢᠯᠡᠪᠡ᠃ ᠬᠠᠮᠪᠤ ᠯᠠᠮᠠ ᠪᠠᠷᠠᠭᠤᠨ ᠬᠣᠶᠢᠮᠣᠷ ᠭᠠᠷᠴᠤ ᠢᠮᠠᠭᠠᠨ ᠤ᠋ ᠠᠷᠠᠰᠤᠨ ᠳᠡᠪᠢᠰᠬᠡᠷ ᠳᠡᠭᠡᠷ᠎ᠡ ᠰᠠᠭᠤᠬᠤ ᠵᠠᠭᠤᠷ᠎ᠠ ᠭᠡᠷ ᠦ᠋ᠨ ᠡᠵᠡᠨ ᠢ᠋ ᠠᠵᠢᠭᠯᠠᠨ ᠬᠠᠷᠠᠯ᠎ᠠ᠃ ᠵᠤᠯᠠ ᠶ᠋ᠢᠨ ᠪᠦᠳᠡᠭᠢ ᠭᠡᠷᠡᠯ ᠳ᠋ᠦ᠍ ᠭᠡᠷ ᠳᠣᠲᠣᠷᠠᠬᠢ ᠶᠠᠭᠤᠮ᠎ᠠ ᠣᠯᠢᠭᠲᠠᠢ ᠬᠠᠷᠠᠭᠳᠠᠬᠤ ᠦᠭᠡᠢ ᠪᠠᠢᠪᠠ᠃ ᠡᠵᠡᠭᠲᠡᠢ ᠭᠠᠯ ᠳ᠋ᠤ᠌ ᠪᠠᠨ ᠠᠷᠭᠠᠯ ᠵᠡᠷᠭᠡᠯᠡᠨ ᠭᠣᠣᠯ ᠳ᠋ᠤ᠌ ᠨᠢ ᠬᠣᠮᠣᠯ ᠦᠩᠭᠡᠭᠡᠳ ᠮᠣᠳᠣᠨ ᠦᠯᠢᠶᠡᠭᠦᠷ ᠢ᠋ᠶ᠋ᠡᠷ ᠦᠯᠢᠶᠡᠵᠦ ᠡᠬᠢᠯᠡᠪᠡ᠃ ᠲᠦᠳᠡᠬᠡᠨ ᠭᠠᠯ ᠨᠢ ᠳᠦᠷᠡᠯᠵᠡᠨ ᠠᠰᠠᠵᠤ ᠭᠡᠷ ᠲᠦ᠍ ᠭᠡᠷᠡᠯ ᠭᠡᠭᠡ ᠲᠡᠢ ᠪᠣᠯᠤᠯ᠎ᠠ᠃ ᠳᠦᠷᠡᠯᠵᠡᠭᠰᠡᠨ ᠭᠠᠯ ᠤ᠋ᠨ ᠭᠡᠷᠡᠯ ᠳ᠋ᠦ᠍ ᠭᠡᠷ ᠦ᠋ᠨ ᠡᠵᠡᠭᠲᠡᠢ ᠶ᠋ᠢᠨ ᠴᠢᠷᠠᠢ ᠵᠢᠰᠦ ᠨᠢ ᠲᠣᠳᠣᠷᠠᠨ ᠦᠵᠡᠭᠳᠡᠬᠦ ᠳ᠋ᠦ᠍ ᠬᠠᠮᠪᠤ ᠯᠠᠮᠠ ᠲᠡᠭᠦᠨ ᠢ᠋ ᠲᠠᠨᠢᠭᠠᠳ ᠴᠣᠴᠢᠰᠬᠢᠯᠡ᠃
- ᠤᠳᠬᠤᠨ ᠤᠤ ᠳᠠ? ᠭᠡᠵᠦ ᠯᠠᠮᠠ ᠳᠠᠭᠤ ᠠᠯᠳᠠᠯ᠎ᠠ᠃
- ᠲᠡᠢᠮᠦ ᠠ᠋᠃ ᠲᠠ ᠬᠡᠨ ᠪᠣᠢ? ᠭᠡᠵᠦ ᠣᠳᠬᠣᠨ ᠬᠡᠦᠬᠡᠨ ᠠᠰᠠᠭᠤᠬᠤ ᠳ᠋ᠤ᠌ ᠪᠠᠨ ᠯᠠᠮᠠ ᠶ᠋ᠢᠨ ᠵᠦᠭ ᠪᠢᠰᠢ ᠬᠠᠷᠢᠨ ᠭᠠᠯ ᠤᠷᠤᠭᠤ ᠪᠠᠨ ᠰᠢᠷᠲᠡᠵᠦ ᠪᠠᠢᠯ᠎ᠠ᠃ ᠲᠡᠭᠦᠨ ᠦ᠌ ᠴᠢᠷᠠᠢ ᠨᠢ ᠰᠢᠨᠠᠯᠭᠠᠨ ᠲᠠᠢ ᠮᠡᠲᠦ ᠪᠣᠯᠪᠠᠴᠤ ᠪᠠᠷᠤᠭ ᠯᠠ ᠬᠠᠭᠤᠴᠢᠨ ᠬᠡᠪ ᠢ᠋ᠶ᠋ᠡᠷ ᠢ᠋ᠶ᠋ᠡᠨ ᠪᠠᠢᠯ᠎ᠠ᠃ ᠬᠠᠮᠪᠤ ᠯᠠᠮᠠ ᠡᠢᠮᠦ ᠰᠠᠨᠠᠮᠰᠠᠷ ᠦᠭᠡᠢ ᠲᠣᠬᠢᠶᠠᠯᠳᠤᠯ ᠢ᠋ᠶ᠋ᠠᠷ ᠠᠭᠤᠯᠵᠠᠭᠰᠠᠨ ᠳ᠋ᠤ᠌ ᠪᠠᠨ ᠭᠠᠢᠬᠠᠬᠤ ᠪᠣᠯᠪᠠᠴᠤ ᠪᠠᠰᠠ ᠬᠦ᠌ ᠣᠯᠵᠠᠭᠤᠷᠬᠠᠵᠤ᠂
- ᠪᠢ ᠰᠠᠩᠵᠢ ᠪᠠᠢᠨ᠎ᠠ᠃ ᠡᠴᠢᠭᠡ ᠶ᠋ᠢᠨ ᠬᠥᠳᠡᠭᠡ ᠭᠡᠷ ᠲᠦ᠍ ᠣᠴᠢᠬᠤ ᠭᠡᠵᠦ ᠶᠠᠪᠤᠭᠠᠳ ᠪᠣᠷᠣᠭᠠᠨ ᠳ᠋ᠤ᠌ ᠲᠥᠭᠡᠷᠡᠴᠢᠬᠡᠯᠡ ᠭᠡᠪᠡ᠃ ᠤᠳᠬᠤᠨ ᠲᠡᠭᠦᠨ ᠢ᠋ ᠰᠣᠨᠣᠰᠤᠭᠠᠳ ᠰᠡᠷᠭᠦᠨ ᠪᠠᠶᠠᠷᠯᠠᠬᠤ ᠮᠡᠲᠦ ᠪᠣᠯᠵᠤ᠂
- ᠦ ᠲᠠ ᠪᠠᠢᠭᠰᠠᠨ ᠶᠤᠮ ᠤᠤ? ᠪᠢ ᠲᠠᠨᠢᠭᠰᠠᠨ ᠦᠭᠡᠢ᠃ ᠲᠠᠨ ᠢ᠋ ᠡᠷᠭᠢᠵᠦ ᠢᠷᠡᠭᠡᠳ ᠪᠤᠶᠠᠨᠵᠠᠯᠪᠠᠷᠢᠬᠤ ᠬᠡᠢᠳ ᠦ᠋ᠨ ᠬᠠᠮᠪᠣᠲᠠᠨ ᠪᠣᠯᠤᠭᠰᠠᠨ ᠭᠡᠵᠦ ᠲᠤᠭᠤᠯᠵᠤ ᠪᠠᠢᠯ᠎ᠠ᠃ ᠲᠡᠭᠡᠭᠡᠳ ᠬᠡᠢᠳ ᠢ᠋ᠶ᠋ᠡᠷ ᠣᠴᠢᠵᠤ ᠠᠭᠤᠯᠵᠠᠳᠠᠭ ᠶᠤᠮ ᠪᠢᠯᠢᠤ ᠭᠡᠵᠦ ᠪᠣᠳᠣᠵᠤ ᠯᠠ ᠪᠠᠢᠯ᠎ᠠ᠃ ᠶᠠᠳᠠᠭᠤ ᠮᠠᠭᠤ ᠭᠡᠷ ᠲᠦ᠍ ᠮᠢᠨᠢ ᠲᠠᠨ ᠢ᠋ ᠢᠩᠭᠢᠭᠡᠳ ᠣᠷᠣᠭᠠᠳ ᠢᠷᠡᠬᠦ ᠶᠦ᠍ᠮ ᠭᠡᠵᠦ ᠣᠭᠲᠣᠬᠠᠨ ᠴᠤ᠌ ᠰᠠᠨᠠᠭᠰᠠᠨ ᠦᠭᠡᠢ᠃ ᠲᠠ ᠪᠣᠷᠣᠭᠠᠨ ᠳ᠋ᠤ᠌ ᠨᠣᠷᠴᠢᠬᠠᠭᠰᠠᠨ ᠪᠣᠯ ᠬᠤᠪᠴᠠᠰᠤ ᠪᠠᠨ ᠬᠠᠲᠠᠭᠠᠵᠤ ᠦᠵᠡ! ᠪᠢ ᠭᠠᠯ ᠥᠷᠳᠡᠭᠡᠳ ᠤᠷᠭᠢᠶ᠎ᠠ ᠭᠡᠵᠦ ᠬᠡᠯᠡᠭᠡᠳ ᠭᠠᠯ ᠳ᠋ᠤ᠌ ᠪᠠᠨ ᠠᠷᠭᠠᠯ ᠤᠯᠠᠮ ᠨᠡᠮᠡᠵᠦ᠂ ᠲᠣᠭᠣᠭ᠎ᠠ ᠪᠠᠨ ᠲᠤᠯᠭᠠᠨ ᠳᠡᠭᠡᠷ᠎ᠡ ᠲᠠᠯᠪᠢᠵᠤ ᠤᠰᠤ ᠬᠢᠯ᠎ᠡ᠃ ᠰᠠᠩᠵᠢ᠂
- ᠴᠤᠪᠠ ᠲᠠᠢ ᠪᠣᠯᠬᠣᠷ ᠨᠢᠭᠡ ᠶᠡᠬᠡ ᠨᠣᠷᠤᠭᠰᠠᠨ ᠦᠭᠡᠢ᠃ ᠴᠤᠪᠠ ᠪᠠᠨ ᠯᠠ ᠬᠠᠲᠠᠭᠠᠶᠠ ᠳᠠ! ᠭᠡᠪᠡ᠃ ᠣᠳᠬᠣᠨ ᠬᠡᠦᠬᠡᠨ ᠪᠥᠭᠡᠮ ᠪᠠᠶᠠᠷ ᠪᠣᠯᠵᠤ ᠴᠠᠢ ᠬᠣᠭᠣᠯᠠ ᠬᠢᠬᠦ ᠪᠡᠷ ᠰᠢᠢᠳᠴᠡᠢ᠃
- ᠲᠠᠨ ᠳ᠋ᠤ᠌ ᠴᠠᠢ ᠬᠢᠭᠡᠳ ᠥᠭᠭᠦᠶ᠎ᠡ! ᠭᠡᠵᠦ ᠲᠡᠷᠡ ᠬᠡᠯᠡᠭᠡᠳ ᠤᠬᠤᠰᠬᠢᠨ ᠬᠥᠳᠡᠯᠵᠦ ᠠᠶᠠᠭ᠎ᠠ ᠰᠠᠪᠠ ᠪᠠᠨ ᠴᠡᠪᠡᠷᠯᠡᠵᠦ ᠡᠬᠢᠯᠡᠪᠡ᠃ ᠰᠠᠩᠵᠢ ᠲᠡᠷᠡ ᠬᠣᠭᠣᠷᠣᠨᠳᠣ ᠴᠤᠪᠠ ᠪᠠᠨ ᠲᠠᠢᠯᠤᠨ ᠪᠠᠷᠠᠭᠤᠨ ᠬᠠᠨᠠᠨ ᠳ᠋ᠠᠬᠢ ᠴᠠᠬᠣᠨ ᠠ᠋ᠴᠠ ᠡᠯᠭᠦᠯ᠎ᠡ᠃
- ᠲᠠᠨ ᠲᠠᠢ ᠬᠠᠮᠲᠤ ᠣᠯᠠᠨ ᠬᠠᠭᠠᠯᠭᠠᠲᠤ ᠰᠦᠮ᠎ᠡ ᠳ᠋ᠦ᠍ ᠣᠴᠢᠵᠤ ᠮᠥᠷᠭᠥᠭᠡᠳ ᠢᠷᠡᠭᠰᠡᠨ ᠡᠴᠡ ᠬᠣᠢᠰᠢ ᠣᠯᠠᠨ ᠵᠢᠯ ᠥᠩᠭᠡᠷᠡᠯ᠎ᠡ᠃ ᠡᠨᠡ ᠬᠣᠭᠣᠷᠣᠨᠳᠣ ᠪᠦᠬᠡᠮᠠᠩᠯᠠᠢ ᠶ᠋ᠢᠨ ᠰᠤᠷᠠᠭ ᠭᠠᠷᠤᠭᠰᠠᠨ ᠦᠭᠡᠢ᠃ ᠲᠥᠪᠡᠳ ᠦ᠋ᠳ ᠲᠦ᠍ ᠪᠠᠷᠢᠭᠳᠠᠭᠠᠳ ᠯᠠ ᠠᠮᠢ ᠦᠷᠡᠭᠳᠡᠭᠰᠡᠨ ᠶᠦ᠍ᠮ ᠰᠢᠭ ᠪᠠᠢᠨ᠎ᠠ ᠯᠠ ᠭᠡᠵᠦ ᠤᠳᠬᠤᠨ ᠬᠣᠭᠣᠯᠠᠢ ᠨᠢ ᠵᠠᠩᠭᠢᠷᠠᠨ ᠶᠠᠷᠢᠯ᠎ᠠ᠃ ᠰᠠᠩᠵᠢ ᠲᠡᠭᠦᠨ ᠢ᠋ ᠰᠣᠨᠣᠰᠤᠭᠠᠳ᠂
- ᠪᠦᠬᠡᠮᠠᠩᠯᠠᠢ ᠭᠤᠸᠠᠢ ᠲᠠᠢ ᠪᠢ ᠳᠠᠭᠠᠷᠢᠯᠳᠤᠭᠰᠠᠨ ᠁ ᠭᠡᠰᠡᠨ ᠴᠢᠨᠢ ᠤᠳᠬᠤᠨ ᠳᠠᠭᠤ ᠠᠯᠳᠠᠵᠤ᠂
- ᠦ ᠲᠡᠢᠮᠦ ᠤᠤ? ᠬᠠᠮᠢᠭ᠎ᠠ ᠳᠠᠭᠠᠷᠢᠯᠳᠤᠪᠠ᠃ ᠠᠮᠢᠳᠤ ᠶᠠᠪᠤᠨ᠎ᠠ ᠤᠤ᠂ ᠠᠰᠢᠭᠦᠢ? ᠭᠡᠬᠦ ᠳ᠋ᠦ᠍ ᠰᠠᠩᠵᠢ᠂
- ᠠᠮᠢᠳᠤ ᠪᠠᠷ ᠪᠠᠷᠠᠬᠤ ᠤᠤ? ᠲᠥᠪᠡᠳ ᠦ᠋ᠨ ᠴᠡᠷᠢᠭ ᠡᠴᠡ ᠣᠷᠭᠣᠭᠠᠳ ᠠᠭᠤᠯᠠᠨ ᠳ᠋ᠤ᠌ ᠭᠠᠷᠴᠤ ᠭᠣᠯᠣᠣᠭ ᠣᠮᠣᠭ ᠤ᠋ᠨ ᠬᠢᠨ ᠲᠡᠢ ᠨᠡᠢᠯᠡᠵᠦ ᠰᠠᠢᠨ ᠡᠷ᠎ᠡ ᠪᠣᠯᠤᠭᠰᠠᠨ ᠪᠠᠢᠨ᠎ᠠ ᠪᠢᠯᠡ᠃ ᠨᠠᠮᠠᠶ᠋ᠢ ᠨᠡᠰᠢ ᠨᠢ ᠨᠤᠲᠤᠭ ᠤ᠋ᠨ ᠪᠠᠷ᠎ᠠ ᠬᠠᠷᠠᠭᠤᠯᠵᠤ ᠥᠭᠭᠦᠭᠡᠳ ᠪᠤᠴᠠᠭᠰᠠᠨ ᠯᠠ ᠳᠠ ᠭᠡᠵᠦ ᠰᠠᠨᠠᠭᠠᠨ ᠳ᠋ᠤ᠌ ᠦᠭᠡᠢ ᠶᠠᠷᠢᠬᠤ ᠳ᠋ᠤ᠌ ᠣᠳᠬᠣᠨ᠂
- ᠲᠡᠭᠡᠭᠡᠳ ᠲᠠᠨ ᠲᠠᠢ ᠬᠠᠮᠲᠤ ᠨᠠᠭᠠᠰᠢ ᠪᠠᠨ ᠢᠷᠡᠬᠦ ᠦᠭᠡᠢ ᠶᠠᠭᠠᠬᠢᠭᠰᠠᠨ ᠶᠤᠮ ᠪᠣᠯ? ᠮᠢᠨᠦ ᠲᠤᠬᠠᠢ ᠶᠠᠷᠢᠬᠤ ᠦᠭᠡᠢ ᠪᠠᠢᠨ᠎ᠠ ᠤᠤ? ᠭᠡᠵᠦ ᠠᠰᠠᠭᠤᠪᠠ᠃ ᠰᠠᠩᠵᠢ ᠪᠠᠰᠠ ᠯᠠ ᠶᠠᠭᠤᠮ᠎ᠠ ᠪᠣᠳᠣᠭᠰᠠᠨ ᠦᠭᠡᠢ᠂
- ᠢᠷᠡᠬᠦ ᠦᠭᠡᠢ ᠶᠦ᠍ᠮ ᠰᠢᠭ ᠪᠠᠢᠨ᠎ᠠ ᠯᠠᠢ᠃ ᠲᠥᠪᠡᠳ ᠡᠬᠡᠨᠡᠷ ᠠᠪᠤᠭᠰᠠᠨ ᠭᠡᠨ᠎ᠡ! ᠭᠡᠪᠡ᠃ ᠤᠳᠬᠤᠨ ᠬᠡᠦᠬᠡᠨ ᠰᠠᠨᠠᠭ᠎ᠠ ᠠᠯᠳᠠᠵᠤ᠂
- ᠨᠠᠮᠠᠶ᠋ᠢ ᠦᠷ᠎ᠡ ᠦᠭᠡᠢ ᠭᠡᠳ ᠯᠡ ᠲᠥᠪᠡᠳ ᠡᠬᠡᠨᠡᠷ ᠠᠪᠤᠭ᠎ᠠ ᠪᠢᠵᠡ ᠳᠡ! ᠭᠡᠵᠦ ᠠᠶᠠᠷᠬᠠᠨ ᠬᠡᠯᠡᠬᠦ ᠳ᠋ᠦ᠍ ᠨᠢ ᠰᠠᠩᠵᠢ ᠰᠠᠢ ᠯᠠ ᠡᠪ ᠦᠭᠡᠢ ᠰᠡᠳᠦᠪ ᠢ᠋ᠶ᠋ᠡᠷ ᠶᠠᠷᠢᠭᠰᠠᠨ ᠢ᠋ᠶ᠋ᠠᠨ ᠣᠢᠯᠠᠭᠠᠵᠤ᠂
- ᠶᠠᠭᠠᠬᠢᠭᠰᠠᠨ ᠠᠢᠬᠤᠪᠲᠤᠷ ᠰᠢᠷᠦᠭᠦᠨ ᠪᠣᠷᠣᠭ᠎ᠠ ᠣᠷᠣᠳᠠᠭ ᠪᠠᠢᠨ᠎ᠠ? ᠤᠰᠤᠨ ᠭᠠᠯᠪᠠ ᠶᠡᠭᠦᠯᠡᠬᠦ ᠰᠢᠭ ᠯᠡ ᠪᠣᠯᠤᠯ᠎ᠠ ᠰᠢᠦ! ᠭᠡᠪᠡ᠃ ᠤᠳᠬᠤᠨ ᠪᠥᠭᠡᠮ ᠬᠥᠯ ᠬᠥᠭᠡᠷᠴᠦᠭ ᠪᠣᠯᠵᠤ᠂
- ᠪᠢ ᠲᠠᠨ ᠳ᠋ᠤ᠌ ᠣᠳᠣᠬᠠᠨ ᠬᠣᠭᠣᠯᠠ ᠬᠢᠭᠡᠳ ᠥᠭᠭᠦᠶ᠎ᠡ᠃ ᠣᠳᠣ ᠶᠡᠬᠡ ᠣᠷᠣᠢ ᠪᠣᠯᠵᠠᠢ᠃ ᠲᠡᠭᠡᠭᠡᠳ ᠡᠨᠡ ᠬᠠᠷ᠎ᠠ ᠤᠰᠤᠨ ᠪᠣᠷᠣᠭᠠᠨ ᠢ᠋ᠶ᠋ᠠᠷ ᠬᠠᠮᠢᠭᠠᠰᠢ ᠪᠠᠨ ᠶᠠᠪᠤᠬᠤ ᠪᠣᠢ? ᠲᠠ ᠥᠨᠵᠢᠭᠡᠳ ᠥᠷᠯᠥᠭᠡ ᠡᠷᠲᠡ ᠶᠠᠪᠤᠭᠰᠠᠨ ᠨᠢ ᠳᠡᠭᠡᠷ᠎ᠡ ᠪᠠᠢᠯᠭᠦᠢ ᠳᠡ! ᠭᠡᠪᠡ᠃ ᠰᠠᠩᠵᠢ 《ᠨᠡᠭᠡᠷᠡᠨ ᠯᠡ ᠲᠡᠭᠡᠬᠦ ᠡᠴᠡ ᠪᠢᠰᠢ ᠳᠡ! ᠬᠠᠷᠠᠩᠭᠤᠢ ᠰᠥᠨᠢ ᠪᠡᠷ ᠬᠠᠮᠢᠭ᠎ᠠ ᠭᠡᠵᠦ ᠶᠠᠪᠤᠬᠤ ᠪᠣᠢ?》 ᠭᠡᠵᠦ ᠳᠣᠲᠣᠷ᠎ᠠ ᠪᠠᠨ ᠪᠣᠳᠣᠯ᠎ᠠ᠃
- ᠰᠢᠨ᠎ᠡ ᠮᠢᠬ᠎ᠠ ᠱᠥᠯᠥ ᠪᠠᠢᠬᠤ ᠦᠭᠡᠢ᠃ ᠵᠢᠭᠠᠬᠠᠨ ᠪᠣᠷᠴᠠ ᠯᠠ ᠪᠠᠢᠨ᠎ᠠ᠃ ᠲᠠ ᠪᠣᠷᠴᠠ ᠲᠠᠢ ᠬᠣᠭᠣᠯᠠ ᠭᠣᠯᠣᠬᠤ ᠦᠭᠡᠢ ᠪᠢᠵᠡ? ᠭᠡᠵᠦ ᠤᠳᠬᠤᠨ ᠬᠡᠦᠬᠡᠨ ᠵᠣᠪᠠᠩᠭᠣᠢᠷᠠᠬᠠᠨ ᠠᠰᠠᠭᠤᠯ᠎ᠠ᠃
- ᠵᠦᠭᠡᠷ᠂ ᠵᠦᠭᠡᠷ᠃ ᠬᠠᠷᠢᠨ ᠴᠤ᠌ ᠰᠣᠨᠢᠨ ᠪᠠᠢᠬ᠎ᠠ ᠭᠡᠵᠦ ᠰᠠᠩᠵᠢ ᠲᠡᠭᠦᠨ ᠦ᠌ ᠰᠡᠳᠬᠢᠯ ᠢ᠋ ᠵᠠᠰᠠᠯ᠎ᠠ᠃ ᠤᠳᠬᠤᠨ ᠣᠭᠣᠷ ᠨᠦᠳᠦᠭᠦᠷ ᠢ᠋ᠶ᠋ᠡᠨ ᠠᠶᠠᠷᠬᠠᠨ ᠲᠣᠭᠰᠢᠵᠤ ᠪᠠᠢᠪᠠ᠃
ᠭᠡᠷ ᠦ᠋ᠨ ᠳᠣᠲᠣᠷ᠎ᠠ ᠶᠡᠬᠡ ᠯᠡ ᠶᠠᠳᠠᠭᠤ ᠲᠠᠪᠢᠯᠭ᠎ᠠ ᠲᠠᠢ ᠪᠠᠢᠯ᠎ᠠ᠃ ᠬᠣᠢᠮᠣᠷ ᠲᠤ᠌ ᠭᠠᠭᠴᠠ ᠠᠪᠳᠠᠷ᠎ᠠ᠂ ᠵᠡᠭᠦᠨ ᠲᠠᠯ᠎ᠠ ᠳ᠋ᠤ᠌ ᠪᠠᠷᠤᠭ ᠭᠠᠵᠠᠷ ᠰᠢᠬᠠᠮ ᠵᠠᠰᠠᠭᠰᠠᠨ ᠣᠷᠣ᠂ ᠲᠡᠭᠦᠨ ᠦ᠌ ᠴᠠᠭᠠᠨ᠎ᠠ ᠪᠠᠰᠠ ᠨᠢᠭᠡ ᠠᠪᠳᠠᠷ᠎ᠠ᠂ ᠡᠷᠭᠢᠨᠡᠭ ᠡᠢᠮᠦ ᠯᠡ ᠬᠣᠭᠰᠢᠯ ᠲᠠᠢ ᠠᠢᠯ ᠠᠵᠢ᠃
- ᠣᠯᠠᠨ ᠬᠠᠭᠠᠯᠭᠠᠲᠤ ᠰᠦᠮ᠎ᠡ ᠳ᠋ᠦ᠍ ᠮᠥᠷᠭᠥᠵᠦ ᠢᠷᠡᠭᠰᠡᠨ ᠡᠴᠡ ᠬᠣᠢᠰᠢ ᠠᠮᠢᠳᠤᠷᠠᠯ ᠠᠬᠤᠢ ᠴᠤ᠌ ᠳᠡᠭᠡᠷᠡᠳᠡᠭᠰᠡᠨ ᠦᠭᠡᠢ᠂ ᠦᠷ᠎ᠡ ᠬᠡᠦᠬᠡᠳ ᠴᠦ᠍ ᠵᠠᠶᠠᠭᠠᠭᠰᠠᠨ ᠦᠭᠡᠢ᠃ ᠡᠷ᠎ᠡ ᠨᠥᠬᠥᠷ ᠴᠦ᠍ ᠡᠷᠭᠢᠵᠦ ᠢᠷᠡᠭᠰᠡᠨ ᠦᠭᠡᠢ᠃ ᠶᠠᠳᠠᠭᠤ ᠵᠦᠳᠡᠭᠦᠦ ᠯᠡ ᠠᠮᠢᠳᠤᠷᠠᠵᠤ ᠪᠠᠢᠨ᠎ᠠ᠃ ᠪᠠᠷᠠᠭᠤᠨ ᠲᠠᠯ᠎ᠠ ᠳ᠋ᠤ᠌ ᠪᠠᠢᠭ᠎ᠠ ᠭᠡᠷ ᠲᠦ᠍ ᠪᠠᠯᠵᠢᠨ ᠡᠮᠡᠭᠡᠨ ᠰᠠᠭᠤᠳᠠᠭ ᠶᠤᠮ᠃ ᠬᠦᠦ ᠨᠢ ᠬᠠᠶᠠ ᠡᠷᠭᠢᠵᠦ ᠢᠷᠡᠳᠡᠭ᠃ ᠮᠠᠨ ᠤ᠋ ᠬᠣᠶᠠᠷ ᠳᠣᠯᠣᠭᠠᠨ ᠢᠮᠠᠭ᠎ᠠ ᠨᠢᠭᠡ ᠦᠨᠢᠶ᠎ᠡ ᠲᠡᠢ᠃ ᠲᠡᠭᠦᠪᠡᠷ ᠢ᠋ᠶ᠋ᠡᠨ ᠯᠡ ᠠᠮᠢ ᠵᠢᠭᠤᠵᠤ ᠪᠠᠢᠨ᠎ᠠ᠃ ᠠᠶᠠᠨᠴᠢᠨ ᠳᠠᠭᠠᠵᠤ ᠤᠷᠤᠭᠰᠢ ᠪᠠᠨ ᠶᠠᠪᠤᠬᠤ ᠰᠠᠨᠠᠭ᠎ᠠ ᠲᠠᠢ! ᠭᠡᠵᠦ ᠤᠳᠬᠤᠨ ᠰᠣᠨᠢᠨ ᠪᠣᠯᠭᠠᠨ ᠶᠠᠷᠢᠯ᠎ᠠ᠃ ᠲᠡᠭᠦᠨ ᠳ᠋ᠦ᠍ ᠨᠢ ᠭᠠᠢᠬᠠᠰᠢ ᠲᠥᠷᠥᠪᠡ᠃
- ᠣᠳᠣ ᠪᠠᠰᠠ ᠶᠠᠪᠤᠵᠤ ᠶᠠᠭᠠᠬᠢᠬᠤ ᠨᠢ ᠪᠣᠢ? ᠭᠡᠵᠦ ᠰᠠᠩᠵᠢ ᠭᠠᠢᠬᠠᠨ ᠯᠠᠪᠯᠠᠪᠠ᠃ ᠤᠳᠬᠤᠨ ᠬᠡᠦᠬᠡᠨ ᠢᠴᠢᠩᠭᠦᠷᠡᠭᠰᠡᠨ ᠢ᠋ᠶ᠋ᠡᠨ᠂
- ᠨᠢᠭᠡᠨᠲᠡ ᠯᠡ ᠦᠷ᠎ᠡ ᠶ᠋ᠢᠨ ᠬᠤᠲᠤᠭ ᠵᠠᠶᠠᠭᠠᠭ᠎ᠠ ᠦᠭᠡᠢ ᠨᠢ ᠭᠠᠷᠴᠠᠭ᠎ᠠ ᠦᠭᠡᠢ ᠪᠣᠯᠤᠭᠰᠠᠨ ᠠ᠋ᠴᠠ ᠴᠠᠰᠢ ᠪᠡᠷᠢᠮᠦᠭ ᠡᠮᠡᠭᠡᠨ ᠦ᠌ ᠶᠠᠷᠢᠳᠠᠭ ᠪᠠᠢᠭᠰᠠᠨ ᠠᠨᠢᠭ ᠭᠣᠮᠪᠣ ᠭᠡᠳᠡᠭ ᠰᠢᠮᠨᠠᠨᠼ ᠤ᠋ᠨ ᠬᠡᠢᠳ ᠲᠦ᠍ ᠣᠴᠢᠵᠤ ᠪᠦᠬᠦ ᠨᠠᠰᠤ ᠪᠠᠨ ᠥᠩᠭᠡᠷᠡᠭᠡᠳᠡᠭ ᠶᠦ᠍ᠮ ᠤᠤ ᠭᠡᠵᠦ ᠪᠣᠳᠣᠵᠤ ᠪᠠᠢᠨ᠎ᠠ ᠭᠡᠰᠡᠨ ᠢ᠋ᠶ᠋ᠡᠨ᠂
- ᠮᠠᠷᠲᠠᠭᠰᠠᠨ ᠨᠥᠭᠦᠭᠡ ᠪᠡᠷᠢᠮᠦᠭ ᠡᠮᠡᠭᠡᠨ ᠠᠮᠢᠳᠤ ᠰᠡᠷᠡᠭᠦᠨ ᠤᠤ᠂ ᠵᠠᠢᠯᠠᠭᠤᠯ! ᠭᠡᠪᠡ᠃ ᠰᠠᠩᠵᠢ ᠰᠠᠨᠠᠭ᠎ᠠ ᠠᠯᠳᠠᠵᠤ᠂
- ᠡᠮᠡᠭᠡᠨ ᠥᠭᠡᠳᠡ ᠪᠣᠯᠤᠭᠰᠠᠨ! ᠮᠠ ᠨᠢ ᠪᠠᠳ ᠮᠧ ᠬᠣᠮ! ᠠᠨᠢᠭ ᠭᠣᠮᠪᠣ ᠳ᠋ᠤ᠌ ᠡᠷᠭᠦᠯ ᠦᠭᠭᠦᠭᠦᠯᠦᠭᠰᠡᠨ ᠢ᠋ ᠨᠢ ᠬᠦᠷᠭᠡᠵᠦ ᠥᠭᠴᠦ ᠶᠠᠪᠤᠵᠤ ᠠᠮᠢ ᠠᠯᠳᠠᠬᠤ ᠰᠢᠬᠠᠭᠰᠠᠨ ᠁ ᠲᠡᠨᠳᠡ ᠣᠴᠢᠵᠤ ᠰᠠᠭᠤᠵᠤ ᠶᠠᠭᠠᠬᠢᠬᠤ ᠨᠢ ᠪᠣᠢ ᠳᠠ? ᠭᠡᠵᠦ ᠠᠰᠠᠭᠤᠯ᠎ᠠ᠃ ᠤᠳᠬᠤᠨ᠂
- ᠶᠠᠭᠠᠬᠢᠬᠤ ᠪᠣᠢ ᠳᠠ! ᠥᠭᠡᠷ᠎ᠡ ᠵᠢᠷᠭᠠᠯ ᠭᠡᠮᠡᠷ ᠶᠠᠭᠤᠮ᠎ᠠ ᠠᠯᠠᠭ᠎ᠠ᠃ ᠪᠡᠷᠢᠮᠦᠭ ᠡᠮᠡᠭᠡᠨ ᠵᠠᠯᠠᠭᠤ ᠨᠠᠰᠤ ᠪᠠᠨ ᠲᠡᠨᠳᠡ ᠥᠩᠭᠡᠷᠡᠭᠡᠭᠰᠡᠨ ᠯᠡ ᠭᠡᠵᠦ ᠶᠠᠷᠢᠳᠠᠭ ᠪᠠᠢᠭᠰᠠᠨ ᠁ ᠲᠡᠭᠡᠭᠡᠳ ᠯᠡ ᠣᠴᠢᠳᠠᠭ ᠶᠤᠮ ᠤᠤ ᠭᠡᠵᠦ ᠪᠣᠳᠣᠭᠰᠠᠨ ᠬᠡᠷᠡᠭ᠃ ᠪᠠᠰᠠ ᠪᠦᠬᠡᠮᠠᠩᠯᠠᠢ ᠶ᠋ᠢᠨ ᠰᠤᠷᠠᠭ ᠭᠠᠷᠴᠤ ᠴᠤ᠌ ᠮᠠᠭᠠᠳ ᠦᠭᠡᠢ ᠭᠡᠵᠦ ᠭᠣᠷᠢᠳᠠᠭᠰᠠᠨ ᠶᠤᠮ᠃ ᠲᠡᠷᠡ ᠴᠦ᠍ ᠲᠡᠭᠡᠪᠡᠯ ᠥᠩᠭᠡᠷᠡᠭᠰᠡᠨ ᠯᠡ ᠳᠡ᠁ ᠭᠡᠬᠦ ᠳ᠋ᠦ᠍ ᠰᠠᠩᠵᠢ ᠶ᠋ᠢᠨ ᠰᠡᠳᠬᠢᠯ ᠨᠢ ᠬᠢᠮᠤᠷᠠᠵᠤ ᠳᠠᠭᠤ ᠦᠭᠡᠢ ᠰᠠᠭᠤᠯ᠎ᠠ᠃ ᠤᠳᠬᠤᠨ ᠬᠡᠦᠬᠡᠨ ᠢ᠋ ᠥᠷᠦ ᠡᠪᠡᠳᠦᠯ᠎ᠡ᠃
ᠪᠣᠷᠴᠠ ᠲᠠᠢ ᠰᠢᠷ᠎ᠠ ᠪᠤᠳᠠᠭ᠎ᠠ ᠨᠢ ᠴᠦ᠍ ᠤᠳᠠᠯ ᠦᠭᠡᠢ ᠪᠣᠯᠤᠯ᠎ᠠ᠃ ᠰᠠᠩᠵᠢ ᠠᠶᠠᠭᠠᠨ ᠤ᠋ ᠪᠠᠨ ᠤᠭᠤᠲᠠᠨ ᠠ᠋ᠴᠠ ᠪᠠᠭᠪᠤᠷ ᠢ᠋ᠶ᠋ᠠᠨ ᠭᠠᠷᠭᠠᠵᠤ ᠬᠣᠭᠣᠯᠠ ᠲᠣᠰᠣᠨ ᠠᠪᠴᠤ ᠳᠠᠭᠤ ᠴᠢᠮᠡᠭᠡ ᠦᠭᠡᠢᠬᠡᠨ ᠢᠳᠡᠵᠦ ᠡᠬᠢᠯᠡᠬᠦ ᠵᠠᠭᠤᠷ᠎ᠠ ᠣᠳᠬᠣᠨ ᠬᠡᠦᠬᠡᠨ ᠢ᠋ ᠥᠷᠥ ᠡᠪᠡᠳᠦᠨ ᠠᠵᠢᠭᠯᠠᠵᠤ ᠪᠠᠢᠯ᠎ᠠ᠃ ᠰᠠᠩᠵᠢ ᠠ᠋ᠴᠠ ᠳᠣᠯᠣᠭ᠎ᠠ ᠨᠠᠢ᠍ᠮᠠ ᠡᠭᠡᠴᠢ ᠲᠡᠷᠡ ᠪᠦᠰᠡᠭᠦᠢ ᠰᠦᠯᠵᠢᠮᠡᠯ ᠬᠠᠷ᠎ᠠ ᠦᠰᠦ ᠲᠡᠢ᠂ ᠮᠠᠷᠢᠶᠠᠯᠢᠭ ᠲᠦᠭᠦᠷᠡᠭ ᠴᠢᠷᠠᠢᠲᠠᠢ᠂ ᠳᠤᠮᠳᠠ ᠵᠡᠷᠭᠡ ᠶ᠋ᠢᠨ ᠨᠢᠷᠤᠭᠤ ᠲᠠᠢ᠂ ᠢᠷᠠᠯᠵᠠᠭᠰᠠᠨ ᠴᠠᠭᠠᠨ ᠰᠢᠲᠦ ᠲᠡᠢ ᠠᠵᠢ᠃ ᠦᠰᠦ ᠪᠡᠨ ᠶᠠᠭᠠᠬᠢᠭᠠᠳ ᠴᠤ᠌ ᠶᠤᠮ ᠪᠣᠢ ᠨᠠᠢ᠍ᠮᠠᠨ ᠰᠠᠯᠠᠭ᠎ᠠ ᠰᠦᠯᠵᠢᠭᠡᠳ ᠵᠡᠰ ᠪᠣᠭᠣᠯᠲᠠ ᠪᠠᠷ ᠨᠢᠭᠡᠳᠬᠡᠨ ᠪᠣᠭᠣᠵᠤ᠂ ᠳᠤᠬᠤᠨ ᠲᠤᠰᠢᠶ᠎ᠠ ᠪᠠᠭ᠎ᠠ ᠵᠡᠷᠭᠡ ᠮᠥᠩᠭᠥ ᠣᠷᠣᠭᠰᠠᠨ ᠬᠠᠭᠠᠰ ᠳᠠᠷᠤᠭᠤᠯᠭ᠎ᠠ ᠪᠠᠷ ᠳᠠᠷᠤᠵᠤ ᠬᠠᠪᠴᠢᠶᠠᠷᠢ ᠪᠠᠷ ᠲᠣᠭᠲᠠᠭᠠᠵᠠᠢ᠃ ᠬᠦᠵᠦᠭᠦᠨ ᠳ᠋ᠦ᠍ ᠪᠡᠨ ᠬᠤᠪᠣᠨ ᠬᠣᠭᠣᠯᠠᠢᠪᠴᠢ ᠵᠡᠭᠦᠨ᠎ᠡ᠃《ᠦᠷ᠎ᠡ ᠶ᠋ᠢᠨ ᠬᠦᠰᠡᠯᠡᠩ ᠪᠣᠯᠤᠭᠰᠠᠨ ᠡᠨᠡ ᠠᠮᠢᠲᠠᠨ ᠣᠳᠣ ᠪᠠᠰᠠ ᠳᠠᠬᠢᠵᠤ ᠬᠣᠯᠠ ᠵᠠᠮ ᠲᠤᠭᠤᠯᠵᠤ ᠠᠨᠢᠭ ᠭᠣᠮᠪᠣ ᠬᠡᠢᠳ ᠢ᠋ ᠵᠣᠷᠢᠬᠤ ᠪᠠᠷ ᠰᠢᠢᠳᠴᠦ ᠪᠠᠢᠭ᠎ᠠ ᠶᠤᠮ ᠭᠡᠵᠦ ᠤᠤ ᠳᠠ? ᠮᠥᠨ ᠯᠠᠢ ᠲᠠᠢ ᠶᠠ?》 ᠭᠡᠵᠦ ᠰᠠᠩᠵᠢ ᠳᠣᠲᠣᠷ᠎ᠠ ᠪᠠᠨ ᠪᠣᠳᠣᠵᠤ ᠰᠠᠭᠤᠯ᠎ᠠ᠃ ᠲᠡᠭᠦᠨ ᠦ᠌ ᠳᠡᠮᠡᠢ ᠬᠦᠰᠡᠯ ᠰᠠᠨᠠᠭ᠎ᠠ ᠶ᠋ᠢ ᠥᠭᠡᠷᠡᠴᠢᠯᠡᠮᠡᠷ ᠪᠠᠢᠯ᠎ᠠ᠃
ᠬᠣᠭᠣᠯᠠ ᠢᠳᠡᠵᠦ ᠰᠠᠭᠤᠬᠤ ᠳ᠋ᠤ᠌ ᠤᠳᠬᠤᠨ᠂
- ᠲᠠᠨ ᠤ᠋ ᠮᠣᠷᠢ ᠶ᠋ᠢ ᠶᠠᠭᠠᠬᠢᠬᠤ ᠪᠣᠢ? ᠭᠡᠵᠦ ᠠᠰᠠᠭᠤᠯ᠎ᠠ᠃
- ᠶᠠᠭᠠᠬᠢᠬᠤ ᠪᠣᠢ᠃ ᠴᠠᠳᠬᠤᠯᠠᠩ ᠮᠣᠷᠢ ᠯᠠ ᠳᠠ᠃ ᠲᠡᠭᠡᠰᠬᠢᠭᠡᠳ ᠡᠮᠡᠭᠡᠯ ᠨᠢ ᠰᠢᠭᠤᠯᠲᠠ ᠲᠠᠢ ᠬᠣᠨᠣᠭ ᠤᠤ ᠳᠠ ᠭᠡᠵᠦ ᠰᠠᠩᠵᠢ ᠲᠡᠭᠡᠨᠡᠭᠡᠯᠵᠡᠯᠡ᠃ ᠤᠳᠬᠤᠨ᠂
- ᠵᠠ ᠶᠠᠭᠠᠬᠢᠬᠤ ᠪᠣᠢ᠃ ᠪᠢ ᠨᠢᠭᠡ ᠠᠷᠭᠠᠯᠠᠭᠠᠳ ᠢᠷᠡᠶ᠎ᠡ᠃ ᠡᠨᠡᠦᠬᠡᠨ ᠳ᠋ᠦ᠍ ᠭᠠᠳᠠᠰᠤ ᠲᠠᠢ ᠠᠷᠭᠠᠮᠵᠢᠶ᠎ᠠ ᠪᠣᠢ᠃ ᠳᠡᠷᠡᠨ ᠡᠴᠡ ᠠᠷᠭᠠᠮᠵᠢᠭᠠᠳ ᠣᠷᠬᠢᠭᠰᠠᠨ ᠨᠢ ᠳᠡᠭᠡᠷ᠎ᠡ ᠪᠠᠢᠬ᠎ᠠ ᠭᠡᠳ ᠭᠠᠷᠴᠤ ᠣᠳᠤᠯ᠎ᠠ᠃
《ᠦᠭᠡᠢ ᠡᠳᠡᠨ ᠦ᠌ ᠳ᠋ᠦ᠍ ᠬᠣᠨᠣᠭᠯᠠᠳᠠᠭ ᠴᠢᠨᠢ ᠵᠥᠪ ᠪᠣᠯᠵᠤ ᠪᠠᠢᠨ᠎ᠠ ᠤᠤ᠂ ᠪᠤᠷᠤᠭᠤ ᠪᠣᠯᠵᠤ ᠪᠠᠢᠨ᠎ᠠ ᠤᠤ? ᠭᠠᠭᠴᠠ ᠪᠡᠶ᠎ᠡ ᠪᠦᠰᠡᠭᠦᠢ ᠶ᠋ᠢᠨ ᠬᠢ ᠪᠡᠷ ᠪᠤᠶᠠᠨᠵᠠᠯᠪᠠᠷᠢᠬᠤ ᠶ᠋ᠢᠨ ᠬᠠᠮᠪᠤ ᠯᠠᠮᠠ ᠬᠣᠨᠣᠭ ᠲᠥᠭᠡᠷᠢᠭᠦᠯᠵᠦ ᠶᠠᠪᠤᠭ᠎ᠠ ᠲᠤᠬᠠᠢ ᠶᠠᠷᠢᠶ᠎ᠠ ᠭᠠᠷᠴᠤ ᠬᠥᠭ ᠪᠣᠯᠬᠤ ᠦᠭᠡᠢ ᠪᠠᠢᠭ᠎ᠠ?》 ᠭᠡᠵᠦ ᠰᠠᠩᠵᠢ ᠬᠡᠪ ᠭᠡᠨᠡᠳᠲᠡ ᠤᠬᠠᠭᠠᠷᠠᠨ ᠪᠣᠳᠣᠬᠤ ᠳ᠋ᠤ᠌ ᠪᠠᠨ ᠠᠶᠤᠬᠤ ᠰᠢᠭ᠋ ᠪᠣᠯᠪᠠ᠃
- ᠲᠠᠨ ᠤ᠋ ᠮᠣᠷᠢ ᠶ᠋ᠢ ᠠᠷᠭᠠᠮᠵᠢᠴᠢᠬᠠᠯᠠ᠃ ᠶᠠᠭᠠᠬᠢᠭᠰᠠᠨ ᠶᠡᠬᠡ ᠤᠰᠤ ᠲᠠᠢ ᠪᠣᠷᠣᠭ᠎ᠠ ᠣᠷᠣᠵᠤ ᠪᠠᠢᠨ᠎ᠠ?ᠬᠤᠪᠢᠩ ᠢ᠋ᠶ᠋ᠠᠷ ᠴᠢᠳᠬᠤᠬᠤ ᠰᠢᠭ᠋ ᠯᠡ ᠪᠣᠯᠵᠤ ᠪᠠᠢᠨ᠎ᠠ᠃ ᠰᠥᠨᠢᠵᠢᠨ ᠶᠡᠭᠦᠯᠡᠬᠦ ᠪᠠᠢᠬ᠎ᠠ! ᠭᠡᠭᠰᠡᠭᠡᠷ ᠣᠳᠬᠣᠨ ᠬᠡᠦᠬᠡᠨ ᠣᠷᠣᠵᠤ ᠢᠷᠡᠯ᠎ᠡ᠃《ᠵᠠ ᠶᠠᠪᠤᠳᠠᠭ ᠮᠠᠨᠢ ᠴᠤ᠌ ᠥᠩᠭᠡᠷᠡᠯ᠎ᠡ᠃ ᠥᠷᠯᠥᠭᠡ ᠠᠢᠬᠣᠪᠲᠣᠷ ᠡᠷᠲᠡ ᠯᠡ ᠶᠠᠪᠤᠵᠤ ᠦᠵᠡᠶ᠎ᠡ》 ᠭᠡᠵᠦ ᠰᠠᠩᠵᠢ ᠳᠣᠲᠣᠷ᠎ᠠ ᠪᠠᠨ ᠪᠣᠳᠣᠯ᠎ᠠ᠃ ᠣᠳᠬᠣᠨ ᠭᠡᠷ ᠦ᠋ᠨ ᠢ᠋ᠶ᠋ᠡᠨ ᠵᠡᠭᠦᠨ ᠲᠠᠯ᠎ᠠ ᠳ᠋ᠤ᠌ ᠪᠠᠢᠭ᠎ᠠ ᠭᠠᠵᠠᠷ ᠣᠷᠣ ᠪᠠᠨ ᠶᠠᠩᠵᠤᠯᠠᠵᠤ ᠵᠠᠰᠠᠭᠠᠳ᠂
- ᠵᠠ ᠲᠠ ᠡᠨᠳᠡ ᠤᠨᠲᠠᠵᠤ ᠠᠮᠠᠷᠠ! ᠭᠡᠵᠦ ᠬᠡᠯᠡᠯ᠎ᠡ᠃
ᠰᠠᠩᠵᠢ ᠪᠣᠰᠴᠤ ᠲᠡᠷᠡ ᠵᠠᠰᠠᠭᠰᠠᠨ ᠭᠠᠵᠠᠷ ᠨᠢ ᠣᠴᠢᠯ᠎ᠠ᠃ ᠲᠡᠷᠡ ᠮᠥᠴᠡ ᠳ᠋ᠦ᠍ ᠭᠡᠷ ᠦ᠋ᠨ ᠳᠣᠲᠣᠷ᠎ᠠ ᠡᠨᠳᠡ ᠲᠡᠨᠳᠡ ᠳᠤᠰᠤᠭᠠᠯ ᠭᠣᠭᠣᠵᠢᠵᠤ ᠪᠠᠢᠭ᠎ᠠ ᠶ᠋ᠢ ᠠᠵᠢᠭᠯᠠᠵᠤ ᠮᠡᠳᠡᠯ᠎ᠡ᠃
ᠤᠳᠬᠤᠨ ᠤ᠋ ᠵᠠᠰᠠᠭᠰᠠᠨ ᠣᠷᠣᠨ ᠳᠡᠭᠡᠷ᠎ᠡ ᠬᠠᠵᠠᠭᠤᠯᠳᠠᠪᠠ᠃ ᠵᠤᠵᠠᠭᠠᠨ ᠰᠡᠭᠰᠦᠭᠦᠷᠭᠡᠨ ᠳᠡᠪᠡᠯ ᠭᠠᠭᠴᠠ ᠶ᠋ᠢ ᠰᠠᠩᠵᠢ ᠳ᠋ᠤ᠌ ᠬᠤᠴᠢᠯᠭ᠎ᠠ ᠪᠣᠯᠭᠠᠨ ᠦᠭᠭᠦᠯ᠎ᠡ᠃ ᠲᠡᠭᠦᠪᠡᠷ ᠬᠤᠴᠢᠭᠠᠳ ᠯᠠᠮᠠᠪᠤᠭᠠᠢ ᠲᠣᠭᠣᠨᠣᠨ ᠥᠭᠡᠳᠡ ᠰᠢᠷᠲᠡᠨ ᠬᠡᠪᠲᠡᠯ᠎ᠡ᠃ ᠣᠳᠬᠣᠨ ᠬᠡᠦᠬᠡᠨ ᠭᠠᠯ ᠭᠦᠰᠦ ᠪᠡᠨ ᠵᠠᠰᠠᠵᠤ ᠶᠠᠩᠵᠤᠯᠠᠭᠠᠳ ᠡᠷᠭᠢᠨᠡᠭ ᠦ᠋ᠨ ᠢ᠋ᠶ᠋ᠡᠨ ᠡᠮᠦᠨ᠎ᠡ ᠴᠣᠮᠴᠣᠢᠨ ᠰᠠᠭᠤᠭᠰᠠᠭᠠᠷ ᠪᠠᠢᠬᠤ ᠳ᠋ᠤ᠌ ᠨᠢ᠂
- ᠥᠪᠡᠷ ᠢ᠋ᠶ᠋ᠡᠨ ᠤᠨᠲᠠᠬᠤ ᠦᠭᠡᠢ ᠶᠠᠭᠠᠬᠢᠭ᠎ᠠ ᠪᠣᠢ? ᠭᠡᠵᠦ ᠰᠠᠩᠵᠢ ᠠᠶᠠᠷᠬᠠᠨ ᠠᠰᠠᠭᠤᠯ᠎ᠠ᠃ ᠣᠳᠬᠣᠨ ᠲᠦᠷ ᠳᠠᠭᠤ ᠦᠭᠡᠢ ᠪᠠᠢᠭᠰᠠᠨ ᠢ᠋ᠶ᠋ᠠᠨ᠂
- ᠣᠳᠣᠬᠠᠨ! ᠭᠡᠵᠦ ᠬᠡᠯᠡᠪᠡ᠃ ᠭᠠᠳᠠᠭ᠎ᠠ ᠪᠣᠷᠣᠭ᠎ᠠ ᠱᠠᠭᠢᠨ ᠣᠷᠣᠭᠰᠠᠭᠠᠷ ᠪᠠᠢᠯ᠎ᠠ᠃ ᠪᠠᠰᠠ ᠬᠡᠳᠦᠨ ᠮᠥᠴᠡ ᠥᠩᠭᠡᠷᠡᠯ᠎ᠡ᠃《ᠠ ᠡᠨᠡ ᠴᠢᠨᠢ ᠣᠷᠣ ᠪᠠᠨ ᠨᠠᠳᠠ ᠳ᠋ᠤ᠌ ᠦᠭᠴᠢᠬᠡᠭᠡᠳ ᠤᠨᠲᠠᠬᠤ ᠭᠠᠵᠠᠷ ᠦᠭᠡᠢ ᠪᠣᠯᠤᠭᠠᠳ ᠰᠠᠭᠤᠵᠤ ᠪᠠᠢᠭ᠎ᠠ ᠬᠥᠮᠦᠨ ᠶᠤᠮᠰᠠᠨᠵᠠᠢ᠃ ᠲᠦᠷᠦᠭᠦᠨ ᠦ᠌ ᠠᠵᠢᠬᠤ ᠦᠭᠡᠢ ᠳᠡ》 ᠭᠡᠵᠦ ᠰᠠᠩᠵᠢ ᠭᠡᠨᠡᠳᠲᠡ ᠪᠣᠳᠣᠭᠠᠳ ᠶᠠᠭᠠᠬᠢᠵᠤ ᠡᠨᠡ ᠪᠠᠢᠳᠠᠯ ᠠ᠋ᠴᠠ ᠭᠠᠷᠬᠤ ᠶ᠋ᠢ ᠰᠦᠪᠡᠭᠴᠢᠯᠡᠪᠡ᠃ ᠭᠡᠪᠡᠴᠦ ᠠᠷᠭ᠎ᠠ ᠪᠠᠢᠭᠰᠠᠨ ᠦᠭᠡᠢ᠃ ᠬᠠᠮᠢᠭ᠎ᠠ ᠨᠢ ᠴᠦ᠍ ᠲᠡᠷᠡ ᠤᠨᠲᠠᠬᠤ ᠶᠤᠮ ᠪᠢᠯᠡ ᠳᠠ᠃
- ᠮᠢᠨᠦ ᠡᠨᠡᠦᠬᠡᠨ ᠬᠠᠵᠠᠭᠤ ᠪᠠᠷ ᠬᠡᠪᠲᠡᠭᠡᠳ ᠥᠭ ᠯᠡ ᠳᠡ ᠭᠡᠵᠦ ᠰᠠᠩᠵᠢ ᠠᠷᠠᠢ ᠶᠠᠳᠠᠨ ᠳᠤᠤᠭᠠᠷᠤᠯ᠎ᠠ᠃ ᠣᠳᠬᠣᠨ ᠬᠡᠦᠬᠡᠨ ᠭᠠᠭᠴᠠᠬᠦ ᠡᠭᠦᠨ ᠢ᠋ ᠯᠡ ᠬᠦᠯᠢᠶᠡᠵᠦ ᠪᠠᠢᠭᠰᠠᠨ ᠶᠤᠮ ᠰᠢᠭ᠋ ᠤᠬᠤᠰᠬᠢᠨ ᠪᠣᠰᠴᠤ ᠬᠠᠮᠪᠤ ᠯᠠᠮᠠ ᠶ᠋ᠢᠨ ᠤᠷᠢᠳᠤ ᠲᠠᠯ᠎ᠠ ᠪᠠᠷ ᠲᠤᠯᠭᠠᠨ ᠠ᠋ᠴᠠ ᠪᠠᠨ ᠬᠣᠯᠠ ᠦᠭᠡᠢ ᠭᠠᠵᠠᠷ ᠲᠤ᠌ ᠬᠠᠭᠤᠴᠢᠨ ᠲᠡᠷᠯᠢᠭ ᠨᠥᠮᠥᠷᠦᠭᠡᠳ ᠪᠠᠰᠠ ᠨᠢᠭᠡ ᠲᠡᠢᠮᠦ ᠨᠣᠣᠯᠠᠩᠬᠠᠢ ᠴᠡᠭᠡᠳᠡᠭ ᠳᠡᠷᠡᠯᠡᠭᠡᠳ ᠬᠠᠵᠠᠭᠤᠯᠳᠠᠨ ᠬᠡᠪᠲᠡᠯ᠎ᠡ᠃ ᠨᠠᠰᠤᠨ ᠲᠤᠷᠰᠢ ᠳ᠋ᠤ᠌ ᠪᠠᠨ ᠡᠮᠡᠭᠲᠡᠢ ᠬᠥᠮᠦᠨ ᠲᠡᠢ ᠡᠢᠨ ᠬᠦ᠌ ᠵᠡᠷᠭᠡᠴᠡᠨ ᠬᠡᠪᠲᠡᠵᠦ ᠪᠠᠢᠭ᠎ᠠ ᠦᠭᠡᠢ ᠪᠣᠯᠬᠣᠷ ᠬᠠᠮᠪᠤ ᠶ᠋ᠢᠨ ᠰᠡᠳᠬᠢᠯ ᠲᠠᠪᠠ ᠮᠠᠭᠤ ᠲᠠᠢ ᠪᠠᠢᠯ᠎ᠠ᠃ ᠬᠡᠦᠬᠡᠨ ᠦ᠌ ᠵᠥᠭᠡᠯᠡᠨ ᠠᠮᠢᠰᠬᠤᠭ᠎ᠠ ᠪᠠᠷᠤᠭ ᠯᠠ ᠬᠠᠮᠠᠷ ᠳᠡᠭᠡᠷ᠎ᠡ ᠨᠢ ᠰᠣᠨᠣᠰᠤᠭᠳᠠᠬᠤ ᠰᠢᠭ᠋ ᠪᠣᠯᠵᠤ᠂ ᠡᠯᠳᠡᠪ ᠦ᠋ᠨ ᠶᠠᠭᠤᠮ᠎ᠠ ᠪᠣᠳᠣᠭᠳᠠᠵᠤ ᠨᠣᠢᠷ ᠨᠢ ᠬᠤᠯᠵᠢᠪᠠ᠃ ᠲᠡᠭᠡᠲᠡᠯ᠎ᠡ ᠰᠠᠩᠵᠢ ᠶ᠋ᠢᠨ ᠮᠥᠷᠥ ᠤᠷᠤᠭᠤ ᠨᠣᠢᠲᠠ ᠣᠷᠬᠢᠨ ᠳᠤᠰᠤᠭᠠᠯ ᠲᠣᠰᠤᠯ᠎ᠠ᠃ ᠲᠡᠭᠦᠨ ᠡᠴᠡ ᠪᠡᠶ᠎ᠡ ᠪᠡᠨ ᠵᠠᠢᠯᠠᠭᠤᠯᠬᠤ ᠰᠠᠨᠠᠭᠠᠲᠠᠢ ᠪᠠᠷᠠᠭᠤᠨ ᠲᠡᠰᠢ ᠪᠡᠨ ᠵᠢᠭᠠᠬᠠᠨ ᠬᠥᠳᠡᠯᠦᠭᠡᠳ ᠣᠷᠬᠢᠭᠰᠠᠨ ᠴᠢᠨᠢ ᠭᠠᠷ ᠲᠤ᠌ ᠨᠢ ᠣᠳᠬᠣᠨ ᠬᠡᠦᠬᠡᠨ ᠦ᠌ ᠰᠢᠬᠠᠮᠠᠯ ᠪᠢᠰᠢᠯᠠᠭ ᠰᠢᠭ᠋ ᠲᠥᠪᠥᠭᠡᠷ ᠬᠥᠬᠥ ᠨᠢ ᠳᠠᠭᠠᠷᠢᠯᠳᠤᠵᠤ᠂ ᠰᠠᠩᠵᠢ ᠶ᠋ᠢᠨ ᠬᠠᠮᠤᠭ ᠪᠡᠶ᠎ᠡ ᠪᠡᠷ ᠭᠦᠶᠦᠳᠡᠯ ᠭᠦᠶᠦᠬᠦ ᠰᠢᠭ ᠬᠠᠴᠢᠨ ᠪᠣᠯᠤᠯ᠎ᠠ᠃ ᠡᠮᠵᠡᠭ ᠭᠠᠵᠠᠷ ᠨᠢ ᠯᠠᠮᠠᠪᠤᠭᠠᠢ ᠶ᠋ᠢᠨ ᠭᠠᠷ ᠰᠠᠨᠠᠮᠰᠠᠷ ᠦᠭᠡᠢ ᠬᠦᠷᠦᠭᠰᠡᠨ ᠢ᠋ ᠣᠳᠬᠣᠨ ᠬᠡᠦᠬᠡᠨ ᠣᠢᠯᠠᠭᠠᠬᠤ ᠳ᠋ᠤ᠌ ᠪᠠᠨ ᠰᠠᠨᠠᠭ᠎ᠠ ᠲᠠᠢ ᠬᠦᠷᠦᠯ᠎ᠡ ᠭᠡᠳ ᠪᠤᠳᠤᠴᠢᠬᠠᠵᠠᠢ᠃
- ᠮᠢᠨᠦ ᠡᠨᠳᠡ ᠡᠴᠡ ᠳᠤᠰᠤᠭᠠᠯ ᠭᠣᠭᠣᠵᠢᠭᠠᠳ ᠪᠠᠢᠨ᠎ᠠ᠃ ᠲᠠᠨ ᠤᠷᠤᠭᠤ ᠵᠢᠭᠠᠬᠠᠨ ᠰᠢᠬᠠᠭᠠᠳ ᠬᠡᠪᠲᠡᠵᠦ ᠪᠣᠯᠬᠤ ᠤᠤ? ᠭᠡᠵᠦ ᠣᠳᠬᠠᠨ ᠰᠢᠪᠡᠭᠡᠨᠡᠪᠡ᠃ ᠰᠠᠩᠵᠢ ᠲᠡᠭᠦᠨ ᠳ᠋ᠦ᠍ ᠶᠠᠭᠤ ᠭᠡᠵᠦ ᠬᠡᠯᠡᠬᠦ ᠪᠡᠨ ᠮᠡᠳᠡᠬᠦ ᠦᠭᠡᠢ ᠠᠯᠮᠠᠢᠷᠠᠵᠠᠢ᠃ ᠳᠤᠭᠤᠢ ᠯᠠ ᠪᠠᠢᠯ᠎ᠠ᠃ ᠳᠠᠭᠤ ᠦᠭᠡᠢ ᠪᠠᠢᠭ᠎ᠠ ᠶ᠋ᠢ ᠨᠢ ᠤᠳᠬᠤᠨ ᠬᠡᠦᠬᠡᠨ ᠮᠥᠨ ᠯᠡ ᠥᠪᠡᠷ ᠦ᠋ᠨ ᠬᠢ ᠪᠡᠷ ᠢ᠋ᠶ᠋ᠡᠨ ᠣᠢᠯᠠᠭᠠᠵᠤ ᠪᠠᠷᠤᠭ ᠯᠠ ᠡᠪᠦᠷ ᠲᠦ᠍ ᠨᠢ ᠣᠷᠣᠭᠠᠳ ᠢᠷᠡᠵᠡᠢ᠃ ᠰᠠᠩᠵᠢ ᠤᠯᠠᠮ ᠬᠦᠨᠳᠦ ᠪᠠᠢᠳᠠᠯ ᠳ᠋ᠤ᠌ ᠣᠷᠣᠵᠤ ᠬᠠᠮᠢᠭᠠᠰᠢ ᠪᠠᠨ ᠴᠤ᠌ ᠬᠥᠳᠡᠯᠵᠦ ᠴᠢᠳᠠᠬᠤ ᠦᠭᠡᠢ ᠪᠠᠢᠯ᠎ᠠ᠃ ᠭᠠᠳᠠᠭ᠎ᠠ ᠪᠣᠷᠣᠭ᠎ᠠ ᠤᠯᠠᠮ ᠰᠢᠷᠦᠭᠦᠰᠦᠨ ᠣᠷᠣᠵᠤ᠂ ᠦᠶ᠎ᠡ ᠦᠶ᠎ᠡ ᠲᠩᠷᠢ ᠳᠤᠤᠭᠠᠷᠤᠭᠰᠠᠭᠠᠷ ᠯᠠ ᠠᠵᠢ᠃ ᠤᠳᠬᠤᠨ ᠬᠡᠦᠬᠡᠨ ᠦ᠌ ᠵᠥᠭᠡᠯᠡᠨ ᠠᠮᠢᠰᠬᠤᠭ᠎ᠠ ᠣᠳᠣ ᠰᠠᠩᠵᠢ ᠶ᠋ᠢᠨ ᠪᠦᠷ ᠬᠠᠴᠠᠷ ᠳᠡᠭᠡᠷ᠎ᠡ ᠨᠢ ᠮᠡᠳᠡᠷᠡᠭᠳᠡᠵᠦ ᠪᠠᠢᠯ᠎ᠠ᠃ ᠰᠠᠩᠵᠢ ᠲᠡᠭᠦᠨ ᠢ᠋ ᠮᠡᠳᠡᠭᠡ ᠦᠭᠡᠢ ᠬᠥᠮᠦᠨ ᠪᠣᠯᠬᠤ ᠭᠡᠵᠦ ᠨᠢᠭᠡ ᠬᠡᠰᠡᠭ ᠲᠦ᠍ ᠪᠡᠨ ᠡᠯᠳᠡᠪ ᠢ᠋ᠶ᠋ᠡᠷ ᠴᠢᠷᠮᠠᠢᠵᠤ ᠪᠠᠢᠯ᠎ᠠ᠃ ᠭᠡᠪᠡᠴᠦ ᠡᠬᠢᠯᠡᠭᠡᠳ ᠭᠡᠷ ᠦ᠋ᠨ ᠪᠥᠷᠢᠶᠡᠰᠦᠨ ᠳᠡᠭᠡᠷ᠎ᠡ ᠱᠠᠭᠢᠬᠤ ᠪᠣᠷᠣᠭᠠᠨ ᠤ᠋ ᠴᠢᠮᠡᠭᠡ ᠶ᠋ᠢ᠂ ᠬᠠᠵᠠᠭᠤ ᠲᠠᠯ᠎ᠠ ᠪᠠᠷ ᠳᠤᠰᠤᠯᠠᠬᠤ ᠳᠤᠰᠤᠭᠠᠯ ᠤ᠋ᠨ ᠳᠠᠭᠤ ᠶ᠋ᠢ ᠰᠠᠩᠵᠢ ᠰᠣᠨᠣᠰᠬᠤ ᠪᠠᠨ ᠪᠣᠯᠢᠵᠤ᠂ ᠳᠠᠷᠠᠭ᠎ᠠ ᠨᠢ ᠲᠩᠷᠢ ᠳᠤᠤᠭᠠᠷᠬᠤ ᠶ᠋ᠢ ᠮᠡᠳᠡᠷᠡᠬᠦ ᠪᠡᠨ ᠪᠠᠢᠵᠠᠢ᠃ ᠣᠷᠴᠢᠯᠠᠩ ᠬᠣᠷᠸ᠎ᠠ ᠲᠡᠢᠨ ᠬᠦ᠌ ᠪᠠᠢᠬᠤ ᠦᠭᠡᠢ ᠶᠦ᠍ᠮ ᠰᠢᠭ ᠪᠣᠯᠵᠤ᠂ ᠭᠠᠭᠴᠠᠬᠦ ᠤᠳᠬᠤᠨ ᠬᠡᠦᠬᠡᠨ ᠢ᠋ ᠯᠡ ᠬᠠᠵᠠᠭᠤ ᠳ᠋ᠤ᠌ ᠨᠢ ᠪᠠᠢᠭ᠎ᠠ ᠶ᠋ᠢ ᠰᠠᠩᠵᠢ ᠣᠰᠣᠯᠳᠠᠬᠤ ᠦᠭᠡᠢ ᠮᠡᠳᠡᠷᠡᠵᠦ᠂ ᠰᠡᠳᠬᠢᠯ ᠦ᠋ᠨ ᠬᠢᠮᠤᠷᠠᠯ ᠳ᠋ᠤ᠌ ᠳᠣᠩᠰᠣᠯᠤᠨ᠂ ᠭᠢᠷᠪᠢᠰᠢᠵᠦ ᠪᠠᠢᠲᠠᠯ᠎ᠠ ᠤᠷᠤᠭᠤᠯ ᠳᠡᠭᠡᠷ᠎ᠡ ᠨᠢ ᠣᠳᠬᠣᠨ ᠤ᠋ ᠤᠯᠠᠭ᠎ᠠ ᠪᠤᠲᠠᠷᠠᠭᠰᠠᠨ ᠵᠥᠭᠡᠯᠡᠬᠡᠨ ᠬᠠᠴᠠᠷ ᠠᠶᠠᠷᠬᠠᠨ ᠨᠠᠭᠠᠯᠳᠤᠯᠠ᠁
᠁ ᠪᠣᠷᠣᠭ᠎ᠠ ᠭᠡᠨᠡᠳᠲᠡ ᠵᠣᠭᠰᠣᠵᠠᠢ᠃ ᠪᠣᠷᠣᠭ᠎ᠠ ᠵᠣᠭᠰᠣᠮᠠᠭᠴᠠ ᠦᠷ ᠴᠠᠢᠵᠠᠢ᠃ ᠤᠳᠬᠤᠨ ᠬᠡᠦᠬᠡᠨ ᠠᠯᠢ ᠬᠡᠳᠦᠢᠨᠠᠢ ᠪᠣᠰᠤᠭᠠᠳ ᠴᠠᠢ ᠴᠢᠨᠠᠵᠤ ᠪᠠᠢᠪᠠ᠃ ᠦᠷ ᠦ᠋ᠨ ᠡᠮᠦᠨᠡᠬᠡᠨ ᠬᠡᠰᠡᠭ ᠵᠠᠭᠤᠷ᠎ᠠ ᠲᠠᠭ ᠤᠨᠲᠠᠴᠢᠬᠠᠭᠰᠠᠨ ᠢ᠋ᠶ᠋ᠠᠨ ᠰᠠᠩᠵᠢ ᠮᠡᠳᠡᠵᠦ ᠰᠡᠷᠢᠮᠡᠭᠴᠡ ᠪᠡᠨ ᠥᠨᠳᠡᠢᠨ ᠬᠤᠪᠴᠠᠰᠤᠯᠠᠵᠤ ᠡᠬᠢᠯᠡᠪᠡ᠃ ᠭᠡᠷ ᠳᠣᠲᠣᠷ᠎ᠠ ᠪᠣᠷᠣᠭᠠᠨ ᠤ᠋ ᠴᠢᠭᠢᠭ᠂ ᠤᠲᠤᠭ᠎ᠠ ᠬᠣᠶᠠᠷ ᠬᠣᠯᠢᠯᠳᠤᠨ ᠦᠨᠦᠷᠳᠡᠵᠦ᠂ ᠳᠥᠩᠭᠡᠵᠢ ᠴᠢᠨᠠᠭᠰᠠᠨ ᠰᠢᠷ᠎ᠠ ᠴᠠᠢ ᠶ᠋ᠢᠨ ᠠᠭᠠᠭ ᠲᠠᠢ ᠳᠠᠪᠬᠤᠴᠠᠨ ᠪᠠᠢᠯ᠎ᠠ᠃ ᠣᠳᠬᠣᠨ ᠬᠡᠦᠬᠡᠨ ᠲᠤᠯᠭᠠᠨ ᠤ᠋ ᠪᠠᠨ ᠳᠡᠷᠭᠡᠳᠡ ᠨᠥᠮᠥᠭᠡᠨ ᠰᠠᠭᠤᠭᠠᠳ ᠴᠠᠢ ᠪᠠᠨ ᠰᠠᠮᠤᠷᠴᠤ ᠪᠠᠢᠪᠠ᠃ ᠲᠡᠭᠦᠨ ᠦ᠌ ᠮᠢᠬᠠᠯᠢᠭᠳᠠᠭᠤᠬᠠᠨ ᠪᠥᠭᠡᠷᠡᠩᠬᠡᠢ ᠪᠡᠶ᠎ᠡ ᠶ᠋ᠢᠨ ᠡᠪᠯᠢᠭ ᠠᠶᠠᠲᠠᠢ ᠶ᠋ᠢ ᠰᠠᠩᠵᠢ ᠣᠳᠣ ᠰᠠᠢ ᠯᠠ ᠣᠯᠵᠤ ᠬᠠᠷᠠᠬᠤ ᠰᠢᠭ᠋ ᠪᠣᠯᠪᠠ᠃ ᠳᠥᠩᠭᠡᠵᠢ ᠣᠳᠣ ᠯᠠ ᠬᠠᠷᠠᠯ᠎ᠠ ᠭᠡᠵᠦ ᠤᠤ? ᠴᠡᠩᠬᠡᠷ ᠲᠣᠭᠣᠨᠣ ᠶ᠋ᠢᠨ ᠳᠠᠪᠠᠭᠠᠨ ᠳ᠋ᠤ᠌ ᠠᠷᠪᠠᠭᠠᠳ ᠵᠢᠯ ᠦ᠋ᠨ ᠲᠡᠷᠲᠡᠭᠡ ᠬᠡᠭᠡᠷ᠎ᠡ ᠤᠨᠲᠠᠭᠠᠳ ᠪᠣᠰᠳᠠᠭ ᠲᠡᠷᠡ ᠥᠷᠯᠥᠭᠡ ᠣᠳᠬᠣᠨ ᠬᠡᠦᠬᠡᠨ ᠢ᠋ ᠭᠣᠷᠣᠬ᠎ᠠ ᠶ᠋ᠢᠨ ᠤᠰᠤᠨ ᠳ᠋ᠤ᠌ ᠨᠢᠭᠤᠷ ᠢ᠋ᠶ᠋ᠠᠨ ᠤᠬᠢᠶᠠᠵᠤ ᠪᠠᠢᠬᠤ ᠶ᠋ᠢ ᠰᠠᠩᠵᠢ ᠰᠡᠮᠬᠡᠨ ᠬᠠᠷᠠᠭ᠎ᠠ ᠦᠭᠡᠢ ᠭᠡᠵᠦ ᠤᠤ? ᠬᠠᠷᠠᠮᠠᠭᠴᠠ ᠨᠢᠳᠦ ᠪᠤᠷᠤᠭᠤᠯᠠᠨ ᠥᠪᠡᠷ ᠢ᠋ ᠪᠡᠨ ᠵᠢᠮᠡᠯᠡᠭᠰᠡᠨ᠃ ᠲᠡᠭᠡᠬᠦ ᠳ᠋ᠦ᠍ ᠣᠳᠬᠣᠨ ᠨᠥᠬᠥᠷ ᠲᠡᠢ᠂ ᠰᠠᠩᠵᠢ ᠪᠣᠯ ᠰᠠᠬᠢᠯ ᠰᠠᠨᠸᠠᠷ ᠰᠠᠬᠢᠭᠰᠠᠨ ᠪᠠᠨᠳᠢ ᠶᠠᠪᠤᠵᠠᠢ᠃ ᠳᠠᠷᠠᠭ᠎ᠠ ᠨᠢ ᠬᠡᠳᠦᠨ ᠵᠢᠯ ᠥᠩᠭᠡᠷᠡᠬᠦ ᠳ᠋ᠦ᠍ ᠦᠢᠴᠦᠦ ᠮᠥᠷᠡᠨ ᠢ᠋ᠶ᠋ᠡᠷ ᠦᠬᠡᠷ ᠦ᠋ᠨ ᠰᠢᠷᠢᠨ ᠵᠠᠪᠢ ᠪᠠᠷ ᠶᠠᠪᠤᠵᠤ ᠪᠠᠢᠬᠤ ᠳ᠋ᠤ᠌ ᠤᠰᠤᠨ ᠤ᠋ ᠳᠣᠯᠭᠢᠶᠠᠨ ᠳ᠋ᠤ᠌ ᠪᠡᠶ᠎ᠡ ᠨᠢ ᠡᠪᠭᠦᠢᠷᠬᠡᠵᠦ ᠰᠠᠩᠵᠢ ᠲᠡᠭᠦᠨ ᠦ᠌ ᠪᠦᠰᠡᠯᠡᠭᠦᠷ ᠢ᠋ᠶ᠋ᠡᠷ ᠲᠡᠪᠡᠷᠢᠨ᠂ ᠤᠰᠤ ᠤᠷᠤᠭᠤ ᠣᠢᠴᠢᠬᠤ ᠠ᠋ᠴᠠ ᠨᠢ ᠪᠣᠯᠭᠣᠮᠵᠢᠯᠠᠵᠤ ᠶᠠᠪᠤᠭ᠎ᠠ ᠦᠭᠡᠢ ᠭᠡᠵᠦ ᠤᠤ? ᠲᠡᠢᠮᠦ ᠶᠠᠭᠤᠮ᠎ᠠ ᠪᠣᠯᠵᠤ ᠯᠠ ᠪᠠᠢᠭᠰᠠᠨ᠃ ᠲᠡᠭᠡᠬᠦ ᠳ᠋ᠦ᠍ ᠰᠠᠩᠵᠢ ᠰᠠᠬᠢᠯ ᠰᠠᠨᠸᠠᠷ ᠢ᠋ᠶ᠋ᠠᠨ ᠪᠠᠲᠤ ᠰᠠᠬᠢᠭᠰᠠᠨ ᠭᠠᠪᠵᠤ ᠪᠠᠢᠭᠰᠠᠨ ᠯᠠ ᠳᠠ᠃ ᠡᠯᠳᠡᠪ ᠢ᠋ ᠪᠣᠳᠣᠳᠠᠭ ᠴᠤ᠌ ᠦᠭᠡᠢ ᠶᠠᠪᠤᠵᠠᠢ᠃ ᠭᠡᠬᠦ ᠳ᠋ᠦ᠍ ᠪᠡᠨ ᠣᠳᠬᠣᠨ ᠬᠡᠦᠬᠡᠨ ᠰᠠᠩᠵᠢ ᠶ᠋ᠢᠨ ᠪᠦᠬᠦᠢ ᠯᠡ ᠠᠮᠢᠳᠤᠷᠠᠯ ᠤ᠋ᠨ ᠨᠢ ᠪᠣᠳᠢ ᠮᠥᠷ ᠢ᠋ ᠬᠥᠭᠡᠭᠡᠭᠰᠡᠨ ᠵᠠᠮ ᠳᠡᠭᠡᠷ᠎ᠡ ᠨᠢ ᠮᠥᠷ ᠰᠣᠯᠢᠪᠢᠯᠴᠠᠨ ᠲᠣᠬᠢᠶᠠᠯᠳᠤᠭᠰᠠᠨ ᠣᠢᠷᠠᠯᠴᠠᠭ᠎ᠠ ᠨᠠᠰᠤᠨ ᠤ᠋ ᠴᠣᠷᠢ ᠶ᠋ᠢᠨ ᠭᠠᠭᠴᠠ ᠪᠦᠰᠡᠭᠦᠢ ᠬᠥᠮᠦᠨ ᠪᠠᠢᠭᠰᠠᠨ ᠢ᠋ ᠰᠠᠩᠵᠢ ᠣᠳᠣ ᠯᠠ ᠡᠷᠭᠢᠴᠡᠭᠦᠯᠦᠨ ᠪᠣᠳᠣᠯ᠎ᠠ᠃ ᠪᠠᠨᠳᠢ ᠪᠠᠢᠬᠤ ᠳ᠋ᠤ᠌ ᠪᠠᠨ ᠪᠦᠰᠡᠭᠦᠢ ᠬᠥᠮᠦᠨ ᠳ᠋ᠦ᠍ ᠣᠢᠷᠠᠲᠣᠬᠣ ᠪᠠᠢᠲᠤᠭᠠᠢ ᠲᠡᠭᠦᠨ ᠤᠷᠤᠭᠤ ᠰᠢᠨᠤᠯᠲᠠᠢ ᠪᠠᠷ ᠬᠠᠷᠠᠬᠤ ᠯᠠ ᠶᠤᠮ ᠪᠣᠯ ᠵᠠᠪᠰᠠᠷ ᠦᠭᠡᠢ ᠬᠠᠷ᠎ᠠ ᠨᠢᠭᠦᠯ ᠦ᠋ᠨ ᠨᠢᠭᠡ ᠶ᠋ᠢ ᠦᠢᠯᠡᠳᠴᠦ ᠠᠯᠳᠠᠰ ᠬᠢᠵᠦ ᠪᠠᠢᠭ᠎ᠠ ᠨᠢ ᠲᠡᠷᠡ ᠭᠡᠳᠡᠭ ᠢ᠋ ᠯᠠᠮᠠ ᠪᠠᠭᠰᠢ ᠠ᠋ᠴᠠ ᠪᠠᠨ᠂ ᠶᠡᠷᠦ ᠨᠢ ᠯᠠᠮᠠ ᠲᠣᠯᠣᠭᠠᠢ ᠲᠠᠢ ᠪᠦᠷᠢ ᠡᠴᠡ ᠪᠠᠲᠤ ᠰᠣᠨᠣᠰᠴᠤ ᠪᠦᠷᠢᠨ ᠢᠲᠡᠭᠡᠭᠰᠡᠨ ᠪᠢᠯᠡ᠃ ᠭᠠᠪᠵᠤ ᠪᠠᠢᠬᠤ ᠳ᠋ᠤ᠌ ᠪᠠᠨ ᠮᠥᠨ ᠲᠡᠷᠡ ᠰᠤᠷᠭᠠᠯ ᠢ᠋ ᠪᠤᠰᠤᠳ ᠲᠤ᠌ ᠠᠢᠯᠠᠳᠳᠠᠭ᠂ ᠥᠪᠡᠷ ᠢ᠋ᠶ᠋ᠡᠨ ᠪᠣᠯ ᠪᠦᠰᠡᠭᠦᠢ ᠬᠥᠮᠦᠨ ᠦ᠌ ᠲᠤᠬᠠᠢ ᠮᠥᠷᠥᠭᠡᠳᠬᠦ ᠴᠠᠭ ᠢ᠋ᠶ᠋ᠠᠨ ᠪᠤᠷᠬᠠᠨ ᠤ᠋ ᠨᠣᠮ ᠳ᠋ᠤ᠌ ᠰᠢᠪᠬᠠᠨ ᠥᠭᠭᠦᠭᠰᠡᠭᠡᠷ ᠪᠠᠢᠭᠠᠳ ᠰᠡᠭᠦᠯ ᠰᠡᠭᠦᠯ ᠳ᠋ᠦ᠍ ᠪᠡᠨ ᠠᠷᠢᠬᠢ ᠳᠠᠷᠠᠰᠤ ᠤᠤᠭᠤᠵᠤ ᠤᠭ ᠠ᠋ᠴᠠ ᠪᠠᠨ ᠰᠤᠷᠤᠭ᠎ᠠ ᠦᠭᠡᠢ ᠬᠥᠮᠦᠨ ᠲᠡᠭᠦᠨ ᠢ᠋ ᠣᠭᠲᠣᠬᠠᠨ ᠴᠤ᠌ ᠲᠣᠭᠣᠳᠠᠭ ᠦᠭᠡᠢ ᠶ᠋ᠢᠨ ᠠᠳᠠᠯᠢ ᠪᠠᠷ ᠡᠮᠡᠰ᠂ ᠥᠬᠢᠳ ᠦ᠋ᠨ ᠲᠤᠬᠠᠢ ᠳ᠋ᠤ᠌ ᠪᠣᠳᠣᠬᠤ ᠰᠠᠨᠠᠬᠤ ᠴᠤ᠌ ᠶᠠᠭᠤᠮ᠎ᠠ ᠦᠭᠡᠢ ᠪᠣᠯᠵᠤ᠂ ᠪᠠᠢᠭᠠᠯᠢ ᠠ᠋ᠴᠠ ᠵᠠᠶᠠᠭᠠᠭᠳᠠᠭᠰᠠᠨ ᠰᠠᠷᠠᠯ ᠨᠢ ᠠᠭᠠᠵᠢᠮ ᠢ᠋ᠶ᠋ᠠᠷ ᠤᠨᠲᠠᠷᠠᠵᠠᠢ᠃
ᠬᠠᠮᠪᠤ ᠯᠠᠮᠠ ᠶ᠋ᠢᠨ ᠵᠡᠷᠭᠡ ᠳ᠋ᠦ᠍ ᠬᠦᠷᠴᠦ ᠨᠣᠮ ᠪᠦᠬᠦᠨ ᠦ᠌ ᠨᠠᠭᠠᠳᠤ ᠴᠠᠭᠠᠳᠤ ᠤᠴᠢᠷ ᠢ᠋ ᠭᠦᠨ᠎ᠡ ᠤᠬᠠᠭᠠᠷᠠᠭᠰᠠᠨ ᠡᠨᠡ ᠦᠶ᠎ᠡ ᠳ᠋ᠡᠭᠡᠨ ᠰᠠᠩᠵᠢ ᠶ᠋ᠢᠨ ᠪᠣᠳᠣᠬᠤ ᠰᠠᠨᠠᠬᠤ ᠨᠢ ᠶᠡᠬᠡ ᠯᠡ ᠥᠭᠡᠷᠡᠴᠢᠯᠡᠭᠳᠡᠵᠦ ᠪᠦᠰᠡᠭᠦᠢ ᠬᠥᠮᠦᠨ ᠪᠠᠢᠬᠤ ᠦᠭᠡᠢ ᠪᠣᠯ ᠬᠥᠮᠦᠨ ᠦ᠌ ᠣᠷᠴᠢᠯᠠᠩ ᠳᠠᠭᠤᠰᠪᠤᠷᠢ ᠪᠣᠯᠤᠨ᠎ᠠ᠂ ᠯᠠᠮᠠ ᠪᠦᠬᠦᠨ ᠪᠦᠰᠡᠭᠦᠢ ᠬᠥᠮᠦᠨ ᠡᠴᠡ ᠲᠥᠷᠥᠭᠰᠡᠨ ᠶᠦ᠍ᠮ ᠭᠡᠳᠡᠭ ᠢ᠋ ᠬᠡᠨ ᠢ᠋ᠶ᠋ᠡᠷ ᠴᠦ᠍ ᠬᠡᠯᠡᠭᠦᠯᠦᠯᠲᠡ ᠦᠭᠡᠢ ᠮᠡᠳᠡᠵᠦ ᠪᠠᠢᠯ᠎ᠠ᠃ ᠡᠬᠡᠨᠡᠷ ᠠᠪᠬᠤ ᠦᠭᠡᠢ ᠶ᠋ᠢᠨ ᠰᠠᠬᠢᠯ ᠰᠠᠨᠸᠠᠷ ᠢ᠋ ᠭᠠᠭᠴᠠᠬᠦ ᠽᠣᠡᠭ᠌ᠺᠡᠸᠠ ᠶᠢᠨ ᠰᠤᠷᠭᠠᠯ ᠪᠠᠷᠢᠮᠲᠠᠯᠠᠭᠴᠢᠳ ᠲᠡᠷᠡ ᠳᠣᠲᠣᠷ᠎ᠠ ᠪᠠᠨ ᠮᠣᠩᠭᠣᠯ ᠯᠠᠮᠠ ᠨᠠᠷ ᠯᠠ ᠬᠠᠲᠠᠭᠤ ᠰᠠᠬᠢᠵᠤ ᠪᠠᠢᠳᠠᠭ ᠪᠣᠯᠬᠤ ᠠ᠋ᠴᠠ ᠪᠢᠰᠢ ᠡᠨᠡᠳᠬᠡᠭ᠂ ᠪᠠᠯᠪᠤ᠂ ᠬᠠᠴᠸ᠂ ᠬᠠᠰᠲ᠂ ᠰᠠᠩᠭᠠᠰ᠂ ᠯᠠᠩᠭᠠᠨ᠂ ᠪᠠᠮᠠᠭᠠᠯ ᠤ᠋ᠨ ᠶᠡᠬᠡᠩᠬᠢ ᠯᠠᠮᠠ ᠨᠠᠷ ᠡᠢᠮᠦ ᠰᠦᠵᠢᠭ ᠦ᠋ᠨ ᠬᠦᠯᠢᠶᠡᠭᠰᠡᠨ ᠡᠴᠡ ᠴᠢᠯᠥᠭᠡᠲᠡᠢ ᠪᠠᠢᠳᠠᠭ ᠢ᠋ ᠴᠦ᠍ ᠰᠠᠩᠵᠢᠳᠠᠯᠪᠢᠴᠣᠢᠵᠠᠮᠰᠤᠲᠠᠨ ᠮᠡᠳᠡᠵᠦ ᠪᠠᠢᠯ᠎ᠠ᠃ ᠲᠡᠳᠡ ᠨᠢᠭᠦᠯ ᠡᠴᠡ ᠠᠶᠤᠬᠤ ᠦᠭᠡᠢ ᠭᠡᠷᠯᠡᠳᠡᠭ ᠪᠢᠰᠢ ᠤᠤ?
ᠦᠷ᠎ᠡ ᠶ᠋ᠢᠨ ᠬᠤᠲᠤᠭ ᠣᠯᠬᠤ ᠭᠡᠵᠦ ᠤᠳᠬᠤᠨ ᠬᠡᠦᠬᠡᠨ ᠦ᠌ ᠥᠴᠢᠨᠡᠨ ᠵᠣᠪᠠᠯᠠᠩ ᠲᠤᠭᠤᠯᠵᠤ᠂ ᠬᠡᠴᠢᠨᠡᠨ ᠰᠦᠵᠢᠭ ᠪᠢᠰᠢᠷᠡᠯ ᠭᠠᠷᠭᠠᠭᠰᠠᠨ ᠢ᠋ ᠰᠠᠩᠵᠢ ᠠ᠋ᠴᠠ ᠥᠭᠡᠷ᠎ᠡ ᠰᠠᠢᠨ ᠮᠡᠳᠡᠬᠦ ᠬᠥᠮᠦᠨ ᠣᠳᠣ ᠦᠭᠡᠢ ᠪᠢᠯᠡ᠃ ᠦᠷ᠎ᠡ ᠲᠥᠷᠥᠭᠦᠯᠬᠦ ᠡᠭᠦᠷᠭᠡ ᠲᠡᠢ ᠪᠡᠷ ᠬᠣᠷᠸ᠎ᠠ ᠳ᠋ᠤ᠌ ᠵᠠᠶᠠᠭᠠᠭᠰᠠᠨ ᠪᠣᠯᠬᠣᠷ ᠪᠦᠰᠡᠭᠦᠢ ᠬᠥᠮᠦᠨ ᠲᠡᠭᠦᠨ ᠢ᠋ᠶ᠋ᠡᠨ ᠪᠣᠳᠣᠵᠤ ᠶᠠᠪᠤᠳᠠᠭ ᠨᠢ ᠶᠠᠭᠤᠨ ᠨᠢᠭᠦᠯ᠂ ᠠᠯᠳᠠᠰ ᠲᠤ᠌ ᠬᠣᠯᠪᠣᠭᠳᠠᠬᠤ ᠪᠢᠯᠡ?
ᠤᠳᠬᠤᠨ ᠬᠡᠦᠬᠡᠨ ᠦ᠌ ᠴᠢᠷᠠᠢ ᠥᠩᠭᠡᠯᠢᠭ ᠰᠠᠢᠬᠠᠨ ᠬᠠᠷᠠᠭᠳᠠᠵᠤ ᠪᠠᠢᠯ᠎ᠠ᠃ ᠭᠡᠪᠡᠴᠦ ᠲᠡᠷᠡ ᠬᠠᠮᠪᠤ ᠶ᠋ᠢᠨ ᠥᠭᠡᠳᠡ ᠡᠴᠡ ᠡᠭᠴᠡᠯᠡᠨ ᠬᠠᠷᠠᠵᠤ ᠴᠢᠳᠠᠬᠤ ᠦᠭᠡᠢ ᠢᠴᠢᠩᠭᠦᠷᠡᠨ ᠰᠠᠭᠤᠬᠤ ᠰᠢᠭ᠋ ᠰᠠᠨᠠᠭᠳᠠᠯ᠎ᠠ᠃ ᠰᠠᠩᠵᠢ᠂ ᠬᠡᠦᠬᠡᠨ ᠢ᠋ ᠴᠦ᠍ ᠵᠢᠮᠡᠯᠡᠭᠰᠡᠨ ᠦᠭᠡᠢ᠂ ᠥᠪᠡᠷ ᠢ᠋ ᠪᠡᠨ ᠴᠦ᠍ ᠵᠥᠪᠲᠥᠭᠡᠭᠰᠡᠨ ᠦᠭᠡᠢ᠃ ᠲᠡᠢᠮᠦᠷᠬᠦ ᠶᠠᠭᠤᠮ᠎ᠠ ᠪᠣᠳᠣᠬᠤ ᠠᠷᠭ᠎ᠠ ᠦᠭᠡᠢ ᠪᠠᠢᠯ᠎ᠠ᠃ ᠬᠠᠷᠢᠨ ᠨᠢᠭᠡ ᠶᠡᠬᠡ ᠠᠢᠬᠤᠪᠲᠤᠷ ᠶᠠᠭᠤᠮᠠᠨ ᠤ᠋ ᠰᠠᠪᠠᠷ ᠠ᠋ᠴᠠ ᠮᠤᠯᠲᠤᠷᠠᠨ ᠭᠠᠷᠤᠭᠰᠠᠨ ᠶᠤᠮ ᠰᠢᠭ᠋᠂ ᠥᠪᠡᠷ ᠦ᠋ᠨ ᠢ᠋ᠶ᠋ᠡᠨ ᠲᠣᠯᠣᠭᠠᠢ ᠶ᠋ᠢ ᠥᠪᠡᠷ ᠢ᠋ᠶ᠋ᠡᠨ ᠮᠡᠳᠡᠳᠡᠭ ᠪᠣᠯᠴᠢᠬᠠᠭᠰᠠᠨ ᠶᠤᠮ ᠰᠢᠭ᠋ ᠡᠰᠡᠪᠡᠯ ᠬᠡᠢ ᠠᠭᠠᠷ ᠲᠤ᠌ ᠭᠠᠨᠳᠠᠷᠢᠰᠤᠨ ᠪᠠᠯᠭᠠᠰᠤᠨ ᠳ᠋ᠤ᠌ ᠣᠯᠠᠨ ᠵᠢᠯ ᠰᠠᠭᠤᠵᠤ ᠪᠠᠢᠭᠰᠠᠨ ᠢ᠋ᠶ᠋ᠠᠨ ᠲᠣᠷᠭᠠᠨ ᠨᠣᠭᠣᠭᠠᠨ ᠵᠦᠯᠭᠡᠨ ᠳᠡᠭᠡᠷ᠎ᠡ᠂ ᠪᠦᠷ ᠨᠢᠰᠤᠬᠠᠢ ᠵᠢᠭᠠᠯ ᠶᠠᠪᠤᠬᠤ ᠳ᠋ᠤ᠌ ᠪᠠᠨ ᠬᠤᠷᠠᠭ᠎ᠠ ᠬᠠᠷᠢᠭᠤᠯᠵᠤ ᠬᠥᠯ ᠨᠢᠴᠦᠭᠦᠨ ᠭᠦᠶᠦᠵᠦ ᠶᠠᠪᠤᠭᠰᠠᠨ ᠳᠤᠮᠳᠠ ᠬᠠᠢᠯᠠᠰᠤᠲᠠᠢ ᠶ᠋ᠢᠨ ᠭᠣᠣᠯ ᠤ᠋ᠨ ᠵᠥᠭᠡᠯᠡᠬᠡᠨ ᠰᠢᠷᠢᠭᠢ ᠳᠡᠭᠡᠷ᠎ᠡ ᠪᠠᠭᠤᠭᠠᠳ ᠢᠷᠡᠴᠢᠬᠡᠭᠰᠡᠨ ᠶᠦ᠍ᠮ ᠰᠢᠭ ᠬᠥᠩᠭᠡᠨ ᠬᠥᠭᠵᠢᠶᠡᠨ ᠲᠡᠢ ᠰᠡᠳᠬᠢᠭᠳᠡᠯ ᠳ᠋ᠦ᠍ ᠯᠡ ᠰᠠᠩᠵᠢ ᠪᠦᠷᠢᠨ ᠠᠪᠲᠠᠭᠳᠠᠵᠠᠢ᠃ ᠮᠥᠷᠦᠨ ᠳᠡᠭᠡᠭᠦᠷ ᠨᠢ ᠬᠡᠳᠦ ᠣᠷᠢᠶᠠᠨ ᠪᠣᠭᠣᠵᠤ ᠪᠠᠢᠳᠠᠭ ᠵᠢᠷᠠᠨ ᠬᠤᠨᠢᠶᠠᠰᠤᠲᠤ ᠣᠷᠬᠢᠮᠵᠢ ᠪᠠᠨ ᠠᠪᠤᠭᠠᠳ ᠲᠠᠯᠪᠢᠴᠢᠬᠠᠭᠰᠠᠨ ᠶᠤᠮ ᠰᠢᠭ᠋᠂ ᠡᠭᠡᠳᠡᠨ ᠭᠤᠲᠤᠯ ᠢ᠋ᠶ᠋ᠠᠨ ᠲᠠᠢᠯᠤᠭᠠᠳ ᠬᠥᠯ ᠨᠢᠴᠦᠭᠦᠨ ᠶᠠᠪᠤᠵᠤ ᠪᠠᠢᠬᠤ ᠰᠢᠭ᠋ ᠬᠠᠴᠢᠨ ᠰᠠᠨᠠᠭᠳᠠᠭᠰᠠᠨ ᠳ᠋ᠤ᠌ ᠰᠠᠩᠵᠢ ᠬᠡᠦᠬᠡᠨ ᠦ᠌ ᠥᠭᠭᠦᠭᠰᠡᠨ ᠴᠠᠢ ᠶ᠋ᠢ ᠱᠠᠯᠠᠮᠠᠭᠬᠠᠨ ᠰᠣᠷᠣᠵᠤ ᠤᠤᠭᠤᠯ᠎ᠠ᠃ ᠥᠴᠥᠭᠡᠳᠦᠷᠬᠡᠨ ᠯᠡ ᠥᠨᠳᠥᠷ ᠨᠠᠰᠤᠲᠠᠢ ᠪᠠᠭᠤᠷᠢ ᠲᠠᠢ ᠰᠠᠭᠤᠷᠢ ᠲᠠᠢ᠂ ᠯᠠᠮᠠ ᠪᠦᠷᠢ ᠶ᠋ᠢᠨ ᠠᠬ᠎ᠠ ᠵᠠᠬ᠎ᠠ᠂ ᠰᠢᠲᠦᠯᠭᠡᠲᠡᠨ ᠪᠦᠷᠢ ᠶ᠋ᠢᠨ ᠪᠠᠭᠰᠢ ᠮᠡᠲᠦ ᠪᠡᠷ ᠥᠪᠡᠷ ᠲᠦ᠍ ᠨᠢ ᠰᠠᠨᠠᠭᠳᠠᠵᠤ ᠶᠡᠬᠡᠮᠰᠦᠭ᠂ ᠬᠥᠳᠡᠯᠭᠡᠭᠡᠨ ᠦᠭᠡᠢ᠂ ᠰᠦᠷ ᠶᠡᠬᠡ ᠲᠡᠢ ᠪᠠᠢᠳᠠᠯ ᠦᠵᠡᠭᠦᠯᠬᠦ ᠶ᠋ᠢ ᠬᠢᠴᠢᠶᠡᠵᠦ ᠶᠠᠪᠤᠭᠰᠠᠨ ᠰᠠᠩᠵᠢ ᠳ᠋ᠤ᠌ ᠥᠨᠥᠳᠥᠷ ᠠᠭᠰᠤᠮ ᠬᠤᠷᠳᠤᠨ ᠮᠣᠷᠢ ᠤᠨᠤᠭᠠᠳ ᠬᠡᠭᠡᠷ᠎ᠡ ᠲᠠᠯ᠎ᠠ ᠪᠠᠷ ᠳᠠᠪᠬᠢᠭᠤᠯᠴᠢᠬᠠᠮᠠᠷ᠂ ᠨᠠᠢᠷ ᠤ᠋ᠨ ᠰᠥᠩ ᠲᠦᠰᠢᠭᠡᠳ ᠤᠷᠲᠤ ᠶ᠋ᠢᠨ ᠳᠠᠭᠤᠤ ᠠᠶᠠᠯᠠᠵᠤ ᠰᠠᠭᠤᠮᠠᠷ ᠬᠦᠰᠡᠯ ᠲᠥᠷᠥᠵᠦ ᠪᠠᠢᠯ᠎ᠠ᠃ ᠪᠤᠷᠬᠠᠨ ᠤ᠋ ᠨᠣᠮ ᠳ᠋ᠤ᠌ ᠭᠠᠷᠳᠠᠭ ᠢ᠋ᠶ᠋ᠠᠷ 《ᠠᠷᠤ ᠶ᠋ᠢᠨ ᠠᠭᠤᠯᠠ ᠨᠢ ᠽᠠᠨᠳᠠᠨ ᠤ᠋ ᠣᠢ ᠴᠡᠴᠡᠷᠯᠢᠭ ᠲᠦ᠍ ᠰᠦᠮᠪᠦᠷ᠂ ᠥᠪᠥᠷ ᠦ᠋ᠨ ᠠᠭᠤᠯᠠ ᠨᠢ ᠨᠣᠭᠣᠭᠠᠨ ᠲᠠᠲᠠᠷ ᠬᠡᠢᠰᠬᠦ ᠠᠳᠠᠯᠢ᠂ ᠪᠠᠷᠠᠭᠤᠨ ᠠᠭᠤᠯᠠ ᠨᠢ ᠬᠠᠷ᠎ᠠ ᠬᠥᠬᠡ ᠲᠣᠷᠭᠠᠨ ᠬᠥᠰᠢᠭᠡ ᠰᠤᠩᠭᠠᠭᠰᠠᠨ ᠠᠳᠠᠯᠢ᠂ ᠵᠡᠭᠦᠨ ᠠᠭᠤᠯᠠ ᠨᠢ ᠴᠠᠭᠠᠨ ᠠᠷᠰᠯᠠᠨ ᠣᠭᠲᠠᠷᠭᠤᠢ ᠳ᠋ᠤ᠌ ᠳᠡᠭᠦᠯᠡᠬᠦ ᠠᠳᠠᠯᠢ᠂ ᠤᠷᠤᠰᠬᠠᠯ ᠤᠰᠤ ᠨᠢ ᠬᠠᠷ᠎ᠠ ᠮᠣᠭᠠᠢ ᠭᠠᠵᠠᠷ ᠤ᠋ᠨ ᠤᠷᠤᠭᠤ ᠭᠦᠶᠦᠬᠦ ᠠᠳᠠᠯᠢ ᠳᠡᠭᠡᠳᠦᠰ ᠦ᠋ᠨ ᠵᠢᠷᠭᠠᠯ ᠬᠡᠮᠡᠬᠦ ᠣᠷᠣᠨ ᠳ᠋ᠤ᠌ ᠱᠠᠯ ᠳᠣᠪᠵᠢᠶ᠎ᠠ ᠨᠢ ᠲᠡᠮᠦᠷ᠂ ᠳᠥᠷᠪᠡᠨ ᠲᠤᠭᠤᠷᠭ᠎ᠠ ᠨᠢ ᠠᠯᠲᠠ᠂ ᠬᠠᠰᠢᠶ᠎ᠠ ᠨᠢ ᠣᠭ᠌ᠶᠤ᠂ ᠯᠠᠪᠠᠢ ᠡᠭᠦᠳᠡ ᠲᠡᠢ᠂ ᠽᠦᠨᠡᠷᠳᠡᠨᠢ ᠪᠠ ᠱᠢᠷᠣᠨ ᠱᠠᠯᠠ ᠲᠠᠢ᠂ ᠲᠤᠭ ᠨᠢ ᠤᠯᠠᠭᠠᠨ ᠠᠷᠠᠨᠵᠢᠯ ᠵᠡᠰ ᠢ᠋ᠶ᠋ᠡᠷ ᠪᠠᠷᠢᠭᠰᠠᠨ᠂ ᠵᠡᠭᠦᠨ ᠳ᠋ᠦ᠍ ᠨᠢ ᠲᠡᠮᠦᠷ ᠪᠡᠴᠢᠨ ᠤᠯᠠᠭᠠᠨ ᠨᠢᠭᠤᠷ ᠲᠤ᠌ ᠵᠠᠭᠤᠨ ᠲᠣᠳᠢ ᠣᠯᠠᠨ ᠢ᠋ᠶ᠋ᠠᠷ ᠨᠠᠭᠠᠳᠤᠭᠰᠠᠨ᠂ ᠤᠷᠲᠤ ᠨᠢ ᠤᠯᠠᠭᠠᠨ ᠬᠥᠮᠦᠨ ᠤᠯᠠᠭᠠᠨ ᠮᠣᠷᠢᠳ ᠢ᠋ ᠤᠷᠤᠯᠳᠤᠭᠤᠯᠤᠭᠰᠠᠨ ᠤᠷᠲᠤ ᠬᠠᠷᠰᠢ ᠶ᠋ᠢᠨ》 ᠭᠠᠳᠠᠭᠤᠷ ᠨᠢ ᠦᠷᠭᠦᠯᠵᠢ ᠶᠠᠪᠤᠭᠰᠠᠭᠠᠷ ᠪᠠᠢᠭᠠᠳ ᠥᠨᠥ ᠰᠥᠨᠢ ᠠᠩᠬ᠎ᠠ ᠤᠳᠠᠭ᠎ᠠ ᠯᠠ ᠲᠡᠭᠦᠨ ᠦ᠌ ᠳᠣᠲᠣᠷ᠎ᠠ ᠣᠷᠣᠵᠤ ᠦᠵᠡᠭᠰᠡᠨ ᠮᠡᠲᠦ ᠰᠠᠨᠠᠭᠳᠠᠬᠤ ᠳ᠋ᠤ᠌ ᠰᠠᠩᠵᠢᠳᠠᠯᠪᠢᠴᠣᠢᠵᠠᠮᠰᠤ ᡀᠠᠷᠠᠮᠪᠠᠲᠠᠨ ᠰᠡᠳᠬᠢᠯ ᠦ᠋ᠨ ᠬᠢᠮᠤᠷᠠᠯ ᠳ᠋ᠤ᠌ ᠳᠠᠬᠢᠨ ᠵᠢᠪᠪᠦᠵᠦ᠂ ᠴᠢᠷᠠᠢ ᠨᠢ ᠨᠢᠭᠡ ᠤᠯᠠᠢᠵᠤ᠂ ᠨᠢᠭᠡ ᠴᠠᠢᠵᠤ ᠰᠠᠭᠤᠭᠰᠠᠭᠠᠷ ᠬᠡᠳᠦᠨ ᠴᠦ᠍ ᠠᠶᠠᠭ᠎ᠠ ᠴᠠᠢ ᠤᠤᠭᠤᠭᠰᠠᠨ ᠢ᠋ᠶ᠋ᠠᠨ ᠮᠡᠳᠡᠭᠰᠡᠨ ᠦᠭᠡᠢ᠃ ᠤᠳᠬᠤᠨ ᠲᠠᠢ ᠬᠠᠷᠠᠴᠠ ᠲᠤᠯᠭᠠᠷᠠᠬᠤ ᠠ᠋ᠴᠠ ᠠᠶᠤᠵᠤ ᠪᠠᠢᠪᠠ᠃
- ᠴᠠᠢ ᠮᠠᠨᠢ ᠳᠠᠭᠤᠰᠴᠢᠬᠠᠯ᠎ᠠ᠃ ᠲᠠ ᠤᠤᠭᠤᠮᠠᠷ ᠪᠠᠢᠪᠠᠯ ᠳᠠᠬᠢᠭᠠᠳ ᠴᠢᠨᠠᠬᠤ ᠤᠤ? ᠭᠡᠵᠦ ᠣᠳᠬᠣᠨ ᠬᠡᠦᠬᠡᠨ ᠢ᠋ ᠠᠰᠠᠭᠤᠬᠤ ᠳ᠋ᠤ᠌ ᠰᠠᠩᠵᠢᠳᠠᠯᠪᠢᠴᠣᠢᠵᠠᠮᠰᠤᠲᠠᠨ ᠰᠠᠶᠢ ᠯᠠ ᠬᠥᠮᠦᠨ ᠦ᠌ ᠣᠷᠴᠢᠯᠠᠩ ᠳ᠋ᠤ᠌ ᠣᠳᠬᠣᠨ ᠬᠡᠦᠬᠡᠨ ᠦ᠌ ᠤᠲᠤᠭᠠᠲᠤ ᠬᠠᠷ᠎ᠠ ᠭᠡᠷ ᠲᠦ᠍ ᠰᠡᠳᠬᠢᠯ ᠢ᠋ᠶ᠋ᠡᠷ ᠢ᠋ᠶ᠋ᠡᠨ ᠡᠷᠭᠢᠨ ᠢᠷᠡᠯ᠎ᠡ᠃
- ᠵᠠ ᠪᠢ ᠴᠦ᠍ ᠶᠠᠪᠤᠬᠤ ᠤᠤ ᠳᠠ! ᠭᠡᠳ ᠰᠠᠩᠵᠢ ᠪᠣᠰᠬᠤ ᠶ᠋ᠢ ᠵᠠᠪᠳᠤᠬᠤ ᠳ᠋ᠤ᠌ ᠤᠳᠬᠤᠨ ᠬᠡᠦᠬᠡᠨ᠂
- ᠵᠢᠯᠠᠭ᠎ᠠ ᠥᠭᠰᠥᠭᠡᠳ ᠬᠥᠲᠥᠯ ᠢ᠋ᠶ᠋ᠡᠷ ᠳᠠᠪᠠᠭᠠᠳ ᠵᠡᠭᠦᠨ ᠳᠠᠰᠢ ᠡᠷᠭᠢᠵᠦ ᠨᠡᠯᠢᠶᠡᠳ ᠶᠠᠪᠤᠭᠠᠳ ᠮᠣᠳᠣ ᠦᠭᠡᠢ ᠨᠢᠴᠦᠭᠦᠨ ᠠᠭᠤᠯᠠ ᠶ᠋ᠢ ᠳᠠᠪᠠᠭᠠᠳ ᠴᠠᠭᠠᠳᠤ ᠬᠥᠨᠳᠡᠢ ᠳ᠋ᠦ᠍ ᠨᠢ ᠠᠪᠤ ᠶ᠋ᠢᠨ ᠬᠢ ᠴᠢᠨᠢ ᠪᠣᠢ ᠰᠢᠦ! ᠭᠡᠵᠦ ᠭᠠᠵᠠᠷ ᠱᠠᠭᠠᠢᠨ ᠰᠠᠭᠤᠭᠰᠠᠨ ᠬᠡᠪ ᠢ᠋ᠶ᠋ᠡᠷ ᠢ᠋ᠶ᠋ᠡᠨ ᠬᠡᠯᠡᠬᠦ ᠳ᠋ᠦ᠍ ᠢᠩᠭᠢᠵᠦ ᠶᠠᠪᠤᠬᠤ ᠶ᠋ᠢ ᠵᠢᠭᠠᠭᠰᠠᠨ ᠳ᠋ᠤ᠌
- ᠲᠡᠭᠡᠶ᠎ᠡ ᠲᠡᠭᠡᠶ᠎ᠡ! ᠭᠡᠵᠦ ᠰᠠᠩᠵᠢ ᠬᠡᠯᠡᠭᠡᠳ ᠪᠣᠰᠤᠯ᠎ᠠ᠃
- ᠪᠢ ᠲᠠᠨ ᠢ᠋ ᠭᠠᠷᠭᠠᠵᠤ ᠥᠭᠭᠦᠶ᠎ᠡ! ᠭᠡᠳ ᠤᠳᠬᠤᠨ ᠮᠥᠨ ᠯᠡ ᠪᠣᠰᠤᠯ᠎ᠠ᠃ ᠰᠠᠩᠵᠢ ᠲᠡᠭᠦᠨ ᠢ᠋ ᠬᠡᠷᠡᠭ ᠦᠭᠡᠢ ᠭᠡᠵᠦ ᠬᠣᠷᠢᠭᠯᠠᠬᠤ ᠭᠡᠰᠡᠨ ᠪᠣᠯᠪᠠᠴᠤ ᠴᠢᠳᠠᠭᠰᠠᠨ ᠦᠭᠡᠢ᠃ ᠣᠳᠬᠣᠨ ᠣᠢᠯᠠᠭᠠᠵᠤ᠂
- ᠪᠠᠷᠠᠭᠤᠨ ᠠᠢᠯ ᠤ᠋ᠨ ᠡᠮᠧ ᠭᠡᠷ ᠡᠴᠡ ᠪᠡᠨ ᠪᠠᠷᠤᠭ ᠭᠠᠷᠴᠤ ᠴᠢᠳᠠᠳᠠᠭ ᠦᠭᠡᠢ ᠶᠦ᠍ᠮ᠃ ᠡᠨᠡ ᠬᠠᠪᠢ ᠳ᠋ᠤ᠌ ᠥᠭᠡᠷ᠎ᠡ ᠬᠡᠨ ᠴᠦ᠍ ᠪᠠᠢᠬᠤ ᠦᠭᠡᠢ᠃ ᠯᠠᠮᠠᠪᠤᠭᠠᠢ ᠶ᠋ᠢ ᠮᠣᠷᠢᠨ ᠳ᠋ᠤ᠌ ᠨᠢ ᠮᠣᠷᠳᠠᠭᠤᠯᠵᠤ ᠥᠭᠬᠦ ᠬᠥᠮᠦᠨ ᠪᠢ ᠯᠡ ᠪᠠᠢᠨ᠎ᠠ ᠰᠢᠦ ᠳᠡ ᠭᠡᠳ ᠲᠡᠷᠡ ᠬᠣᠶᠠᠭᠤᠯᠠ ᠭᠡᠷ ᠡᠴᠡ ᠭᠠᠷᠤᠯ᠎ᠠ᠃ ᠰᠠᠩᠵᠢ ᠶ᠋ᠢᠨ ᠮᠣᠷᠢ ᠶ᠋ᠢ ᠠᠯᠢ ᠬᠡᠳᠦᠢᠨᠠᠢ ᠠᠪᠴᠢᠷᠠᠵᠤ ᠡᠮᠡᠭᠡᠯᠯᠡᠭᠡᠳ ᠥᠴᠥᠭᠡᠳᠦᠷ ᠣᠷᠣᠢ ᠪᠠᠢᠭᠰᠠᠨ ᠪᠠᠢᠳᠠᠯ ᠢ᠋ᠶ᠋ᠠᠷ ᠨᠢ ᠪᠡᠯᠡᠳᠬᠡᠴᠢᠬᠡᠵᠡᠢ᠃ ᠰᠠᠩᠵᠢ ᠲᠡᠭᠦᠨ ᠳ᠋ᠦ᠍ ᠭᠠᠢᠬᠠᠨ ᠪᠠᠶᠠᠷᠯᠠᠪᠠ᠃
- ᠶᠠᠳᠠᠭᠤ ᠮᠠᠭᠤ ᠭᠡᠷ ᠢ᠋ᠶ᠋ᠡᠷ ᠮᠢᠨᠢ ᠲᠠ ᠰᠣᠶᠣᠷᠬᠠᠨ ᠣᠷᠣᠵᠤ ᠲᠠᠭᠠᠯᠠᠯ ᠢ᠋ᠶ᠋ᠠᠨ ᠬᠠᠢᠷᠠᠯᠠᠭᠰᠠᠨ ᠳ᠋ᠤ᠌ ᠥᠨᠥᠴᠢᠨ ᠵᠢᠷᠦᠬᠡ ᠮᠢᠨᠢ ᠵᠢᠷᠭᠠᠨ ᠭᠢᠯᠠᠢᠯ᠎ᠠ! ᠭᠡᠵᠦ ᠣᠳᠬᠣᠨ ᠬᠡᠦᠬᠡᠨ ᠰᠢᠪᠡᠨᠡᠬᠦ ᠲᠡᠳᠦᠢ ᠬᠡᠯᠡᠯ᠎ᠡ᠃ ᠰᠠᠩᠵᠢ ᠡᠨᠡ ᠦᠭᠡᠨ ᠳ᠋ᠦ᠍ ᠤᠶᠠᠷᠠᠨ ᠪᠠᠷᠢᠴᠠ ᠠᠯᠳᠠᠵᠤ᠂
- ᠬᠤᠪᠢ ᠲᠠᠪᠢᠯᠠᠩ ᠤ᠋ᠨ ᠮᠢᠨᠢ ᠲᠥᠭᠡᠷᠭᠡ ᠡᠢᠮᠦ ᠪᠠᠢᠭᠰᠠᠨ ᠶᠤᠮ ᠪᠠᠢᠯᠭᠦᠢ ᠳᠡ! ᠭᠡᠰᠡᠨ ᠢ᠋ᠶ᠋ᠡᠨ ᠴᠠᠰᠢ ᠨᠢ ᠶᠠᠭᠤ ᠴᠤ᠌ ᠬᠡᠯᠡᠵᠦ ᠴᠢᠳᠠᠭᠰᠠᠨ ᠦᠭᠡᠢ ᠮᠣᠷᠢᠨ ᠳ᠋ᠤ᠌ ᠪᠠᠨ ᠮᠣᠷᠳᠠᠨ ᠳᠠᠪᠢᠷᠠᠬᠤ ᠠᠶᠠᠳᠠᠭᠰᠠᠨ ᠢ᠋ᠶ᠋ᠠᠨ ᠵᠢᠯᠣᠭᠣ ᠪᠠᠨ ᠲᠠᠲᠠᠵᠤ ᠣᠳᠬᠣᠨ ᠬᠡᠦᠬᠡᠨ ᠤᠷᠤᠭᠤ ᠡᠬᠡ ᠬᠦᠴᠦ ᠭᠠᠷᠭᠠᠨ ᠡᠭᠴᠡᠯᠡᠨ ᠬᠠᠷᠠᠯ᠎ᠠ᠃ ᠲᠡᠭᠦᠨ ᠦ᠌ ᠲᠥᠭᠥᠷᠢᠭ ᠴᠠᠢᠪᠤᠷ ᠴᠢᠷᠠᠢ᠂ ᠭᠢᠯᠠᠯᠵᠠᠭᠰᠠᠨ ᠪᠣᠷᠣ ᠨᠢᠳᠦ᠂ ᠲᠤᠩ ᠴᠠᠭᠠᠨ ᠰᠢᠲᠦ᠂ ᠨᠢᠮᠭᠡᠪᠲᠦᠷ ᠤᠯᠠᠭᠠᠨ ᠤᠷᠤᠭᠤᠯ᠂ ᠬᠢᠩᠭᠠᠳᠠᠭᠤ ᠰᠢᠯᠤᠭᠤᠨ ᠬᠠᠮᠠᠷ ᠨᠢ ᠶᠢᠷᠲᠢᠨᠴᠦ ᠶ᠋ᠢᠨ ᠡᠪᠦᠭᠡ ᠡᠴᠢᠭᠡ ᠭᠡᠭᠳᠡᠳᠡᠭ ᠮᠠᠬᠠᠰᠣᠸᠠᠷ ᠯᠢᠭ᠌ᠳᠡᠨᠸᠠᠡᠭ᠌ᠴᠢᠭ᠌ᠴᠢᠮᠪᠣᠣ ᠪᠤᠷᠬᠠᠨ ᠤ᠋ ᠳᠥᠷᠪᠡᠨ ᠡᠬᠡᠨᠡᠷ ᠪᠤᠶᠤ ᠶ᠋ᠢᠨ ᠶᠣᠬᠣᠸᠠ ᠶ᠋ᠢᠨ ᠴᠢᠨᠵᠢᠳᠮᠠ ᠬᠥᠯᠦᠭᠴᠢ ᠡᠬᠡ ᠲᠡᠢ ᠠᠪ ᠠᠳᠠᠯᠢᠬᠠᠨ ᠶᠤᠮ ᠰᠢᠭ᠋ ᠰᠠᠨᠠᠭᠳᠠᠯ᠎ᠠ᠃
- ᠠᠨᠢᠭ ᠭᠣᠮᠪᠣ ᠤᠷᠤᠭᠤ ᠬᠡᠵᠢᠶ᠎ᠡ ᠶᠠᠪᠤᠬᠤ ᠪᠣᠢ? ᠲᠡᠭᠦᠨ ᠢ᠋ ᠪᠡᠨ ᠨᠠᠳᠠ ᠳ᠋ᠤ᠌ ᠳᠣᠭᠣᠯᠭᠠᠭᠠᠷᠠᠢ! ᠭᠡᠵᠦ ᠰᠠᠩᠵᠢ ᠭᠤᠶᠤᠯ᠎ᠠ᠃ ᠱᠣᠭᠯᠠᠭᠰᠠᠨ ᠶᠤᠮ ᠰᠢᠭ᠋ ᠪᠣᠯᠪᠠ ᠭᠡᠵᠦ ᠪᠠᠰᠠ ᠲᠡᠪᠡᠳᠡᠪᠡ᠃
- ᠣᠳᠣ ᠪᠢ ᠠᠨᠢᠭ ᠭᠣᠮᠪᠣ ᠤᠷᠤᠭᠤ ᠶᠠᠪᠤᠬᠤ ᠦᠭᠡᠢ᠁ ᠶᠠᠪᠤᠭᠠᠳ ᠴᠤ᠌ ᠶᠠᠭᠠᠬᠢᠬᠤ ᠶᠤᠮ ᠪᠢᠯᠡ᠁ ᠭᠡᠵᠦ ᠤᠳᠬᠤᠨ ᠡᠷᠡᠰ ᠲᠣᠳᠣ ᠬᠡᠯᠡᠯ᠎ᠡ᠃ ᠡᠨᠡ ᠦᠭᠡᠨ ᠳ᠋ᠦ᠍ ᠰᠠᠩᠵᠢ ᠴᠣᠴᠢᠬᠤ ᠶ᠋ᠢᠨ ᠬᠠᠮᠲᠤ ᠪᠠᠶᠠᠷᠯᠠᠬᠤ ᠰᠢᠭ᠋ ᠪᠣᠯᠤᠯ᠎ᠠ᠃ ᠥᠪᠡᠷ ᠦ᠋ᠨ ᠡᠷᠬᠡ ᠦᠭᠡᠢ ᠢᠨᠢᠶᠡᠮᠰᠦᠭᠯᠡᠵᠦ ᠣᠷᠬᠢᠯ᠎ᠠ᠃ ᠤᠳᠬᠤᠨ ᠪᠠᠰᠠ ᠢᠨᠢᠶᠡᠮᠰᠦᠭᠯᠡᠪᠡ᠃ ᠪᠡᠶ᠎ᠡ ᠪᠡᠶ᠎ᠡ ᠪᠡᠨ ᠢᠨᠢᠶᠡᠮᠰᠦᠭᠯᠡᠯ ᠢ᠋ᠶ᠋ᠡᠷ ᠥᠲᠡᠯ᠎ᠡ᠃ ᠰᠠᠩᠵᠢᠳᠠᠯᠪᠢᠴᠣᠢᠵᠠᠮᠰᠤ ᡀᠠᠷᠠᠮᠪᠠᠲᠠᠨ ᠮᠣᠷᠢ ᠪᠠᠨ ᠳᠠᠪᠢᠷᠠᠨ᠂ ᠵᠢᠯᠠᠭ᠎ᠠ ᠥᠭᠰᠥᠨ ᠣᠳᠤᠯ᠎ᠠ᠃《ᠮᠠᠬᠠᠰᠣᠸᠠᠷ ᠤ᠋ᠨ ᠶᠣᠬᠣᠸᠠ ᠴᠢᠨᠵᠢᠳᠮᠠ ᠮᠢᠨᠢ᠂ ᠪᠤᠷᠬᠠᠨ ᠤ᠋ ᠨᠣᠮ ᠤ᠋ᠨ ᠬᠦᠯᠢᠶᠡᠰᠦ ᠶ᠋ᠢ ᠰᠡᠳᠬᠢᠯ ᠡᠴᠡ ᠮᠢᠨᠢ ᠴᠢ ᠲᠠᠢᠯᠵᠤ᠂ ᠠᠬᠤᠢ ᠨᠢᠰᠸᠠᠨᠢᠰ ᠤ᠋ᠨ ᠰᠢᠨ᠎ᠡ ᠬᠦᠯᠢᠶᠡᠰᠦ ᠪᠡᠷ ᠪᠡᠶ᠎ᠡ ᠶ᠋ᠢ ᠮᠢᠨᠢ ᠬᠦᠯᠢᠬᠦ ᠶᠦ᠍ᠮ ᠭᠡᠵᠦ ᠤᠤ ᠳᠠ!》 ᠭᠡᠮᠡᠨ ᠪᠣᠳᠣᠵᠤ ᠶᠠᠪᠤᠯ᠎ᠠ᠃ ᠰᠠᠩᠵᠢ ᠲᠡᠢᠨ ᠬᠦ᠌ ᠥᠭᠡᠷ᠎ᠡ ᠶᠠᠭᠤᠮ᠎ᠠ ᠪᠣᠳᠣᠬᠤ ᠴᠢᠳᠠᠪᠤᠷᠢ ᠦᠭᠡᠢ ᠪᠣᠯᠴᠢᠬᠠᠭᠰᠠᠨ ᠮᠡᠲᠦ ᠭᠠᠭᠴᠠᠬᠠᠨ ᠰᠡᠳᠦᠪ ᠢ᠋ᠶ᠋ᠡᠷ ᠡᠯᠳᠡᠪ ᠢ᠋ ᠪᠢᠰᠢᠯᠭᠠᠭᠰᠠᠭᠠᠷ ᠭᠤᠷᠪᠠ ᠬᠣᠨᠣᠭ ᠥᠩᠭᠡᠷᠡᠯ᠎ᠡ᠃
ᠡᠴᠢᠭᠡ ᠶ᠋ᠢᠨ ᠭᠡᠷ ᠲᠦ᠍ ᠲᠠᠪᠠ ᠳᠣᠬᠢ ᠦᠭᠡᠢ ᠶᠦ᠍ᠮ ᠰᠢᠭ ᠰᠠᠨᠠᠭᠳᠠᠵᠤ ᠰᠡᠳᠬᠢᠯ ᠨᠢ ᠳᠡᠩᠰᠡᠯᠵᠦ᠂ ᠲᠣᠭᠲᠠᠵᠤ ᠰᠠᠭᠤᠵᠤ ᠴᠢᠳᠠᠬᠤ ᠦᠭᠡᠢ ᠪᠠᠢᠯ᠎ᠠ᠃ ᠨᠢᠭᠡ ᠶᠡᠬᠡ ᠶᠠᠭᠤᠮ᠎ᠠ ᠳᠤᠲᠠᠭᠠᠳ ᠪᠠᠢᠬᠤ ᠰᠢᠭ᠋ ᠰᠠᠨᠠᠭᠳᠠᠨ᠎ᠠ᠃ ᠭᠡᠲᠡᠯ᠎ᠡ ᠳᠤᠲᠠᠭᠰᠠᠨ ᠶᠠᠭᠤᠮ᠎ᠠ ᠪᠠᠨ ᠶᠠᠭᠤ ᠪᠣᠯᠬᠤ ᠶ᠋ᠢ ᠦᠯᠦ ᠲᠣᠢᠮᠣᠯᠠᠨᠠ᠃ ᠨᠢᠭᠡ ᠪᠣᠳᠣᠬᠤ ᠳ᠋ᠤ᠌ ᠶᠡᠬᠡ ᠬᠠᠷ᠎ᠠ ᠨᠢᠭᠦᠯ ᠦ᠋ᠨ ᠡᠵᠡᠨ ᠴᠦ᠍ ᠶᠦ᠍ᠮ ᠰᠢᠭ᠃ ᠨᠥᠭᠦᠭᠡ ᠪᠣᠳᠣᠬᠤ ᠳ᠋ᠤ᠌ ᠰᠦᠵᠢᠭ ᠦ᠋ᠨ ᠬᠦᠯᠢᠶᠡᠭᠰᠡᠨ ᠡᠴᠡ ᠴᠢᠯᠥᠭᠡᠯᠡᠭᠳᠡᠭᠰᠡᠨ ᠮᠡᠲᠦ ᠠᠵᠢ᠃ ᠶᠠᠪᠤᠨ ᠶᠠᠪᠤᠭᠰᠠᠭᠠᠷ ᠰᠦᠵᠢᠭ ᠦ᠋ᠨ ᠬᠦᠯᠢᠶᠡᠭᠰᠡᠨ ᠡᠴᠡ ᠴᠢᠯᠥᠭᠡᠯᠡᠭᠳᠡᠭᠰᠡᠨ ᠭᠡᠬᠦ ᠪᠣᠳᠣᠯ ᠳ᠋ᠤ᠌ ᠪᠠᠨ ᠳᠡᠢᠯᠦᠭᠳᠡᠯᠡ᠃ ᠦᠵᠡᠵᠦ ᠴᠡᠭᠡᠵᠢᠯᠡᠭᠰᠡᠨ ᠨᠣᠮ ᠰᠤᠳᠤᠷ ᠠ᠋ᠴᠠ ᠪᠠᠨ ᠥᠪᠡᠷ ᠢ᠋ ᠪᠡᠨ ᠵᠥᠪᠲᠥᠭᠡᠬᠦ ᠶᠠᠭᠤᠮ᠎ᠠ ᠶᠠᠭᠤ ᠪᠢᠯᠡ ᠭᠡᠵᠦ ᠤᠳᠠᠲᠠᠯ᠎ᠠ ᠪᠣᠳᠣᠯᠭᠠᠰᠢᠷᠠᠯᠠ᠃ ᠲᠡᠢᠮᠦ ᠨᠣᠮᠯᠠᠯ ᠢ᠋ ᠪᠠᠷᠤᠭ ᠦᠵᠡᠭᠡ ᠦᠭᠡᠢ ᠪᠢᠯᠡ᠃
《ᠭᠡᠪᠡᠴᠦ ᠪᠠᠢᠵᠠ᠃ ᠬᠠᠮᠢᠭ᠎ᠠ ᠨᠢᠭᠡᠲᠡᠭᠡ ᠯᠡ ᠪᠣᠢ ᠳᠠ᠃ ᠰᠠᠢᠨ ᠰᠠᠨᠠᠬᠤ ᠦᠭᠡᠢ ᠶᠦ᠍ᠮ ᠤᠤ?》 ᠭᠡᠵᠦ ᠰᠠᠩᠵᠢ ᠪᠣᠳᠣᠭᠰᠠᠭᠠᠷ ᠪᠠᠢᠵᠤ ᠭᠡᠨᠡᠳᠲᠡ ᠣᠯᠤᠯ᠎ᠠ᠃《ᠠ ᠲᠡᠢᠮᠦ! ᠯᠣᠨᠰᠣᠯ ᠰᠤᠳᠤᠷ ᠲᠤ᠌ ᠪᠣᠢ ᠰᠢᠦ ᠳᠡ》 ᠭᠡᠵᠦ ᠰᠠᠩᠵᠢ ᠭᠡᠨᠡᠳᠲᠡ ᠳᠤᠬᠤ ᠪᠠᠨ ᠠᠯᠠᠭᠠᠳᠠᠨ ᠪᠠᠶᠠᠷᠯᠠᠪᠠ᠃ ᠶᠢᠷᠲᠢᠨᠴᠦ ᠶ᠋ᠢᠨ ᠡᠬᠢᠯᠡᠯ ᠪᠣᠯ ᠣᠫᠠᠶᠠ (ᠡᠷ᠎ᠡ )ᠫᠷᠠᠵᠤᠨᠠ (ᠡᠮ᠎ᠡ) ᠬᠣᠶᠠᠷ ᠤ᠋ᠨ ᠨᠡᠢᠯᠡᠪᠦᠷᠢ ᠭᠡᠵᠦ ᠯᠣᠨᠰᠣᠯ ᠰᠤᠳᠤᠷ ᠲᠤ᠌ ᠪᠣᠢ᠃ 《ᠶᠠᠭᠤᠮ᠎ᠠ ᠪᠦᠬᠦᠨ ᠦ᠌ ᠭᠠᠷᠬᠤ ᠶ᠋ᠢᠨ ᠣᠷᠣᠨ ᠢᠮᠠᠭᠲᠠ ᠤᠮᠠᠢ ᠶ᠋ᠢᠨ ᠨᠢᠭᠤᠴᠠ ᠲᠠᠷᠨᠢ ᠪᠦᠬᠦᠨ ᠦ᠌ ᠣᠷᠣᠨ ᠶᠡᠬᠡ ᠠᠮᠤᠭᠤᠯᠠᠩ ᠤ᠋ᠨ ᠪᠢᠯᠢᠭ ᠪᠢᠯᠢᠭᠦᠨ ᠡᠴᠡ ᠭᠠᠷᠳᠠᠭ ᠪᠣᠢ᠃ ᠡᠭᠦᠨ ᠢ᠋ ᠰᠢᠲᠦᠬᠦ ᠡᠴᠡ ᠥᠭᠡᠷ᠎ᠡ ᠠᠷᠭ᠎ᠠ ᠦᠭᠡᠢ》 ᠭᠡᠵᠦ ᠯᠣᠨᠰᠣᠯ ᠨᠣᠮᠯᠠᠳᠠᠭ ᠪᠢᠰᠢ ᠤᠤ? ᠲᠡᠷᠡ ᠨᠣᠮᠯᠠᠯ ᠠ᠋ᠴᠠ ᠭᠠᠵᠢᠭ᠎ᠠ ᠤᠤ᠂ ᠪᠢ?》 ᠭᠡᠵᠦ ᠰᠠᠩᠵᠢ ᠥᠪᠡᠷ ᠢ᠋ ᠪᠡᠨ ᠵᠥᠪᠲᠦᠭᠡᠨ ᠰᠤᠳᠤᠷ ᠨᠣᠮ ᠠ᠋ᠴᠠ ᠭᠡᠷᠡᠴᠢ ᠲᠠᠲᠠᠵᠤ ᠪᠣᠳᠣᠭᠰᠠᠭᠠᠷ ᠪᠠᠢᠵᠤ ᠡᠳᠦᠷ ᠬᠣᠨᠣᠭ ᠠᠷᠠᠢᠬᠢᠨ ᠪᠠᠷᠠᠯ᠎ᠠ᠃
ᠪᠤᠴᠠᠬᠤ ᠵᠠᠮ ᠳ᠋ᠤ᠌ ᠪᠠᠨ ᠰᠠᠩᠵᠢ ᠠᠭᠯᠠᠭ ᠠᠭᠤᠯᠠ ᠶ᠋ᠢᠨ ᠰᠢᠯᠢ ᠳ᠋ᠦ᠍ ᠤᠳᠠᠲᠠᠯ᠎ᠠ ᠰᠠᠭᠤᠵᠤ᠂ ᠥᠩᠭᠡᠷᠡᠭᠦᠯᠦᠭᠰᠡᠨ ᠠᠮᠢᠳᠤᠷᠠᠯ ᠤ᠋ᠨ ᠢ᠋ᠶ᠋ᠠᠨ ᠲᠤᠬᠠᠢ ᠤᠳᠠᠲᠠᠯ᠎ᠠ ᠴᠡᠩᠨᠡᠨ ᠪᠣᠳᠣᠯ᠎ᠠ᠃ ᠬᠠᠷᠠᠮᠰᠠᠬᠤ ᠮᠡᠲᠦ ᠪᠣᠯᠵᠤ ᠪᠠᠢᠪᠠ᠃ ᠲᠡᠭᠡᠭᠡᠳ ᠬᠠᠷᠠᠩᠭᠤᠢ ᠪᠣᠯᠬᠤ ᠳ᠋ᠤ᠌ ᠮᠣᠷᠢᠨ ᠳ᠋ᠤ᠌ ᠪᠠᠨ ᠮᠣᠷᠳᠠᠵᠤ ᠵᠠᠮ ᠪᠤᠷᠤᠭᠤᠯᠠᠨ ᠶᠠᠪᠤᠭᠰᠠᠭᠠᠷ ᠣᠳᠬᠣᠨ ᠬᠡᠦᠬᠡᠨ ᠦ᠌ ᠭᠠᠳᠠᠭ᠎ᠠ ᠢᠷᠡᠵᠦ ᠪᠠᠭᠤᠪᠠ᠃
