ᠰᠠᠷᠮᠠᠢ ᡀᠦᠨᠳᠦᠪ – ᠯ ᠂ ᠴᠣᠶ᠋ᠢᠵᠢᠯᠰᠥ᠋ᠷᠦᠩ Сармай лхүндэв – Л ᠂ Чойжилсүрэн ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠮᠠᠢ ᡀᠦᠨᠳᠦᠪ – ᠯ ᠂ ᠴᠣᠶ᠋ᠢᠵᠢᠯᠰᠥ᠋ᠷᠦᠩ Сармай лхүндэв – Л ᠂ Чойжилсүрэн

ᠰᠠᠷᠮᠠᠢ ᡀᠦᠨᠳᠦᠪ – ᠯ ᠂ ᠴᠣᠶ᠋ᠢᠵᠢᠯᠰᠥ᠋ᠷᠦᠩ Сармай лхүндэв – Л ᠂ Чойжилсүрэн

ᠠᠩᠭᠢᠯᠠᠯ:ᠬᠣᠱᠣᠩ ᠱᠣᠭ
2024-03-12

322

ᠰᠠᠷᠮᠠᠢ ᡀᠦᠨᠳᠦᠪ


                      ᠯ · ᠴᠤᠢᠵᠢᠯᠰᠥ᠋ᠷᠦᠩ   
                              ( ᠬᠣᠱᠣᠩ ᠥᠭᠦᠯᠡᠯᠭᠡ)  

       ᠪᠢ ᠪᠠᠭ᠎ᠠ ᠪᠠᠢᠬᠤ ᠳ᠋ᠠᠭᠠᠨ ᠡᠨᠡ ᠬᠥᠮᠦᠨ ᠡᠴᠡ ᠶᠡᠬᠡ ᠠᠶᠤᠳᠠᠭ ᠪᠠᠢᠵᠤ ᠪᠢᠯᠡ᠃ ᠭᠠᠭᠴᠠ ᠪᠢ ᠴᠦ᠍ ᠪᠢᠰᠢ᠂ ᠶᠡᠷᠦ ᠨᠢ ᠮᠠᠨ ᠤ᠋ ᠬᠣᠲᠠ ᠶ᠋ᠢᠨ ᠵᠢᠭᠠᠯ ᠤ᠋ᠳ ᠡᠨᠡ ᠨᠡᠷ᠎ᠡ ᠶ᠋ᠢ ᠳᠤᠭᠤᠯᠤᠮᠠᠭᠴᠠ ᠨᠢᠭᠡᠨ᠎ᠡ ᠡᠮᠢᠶᠡᠬᠦ ᠪᠥᠭᠡᠳ ᠪᠢᠳᠡᠨ ᠢ᠋  ᠵᠦᠭ ᠦᠭᠡᠢᠳᠡᠬᠦ ᠪᠡᠷ《 ᠳᠣᠣᠷᠠᠲᠤ ᠬᠥᠪᠡᠭᠡ ᠪᠡᠷ ᠰᠠᠷᠮᠠᠢ ᠭᠠᠷᠴᠤ ᠢᠷᠡᠵᠦ ᠪᠠᠢᠨ᠎ᠠ ᠰᠢᠦ》 ᠭᠡᠵᠦ ᠲᠣᠮᠣᠴᠤᠤᠯ ᠰᠠᠨᠠᠭᠤᠯᠬᠤ ᠳ᠋ᠤ᠌ ᠴᠥᠮ ᠰᠢᠷᠭᠢᠳᠡᠭ ᠪᠠᠢᠪᠠ᠃ ᠭᠡᠲᠡᠯ᠎ᠡ ᠲᠡᠷᠡ ᠪᠡᠷ ᠪᠢᠳᠡᠨ ᠢ᠋ ᠨᠢᠭᠡ ᠶᠡᠬᠡ ᠠᠶᠤᠯᠭᠠᠵᠤ ᠪᠠᠢᠭᠰᠠᠨ ᠤᠳᠠᠭ᠎ᠠ ᠦᠭᠡᠢ᠃ ᡀᠦᠨᠳᠦᠪ ᠭᠤᠸᠠᠢ ᠳᠥᠴᠢ ᠡᠷᠭᠢᠮ᠎ᠡ ᠨᠠᠰᠤᠨ ᠤ᠋ ᠠᠪᠬᠠᠯᠵᠢ ᠬᠡᠢ ᠮᠣᠷᠢ ᠲᠠᠢ ᠢᠳᠡᠷᠬᠡᠨ ᠡᠷ᠎ᠡ ᠭᠡᠪᠡᠴᠦ ᠬᠠᠯᠠᠭᠤᠨ ᠵᠤᠨ ᠴᠤ᠌ ᠭᠡᠰᠡᠨ ᠢᠯᠭᠢᠨ ᠰᠠᠷᠮᠠᠢ ᠳᠡᠪᠡᠯ ᠡᠮᠦᠰᠴᠦ᠂ ᠡᠷᠢᠶᠡᠨ ᠡᠰᠢᠲᠡᠢ ᠲᠣᠮᠣ ᠬᠢᠲᠤᠭ᠎ᠠ ᠪᠥᠰᠡᠨ ᠳ᠋ᠡᠭᠡᠨ ᠬᠠᠪᠴᠢᠭᠤᠯᠵᠤ ᠲᠠᠷᠪᠠᠭᠠᠨ ᠤ᠋ ᠠᠷᠠᠰᠤᠨ ᠤᠭᠤᠲᠠ ᠪᠠᠷ ᠵᠠᠮᠤᠭ ᠤ᠋ᠨ ᠬᠠᠮᠠᠭᠠᠯᠠᠯᠲᠠ ᠬᠢᠭᠰᠡᠨ ᠴᠠᠬᠢᠭᠤᠷ ᠫᠤᠤ ᠡᠭᠦᠷᠴᠦ ᠶᠠᠪᠤᠬᠤ ᠨᠢ ᠰᠦᠷᠲᠡᠢ ᠬᠠᠷᠠᠭᠳᠠᠨ᠎ᠠ᠃ ᠪᠢᠳᠡ ᠡᠷᠢᠶᠡᠨ ᠡᠰᠢᠲᠦ ᠬᠢᠲᠤᠭᠠᠨ ᠠ᠋ᠴᠠ ᠨᠢ ᠶᠡᠬᠡᠳᠡ ᠰᠦᠷᠳᠡᠨ ᠠᠶᠤᠬᠤ ᠪᠥᠭᠡᠳ ᠬᠡᠦᠬᠡᠳ ᠦ᠋ᠨ《 ᠪᠥᠭᠡᠷ᠎ᠡ ᠠᠪᠳᠠᠭ ᠶᠤᠮ》 ᠭᠡᠳᠡᠭ ᠲᠤ ᠢᠲᠡᠭᠡᠳᠡᠭ ᠪᠠᠢᠵᠠᠢ᠃ ᡀᠦᠨᠳᠦᠪ ᠭᠤᠸᠠᠢ ᠶ᠋ᠢᠨ ᠬᠢ ᠲᠠᠷᠪᠠᠭ᠎ᠠ ᠬᠡᠷᠡᠮᠦᠬᠡᠨ ᠠᠩᠨᠠᠵᠤ ᠣᠯᠵᠠ ᠣᠮᠣᠭᠲᠠᠢ ᠪᠠᠢᠳᠠᠭ᠃ ᠮᠠᠯ ᠭᠡᠬᠦ ᠪᠡᠷ ᠴᠦ᠍ ᠶᠠᠭᠤᠮ᠎ᠠ ᠦᠭᠡᠢ᠂ ᠰᠠᠭᠠᠯᠢ ᠶ᠋ᠢᠨ ᠬᠣᠶᠠᠷ ᠦᠨᠢᠶ᠎ᠡ᠂ ᠤᠨᠤᠭᠠᠨ ᠤ᠋ ᠭᠠᠭᠴᠠ ᠮᠣᠷᠢ ᠲᠠᠢ ᠲᠠᠷᠵᠢᠩᠬᠠᠨ ᠠᠢᠯ᠂ ᠨᠡᠭᠦᠬᠦ ᠳ᠋ᠡᠭᠡᠨ ᠮᠠᠨ ᠤ᠋ ᠬᠢ ᠡᠴᠡ ᠯᠡ ᠭᠣᠣᠯᠳᠠᠭᠤ ᠬᠥᠰᠬᠡ ᠭᠤᠶᠤᠨ᠎ᠠ᠃ ᠬᠠᠳᠠᠮ ᠤ᠋ᠨ ᠬᠢᠨ ᠲᠡᠢ ᠪᠡᠨ ᠬᠠᠮᠲᠤ ᠬᠣᠶᠠᠷᠬᠠᠨ ᠭᠡᠷ ᠢ᠋ᠶ᠋ᠡᠷ ᠪᠠᠢᠨ᠎ᠠ᠃ ᠭᠡᠬᠦ ᠳ᠋ᠡᠭᠡᠨ ᠵᠣᠵᠢᠭ ᠵᠠᠩᠲᠠᠢ ᠭᠡᠵᠦ ᠨᠤᠲᠤᠭ ᠤ᠋ᠨ ᠬᠢᠨ ᠦᠯᠦ ᠶᠠᠷᠢᠨ᠎ᠠ᠃ ᠬᠠᠷᠢᠨ ᠠᠵᠢᠯ ᠠᠯᠪᠠᠨ ᠤ᠋ ᠳᠡᠯᠢᠮ ᠢ᠋ᠶ᠋ᠡᠷ ᠬᠠᠪᠢ ᠶ᠋ᠢᠨ ᠬᠡᠳᠦᠨ ᠵᠢᠯᠠᠭ᠎ᠠ ᠬᠡᠰᠦᠵᠦ ᠶᠠᠪᠤᠬᠤ ᠲᠤᠯᠠ ᠵᠠᠷᠢᠮ ᠨᠢ ᠦᠭᠡᠢᠯᠡᠳᠡᠭ ᠪᠠᠢᠭᠰᠠᠨ ᠪᠢᠵᠡ᠃ ᠮᠣᠷᠢᠨ ᠤ᠋ ᠳᠡᠯ ᠵᠠᠰᠠᠬᠤ ᠳ᠋ᠠᠭᠠᠨ ᠶᠣᠰᠣᠲᠠᠢ ᠠᠳᠤᠭᠤ ᠲᠠᠢ ᠠᠢᠯ ᠤ᠋ᠨ ᠬᠥᠮᠦᠨ ᠰᠢᠭ ᠰᠤᠮᠤᠯᠠᠵᠤ ᠣᠷᠬᠢᠨ᠎ᠠ ᠳᠠ᠃ ᠶᠡᠷᠦ ᠨᠢ ᠶᠠᠭᠤᠮᠠᠨ ᠳ᠋ᠤ᠌ ᠡᠪᠰᠡᠭᠡᠷᠬᠡᠨ ᠪᠢᠯᠡ᠃ ᠲᠠᠷᠪᠠᠭ᠎ᠠ ᠳᠠᠯᠠᠯᠬᠤ ᠳ᠋ᠠᠭᠠᠨ ᠭᠥᠷᠦᠭᠡᠰᠦᠨ ᠦ᠌ ᠬᠣᠶᠠᠷ ᠴᠢᠬᠢ ᠲᠣᠯᠣᠭᠠᠢ ᠳ᠋ᠠᠭᠠᠨ ᠤᠶᠠᠵᠤ᠂ ᠲᠣᠮᠣ ᠴᠠᠭᠠᠨ ᠳᠠᠯᠠᠯᠤᠭᠤᠷ ᠤᠷᠲᠤ ᠬᠣᠢᠨ᠎ᠠ ᠪᠠᠨ ᠪᠠᠷᠢᠨ ᠰᠠᠭᠰᠠᠭᠨᠠᠭᠤᠯᠬᠤ ᠳ᠋ᠤ᠌ ᠲᠡᠷᠡ ᠵᠢᠯᠠᠭ᠎ᠠ ᠶ᠋ᠢᠨ ᠲᠠᠷᠪᠠᠭ᠎ᠠ ᠲᠡᠨᠳᠡ ᠡᠨᠳᠡ ᠦᠭᠡᠢ ᠬᠤᠰᠬᠢᠴᠡᠨ ᠲᠤᠰᠢᠨ ᠳᠡᠭᠡᠷ᠎ᠡ ᠪᠡᠨ ᠣᠴᠣᠢᠭᠠᠳ ᠱᠠᠭᠢᠵᠤ ᠭᠠᠷᠤᠨ᠎ᠠ᠃ ᡀᠦᠨᠳᠦᠪ ᠭᠤᠸᠠᠢ ᠴᠤ᠌ ᠠᠯᠢ ᠲᠠᠷᠪᠠᠭ᠎ᠠ ᠶ᠋ᠢ ᠨᠢ ᠫᠤᠤᠳᠠᠬᠤ ᠪᠠᠨ ᠰᠣᠩᠭᠣᠵᠤ ᠶᠠᠳᠠᠭᠰᠠᠨ ᠮᠡᠲᠦ ᠲᠠᠯ᠎ᠠ ᠲᠠᠯ᠎ᠠ ᠲᠠᠢᠰᠢ ᠬᠠᠷᠠᠵᠤ᠂ ᠨᠣᠭᠣᠭᠠᠨ ᠳᠣᠲᠣᠷ᠎ᠠ ᠬᠡᠪᠲᠡᠵᠦ᠂ ᠰᠠᠭᠤᠵᠤ ᠪᠠᠢᠭᠰᠠᠨ ᠢ᠋ᠶ᠋ᠠᠨ ᠨᠢᠭᠡ ᠤᠷᠤᠭᠤ ᠨᠢ ᠳᠥᠭᠥᠵᠦ ᠣᠴᠢᠭᠠᠳ ᠤᠷᠲᠤ ᠬᠥᠯ ᠲᠡᠢ ᠴᠠᠬᠢᠭᠤᠷ ᠫᠤᠤ ᠪᠠᠨ ᠲᠤᠬᠠᠲᠠᠢ ᠭᠡᠭᠴᠢ ᠰᠢᠭᠢᠷᠡᠯᠡᠵᠦ᠂ ᠱᠠᠭᠠᠢᠵᠤ ᠱᠠᠭᠠᠢᠵᠤ ᠫᠢᠩ ᠬᠢᠯᠭᠡᠨ᠎ᠡ᠃ ᠴᠢᠬᠢᠨ ᠦ᠌ ᠬᠢᠨᠢ ᠳᠠᠷᠢ ᠶ᠋ᠢᠨ ᠤᠲᠤᠭ᠎ᠠ ᠮᠠᠨᠠᠰᠬᠢᠮᠡᠭᠴᠡ ᠪᠢᠳᠡᠨ ᠦ᠌ ᠪᠠᠬ᠎ᠠ ᠲᠠᠪᠠ ᠬᠠᠨᠳᠠᠭ ᠰᠠᠨ᠃ ᡀᠦᠨᠳᠦᠪ ᠭᠤᠸᠠᠢ ᠴᠤ᠌ ᠰᠢᠭᠢᠷᠡᠯᠡᠭᠰᠡᠨ ᠫᠤᠤ ᠪᠠᠨ ᠣᠷᠬᠢᠴᠢᠬᠠᠭᠠᠳ ᠫᠤᠤᠳᠠᠭᠰᠠᠨ ᠵᠦᠭ ᠤᠷᠤᠭᠤ ᠪᠠᠨ ᠬᠠᠷ᠎ᠠ ᠬᠤᠷᠳᠤ ᠪᠠᠷ ᠭᠦᠶᠦᠵᠦ ᠣᠴᠢᠭᠠᠳ ᠨᠦᠬᠡ ᠤᠷᠤᠭᠤ ᠨᠢ ᠤᠳᠠᠲᠠᠯ᠎ᠠ ᠲᠣᠩᠭᠣᠢᠨ ᠬᠠᠷᠠᠳᠠᠭ ᠰᠠᠨ᠃ ᠪᠠᠷᠤᠭ ᠨᠢᠳᠦ ᠶ᠋ᠢ ᠨᠢ ᠪᠦᠯᠲᠡᠩᠨᠡᠭᠦᠯᠵᠦ ᠪᠠᠢᠭᠠᠳ ᠫᠤᠤᠳᠠᠳᠠᠭ ᠬᠢᠷᠢᠨ᠎ᠡ ᠠᠪᠴᠤ ᠬᠣᠴᠣᠷᠬᠤ ᠨᠢ ᠬᠣᠪᠣᠷ᠂ ᠥᠪᠡᠷ ᠢ᠋ ᠨᠢ ᠶᠠᠷᠢᠬᠤ ᠶ᠋ᠢ ᠰᠣᠨᠣᠰᠬᠤ ᠳ᠋ᠤ᠌ ᠭᠣᠣᠯᠳᠠᠭᠤ ᠯᠠ ᠨᠦᠬᠡᠨ ᠳ᠋ᠦ᠍ᠨᠢ ᠠᠯᠠᠴᠢᠬᠠᠯ᠎ᠠ᠂ ᠨᠦᠬᠡᠨ ᠦ᠌ ᠪᠡᠨ ᠳᠤᠮᠳᠠ ᠬᠢᠷᠢ ᠳᠤᠤᠭᠠᠷᠤᠭᠠᠳ ᠪᠠᠢᠨ᠎ᠠ ᠭᠡᠬᠦ ᠪᠥᠭᠡᠳ ᠡᠳᠦᠷ ᠲᠤ ᠲᠠᠪᠤᠨ ᠲᠠᠷᠪᠠᠭ᠎ᠠ ᠠᠯᠠᠪᠠᠯ ᠶᠡᠬᠡ ᠣᠯᠵᠠ ᠲᠠᠢ ᠳ᠋ᠤ᠌ ᠲᠣᠭᠠᠴᠠᠨ᠎ᠠ᠃ ᠮᠠᠨ ᠤ᠋ ᠭᠣᠣᠯ ᠤ᠋ᠨ ᠬᠢᠨ ᠲᠡᠭᠦᠨ ᠢ᠋ ᠰᠠᠢᠨ ᠬᠡᠯᠡᠬᠦ ᠨᠢ ᠬᠣᠪᠣᠷ᠃ ᠨᠡᠷ᠎ᠡ ᠶ᠋ᠢ ᠨᠢ ᠮᠠᠷᠲᠠᠴᠢᠬᠠᠭᠰᠠᠨ ᠶᠤᠮ ᠰᠢᠭ᠋ ᠯᠡ ᠰᠠᠷᠮᠠᠢ ᠭᠡᠵᠦ ᠳᠠᠭᠤᠳᠠᠬᠤ ᠪᠣᠯᠪᠠᠴᠤ ᠬᠡᠨ ᠬᠥᠮᠦᠨ ᠦᠭᠡᠢ ᠪᠢᠲᠡᠭᠦᠬᠡᠨ ᠳ᠋ᠡᠭᠡᠨ ᠡᠮᠢᠶᠡᠨ᠎ᠡ᠃ ᡀᠦᠨᠳᠦᠪ ᠭᠤᠸᠠᠢ ᠪᠠᠭ ᠤ᠋ᠨ ᠤᠬᠠᠭᠤᠯᠤᠭᠴᠢ ᠪᠣᠯᠬᠣᠷ ᠲᠡᠢᠨ ᠬᠦ᠌ ᠡᠮᠢᠶᠡᠳᠡᠭ ᠪᠠᠢᠪᠠ ᠤᠤ᠂ ᠡᠰᠡᠪᠡᠯ ᠬᠡᠯᠡ ᠠᠮᠠ ᠬᠤᠷᠴᠠ ᠳ᠋ᠤᠨᠢ ᠲᠦᠪᠡᠭᠰᠢᠶᠡᠳᠡᠭ ᠯᠡ ᠪᠠᠢᠭᠰᠠᠨ ᠶᠤᠮ ᠤᠤ ᠪᠦᠦ ᠮᠡᠳᠡ ᠠ᠋᠂ ᠬᠠᠷᠢᠨ ᠤᠬᠠᠭᠤᠯᠵᠤ ᠶᠠᠷᠢᠬᠤ ᠦᠭᠡᠨ ᠳ᠋ᠦ᠍ᠨᠢ ᠰᠦᠢᠳ ᠲᠡᠢ ᠢᠲᠡᠭᠡᠬᠦ ᠨᠢ ᠶᠠᠭᠤ ᠯᠠ ᠪᠠᠢᠭᠰᠠᠨ ᠶᠤᠮ ᠪᠣᠯ! ᠨᠢᠭᠡ ᠤᠳᠠᠭ᠎ᠠ ᠠᠶᠠᠨ ᠤ᠋ ᠬᠥᠮᠦᠨ ᠲᠡᠳᠡᠨ ᠦ᠌ ᠬᠢ ᠪᠡᠷ ᠳᠠᠭᠠᠷᠢᠬᠤ ᠳ᠋ᠠᠭᠠᠨ《 ᠲᠠᠨ ᠤ᠋ ᠬᠢ ᠰᠠᠷᠮᠠᠢ ᡀᠦᠨᠳᠦᠪ ᠦ᠋ᠨ ᠬᠢ ᠭᠡᠳᠡᠭ ᠮᠥᠨ ᠤᠤ》 ᠭᠡᠵᠦ ᠠᠰᠠᠭᠤᠬᠤ ᠳ᠋ᠤᠨᠢ《 ᠶᠠᠭᠤ ᠭᠡᠪᠡ ᠲᠠ᠂ ᠠᠢᠯ ᠠᠨᠳᠠᠭᠤᠷᠠᠭᠰᠠᠨ ᠪᠠᠢᠯᠭᠦᠢ᠂ ᠮᠠᠨ ᠤ᠋ ᠬᠢ ᠲᠣᠷᠭᠠᠨ ᡀᠦᠨᠳᠦᠪ ᠦ᠋ᠨ ᠬᠢ ᠭᠡᠳᠡᠭ》 ᠭᠡᠮᠡᠨ ᠮᠠᠳ ᠲᠠᠯᠪᠢᠵᠠᠢ᠃ 
       ᠵᠤᠨ ᠤ᠋ ᠨᠢᠭᠡ ᠠᠵᠢᠷᠭᠠᠨ ᠪᠣᠷᠣᠭ᠎ᠠ ᠲᠠᠢ ᠰᠥᠨᠢ ᠨᠣᠬᠠᠢ ᠪᠤᠷᠭᠤᠭᠠᠵᠤ᠂ ᠳᠥᠷᠥᠭᠡ ᠬᠠᠷᠰᠢᠬᠤ᠂ ᠬᠥᠮᠦᠨ ᠳᠤᠤᠭᠠᠷᠬᠤ ᠴᠢᠮᠡᠭᠡᠨ ᠢ᠋ᠶ᠋ᠡᠷ ᠪᠢ ᠰᠡᠷᠡᠵᠡᠢ᠃ ᠳᠡᠭᠡᠪᠦᠷ ᠴᠣᠬᠢᠯᠠᠬᠤ ᠪᠣᠷᠣᠭ᠎ᠠ ᠱᠠᠭᠢᠨ ᠠᠰᠬᠠᠷᠠᠭᠰᠠᠭᠠᠷ ᠪᠠᠢᠪᠠ᠃ ᠭᠠᠳᠠᠭ᠎ᠠ ᠬᠥᠮᠦᠨ ᠢᠷᠡᠪᠡ ᠪᠣᠯᠤᠯᠲᠠᠢ《 ᠶᠠᠭᠠᠬᠢᠪᠠ ᠠ᠋? ᠲᠡᠯᠢᠢ᠂ ᠶᠠᠭᠤ ᠭᠡᠭᠴᠢ ᠶ᠋ᠢᠨ ᠭᠤᠳᠤᠷᠭ᠎ᠠ ᠪᠣᠢ 》 ᠭᠡᠵᠦ ᠪᠠᠷᠬᠢᠷᠠᠭᠠᠳ ᠮᠠᠨ ᠤ᠋ ᠬᠠᠯᠲᠠᠷ ᠨᠣᠬᠠᠢ ᠲᠠᠢ ᠲᠡᠮᠡᠴᠡᠯᠳᠦᠨ ᠪᠠᠢᠭ᠎ᠠ ᠶ᠋ᠢ  ᠨᠤᠢᠷᠤᠨ ᠳ᠋ᠠᠭᠠᠨ ᠪᠢ ᠳᠠᠮ ᠳᠤᠮᠬᠠᠨ ᠮᠡᠳᠡᠪᠡ ᠃ ᠤᠳᠠᠯ ᠦᠭᠡᠢ ᠬᠠᠭᠠᠯᠭᠠᠨ ᠤ᠋ ᠣᠨᠢᠰᠣ ᠲᠣᠷ ᠬᠢᠨ ᠬᠥᠮᠦᠨ ᠣᠷᠣᠵᠤ ᠢᠷᠡᠪᠡ ᠃ ᠡᠵᠢ ᠱᠦᠳᠡᠨᠵᠡ ᠵᠤᠷᠠᠨ ᠳ᠋ᠧᠩ ᠪᠠᠷᠢᠪᠠᠯ ᠢᠮᠠᠭᠠᠨ ᠳᠠᠬᠤ ᠡᠮᠦᠰᠦᠭᠰᠡᠨ ᠬᠥᠮᠦᠨ ᠡᠭᠦᠳᠡᠨ ᠳ᠋ᠦ᠍ ᠵᠣᠭᠰᠣᠵᠤ ᠪᠠᠢᠭ᠎ᠠ ᠶ᠋ᠢ ᠪᠢ ᠬᠤᠴᠢᠯᠭ᠎ᠠ ᠶ᠋ᠢᠨ ᠢ᠋ᠶ᠋ᠡᠨ ᠵᠠᠪᠰᠠᠷ ᠢ᠋ᠶ᠋ᠠᠷ ᠬᠠᠷᠠᠭᠠᠳ ᠰᠠᠷᠮᠠᠢ ᡀᠦᠨᠳᠦᠪ ᠭᠡᠵᠦ ᠲᠠᠨᠢᠯ᠎ᠠ ᠃ 
     —  ᠰᠠᠢᠨ ᠪᠠᠢᠨ᠎ᠠ ᠤᠤ ? ᠰᠣᠨᠢᠨ ᠶᠠᠭᠤᠲᠠᠢ ᠪᠣᠢ ᠳᠠ ᠭᠡᠵᠦ ᠠᠪᠤ ᠣᠷᠣᠨ ᠠ᠋ᠴᠠ ᠪᠠᠨ ᠥᠨᠳᠡᠢᠨ ᠮᠡᠨᠳᠦᠯᠡᠵᠦ ᠪᠠᠢᠨ᠎ᠠ ᠃ ᡀᠦᠨᠳᠦᠪ ᠭᠤᠸᠠᠢ ᠮᠣᠳᠣᠨ ᠥᠮᠥᠳᠥ ᠡᠮᠦᠰᠦᠭᠰᠡᠨ ᠶᠦᠮ ᠰᠢᠭ ᠡᠭᠦᠳᠡᠨ ᠳ᠋ᠦ᠍ ᠵᠣᠭᠰᠣᠭᠰᠠᠭᠠᠷ ᠮᠡᠨᠳᠦ ᠶ᠋ᠢᠨ ᠬᠠᠷᠢᠭᠤ ᠴᠤ᠌ ᠳᠤᠤᠭᠠᠷᠤᠭᠰᠠᠨ ᠦᠭᠡᠢ ᠶᠡᠬᠡ ᠠᠭᠤᠷᠲᠠᠢ ᠬᠠᠷᠠᠭᠳᠠᠬᠤ ᠳ᠋ᠤᠨᠢ ᠭᠠᠢᠬᠠᠯ᠎ᠠ᠃ ᠪᠢ ᠲᠡᠭᠦᠨ ᠢ᠋ ᠪᠦᠷᠬᠦᠭᠰᠡᠨ ᠲᠡᠭᠷᠢ ᠰᠢᠭ ᠡᠢᠮᠦ ᠲᠦᠩᠰᠡᠬᠡᠷ ᠪᠠᠢᠬᠤ ᠶ᠋ᠢ ᠦᠵᠡᠭᠡ ᠦᠭᠡᠢ ᠪᠢᠯᠡ ᠂ ᠲᠡᠭᠡᠭᠡᠳ ᠳᠣᠣᠷ᠎ᠠ ᠫᠠᠯ ᠬᠢᠬᠦ  ᠰᠢᠭ ᠪᠣᠯᠵᠤ ᠨᠥᠭᠦᠭᠡ ᠡᠷᠢᠶᠡᠨ ᠡᠰᠢᠲᠡᠢ ᠲᠣᠮᠣ ᠬᠢᠲᠤᠭ᠎ᠠ ᠨᠢ ᠪᠥᠰᠡᠨ ᠳ᠋ᠡᠭᠡᠨ ᠶᠠᠪᠤᠭ᠎ᠠ ᠪᠣᠯᠪᠠ ᠤᠤ ᠭᠡᠬᠦ ᠡᠴᠡ ᠠᠢᠳᠠᠰ ᠬᠦᠷᠦᠯ᠎ᠡ ᠃ ᠠᠪᠤ ᠶ᠋ᠢ ᠠᠷᠠᠢ ᠵᠣᠳᠣᠬᠤ ᠬᠡ ᠦᠭᠡᠢ ᠪᠠᠢᠭ᠎ᠠ ᠳᠠ ᠭᠡᠵᠦ ᠪᠣᠳᠣᠬᠤ ᠠ᠋ᠴᠠ ᠵᠢᠷᠦᠬᠡ ᠲᠦᠭ ᠲᠦᠭ ᠴᠣᠬᠢᠯᠠᠵᠤ ᠠᠪᠤ ᠶ᠋ᠢᠨ ᠲᠣᠮᠣ ᠲᠠᠰᠢᠭᠤᠷ ᠠᠴᠠᠨ ᠳ᠋ᠤ᠌ ᠡᠯᠭᠦᠭᠡᠰᠦᠲᠡᠢ ᠪᠣᠢ ᠰᠢᠦ ᠳᠡ ᠭᠡᠵᠦ ᠭᠡᠨᠡᠳᠲᠡ ᠰᠠᠨᠠᠪᠠ ᠃ ᠭᠡᠲᠡᠯ᠎ᠡ ᡀᠦᠨᠳᠦᠪ ᠭᠤᠸᠠᠢ ᠨᠢᠭᠡ ᠯᠡ ᠪᠣᠳᠣᠯᠭᠠᠰᠢᠷᠠᠭᠰᠠᠨ  ᠪᠠᠢᠳᠠᠯ ᠲᠠᠢ ᠭᠡᠷ ᠦ᠋ᠨ ᠪᠠᠷᠠᠭᠤᠨ ᠲᠠᠯ᠎ᠠ ᠥᠭᠡᠳᠡ ᠥᠭᠰᠥᠨ ᠳᠠᠬᠤ ᠪᠠᠨ ᠴᠤ᠌ ᠲᠠᠢᠯᠤᠭᠰᠠᠨ ᠦᠭᠡᠢ ᠨᠠᠮ᠎ᠠ ᠶ᠋ᠢ ᠬᠠᠯᠠᠭᠯᠠᠨ ᠰᠠᠭᠤᠪᠠᠰᠤ ᠤᠰᠤ ᠳᠤᠰᠤᠯᠠᠭᠰᠠᠨ ᠬᠣᠷᠮᠣᠢ ᠨᠣᠢᠲᠠ ᠣᠷᠭᠢᠭᠤᠯᠬᠤ ᠳ᠋ᠤ᠌ ᠪᠢ ᠬᠥᠯ ᠢ᠋ᠶ᠋ᠡᠨ ᠲᠠᠲᠠᠪᠠ ᠃   
     ᡀᠦᠨᠳᠦᠪ ᠭᠤᠸᠠᠢ ᠭᠡᠨᠡᠳᠲᠡ ᠪᠠᠴᠢᠮ ᠲᠠᠰᠤᠯᠳᠠᠩᠭᠤᠢ ᠳᠠᠭᠤ ᠪᠠᠷ ᠄  
      — ᠲᠡᠢᠨ ᠡᠬᠢᠯᠡᠵᠡᠢ ! ᠭᠡᠳ ᠳᠠᠷᠠᠭᠠᠬᠢ ᠦᠭᠡ ᠪᠡᠨ ᠵᠠᠯᠭᠢᠪᠠ᠃ ᠠᠪᠤ ᠴᠣᠴᠢᠬᠤ ᠰᠢᠭ᠋ ᠪᠣᠯᠵᠤ᠄  
      — ᠲᠡᠢᠨ ᠭᠡᠨ᠎ᠡ ᠂ ᠳᠠᠬᠢᠭᠠᠳ ᠡᠬᠢᠯᠡᠴᠢᠬᠡ ᠤᠤ ? ᠭᠡᠵᠦ ᠭᠠᠢᠬᠠᠭᠰᠠᠨ ᠪᠠᠢᠳᠠᠯ ᠲᠠᠢ ᠠᠰᠠᠭᠤᠪᠠ ᠃ 
       ᡀᠦᠨᠳᠦᠪ ᠄ 
      — ᠬᠠᠯᠭ᠎ᠠ ᠭᠣᠣᠯ ᠳ᠋ᠤ᠌ ᠶᠠᠪᠬᠠᠨ ( ᠶᠠᠫᠣᠨ 〉 ᠳᠠᠷᠤᠭᠳᠠᠭᠰᠠᠨ ᠃ ᠲᠡᠷᠡ ᠪᠢᠰᠢ ᠠ᠋ !CCCP ① ᠤᠷᠤᠭᠤ ᠭᠧᠷᠮᠠᠨ ᠹᠠᠰᠢᠰᠮ ᠳᠣᠪᠲᠣᠯᠤᠭᠰᠠᠨ ᠪᠠᠢᠨ᠎ᠠ᠃ ᠡᠨᠡ ᠪᠣᠯ ᠮᠠᠨ ᠤ᠋ ᠣᠷᠣᠨ ᠳ᠋ᠤ᠌ ᠨᠢᠭᠡᠨ ᠠᠳᠠᠯᠢ ᠤᠴᠠᠷᠠᠵᠤ ᠪᠠᠢᠭ᠎ᠠ ᠠᠶᠤᠯ ᠃ ᠮᠠᠷᠭᠠᠰᠢ ᠰᠠᠯᠪᠤᠷᠢᠲᠤ ᠶ᠋ᠢᠨ ᠠᠮᠠᠨ ᠤ᠋ ᠰᠢᠷᠠᠪ ᠤ᠋ᠨ ᠬᠣᠲᠠ ᠳ᠋ᠤ᠌ ᠬᠤᠷᠠᠯ ᠲᠠᠢ ᠂ ᠬᠣᠲᠠ ᠶ᠋ᠢᠨ ᠬᠢᠨ ᠳ᠋ᠡᠭᠡᠨ ᠵᠠᠷᠯᠠᠭᠠᠷᠠᠢ ᠂ ᠡᠷᠦᠬᠡ ᠪᠦᠷᠢ ᠡᠴᠡ ᠬᠥᠮᠦᠨ ᠳᠤᠲᠠᠬᠤ ᠦᠭᠡᠢ ᠶᠦᠮ ᠰᠢᠦ ᠭᠡᠪᠡ ᠃  
       — ᠵᠠ ᠮᠣᠷᠢ ᠪᠠᠨ ᠪᠠᠷᠢᠵᠤ ᠠᠪᠤᠭᠰᠠᠨ ᠨᠢ ᠤᠨᠤᠯ᠎ᠠ ᠰᠢᠦ ( ᠠᠪᠤ  ᠡᠢᠨ ᠥᠪᠡᠷ ᠲᠡᠭᠡᠨ ᠬᠡᠯᠡᠪᠡ ) 
       ᠭᠠᠳᠠᠭ᠎ᠠ ᠪᠣᠷᠣᠭ᠎ᠠ ᠱᠠᠭᠢᠭᠰᠠᠭᠠᠷ  ᠪᠠᠢᠨ᠎ᠠ ᠂ ᡀᠦᠨᠳᠦᠪ ᠭᠤᠸᠠᠢ ᠶᠠᠪᠤᠬᠤ ᠪᠠᠷ ᠵᠠᠪᠳᠤᠨ ᠪᠣᠰᠤᠯ᠎ᠠ ᠃  
       — ᠲᠠ ᠶᠠᠭᠠᠬᠢᠬᠤ ᠨᠢ ᠤᠤ ᠭᠡᠵᠦ ᠠᠪᠤ ᠠᠰᠠᠭᠤᠪᠠ ᠃  
       — ᠪᠢ ᠥᠨᠥ ᠰᠥᠨᠢ ᠠᠰᠠᠭᠲᠤ ᠶ᠋ᠢᠨ ᠭᠣᠣᠯ ᠣᠷᠣᠯ ᠦᠭᠡᠢ ᠪᠣᠯᠬᠤ ᠦᠭᠡᠢ᠂ ᠲᠡᠢᠨ ᠪᠣᠯᠤᠭᠰᠠᠨ ᠢ᠋ ᠬᠥᠮᠦᠨ ᠪᠦᠬᠦᠨ ᠳ᠋ᠦ᠍ ᠳᠣᠭᠣᠯᠭᠠᠬᠤ᠂ ᠪᠠᠰᠠ ᠪᠠᠭ ᠤ᠋ᠨ ᠬᠤᠷᠠᠯ ᠵᠠᠷᠯᠠᠬᠤ ᠶᠣᠰᠣᠲᠠᠢ ᠃ ᠶᠡᠬᠡ ᠠᠵᠢᠯ ᠤ᠋ᠨ ᠬᠠᠵᠠᠭᠤ ᠳ᠋ᠤ᠌ ᠡᠨᠡ ᠪᠣᠷᠣᠭ᠎ᠠ ᠶᠠᠭᠤ ᠴᠤ᠌ ᠪᠣᠢ ᠳᠠ ! ᠭᠡᠵᠦ ᠬᠡᠯᠡᠭᠡᠳ ᠢᠰᠡᠭᠡᠢ ᠡᠭᠦᠳᠡ ᠰᠡᠪᠬᠢᠲᠡᠯ᠎ᠡ ᠰᠡᠬᠦᠨ ᠭᠠᠷᠴᠤ ᠭᠥᠯᠢᠮ ᠢ᠋ᠶ᠋ᠡᠨ ᠳᠠᠪᠢᠷᠠᠨ ᠫᠢᠵᠢᠭᠢᠨᠡᠭᠦᠯᠪᠡ ᠃  
     ᠰᠥᠨᠢ ᠶ᠋ᠢᠨ ᠵᠣᠴᠢᠨ ᠢ᠋ ᠶᠠᠪᠤᠭᠰᠠᠨ ᠤ᠋ ᠳᠠᠷᠠᠭ᠎ᠠ ᠳ᠋ᠧᠩ ᠤᠨᠲᠠᠷᠠᠭᠠᠳ ᠤᠳᠠᠭᠰᠠᠨ ᠂ ᠭᠡᠪᠡᠴᠦ ᠠᠪᠤ ᠶ᠋ᠢᠨ ᠨᠣᠢᠷ ᠬᠦᠷᠬᠦ ᠦᠭᠡᠢ ᠪᠠᠢᠭ᠎ᠠ ᠪᠣᠯᠤᠯᠲᠠᠢ ᠣᠷᠣᠨ ᠳ᠋ᠠᠭᠠᠨ ᠡᠷᠭᠢᠵᠦ ᠬᠥᠷᠪᠡᠨ᠎ᠡ ᠃ ᠶᠠᠭᠤ ᠡᠰᠡ ᠪᠣᠳᠣᠭ᠎ᠠ ᠠᠵᠢ ᠳᠠ ᠃ ᠲᠡᠢᠨ ᠡᠬᠢᠯᠡᠴᠢᠬᠡᠭᠰᠡᠨ ᠪᠣᠯ ᠡᠦᠲᠦ ᠶᠠᠭᠠᠬᠢᠨ᠎ᠠ ? ᠭᠡᠰᠡᠨ ᠪᠣᠳᠣᠯ ᠨᠠᠳᠠ ᠠ᠋ᠴᠠ ᠣᠭᠲᠣ ᠰᠠᠯᠬᠤ ᠦᠭᠡᠢ ᠂ ᠬᠠᠵᠠᠭᠤ ᠠ᠋ᠴᠠ ᠦᠯᠢᠭᠡᠷ ᠲᠦ᠍ ᠭᠠᠷᠳᠠᠭ ᠬᠠᠷ᠎ᠠ ᠮᠠᠩᠭᠤᠰ ᠪᠠᠷᠢᠭᠠᠳ ᠠᠪᠬᠤ ᠭᠡᠵᠦ ᠪᠠᠢᠭ᠎ᠠ ᠶᠤᠮ ᠰᠢᠭ᠋ ᠪᠡᠶ᠎ᠡ ᠬᠠᠴᠢᠨ ᠡᠪ ᠦᠭᠡᠢ ᠠᠭᠵᠢᠰᠬᠢᠨ᠎ᠡ ᠃ ᡀᠦᠨᠳᠦᠪ ᠭᠤᠸᠠᠢ ᠶ᠋ᠢ ᠰᠠᠭᠤᠵᠤ ᠪᠠᠢᠬᠤ ᠳ᠋ᠤ᠌ ᠪᠣᠯ ᠲᠡᠢᠨ ᠬᠠᠷ᠎ᠠ ᠳᠠᠷᠤᠬᠤ ᠦᠭᠡᠢ ᠪᠠᠢᠵᠠᠢ ᠃ ᠪᠥᠰᠡᠨ ᠳ᠋ᠦ᠍ᠨᠢ ᠶᠠᠪᠤᠭ᠎ᠠ ᠲᠣᠮᠣ ᠬᠢᠲᠤᠭᠠᠨ ᠠ᠋ᠴᠠ ᠪᠢᠳᠡ ᠲᠡᠳᠦᠢ ᠦᠭᠡᠢ ᠳᠠᠢᠰᠤᠨ ᠴᠤ᠌ ᠪᠠᠰᠠ ᠠᠶᠤᠨ᠎ᠠ ᠭᠡᠵᠦ ᠪᠣᠳᠣᠬᠤ ᠳ᠋ᠤ᠌ ᠨᠥᠮᠥᠷᠢ ᠲᠡᠢ ᠰᠠᠨᠠᠭᠳᠠᠭᠰᠠᠨ ᠶᠤᠮ ᠤᠤ ᠪᠤᠤ ᠮᠡᠳᠡ ᠳᠠ ᠃ ᠠᠪᠤ ᠠᠩ ᠡᠰᠡ ᠠᠩᠨᠠᠬᠤ ᠲᠤᠯᠠ ᠮᠠᠨ ᠤ᠋ ᠳ᠋ᠤ᠌ ᠶᠠᠮᠠᠷ ᠫᠤᠤ ᠪᠠᠢᠬᠤ ᠪᠢᠰᠢ ᠂ ᠬᠡᠷᠪᠡ ᠪᠠᠢᠭᠰᠠᠨ ᠪᠣᠯ ᠪᠠᠰᠠ ᠯᠠ ᠨᠥᠮᠥᠷᠢ ᠲᠡᠢ ᠰᠠᠨᠠᠭᠳᠠᠬᠤ ᠪᠠᠢᠭᠰᠠᠨ ᠪᠣᠯᠪᠠ  ᠤᠤ ?  
     ᠫᠤᠤ ᠵᠡᠪᠰᠡᠭ ᠭᠡᠳᠡᠭ ᠴᠢᠨᠢ ᠠᠩ ᠠᠩᠨᠠᠬᠤ ᠂ ᠬᠣᠲᠠᠨ ᠳ᠋ᠤ᠌ ᠳᠤᠤᠭᠠᠷᠭᠠᠬᠤ ᠳ᠋ᠤ᠌ ᠲᠡᠳᠦᠢ ᠦᠭᠡᠢ ᠳᠠᠢᠰᠤᠨ ᠢ ᠠᠶᠤᠯᠭᠠᠬᠤ ᠂ ᠮᠠᠩᠭᠤᠰ ᠢ᠋ ᠳᠠᠷᠤᠬᠤ ᠳ᠋ᠤ᠌ ᠬᠡᠷᠡᠭᠲᠡᠢ ᠶᠠᠭᠤᠮ᠎ᠠ ᠭᠡᠵᠦ ᠲᠡᠷᠡ ᠰᠥᠨᠢ ᠪᠢ ᠪᠣᠳᠣᠨ ᠪᠣᠳᠣᠭᠰᠠᠭᠠᠷ ᠣᠯᠠᠨ ᠲᠣᠯᠣᠭᠠᠢ ᠲᠠᠢ ᠮᠠᠩᠭᠤᠰ ᠰᠠᠯᠬᠢ ᠰᠢᠭᠤᠷᠭ᠎ᠠ ᠢᠰᠬᠡᠷᠦᠭᠦᠯᠦᠨ ᠢᠷᠡᠬᠦ ᠳ᠋ᠦ᠍ ᠲᠡᠭᠦᠨ ᠲᠡᠢ ᠪᠢ ᠪᠠᠷᠢᠯᠴᠠᠨ ᠠᠪᠴᠤ ᠳᠡᠭᠡᠷ᠎ᠡ ᠳᠣᠣᠷ᠎ᠠ ᠪᠠᠨ ᠣᠷᠣᠵᠤ ᠪᠠᠢᠨ᠎ᠠ ᠭᠡᠵᠦ ᠬᠠᠷ᠎ᠠ ᠳᠠᠷᠤᠨ ᠵᠡᠭᠦᠳᠦᠯᠡᠭᠡᠳ ᠰᠡᠷᠡᠬᠦ ᠳ᠋ᠦ᠍ ᠪᠦᠬᠦ ᠪᠡᠶ᠎ᠡ ᠬᠥᠯᠥᠷᠡᠴᠢᠬᠡᠭᠰᠡᠨ ᠪᠠᠢᠵᠤ ᠪᠢᠯᠡ ᠃ ᠡᠨᠡ ᠪᠣᠯ ᠲᠡᠢᠨ ᠭᠡᠳᠡᠭ ᠦᠭᠡᠨ ᠡᠴᠡ ᠡᠭᠦᠰᠦᠨ ᠲᠥᠷᠥᠭᠰᠡᠨ ᠠᠩᠬᠠᠨ ᠤ᠋ ᠠᠶᠤᠮᠰᠢᠭ ᠲᠦᠭᠰᠢᠭᠦᠷᠢ ᠪᠠᠢᠭᠰᠠᠨ ᠠᠵᠢ ᠃  
      ᠲᠡᠷᠡ ᠡᠳᠦᠷ ᠡᠴᠡ ᠬᠣᠢᠰᠢ ᠰᠠᠷᠮᠠᠢ ᡀᠦᠨᠳᠦᠪ ᠮᠠᠨ ᠤ᠋ ᠬᠣᠲᠠ ᠳ᠋ᠤ᠌ ᠬᠡᠳᠦ ᠬᠣᠨᠣᠭᠠᠳ ᠯᠠ ᠦᠵᠡᠭᠳᠡᠬᠦ ᠪᠣᠯᠤᠯ᠎ᠠ᠃ ᠲᠡᠮᠦᠷ ᠢ᠋ᠶ᠋ᠡᠷ ᠬᠢᠮᠤᠰᠤ ᠬᠢᠭᠰᠡᠨ ᠤᠷᠲᠤ ᠭᠦᠨ ᠲᠡᠢ ᠴᠠᠬᠢᠭᠤᠷ ᠫᠤᠤ ᠪᠠᠨ ᠲᠠᠩᠳᠠ ᠡᠭᠦᠷᠴᠦ ᠶᠠᠪᠤᠳᠠᠭ ᠪᠣᠯᠤᠭᠰᠠᠨ ᠳ᠋ᠤᠨᠢ 《 ᠮᠢᠬᠠᠴᠢᠨ ᠤ᠋ ᠵᠢᠯ 》 ᠰᠠᠨᠠᠭᠠᠨ ᠳ᠋ᠤ᠌ ᠣᠷᠣᠵᠤ ᠨᠢᠭᠡ ᠯᠡ ᠡᠪ ᠦᠭᠡᠢ ᠪᠣᠳᠣᠯ ᠲᠥᠷᠥᠳᠡᠭ ᠰᠠᠨ᠃ ᠶᠠᠭᠤ ᠭᠡᠪᠡᠯ ᠲᠡᠷᠡ ᠨᠢᠭᠡᠨ ᠵᠢᠯ ᠪᠢ ᠵᠢᠷᠭᠤᠭᠠᠨ ᠨᠠᠰᠤᠲᠠᠢ ᠪᠠᠢᠯ᠎ᠠ ᠤᠤ ᠳᠠ᠃ ᠮᠢᠬᠠᠴᠢᠨ ᠭᠠᠷᠴᠠᠢ ! ᠭᠡᠳᠡᠭ ᠶᠠᠷᠢᠶ᠎ᠠ ᠮᠠᠨ ᠤ᠋ ᠨᠤᠲᠤᠭ ᠢ᠋ᠶ᠋ᠠᠷ ᠶᠠᠭ ᠯᠠ ᠡᠨᠡ ᠲᠡᠢᠨ ᠦ᠌ ᠴᠢᠮᠡᠭᠡ ᠰᠢᠭ ᠬᠣᠷᠣᠮᠬᠠᠨ ᠲᠠᠷᠬᠠᠵᠤ ᠪᠢᠯᠡ᠃ ᠭᠡᠪᠡᠴᠦ ᠲᠡᠷᠡ ᠮᠢᠬᠠᠴᠢᠨ ᠢ᠋ ᠦᠵᠡᠭᠰᠡᠨ ᠬᠥᠮᠦᠨ ᠪᠠᠢᠭᠰᠠᠨ ᠦᠭᠡᠢ ᠬᠠᠷᠢᠨ ᠡᠯᠡᠰᠦᠨ ᠳᠡᠭᠡᠷ᠎ᠡ ᠶᠠᠪᠤᠭᠰᠠᠨ ᠠᠰᠤᠷᠤ ᠲᠣᠮᠣ ᠲᠠᠪᠠᠬᠠᠢ ᠶ᠋ᠢᠨ ᠮᠥᠷ ᠯᠡ ᠪᠠᠢᠨ᠎ᠠ ᠭᠡᠵᠦ ᠱᠤᠤᠭᠢᠭᠰᠠᠨ ᠪᠠᠢᠵᠠᠢ᠃ ᠲᠡᠷᠡ ᠡᠪᠦᠯ ᠬᠠᠪᠤᠷ ᠲᠠᠭᠠᠨ ᠡᠨᠡ ᠶᠠᠷᠢᠶ᠎ᠠ ᠲᠠᠰᠤᠷᠠᠭᠰᠠᠨ ᠦᠭᠡᠢ ᠵᠠᠷᠢᠮ ᠭᠠᠭᠴᠠ ᠪᠡᠶ᠎ᠡ ᠬᠥᠭᠰᠢᠴᠦᠦᠯ ᠭᠡᠷ ᠲᠡᠭᠡᠨ ᠤᠨᠲᠠᠬᠤ ᠠ᠋ᠴᠠ ᠠᠶᠤᠭᠠᠳ ᠠᠢᠯ ᠳ᠋ᠤ᠌ ᠣᠴᠢᠳᠠᠭ ᠪᠠᠢᠪᠠ᠃ ᠮᠠᠨ ᠤ᠋ ᠠᠪᠤ ᠬᠣᠲᠠᠨ ᠳ᠋ᠤ᠌ ᠳᠤᠤᠭᠠᠷᠭᠠᠳᠠᠭ ᠴᠠᠬᠢᠭᠤᠷ ᠫᠤᠤ ᠪᠠᠨ ᠣᠷᠣᠨ ᠤ᠋ ᠪᠠᠨ ᠠᠷᠤ ᠳ᠋ᠤ᠌ ᠡᠯᠭᠦᠵᠦ᠂ ᠡᠵᠢ ᠬᠠᠭᠠᠯᠭᠠᠨ ᠳ᠋ᠠᠭᠠᠨ ᠬᠢᠷᠥᠭᠡ ᠪᠠᠷᠢᠵᠤ᠂ ᠨᠣᠬᠠᠢ ᠪᠠᠨ ᠲᠡᠮᠦᠷ  ᠤᠶᠠᠭ᠎ᠠ ᠪᠠᠷ ᠳᠠᠷᠤᠭᠤᠯᠵᠤ ᠬᠦᠯᠢᠭᠡᠳ ᠤᠨᠲᠠᠳᠠᠭ ᠰᠠᠨ᠃ ᠲᠡᠭᠡᠬᠦ ᠳ᠋ᠦ᠍ᠨᠢ ᠪᠢ ᠮᠢᠬᠠᠴᠢᠨ ᠬᠠᠭᠠᠯᠭ᠎ᠠ ᠪᠠᠷ ᠣᠷᠣᠵᠤ ᠢᠷᠡᠵᠦ ᠴᠢᠳᠠᠳᠠᠭ ᠦᠭᠡᠢ ᠶᠦᠮ ᠠ᠋ ᠭᠡᠬᠦ ᠳ᠋ᠦ᠍ ᠠᠪᠤ ᠶ᠋ᠢᠨ ᠣᠷᠣᠨ ᠲᠠᠯ᠎ᠠ ᠠ᠋ᠴᠠ ᠭᠠᠳᠠᠨ᠎ᠠ ᠠ᠋ᠴᠠ ᠨᠢ ᠲᠣᠮᠣ ᠬᠢᠲᠤᠭ᠎ᠠ ᠪᠠᠷ ᠬᠠᠳᠬᠤᠴᠢᠬᠠᠬᠤ ᠪᠣᠢ ᠭᠡᠵᠦ ᠶᠡᠬᠡᠳᠡ ᠲᠦᠭᠰᠢᠨ᠎ᠡ᠃ ᠮᠠᠨ ᠤ᠋ ᠬᠢ ᠵᠠᠭᠤᠳᠠᠭ ᠬᠠᠷ᠎ᠠ ᠨᠣᠬᠠᠢ ᠪᠠᠨ ᠰᠥᠨᠢ ᠤᠶᠠᠭᠠᠨ ᠠ᠋ᠴᠠ ᠨᠢ ᠲᠠᠯᠪᠢᠬᠤ ᠲᠤᠯᠠ ᠮᠢᠬᠠᠴᠢᠨ ᠳ᠋ᠤ᠌ ᠠᠮᠠᠷ ᠳᠡᠢᠯᠦᠭᠳᠡᠬᠦ ᠦᠭᠡᠢ ᠭᠡᠴᠦ ᠪᠣᠳᠣᠬᠤ ᠳ᠋ᠤ᠌ ᠳᠣᠲᠣᠷ᠎ᠠ ᠠᠭᠤᠵᠢᠷᠠᠬᠤ ᠰᠢᠭ᠋ ᠪᠣᠯᠳᠠᠭ ᠰᠠᠨ᠃ ᠲᠡᠷᠡ ᠡᠪᠦᠯ ᠬᠠᠪᠤᠷ ᠨᠠᠮ᠎ᠠ ᠶ᠋ᠢ ᠬᠣᠨᠢᠨ ᠳ᠋ᠤ᠌ ᠶᠠᠪᠤᠭᠤᠯᠳᠠᠭ ᠦᠭᠡᠢ ᠪᠠᠢᠯ᠎ᠠ᠃ ᠠᠪᠤ ᠮᠢᠨᠢ ᠫᠤᠤ ᠡᠭᠦᠷᠦᠭᠡᠳ ᠬᠣᠨᠢᠨ ᠤ᠋ ᠪᠠᠨ ᠡᠭᠡᠯᠵᠢᠨ ᠳ᠋ᠦ᠍ ᠦᠷᠭᠦᠯᠵᠢ ᠶᠠᠪᠤᠳᠠᠭ ᠰᠠᠨ᠃ 
     ᠡᠨᠡ ᠶᠠᠷᠢᠶ᠎ᠠ ᠶᠠᠭᠠᠬᠢᠭᠠᠳ ᠭᠠᠷᠤᠭᠰᠠᠨ ᠢ᠋ ᠪᠤᠤ ᠮᠡᠳᠡ᠂ ᠮᠢᠬᠠᠴᠢᠨ ᠦᠵᠡᠭᠰᠡᠨ ᠬᠥᠮᠦᠨ ᠪᠠᠢᠭᠰᠠᠨ ᠦᠭᠡᠢ ᠂ ᠮᠢᠬᠠᠴᠢᠨ ᠳ᠋ᠤ᠌ ᠢᠳᠡᠭᠦᠯᠦᠭᠰᠡᠨ ᠬᠥᠮᠦᠨ ᠴᠦ᠍ ᠳᠤᠭᠤᠯᠳᠠᠭᠰᠠᠨ ᠦᠭᠡᠢ ᠃ ᠭᠡᠪᠡᠴᠦ ᠮᠢᠬᠠᠴᠢᠨ ᠤ᠋ ᠵᠢᠯ ᠭᠡᠳᠡᠭ ᠶᠠᠷᠢᠶ᠎ᠠ ᠡᠦᠲᠦ ᠬᠦᠷᠲᠡᠯ᠎ᠡ ᠦᠯᠡᠳᠡᠭᠰᠡᠨ ᠪᠠᠢᠵᠠᠢ ᠃  
    ᠬᠠᠷᠢᠨ ᠡᠨᠡ ᠲᠡᠢᠨ ᠦ᠌ ᠴᠢᠮᠡᠭᠡ ᠮᠢᠬᠠᠴᠢᠨ ᠠ᠋ᠴᠠ ᠣᠨᠳᠣᠣ ᠪᠠᠢᠯ᠎ᠠ ᠃ ᠰᠠᠷᠮᠠᠢ ᡀᠦᠨᠳᠦᠪ ᠡᠴᠡ ᠪᠢᠳᠡ ᠠᠶᠤᠬᠤ ᠶ᠋ᠢ ᠪᠣᠯᠢᠵᠤ ᠂ ᠤᠯᠤᠰ ᠤ᠋ᠳ ᠤ᠋ᠨ ᠠᠷᠤ ᠳ᠋ᠤ᠌ ᠣᠴᠢᠭᠠᠳ ᠶᠠᠷᠢᠶ᠎ᠠ ᠶ᠋ᠢ ᠨᠢ ᠤᠳᠠᠲᠠᠯ᠎ᠠ ᠴᠢᠩᠨᠠᠳᠠᠭ ᠪᠣᠯᠪᠠ ᠃   
    ᠰᠠᠷᠮᠠᠢ ᡀᠦᠨᠳᠦᠪ  ᠲᠠᠩᠺ ᠂ ᠶᠡᠬᠡ ᠫᠤᠤ ᠂ ᠪᠥᠮᠪᠥᠭᠡ ᠂ ᠤᠯᠠᠢᠷᠠᠭᠰᠠᠨ ᠶᠠᠷᠭᠠᠴᠢᠳ ᠭᠡᠬᠦᠴᠢᠯᠡᠨ ᠶᠠᠷᠢᠬᠤ ᠳ᠋ᠠᠭᠠᠨ ᠳᠠᠭᠤ ᠪᠠᠨ ᠥᠨᠳᠥᠷ ᠨᠠᠮ ᠪᠣᠯᠭᠠᠨ ᠪᠠᠷᠠᠭᠤᠨ ᠭᠠᠷ ᠢ᠋ᠶ᠋ᠠᠨ ᠬᠥᠳᠡᠯᠭᠡᠳᠡᠭ ᠰᠠᠨ ᠃ ᠨᠢᠭᠡ ᠡᠳᠦᠷ ᠢᠷᠡᠬᠦ ᠳ᠋ᠡᠭᠡᠨ ᠵᠠᠮ ᠳ᠋ᠠᠭᠠᠨ ᠠᠯᠠᠭᠰᠠᠨ ᠪᠣᠯᠤᠯᠲᠠᠢ ᠬᠣᠶᠠᠷ ᠲᠣᠮᠣ ᠲᠠᠷᠪᠠᠭ᠎ᠠ  ᠭᠠᠨᠵᠤᠭᠠᠯᠠᠴᠢᠬᠠᠭᠰᠠᠨ ᠂ ᠢᠯᠭᠢᠨ ᠰᠠᠷᠮᠠᠢ ᠳᠡᠪᠡᠯ ᠡᠮᠦᠰᠦᠭᠰᠡᠨ ᠶᠠᠪᠤᠬᠤ ᠳ᠋ᠤᠨᠢ ᠢᠨᠢᠶᠡᠳᠦ ᠬᠦᠷᠬᠦ ᠰᠢᠭ ᠪᠣᠯᠵᠤ ᠶᠣᠰᠣᠲᠠᠢ ᠯᠠ ᠰᠠᠷᠮᠠᠢ ᠨᠡᠷ᠎ᠡ ᠳ᠋ᠡᠭᠡᠨ ᠳᠤᠢᠵᠤ ᠳᠠ ᠭᠡᠵᠦ ᠪᠣᠳᠣᠵᠤ ᠪᠢᠯᠡ ᠃  
      ᠪᠢ ᠲᠡᠷᠡ ᠦᠶᠡᠰ ᠭᠤᠷᠪᠠᠳᠤᠭᠠᠷ ᠠᠩᠭᠢ ᠳ᠋ᠤ᠌ ᠰᠤᠷᠴᠤ ᠪᠠᠢᠭᠰᠠᠨ ᠬᠢᠭᠡᠳ ᠨᠠᠮᠤᠷ ᠨᠢ ᠰᠤᠷᠭᠠᠭᠤᠯᠢ ᠳ᠋ᠠᠭᠠᠨ ᠣᠴᠢᠪᠠ ᠃ ᠶᠠᠭᠤᠮ᠎ᠠ ᠪᠦᠬᠦᠨ ᠬᠠᠭᠤᠴᠢᠨ ᠬᠡᠪ ᠢ᠋ᠶ᠋ᠡᠷ ᠭᠡᠪᠡᠴᠦ ᠬᠣᠶᠠᠳᠤᠭᠠᠷ ᠤᠯᠠᠷᠢᠯ ᠠ᠋ᠴᠠ ᠡᠬᠢᠯᠡᠨ ᠳᠡᠪᠲᠡᠷ ᠬᠠᠷᠠᠨᠳᠠ ᠬᠣᠪᠣᠷᠳᠠᠵᠠᠢ ᠃ ᠪᠠᠭᠰᠢ ᠨᠢᠮᠭᠡᠨ ᠳᠡᠪᠲᠡᠷ ᠢ᠋ ᠳᠤᠮᠳᠠᠭᠤᠷ ᠨᠢ ᠣᠭᠲᠣᠯᠤᠨ ᠲᠠᠯ᠎ᠠ ᠲᠠᠯ᠎ᠠ ᠳᠡᠪᠲᠡᠷ ᠪᠢᠳᠡᠨ ᠳ᠋ᠦ᠍ ᠲᠠᠯᠪᠢᠵᠤ ᠥᠭᠪᠡ᠂ ᠬᠣᠣᠷᠠᠲᠠᠢ ᠬᠠᠷᠠᠨᠳᠠ ᠴᠤ᠌ ᠪᠦᠷ ᠨᠢᠳᠦᠨ ᠦ᠌ ᠭᠡᠮ ᠪᠣᠯᠪᠠ᠃《 ᠲᠡᠢᠨ ᠪᠣᠯᠵᠤ ᠪᠠᠢᠭ᠎ᠠ》 ᠭᠡᠵᠦ ᠪᠢᠳᠡ ᠴᠥᠮ ᠮᠡᠳᠡᠵᠦ ᠪᠠᠢᠯ᠎ᠠ᠃ ᠥᠷᠯᠥᠭᠡ ᠣᠷᠣᠢ ᠳ᠋ᠤ᠌ ᠵᠠᠬᠢᠷᠤᠯ ᠪᠠᠭᠰᠢ ᠠ᠋ᠴᠠ ᠡᠬᠢᠯᠡᠨ ᠰᠤᠮᠤ ᠶ᠋ᠢᠨ ᠲᠥᠪ ᠦ᠋ᠨ ᠬᠢᠨ ᠵᠡᠭᠦᠨ ᠭᠠᠷ ᠤ᠋ᠨ ᠢ᠋ᠶ᠋ᠠᠨ ᠪᠠᠭᠤᠤ ᠶ᠋ᠢᠨ ᠳᠡᠭᠡᠷ᠎ᠡ《өхсdmo》② ᠭᠡᠰᠡᠨ ᠦᠭᠡ ᠪᠦᠬᠦᠢ ᠭᠤᠷᠪᠠᠯᠵᠢᠨ ᠲᠡᠮᠳᠡᠭ ᠬᠠᠲᠠᠵᠤ᠂ ᠮᠣᠳᠣ ᠪᠠᠷ ᠬᠢᠭᠰᠡᠨ ᠫᠤᠤ ᠪᠠᠷᠢᠴᠢᠬᠠᠭᠠᠳ ᠭᠤᠷᠪᠠ ᠭᠤᠷᠪᠠ ᠪᠠᠷ ᠢ᠋ᠶ᠋ᠠᠨ ᠵᠢᠭᠰᠠᠨ ᠴᠠᠰᠤᠨ ᠳᠤᠮᠳᠠ ᠰᠤᠷᠭᠠᠭᠤᠯᠢ ᠬᠢᠵᠦ ᠬᠠᠷᠠᠭᠳᠠᠳᠠᠭ ᠰᠠᠨ᠃ ᠨᠢᠭᠡ ᠡᠳᠦᠷ ᠮᠠᠨ ᠤ᠋ ᠰᠤᠷᠭᠠᠭᠤᠯᠢ ᠶ᠋ᠢᠨ ᠬᠠᠰᠢᠶᠠᠨ ᠤ᠋ ᠠᠷᠤ ᠳ᠋ᠤ᠌ ᠪᠠᠬᠠᠨ ᠤᠯᠤᠰ ᠮᠣᠳᠣᠨ ᠫᠤᠤ ᠪᠠᠷᠢᠭᠠᠳ ᠵᠢᠭᠰᠠᠵᠤ ᠶᠠᠪᠤᠬᠤ ᠪᠠᠷ ᠨᠢ ᠰᠢᠪᠡᠭᠡᠨ ᠵᠠᠪᠰᠠᠷ ᠢ᠋ᠶ᠋ᠠᠷ ᠣᠴᠢᠵᠤ ᠬᠠᠷᠠᠪᠠ᠃ ᠮᠠᠨ ᠤ᠋ ᠠᠩᠭᠢ ᠶ᠋ᠢᠨ ᠪᠠᠭᠰᠢ ᠵᠢᠩᠬᠢᠨᠢ ᠵᠢᠳᠠ ᠲᠠᠢ ᠫᠤᠤ  ᠪᠠᠷᠢᠴᠢᠬᠠᠭᠰᠠᠨ ᠲᠡᠳᠡᠨ ᠢ᠋ ᠺᠣᠮᠠᠨᠳ᠋ᠯᠠᠵᠤ ᠪᠠᠢᠪᠠ( ᠮᠠᠨ ᠤ᠋ ᠪᠠᠭᠰᠢ ᠬᠠᠯᠬ᠎ᠠ ᠭᠣᠣᠯ ᠳ᠋ᠤ᠌ ᠪᠠᠢᠯᠳᠤᠵᠤ ᠶᠠᠪᠤᠭᠰᠠᠨ ᠬᠥᠮᠦᠨ ᠪᠢᠯᠡ)᠃ ᠭᠡᠲᠡᠯ᠎ᠡ ᠲᠡᠷᠡ ᠵᠢᠭᠰᠠᠭᠠᠯ ᠤ᠋ᠨ ᠰᠡᠭᠦᠯ ᠬᠢᠷᠢ ᠮᠠᠨ ᠤ᠋ ᠨᠤᠲᠤᠭ ᠤ᠋ᠨ ᡀᠦᠨᠳᠦᠪ ᠭᠤᠸᠠᠢ ᠬᠥᠯ ᠭᠠᠷ ᠢ᠋ᠶ᠋ᠠᠨ ᠴᠤ᠌ ᠣᠯᠬᠤ ᠦᠭᠡᠢ ᠶᠠᠪᠤᠬᠤ ᠨᠢ ᠦᠷᠦ ᠡᠪᠡᠳᠦᠮᠡᠷ ᠴᠦ᠍ ᠢᠨᠢᠶᠡᠳᠦ ᠬᠦᠷᠦᠮᠡᠷ ᠴᠦ᠍ ᠬᠠᠷᠠᠭᠳᠠᠪᠠ᠃ ᠪᠠᠭᠰᠢ 《ᠳᠣᠣᠷ᠎ᠠ ᠪᠠᠨ》 ᠭᠡᠵᠦ ᠬᠠᠰᠬᠢᠷᠤᠭᠰᠠᠨ ᠢ᠋ᠶ᠋ᠠᠨ《 ᠨᠢᠭᠡ᠂ ᠬᠣᠶᠠᠷ》 ᠭᠡᠵᠦ ᠳᠣᠣᠷ᠎ᠠ ᠨᠢ ᠭᠢᠰᠬᠢᠭᠦᠯᠵᠦ ᠪᠠᠢᠭᠰᠠᠨ ᠢ᠋ᠶ᠋ᠠᠨ《 ᠵᠣᠭᠰᠣ》 ᠭᠡᠵᠦ ᠺᠣᠮᠠᠨᠳ᠋ᠯᠠᠭᠠᠳ ᠨᠢᠭᠡ ᠶᠠᠭᠤᠮ᠎ᠠ ᠬᠡᠯᠡᠭᠰᠡᠨ ᠢ᠋ᠶ᠋ᠡᠨ《 ᠠᠯᠬᠤᠭᠠᠳ》 ᠭᠡᠪᠡᠯ ᡀᠦᠨᠳᠦᠪ ᠭᠤᠸᠠᠢ ᠨᠢᠭᠡ ᠬᠥᠮᠦᠨ ᠦ᠌ ᠬᠠᠮᠲᠤ ᠤᠷᠤᠭᠰᠢ ᠬᠥᠯ ᠲᠠᠯᠪᠢᠬᠤ ᠳ᠋ᠠᠭᠠᠨ ᠴᠡᠭᠡᠵᠢ ᠪᠡᠨ ᠭᠡᠳᠡᠢᠯᠭᠡᠨ ᠲᠩᠷᠢ ᠶ᠋ᠢᠨ ᠬᠠᠶᠠᠭ᠎ᠠ ᠬᠠᠷᠠᠭᠠᠳ ᠭᠠᠷ ᠬᠥᠯ ᠬᠠᠶᠠᠯᠠᠨ ᠠᠯᠬᠤᠭᠰᠠᠨ ᠢ᠋ᠶ᠋ᠠᠨ ᠭᠦᠶᠦᠪᠡ᠃ ᠲᠡᠷᠡ ᠬᠣᠶᠠᠷ ᠨᠢᠭᠡ ᠬᠥᠨᠳᠡᠯᠡᠨ ᠮᠣᠳᠣ ᠤᠷᠤᠭᠤ ᠵᠡᠷᠭᠡ ᠰᠢᠬᠠᠮ ᠭᠦᠶᠦᠵᠦ ᠣᠴᠢᠭᠠᠳ ᠳᠠᠪᠠᠬᠤ ᠳ᠋ᠠᠭᠠᠨ ᡀᠦᠨᠳᠦᠪ ᠭᠤᠸᠠᠢ ᠬᠣᠷᠮᠣᠢ ᠳ᠋ᠠᠭᠠᠨ ᠲᠡᠭᠡᠭᠯᠡᠨ ᠭᠡᠳᠡᠷᠭᠦ ᠪᠡᠨ ᠣᠢᠴᠢᠬᠤ ᠳ᠋ᠤᠨᠢ ᠪᠢ ᠬᠥᠨᠳᠡᠯᠡᠨ ᠡᠴᠡ ᠢᠴᠢᠵᠦ ᠦᠷᠦ ᠡᠪᠡᠳᠬᠦ ᠬᠣᠣᠰᠯᠠᠵᠤ ᠪᠢᠯᠡ᠃ ᠶᠡᠷᠦ ᠨᠢ ᠲᠡᠷᠡ ᠵᠢᠭᠰᠠᠭᠰᠠᠨ ᠬᠥᠮᠦᠰ ᠦ᠋ᠨ ᠳᠣᠲᠣᠷ᠎ᠠ ᡀᠦᠨᠳᠦᠪ ᠭᠤᠸᠠᠢ ᠠᠯᠬᠤᠬᠤ ᠳ᠋ᠠᠭᠠᠨ ᠭᠠᠳᠠᠨᠠᠬᠢ ᠰᠡᠪᠡᠭᠦᠨ ᠪᠠᠢᠳᠠᠯ ᠨᠢ ᠦᠭᠡᠢ ᠪᠣᠯᠵᠤ᠂ ᠣᠯᠠᠨ ᠡᠷ᠎ᠡ ᠶ᠋ᠢᠨ ᠰᠦᠷ ᠲᠤ ᠳᠠᠷᠤᠭᠳᠠᠭᠠᠳ ᠨᠢᠭᠡ ᠯᠡ ᠵᠣᠯ᠂ ᠦᠳᠡᠯᠦᠭᠡ ᠳᠣᠷᠣᠢ ᠬᠠᠷᠠᠭᠳᠠᠳᠠᠭ ᠰᠠᠨ᠃ ᠮᠠᠭᠠᠳ ᠴᠤ᠌ ᠦᠭᠡᠢ᠂ ᠡᠭᠦᠨ ᠡᠴᠡ ᠪᠣᠯᠤᠭᠠᠳ ᠲᠡᠷᠡ ᠬᠦ᠌ ᠵᠤᠨ ᠤ᠋ ᠠᠮᠠᠷᠠᠯᠲᠠ ᠪᠠᠷ ᠬᠠᠪᠤᠷ ᠨᠢ ᠬᠠᠷᠢᠭᠠᠳ ᠪᠢ ᠶᠡᠬᠡᠳᠡ ᠨᠣᠮ ᠦᠵᠡᠭᠰᠡᠨ ᠬᠥᠮᠦᠨ ᠦ᠌ ᠴᠡᠭᠡᠵᠢ ᠭᠠᠷᠭᠠᠨ ᠬᠣᠲᠠ ᠶ᠋ᠢᠨ ᠢ᠋ᠶ᠋ᠡᠨ ᠬᠡᠦᠬᠡᠳ ᠲᠤ ᠶᠠᠯᠢᠮ ᠦᠭᠡᠢ ᠶᠡᠬᠡᠮᠰᠦᠭ ᠮᠡᠳᠡᠮᠡᠬᠡᠢᠷᠡᠵᠦ ᠶᠠᠪᠤᠬᠤ ᠳ᠋ᠠᠭᠠᠨ ᡀᠦᠨᠳᠦᠪ ᠭᠤᠸᠠᠢ ᠠ᠋ᠴᠠ ᠠᠶᠤᠬᠤ ᠶ᠋ᠢ ᠨᠢᠭᠡᠨ᠎ᠡ ᠪᠣᠯᠢᠵᠤ ᠬᠥᠯ ᠭᠠᠷ ᠢ᠋ᠶ᠋ᠠᠨ ᠴᠤ᠌ ᠣᠯᠳᠠᠭ ᠦᠭᠡᠢ ᠤᠤ ᠭᠡᠵᠦ ᠦᠯᠦ ᠲᠣᠭᠣᠮᠰᠠᠷᠯᠠᠨ ᠰᠠᠨᠠᠬᠤ ᠪᠣᠯᠪᠠ᠃ 
      ᠲᠡᠷᠡ ᠵᠢᠯ ᠮᠠᠨ ᠤ᠋ ᠨᠤᠲᠤᠭ ᠲᠤ ᠲᠠᠪᠤᠨ ᠬᠣᠰᠢᠭᠤ ᠮᠠᠯ ᠤ᠋ᠨ ᠢ᠋ᠶ᠋ᠠᠨ ᠦᠰᠦ ᠨᠣᠣᠰᠣ ᠶ᠋ᠢ ᠠᠪᠬᠤ ᠰᠢᠭᠤᠷᠬᠠᠢ ᠠᠵᠢᠯ ᠡᠬᠢᠯᠡᠴᠢᠬᠡᠭᠰᠡᠨ ᠶᠣᠰᠣᠲᠠᠢ ᠨᠢᠭᠡ ᠤᠷᠢᠲᠤ ᠦᠵᠡᠭᠳᠡᠭᠡ ᠦᠭᠡᠢ ᠬᠥᠯ ᠪᠣᠯᠵᠤ ᠪᠠᠢᠵᠤ ᠪᠢᠯᠡ᠃ ᠠᠳᠤᠭᠤ ᠳᠠᠯᠠᠯᠵᠤ᠂ ᠦᠬᠡᠷ ᠦ᠋ᠨ ᠰᠠᠪᠠᠭ᠎ᠠ ᠰᠡᠭᠦᠯ ᠬᠢᠷᠭᠠᠬᠤ ᠴᠤ᠌ ᠭᠠᠢᠭᠤᠢ ᠬᠡᠷᠡᠭ᠂ ᠬᠠᠮᠤᠭ ᠤ᠋ᠨ ᠶᠠᠷᠪᠢᠭᠲᠠᠢ ᠨᠢ ᠢᠮᠠᠭ᠎ᠠ ᠰᠠᠮᠨᠠᠬᠤ ᠪᠠᠢᠯ᠎ᠠ᠃ ᠡᠨᠡ ᠠᠵᠢᠯ ᠳ᠋ᠤ᠌ ᠬᠥᠭᠰᠢᠨ ᠵᠠᠯᠠᠭᠤ᠂ ᠬᠡᠦᠬᠡᠳ ᠪᠠᠭᠠᠴᠤᠳ ᠦᠭᠡᠢ ᠣᠷᠣᠯᠴᠠᠨ᠎ᠠ᠃ ᠨᠢᠭᠡ ᠥᠷᠯᠥᠭᠡ ᠠᠪᠤ ᠮᠢᠨᠢ ᠨᠠᠮ᠎ᠠ ᠶ᠋ᠢ ᠰᠡᠷᠡᠭᠡᠭᠡᠳ᠄  
     ᠮᠢᠨᠦ ᠬᠦᠦ ᠪᠣᠰᠴᠤ ᠥᠷᠥᠮ᠎ᠡ ᠪᠡᠨ ᠢᠳᠡ᠃ ᠲᠡᠭᠡᠭᠡᠳ ᠶᠠᠭᠠᠨ ᠰᠡᠷᠬᠡ ᠪᠡᠨ ᠰᠠᠮᠨᠠᠭᠠᠷᠠᠢ! ᠬᠠᠰᠢᠶᠠᠨ ᠳᠣᠲᠣᠷ᠎ᠠ ᠤᠶᠠᠴᠢᠬᠠᠭᠰᠠᠨ ᠰᠢᠦ᠃ ᠦᠳᠡ ᠶ᠋ᠢᠨ ᠬᠣᠨᠢ ᠢᠷᠡᠬᠦ ᠪᠡᠷ ᠲᠠᠯᠪᠢᠴᠢᠬᠠᠨ᠎ᠠ ᠪᠢᠵᠡ ᠭᠡᠯ᠎ᠡ᠃ ᠪᠢ ᠢᠮᠠᠭ᠎ᠠ ᠰᠠᠮᠨᠠᠨ᠎ᠠ ᠭᠡᠬᠦ ᠡᠴᠡ ᠦᠰᠦᠲᠡᠢ ᠲᠣᠯᠣᠭᠠᠢ ᠠᠷᠵᠠᠢᠵᠤ ᠳᠣᠲᠣᠷ᠎ᠠ ᠪᠠᠨ ᠳᠤᠷ᠎ᠠ ᠦᠭᠡᠢ ᠪᠠᠢᠭᠰᠠᠨ ᠲᠤᠯᠠ᠄   
    — ᠶᠠᠮᠠᠷ ᠰᠠᠮ ᠢ᠋ᠶ᠋ᠠᠷ ᠰᠠᠮᠨᠠᠬᠤ ᠶᠤᠮ ᠪᠣᠢ ᠭᠡᠪᠡ᠃ ᠢᠮᠠᠭᠠᠨ ᠤ᠋ ᠰᠠᠮ ᠭᠡᠵᠦ ᠲᠡᠷᠡ ᠵᠢᠯ ᠮᠣᠳᠣᠨ ᠪᠠᠷᠢᠭᠤᠯ ᠲᠠᠢ᠂ ᠦᠵᠦᠭᠦᠷ ᠢ᠋ ᠨᠢ ᠮᠠᠬᠢᠢᠯᠭᠠᠭᠰᠠᠨ ᠣᠯᠠᠨ ᠰᠠᠪᠬ᠎ᠠ ᠤᠷᠲᠤ ᠨᠠᠷᠢᠨ ᠲᠡᠮᠦᠷ ᠪᠦᠬᠦᠢ ᠰᠠᠮ ᠭᠠᠷᠤᠭᠰᠠᠨ ᠪᠢᠯᠡ᠃ ᠡᠵᠢ ᠲᠡᠭᠦᠨ ᠢ᠋ ᠨᠢᠭᠡ ᠶᠡᠬᠡ ᠣᠨᠴᠠᠯᠠᠬᠤ ᠦᠭᠡᠢ ᠥᠪᠡᠷ ᠦ᠋ᠨ ᠢ᠋ᠶ᠋ᠡᠨ ᠮᠣᠳᠣᠨ ᠰᠠᠮ ᠢ᠋ᠶ᠋ᠠᠷ ᠰᠠᠮᠨᠠᠬᠤ ᠪᠥᠭᠡᠳ ᠲᠡᠭᠦᠨ ᠢ᠋ ᠪᠡᠨ ᠪᠢᠳᠡᠨ ᠳ᠋ᠦ᠍ ᠥᠭᠳᠡᠭ ᠦᠭᠡᠢ ᠪᠠᠢᠭᠰᠠᠨ ᠶᠤᠮ᠃ ᠠᠪᠤ ᠬᠠᠨᠠᠨ ᠤ᠋ ᠲᠣᠯᠣᠭᠠᠢ ᠳ᠋ᠠᠬᠢ ᠠᠴᠠᠨ ᠠ᠋ᠴᠠ ᠮᠥᠩᠭᠥᠨ ᠬᠠᠵᠠᠭᠠᠷ ᠠᠪᠬᠤ ᠳ᠋ᠠᠭᠠᠨ ᠮᠢᠨᠦ ᠳᠤᠷ᠎ᠠ ᠦᠭᠡᠢᠴᠡᠭᠰᠡᠨ ᠥᠩᠭᠡ ᠶ᠋ᠢ ᠠᠩᠵᠠᠭᠠᠷᠠᠭᠰᠠᠨ ᠶᠠᠩᠵᠤ ᠦᠭᠡᠢ᠄  
     — ᠲᠡᠮᠦᠷ ᠰᠠᠮ ᠭᠠᠳᠠᠭ᠎ᠠ ᠪᠠᠷᠠᠭᠠᠨ ᠳᠡᠭᠡᠷ᠎ᠡ ᠪᠣᠢ᠁ ᠭᠡᠳ ᠭᠠᠷᠪᠠ᠃ ᠲᠡᠷᠡ ᠡᠳᠦᠷ ᠠᠪᠤ ᠪᠠᠭ ᠤ᠋ᠨ ᠬᠤᠷᠠᠯ ᠵᠠᠷᠯᠠᠬᠤ ᠠᠵᠢᠯ ᠲᠠᠢ ᠪᠠᠢᠵᠠᠢ᠃ ᠮᠠᠨ ᠤ᠋ ᠬᠣᠲᠠ ᠶ᠋ᠢᠨ ᠬᠢᠨ ᠠᠷᠪᠠᠭᠠᠳ ᠢᠮᠠᠭ᠎ᠠ ᠠᠪᠴᠤ ᠬᠣᠴᠣᠷᠤᠭᠰᠠᠨ ᠲᠤᠯᠠ ᠤᠢᠳᠬᠤ ᠶᠠᠭᠤᠮ᠎ᠠ ᠦᠭᠡᠢ ᠬᠠᠨᠢ ᠲᠠᠢ ᠪᠠᠢᠯ᠎ᠠ᠃ ᠠᠰᠢᠭᠦᠢ ᠮᠢᠨᠦ ᠬᠤᠪᠤ( ᠬᠤᠯᠤᠭᠠᠷ) ᠶᠠᠭᠠᠨ ᠰᠡᠷᠬᠡ ᠶ᠋ᠢᠨ ᠳᠡᠷᠭᠡᠳᠡ ᠲᠡᠩᠰᠡᠮ᠎ᠡ ᠡᠭᠡᠴᠢ ᠴᠠᠭᠠᠨ ᠢᠮᠠᠭ᠎ᠠ ᠪᠠᠨ ᠰᠠᠮᠨᠠᠵᠤ ᠬᠠᠷᠠᠭᠳᠠᠬᠤ ᠳ᠋ᠤ᠌ ᠬᠥᠯ ᠬᠥᠩᠭᠡᠷᠡᠬᠦ ᠰᠢᠭ ᠪᠣᠯᠪᠠ᠃ ᠬᠣᠲᠠᠨ ᠳ᠋ᠤ᠌ ᠦᠯᠡᠳᠡᠭᠰᠡᠨ ᠢᠮᠠᠭᠠᠳ ᠮᠠᠢᠯᠠᠯᠳᠤᠨ ᠳᠠᠭᠤ ᠱᠣᠣ ᠪᠣᠯᠪᠠ᠂ ᠶᠠᠭᠠᠨ ᠰᠡᠷᠬᠡ ᠮᠠᠨᠢ ᠨᠠᠳᠠ ᠤᠷᠤᠭᠤ ᠮᠠᠭᠤᠬᠠᠢ ᠬᠠᠷᠠᠭᠠᠳ ᠮᠥᠷᠭᠥᠬᠦ ᠨᠢ ᠬᠣᠯᠠ ᠦᠭᠡᠢ ᠲᠤᠷᠭᠢᠪᠠ᠃ ᠠᠷᠭ᠎ᠠ ᠴᠤ᠌ ᠦᠭᠡᠢ ᠶᠦᠮ ᠪᠠᠢᠨ᠎ᠠ ᠳᠠ᠂ ᠨᠢᠷᠤᠭᠤᠨ ᠳ᠋ᠠᠭᠠᠨ ᠬᠠᠷᠭᠠᠨ᠎ᠠ ᠰᠢᠪᠠᠭ ᠤ᠋ᠨ ᠮᠥᠴᠢᠷ ᠡᠴᠡ ᠥᠭᠡᠷ᠎ᠡ ᠶᠠᠭᠤᠮ᠎ᠠ ᠬᠦᠷᠭᠡᠵᠦ ᠦᠵᠡᠭᠡ ᠦᠭᠡᠢ ᠠᠮᠢᠲᠠᠨ  ᠭᠠᠢᠬᠠᠵᠤ ᠦᠷᠭᠦᠬᠦ ᠨᠢ ᠬᠢᠷᠢ ᠪᠢᠵᠡ᠃ ᠪᠢ ᠲᠡᠩᠰᠡᠮ᠎ᠡ ᠡᠭᠡᠴᠢ ᠤᠷᠤᠭᠤ ᠨᠢᠳᠦ ᠪᠤᠯᠤᠩᠳᠠᠨ ᠬᠠᠷᠠᠭᠰᠠᠨ ᠢ᠋ᠶ᠋ᠠᠨ ᠥᠪᠡᠷ ᠦ᠋ᠨ ᠢ᠋ᠶ᠋ᠡᠨ ᠢᠷᠡᠭᠰᠡᠨ ᠢ᠋ ᠮᠡᠳᠡᠭᠦᠯᠬᠦ ᠰᠠᠨᠠᠭ᠎ᠠ ᠲᠠᠢ ᠪᠢᠴᠢᠬᠠᠨ ᠬᠣᠭᠣᠯᠠᠢ ᠵᠠᠰᠠᠵᠤ᠂ ᠰᠡᠷᠬᠡ ᠶ᠋ᠢᠨ ᠢ᠋ᠶ᠋ᠡᠨ ᠬᠣᠰᠢᠭᠤ ᠶ᠋ᠢ ᠢᠯᠪᠢᠨ᠂ ᠬᠦᠵᠦᠭᠦᠦ ᠬᠠᠪᠢ ᠠ᠋ᠴᠠ ᠨᠢ ᠰᠠᠮᠨᠠᠵᠤ ᠡᠬᠢᠯᠡᠪᠡ᠃ ᠲᠡᠮᠦᠷ ᠰᠠᠮ ᠨᠣᠣᠯᠤᠷ ᠲᠤ ᠨᠢ ᠬᠦᠷᠬᠦ ᠡᠴᠡ ᠨᠠᠭᠠᠨ᠎ᠠ ᠰᠢᠷᠢᠯᠳᠦᠭᠰᠡᠨ ᠬᠢᠯᠭᠠᠰᠤ ᠶ᠋ᠢ ᠨᠢ ᠲᠡᠳᠡᠨ ᠵᠣᠯᠭᠠᠬᠤ ᠲᠤᠯᠠ ᠶᠠᠭᠠᠨ ᠰᠡᠷᠬᠡ ᠤᠴᠢᠷ ᠦᠭᠡᠢ ᠮᠠᠢᠯᠠᠵᠤ᠂ ᠪᠡᠶ᠎ᠡ ᠵᠠᠢᠯᠠᠨ ᠬᠥᠯ ᠢ᠋ ᠮᠢᠨᠢ ᠴᠠᠢᠷᠠᠲᠠᠯ᠎ᠠ ᠭᠢᠰᠬᠢᠪᠡ᠃ ᠪᠢ ᠠᠭᠤᠷ ᠲᠠᠭᠠᠨ《 ᠵᠣᠯᠢᠭ ᠤ᠋ᠨ ᠭᠣᠳᠣᠷᠣᠩ ᠪᠣᠢ!》 ᠭᠡᠵᠦ ᠤᠬᠢᠯᠠᠩᠨᠠᠨ ᠪᠠᠷᠬᠢᠷᠠᠵᠤ ᠦᠰᠦᠨ ᠳᠡᠭᠡᠷ᠎ᠡ ᠡᠴᠡ ᠨᠢ ᠲᠠᠲᠠᠵᠤ ᠠᠪᠤᠭᠰᠠᠨ ᠢ᠋ᠶ᠋ᠠᠨ ᠭᠡᠨᠡᠳᠲᠡ ᠲᠡᠩᠰᠡᠮ᠎ᠡ ᠡᠭᠡᠴᠢ ᠶ᠋ᠢ ᠬᠠᠷᠠᠭᠠᠳ ᠢᠴᠡᠵᠦ ᠨᠡᠷᠡᠯᠬᠡᠬᠦ ᠳ᠋ᠡᠭᠡᠨ ᠳᠠᠭᠤ ᠦᠭᠡᠢ ᠪᠣᠯᠪᠠ᠃ ᠲᠡᠷᠡ ᠪᠡᠷ ᠮᠢᠨᠦ ᠰᠠᠨᠳᠤᠷᠴᠤ ᠪᠠᠢᠭ᠎ᠠ ᠶ᠋ᠢ ᠠᠵᠢᠭᠰᠠᠨ ᠪᠣᠯᠤᠯᠲᠠᠢ ᠳᠡᠷᠭᠡᠳᠡ ᠬᠦᠷᠴᠦ ᠢᠷᠡᠭᠰᠡᠨ ᠢ᠋ᠶ᠋ᠡᠨ《 ᠬᠦᠢ! ᠵᠢᠭᠠᠯ ᠮᠢᠨᠢ ᠬᠠᠷᠠᠭᠠᠴᠢ᠂ ᠲᠡᠭᠡᠳᠡᠭ ᠦᠭᠡᠢ ᠶᠦᠮ》 ᠭᠡᠵᠦ ᠬᠠᠴᠠᠷ ᠢ᠋ ᠮᠢᠨᠢ ᠢᠯᠢᠭᠰᠡᠨ ᠢ᠋ᠶ᠋ᠡᠨ ᠢᠩᠭᠢᠵᠦ ᠰᠠᠮᠨᠠᠳᠠᠭ ᠶᠤᠮ᠂ ᠴᠢ ᠬᠠᠷᠠᠭᠠᠴᠢ! ᠭᠡᠳ ᠲᠤᠩ ᠴᠠᠭᠠᠨ ᠰᠢᠳᠦ ᠭᠠᠷᠭᠠᠨ ᠢᠨᠢᠶᠡᠮᠰᠦᠭᠯᠡᠵᠦ᠂ ᠰᠡᠷᠬᠡ ᠶ᠋ᠢᠨ ᠦᠰᠦ ᠶ᠋ᠢ ᠠᠶᠠᠲᠠᠢᠬᠠᠨ ᠢᠷᠠᠭᠠᠳ ᠪᠠᠭ᠎ᠠ ᠪᠠᠭ᠎ᠠ ᠪᠠᠷ ᠨᠢ ᠰᠠᠮᠨᠠᠬᠤ ᠳ᠋ᠤ᠌ ᠰᠠᠮ ᠤ᠋ᠨ ᠰᠢᠳᠦᠨ ᠳ᠋ᠦ᠍ ᠮᠢᠨᠳᠠᠰᠤᠨ ᠴᠠᠭᠠᠨ ᠨᠣᠣᠯᠤᠷ ᠲᠣᠣᠷᠬᠠᠨ᠎ᠠ ᠪᠠᠨ ᠠᠷᠪᠢᠵᠢᠵᠤ ᠢᠷᠡᠪᠡ᠃ ᠢᠩᠭᠢᠭᠡᠳ ᠪᠢ ᠢᠮᠠᠭ᠎ᠠ ᠪᠠᠨ ᠤᠷᠠᠯᠠᠭᠤᠯᠬᠤ ᠦᠭᠡᠢ ᠶ᠋ᠢ ᠶᠡᠬᠡ ᠯᠡ ᠬᠢᠴᠢᠶᠡᠨ ᠰᠠᠮᠨᠠᠵᠤ ᠪᠡᠯᠡ᠃ ᠬᠠᠴᠠᠷ ᠮᠢᠨᠢ ᠦᠶ᠎ᠡ ᠦᠶ᠎ᠡ ᠬᠠᠯᠠᠭᠤᠨ ᠣᠷᠬᠢᠬᠤ ᠰᠢᠭ᠋ ᠪᠣᠯᠤᠨ᠎ᠠ᠂ ᠲᠡᠩᠰᠡᠮ᠎ᠡ ᠡᠭᠡᠴᠢ ᠶᠠᠭᠠᠬᠢᠭᠰᠠᠨ ᠵᠥᠭᠡᠯᠡᠨ ᠰᠠᠢᠬᠠᠨ ᠭᠠᠷ ᠲᠠᠢ ᠶᠤᠮ ᠪᠣᠢ?  ᠨᠢᠭᠡ ᠯᠡ ᠡᠳᠦᠷ ᠠᠢᠯ ᠤ᠋ᠨ ᠪᠡᠷᠢ ᠪᠣᠯᠤᠭᠠᠳ ᠶᠠᠪᠤᠴᠢᠬᠠᠨ᠎ᠠ ᠳᠠ ᠭᠡᠵᠦ ᠪᠣᠳᠣᠬᠤ ᠠ᠋ᠴᠠ ᠰᠡᠳᠬᠢᠯ ᠳ᠋ᠦ᠍ ᠪᠢᠴᠢᠬᠠᠨ ᠭᠤᠨᠢᠭ ᠲᠥᠷᠥᠨ᠎ᠡ᠃ ᠶᠠᠭᠠᠬᠢᠭᠠᠳ ᠴᠤ᠌ ᠶᠤᠮ ᠪᠣᠢ᠂ ᠲᠡᠭᠡᠬᠦ ᠳ᠋ᠦ᠍ ᠪᠢ ᠪᠤᠰᠢᠭᠤᠬᠠᠨ ᠲᠣᠮᠣ ᠪᠣᠯᠬᠤ ᠶᠤᠮ ᠰᠠᠨ ᠭᠡᠵᠦ ᠤᠢᠳᠬᠠᠷᠲᠠᠢᠬᠠᠨ ᠪᠣᠳᠣᠵᠠᠢ᠃ ᠲᠡᠩᠰᠡᠮ᠎ᠡ ᠡᠭᠡᠴᠢ ᠶ᠋ᠢ ᠬᠠᠪᠢ ᠶ᠋ᠢᠨ ᠢ᠋ᠶ᠋ᠡᠨ ᠬᠡᠳᠦᠨ ᠭᠣᠣᠯ ᠳ᠋ᠤ᠌ ᠯᠠ ᠬᠠᠮᠤᠭ ᠤ᠋ᠨ ᠴᠢᠷᠠᠢᠯᠠᠭ ᠨᠢ ᠭᠡᠵᠦ ᠠᠪᠠᠭᠠᠢᠴᠤᠤᠯ ᠶᠠᠷᠢᠬᠤ ᠪᠥᠭᠡᠳ ᠲᠡᠷᠡ ᠳᠡᠷᠡᠨ ᠦ᠌ ᠬᠦᠦ ᠭᠤᠶᠤᠭᠠᠳ ᠪᠦᠲᠦᠭᠰᠡᠨ ᠦᠭᠡᠢ ᠭᠡᠨ᠎ᠡ ᠭᠡᠵᠦ ᠶᠠᠷᠢᠬᠤ ᠶ᠋ᠢ ᠰᠠᠮ  ᠰᠣᠨᠣᠰᠤᠭᠰᠠᠨ ᠲᠤᠯᠠ ᠲᠡᠢᠨ ᠬᠦ᠌ ᠪᠣᠳᠣᠭᠳᠠᠭᠰᠠᠨ ᠴᠤ᠌ ᠪᠠᠢᠵᠤ ᠪᠣᠯᠬᠤ ᠶᠤᠮ᠃ ᠲᠡᠷᠡ ᠡᠳᠦᠷ ᠲᠡᠩᠰᠡᠮ᠎ᠡ ᠡᠭᠡᠴᠢ ᠶ᠋ᠢᠨ ᠳᠡᠷᠭᠡᠳᠡ ᠪᠣᠯᠤᠭᠠᠳ ᠲᠡᠷᠡ ᠤᠤ ᠡᠴᠡᠵᠦ ᠶᠠᠳᠠᠷᠠᠬᠤ ᠶ᠋ᠢ ᠠᠩᠵᠠᠶᠠᠷᠠᠭᠰᠠᠨ ᠦᠭᠡᠢ ᠶᠠᠭᠠᠨ ᠰᠡᠷᠬᠡ ᠶ᠋ᠢ ᠰᠠᠮᠨᠠᠵᠤ ᠪᠠᠷᠠᠪᠠ᠃ ᠬᠣᠶᠠᠭᠤᠯᠠ ᠪᠠᠨ ᠣᠷᠣᠯᠳᠣᠨ᠎ᠠ ᠰᠢᠦ᠂ ᠵᠠᠩᠵᠤᠨ ᠠ᠋! ᠭᠡᠵᠦ ᠬᠡᠯᠡᠭᠰᠡᠨ ᠳ᠋ᠦ᠍ᠨᠢ ᠣᠩᠭᠢᠷᠠᠵᠤ ᠨᠢᠰᠤᠬᠠᠢ ᠵᠢᠭᠠᠯ ᠪᠢᠰᠢ ᠭᠡᠳᠡᠭ ᠢ᠋ᠶ᠋ᠡᠨ ᠦᠵᠡᠭᠦᠯᠬᠦ ᠶᠦᠮ ᠰᠢᠦ ᠭᠡᠵᠦ ᠮᠡᠷᠡᠢᠵᠦ ᠪᠢᠯᠡ᠃ ᠲᠡᠭᠡᠭᠡᠳ ᠴᠦ᠍ ᠲᠡᠷᠡ ᠤᠤ ᠨᠢᠭᠡ ᠬᠡᠰᠡᠭ ᠤᠯᠠᠢᠷᠠᠵᠤ ᠮᠠᠬᠠᠷᠠᠭᠠᠳ ᠪᠦᠬᠦᠨ ᠢ᠋ ᠮᠠᠷᠲᠠᠵᠠᠢ᠃ ᠰᠠᠷᠮᠠᠢ ᡀᠦᠨᠳᠦᠪ ᠪᠢᠳᠡᠨ ᠳᠡᠭᠡᠷ᠎ᠡ ᠢᠷᠡᠭᠡᠳ ᠲᠡᠩᠰᠡᠮ᠎ᠡ ᠡᠭᠡᠴᠢ ᠪᠡᠷ ᠲᠣᠭᠯᠠᠭᠠᠮ ᠱᠣᠭᠯᠠᠭᠠᠮ ᠬᠢᠬᠦ ᠶ᠋ᠢ ᠴᠤ᠌ ᠠᠩᠬᠠᠨ ᠳ᠋ᠠᠭᠠᠨ ᠮᠡᠳᠡᠭᠰᠡᠨ ᠦᠭᠡᠢ᠃ 
       — ᠰᠤᠷᠭᠠᠭᠤᠯᠢ ᠶ᠋ᠢᠨ ᠬᠡᠦᠬᠡᠳ ᠢᠳᠡᠪᠬᠢᠲᠡᠢ ᠪᠠᠢᠬᠤ ᠶᠣᠰᠣᠲᠠᠢ᠂ ᠵᠦᠢᠲᠡᠢ ᠰᠠᠢᠨ ᠪᠠᠢᠨ᠎ᠠ ᠭᠡᠬᠦ ᠴᠠᠷᠭᠢᠶᠠᠲᠤᠬᠤ ᠳᠠᠭᠤ ᠪᠠᠷ ᠨᠢ ᠡᠷᠭᠢᠵᠦ ᠬᠠᠷᠠᠪᠠᠯ ᡀᠦᠨᠳᠦᠪ ᠭᠤᠸᠠᠢ ᠮᠢᠨᠦ ᠲᠤᠬᠠᠢ ᠶᠠᠷᠢᠭᠰᠠᠨ ᠪᠣᠯᠤᠯᠲᠠᠢ《 ᠰᠠᠮᠨᠠ᠂ ᠰᠠᠮᠨᠠ》 ᠭᠡᠵᠦ ᠨᠠᠳᠠ ᠳ᠋ᠤ᠌ ᠲᠣᠯᠣᠭᠠᠢ ᠳᠣᠬᠢᠨ ᠬᠡᠯᠡᠭᠰᠡᠨ ᠢ᠋ᠶ᠋ᠡᠨ ᠲᠡᠩᠰᠡᠮ᠎ᠡ ᠡᠭᠡᠴᠢ ᠤᠷᠤᠭᠤ ᠬᠠᠷᠠᠭᠠᠳ᠄ 
       — ᠲᠠᠨ ᠤ᠋ ᠬᠣᠲᠠ ᠶ᠋ᠢᠨ ᠬᠢᠨ ᠰᠠᠢᠨ ᠪᠠᠢᠨ᠎ᠠ᠃ ᠣᠳᠣ ᠡᠬᠡ ᠣᠷᠣᠨ ᠤ᠋ ᠪᠠᠨ ᠪᠣᠯ ᠨᠥᠭᠡᠴᠡ ᠪᠣᠯᠤᠯᠴᠠᠭ᠎ᠠ ᠶ᠋ᠢ ᠳᠡᠭᠡᠳᠦ ᠬᠡᠮᠵᠢᠶ᠎ᠡ ᠪᠡᠷ ᠠᠰᠢᠭᠯᠠᠬᠤ ᠬᠡᠷᠡᠭᠲᠡᠢ ᠭᠡᠵᠦ ᠵᠠᠰᠠᠭ ᠠ᠋ᠴᠠ ᠭᠠᠷᠭᠠᠭᠰᠠᠨ ᠵᠢᠭᠠᠯᠲᠠ ᠪᠡᠯᠡᠬᠡᠨ ᠪᠠᠢᠵᠤ ᠪᠠᠢᠨ᠎ᠠ᠂ ᠲᠠ ᠨᠠᠷ ᠢᠩᠭᠢᠵᠦ ᠬᠣᠰᠢᠭᠤᠴᠢᠯᠠᠬᠤ ᠶᠣᠰᠣᠲᠠᠢ ᠭᠡᠬᠦᠴᠢᠯᠡᠨ ᠤᠬᠠᠭᠤᠯᠵᠤ ᠪᠠᠢᠪᠠ᠃ ᠲᠡᠭᠡᠭᠰᠡᠨ ᠢ᠋ᠶ᠋ᠡᠨ ᠳᠠᠭᠤ ᠪᠠᠨ ᠠᠶᠠᠷ ᠪᠣᠯᠭᠠᠨ ᠪᠠᠬᠠᠨ ᠶᠠᠭᠤᠮ᠎ᠠ ᠰᠢᠪᠡᠨᠡᠬᠦ ᠳ᠋ᠦ᠍ᠨᠢ ᠲᠡᠩᠰᠡᠮ᠎ᠡ ᠡᠭᠡᠴᠢ ᠶ᠋ᠢᠨ ᠴᠢᠷᠠᠢ ᠬᠣᠪᠢᠰᠬᠢᠨ ᠤᠯᠠᠢᠵᠤ᠄ 
       — ᠶᠠᠭᠠᠬᠢᠭᠰᠠᠨ ᠪᠠᠯᠠᠢ ᠶᠤᠮ ᠪᠣᠢ᠂ ᠡᠪᠦᠭᠡᠷᠡᠭᠰᠡᠨ ᠢ᠋ᠶ᠋ᠡᠨ ᠮᠡᠳᠡᠬᠦ ᠦᠭᠡᠢ ᠢᠴᠢᠬᠦ ᠳ᠋ᠦ᠍ ᠶᠠᠭᠠᠬᠢᠳᠠᠭ ᠶᠤᠮ ᠭᠡᠪᠡ᠃ ᠭᠡᠲᠡᠯ᠎ᠡ ᡀᠦᠨᠳᠦᠪ ᠭᠤᠸᠠᠢ ᠲᠡᠷᠡ ᠦᠭᠡᠨ ᠡᠴᠡ ᠶᠡᠷᠦ ᠬᠤᠷᠠᠭ ᠠᠪᠤᠭᠰᠠᠨ ᠶᠠᠩᠵᠤ ᠦᠭᠡᠢ ᠲᠠᠴᠢᠭᠢᠨᠠᠲᠠᠯ᠎ᠠ ᠬᠥᠬᠥᠷᠡᠭᠰᠡᠨ ᠢ᠋ᠶ᠋ᠡᠨ᠄ 
       — ᠠᠬ᠎ᠠ ᠴᠢᠨᠢ ᠲᠣᠭᠯᠠᠭᠰᠠᠨ ᠶᠤᠮ᠂ ᠶᠠᠭᠠᠬᠢᠯ᠎ᠠ ᠭᠡᠵᠦ ᠳᠡ᠃ ᠣᠳᠣ ᠬᠡᠪᠲᠠᠭᠡ ᠬᠣᠨᠢ ᠪᠣᠰᠬᠤ ᠦᠭᠡᠢ ᠪᠣᠯᠤᠭᠰᠠᠨ ᠭᠡᠮᠡᠨ ᠬᠠᠴᠢᠨ ᠦᠭᠡ ᠬᠡᠯᠡᠭᠡᠳ ᠮᠢᠨᠦ ᠳᠡᠷᠭᠡᠳᠡ ᠢᠷᠡᠵᠦ᠄ 
       — ᠠᠯᠢᠪ ᠬᠦ ᠰᠠᠮ ᠢ᠋ᠶ᠋ᠠᠨ ᠥᠭᠭᠦᠭᠡᠳ ᠣᠷᠭᠢ᠂ ᠢᠩᠭᠢᠳᠡᠭ ᠶᠦᠮ ᠠᠷᠭ᠎ᠠ ᠲᠠᠲᠠᠯᠭ᠎ᠠ ᠴᠢᠨᠢ ᠪᠠᠰᠠ ᠯᠠ ᠪᠣᠯᠤᠭ᠎ᠠ ᠦᠭᠡᠢ ᠪᠠᠢᠨ᠎ᠠ᠂ ᠮᠡᠳᠡᠵᠦ ᠪᠠᠢᠨ᠎ᠠ ᠤᠤ᠂ ᠨᠣᠮ ᠵᠢᠭᠠᠪᠤᠷᠢ ᠪᠠᠷ ᠪᠣᠯ ᠭᠡᠰᠡᠨ ᠢ᠋ᠶ᠋ᠡᠨ ᠮᠢᠨᠦ ᠰᠠᠮ ᠢ᠋ ᠠᠪᠴᠤ ᠬᠣᠪ ᠰᠡᠷᠬᠡ ᠶ᠋ᠢ ᠬᠠᠰᠢᠶ᠎ᠠ ᠤᠷᠤᠭᠤ ᠰᠢᠬᠠᠰᠬᠢᠵᠦ ᠪᠠᠢᠭᠠᠳ ᠲᠦᠷᠭᠡᠨ ᠲᠦᠷᠭᠡᠨ ᠰᠠᠮᠨᠠᠵᠤ ᠦᠰᠦ ᠳᠠᠭᠠᠬᠢᠨ ᠠ᠋ᠴᠠ ᠨᠢ ᠰᠠᠮ ᠤ᠋ᠨ ᠢ᠋ᠶ᠋ᠠᠨ ᠰᠢᠳᠦ ᠶ᠋ᠢ ᠠᠪᠬᠤ ᠭᠡᠵᠦ ᠬᠠᠮᠢᠶ᠎ᠠ ᠦᠭᠡᠢ ᠲᠠᠲᠠᠪᠠᠯ ᠶᠠᠭᠠᠨ ᠰᠡᠷᠬᠡ ᠬᠦᠰᠡᠶ᠎ᠡ ᠳᠦᠭᠦᠷᠡᠩ ᠣᠷᠢᠯᠠᠵᠤ ᠭᠠᠷᠪᠠ᠂ ᡀᠦᠨᠳᠦᠪ ᠭᠤᠸᠠᠢ ᠶ᠋ᠢᠨ ᠴᠢᠷᠠᠢ ᠪᠠᠰᠠ ᠬᠠᠴᠢᠨ ᠪᠣᠯᠵᠠᠢ᠃ ᠪᠢ ᠪᠦᠷ ᠵᠣᠪᠠᠵᠤ ᠣᠷᠬᠢᠪᠠ᠂ ᠬᠠᠷᠢᠨ ᠲᠡᠩᠰᠡᠮ᠎ᠡ ᠡᠭᠡᠴᠢ ᠡᠯᠡᠭ ᠮᠠᠳ ᠦᠭᠡᠢ ᠬᠥᠬᠥᠷᠡᠵᠦ ᠬᠠᠷᠠᠭᠳᠠᠪᠠ᠃ ᡀᠦᠨᠳᠦᠪ ᠭᠤᠸᠠᠢ ᠶ᠋ᠢ ᠳᠣᠭᠣᠭᠢᠯᠠᠭᠰᠠᠨ ᠨᠢ ᠢᠯᠡᠳᠲᠡ ᠪᠠᠢᠪᠠ᠃ 
       — ᠤᠭ ᠨᠢ ᠪᠣᠯᠪᠠᠯ ᠢᠩᠭᠢᠵᠦ ᠰᠠᠮᠨᠠᠬᠤ ᠶᠣᠰᠣᠲᠠᠢ ᠭᠡᠵᠦ ᠬᠡᠯᠡᠭᠡᠳ ᡀᠦᠨᠳᠦᠪ ᠭᠤᠸᠠᠢ ᠮᠢᠨᠦ ᠢᠮᠠᠭ᠎ᠠ ᠶ᠋ᠢ ᠣᠷᠬᠢᠨ ᠪᠣᠰᠪᠠ᠃ ᠲᠡᠩᠰᠡᠮ᠎ᠡ ᠡᠭᠡᠴᠢ ᠭᠠᠭᠴᠠ ᠢᠴᠢᠭᠡᠶ᠎ᠡ ᠭᠡᠰᠡᠨ  ᠪᠠᠢᠷᠢᠲᠠᠢ ᠲᠠ ᠴᠢᠨᠢ ᠲᠠᠨᠢᠭᠤᠯᠭ᠎ᠠ ᠬᠢᠬᠦ ᠪᠡᠨ ᠴᠤ᠌ ᠠᠯᠲᠠ ᠳᠠ ᠵᠠᠢᠯᠠᠭᠤᠯ ᠦᠭᠡ ᠶᠠᠷᠢᠬᠤ ᠪᠠᠷ ᠢ᠋ᠶ᠋ᠠᠨ ᠤᠯᠤᠰ ᠳᠥᠷᠪᠡᠭᠡᠳ ᠰᠠᠮ ᠪᠠᠷᠢᠬᠤ ᠪᠠᠷ ᠢ᠋ᠶ᠋ᠠᠨ ᠢᠮᠠᠭ᠎ᠠ ᠵᠢᠭᠰᠢᠭᠡᠳ ᠭᠡᠵᠦ ᠬᠡᠯᠡᠪᠡ᠃ ᠪᠢ ᠡᠨᠡ ᠦᠭᠡᠨ ᠡᠴᠡ ᠠᠶᠤᠬᠤ ᠰᠢᠭ᠋ ᠪᠣᠯᠵᠤ ᠲᠡᠩᠰᠡᠮ᠎ᠡ ᠡᠭᠡᠴᠢ ᠶᠠᠭᠠᠬᠢᠭᠰᠠᠨ ᠵᠢᠷᠦᠬᠡ ᠲᠡᠢ ᠶᠦᠮ ᠪᠣᠢ᠂ ᠨᠠᠮ᠎ᠠ ᠶ᠋ᠢ ᠮᠠᠭᠤᠯᠠᠭᠰᠠᠨ ᠭᠡᠳ ᠪᠠᠭ ᠤ᠋ᠨ ᠳᠠᠷᠤᠭ᠎ᠠ ᠳ᠋ᠤ᠌ ᠬᠡᠯᠡᠪᠡᠯ ᠶᠠᠭᠠᠬᠢᠨ᠎ᠠ ᠭᠡᠵᠦ ᠪᠣᠳᠣᠭᠠᠳ ᠲᠡᠩᠰᠡᠮ᠎ᠡ ᠶ᠋ᠢᠨ ᠲᠥᠯᠥᠭᠡᠨ ᠡᠴᠡ ᠰᠠᠨᠠᠭ᠎ᠠ ᠵᠣᠪᠠᠪᠠ᠃ ᠲᠡᠭᠡᠬᠦ ᠳ᠋ᠦ᠍ ᡀᠦᠨᠳᠦᠪ ᠭᠤᠸᠠᠢ ᠲᠣᠭᠣᠭᠰᠠᠨ ᠶᠠᠩᠵᠤ ᠦᠭᠡᠢ᠄ 
       — ᠶᠠᠭᠤ ᠭᠡᠨ᠎ᠡ ᠬᠦ ! ᠭᠡᠳ ᠮᠠᠭᠠᠰᠠᠢᠨ ③ ᠨᠢᠭᠡ ᠢᠨᠢᠶᠡᠬᠦ ᠳ᠋ᠦ᠍ ᠶᠠᠭᠠᠬᠢᠭᠰᠠᠨ ᠠᠭᠠᠯᠢ ᠦᠭᠡᠢ ᠶᠦᠮ ᠪᠣᠢ! ᠭᠡᠬᠦ ᠪᠣᠳᠣᠯ ᠭᠡᠨᠡᠳᠲᠡ ᠲᠥᠷᠥᠵᠦ ᠠᠭᠤᠷ ᠬᠦᠷᠪᠡ᠃ ᠲᠡᠩᠰᠡᠮ᠎ᠡ ᠡᠭᠡᠴᠢ ᠰᠡᠭᠦᠯ ᠳ᠋ᠦ᠍ ᠨᠠᠳᠠ ᠬᠠᠮᠲᠤ ᠬᠠᠷᠢᠵᠤ ᠶᠠᠪᠤᠬᠤ ᠳ᠋ᠠᠭᠠᠨ ᠡᠨᠡ ᠰᠠᠷᠮᠠᠢ ᠥᠲᠡᠯᠵᠦ ᠦᠬᠦᠬᠦ ᠭᠡᠵᠦ ᠪᠠᠢᠵᠤ ᠶᠣᠰᠣᠲᠠᠢ ᠪᠠᠯᠠᠢ ᠬᠥᠮᠦᠨ ᠰᠢᠦ ᠭᠡᠵᠦ ᠠᠮᠠᠨ ᠳ᠋ᠠᠭᠠᠨ ᠥᠭᠡᠯᠡᠬᠦ ᠳ᠋ᠦ᠍ ᠲᠡᠩᠰᠡᠮ᠎ᠡ ᠶ᠋ᠢ ᠬᠠᠷᠠᠮᠨᠠᠬᠤ ᠰᠡᠳᠬᠢᠯ ᠲᠥᠷᠥᠵᠦ ᠪᠢᠯᠡ᠃ ᠲᠡᠷᠡ ᠡᠳᠦᠷ ᠪᠢ ᠶᠠᠭᠤᠨ ᠬᠣᠷᠣᠰᠤᠭᠰᠠᠨ ᠶᠤᠮ ᠪᠢᠯᠡ᠂《 ᠦᠬᠦᠭᠰᠡᠨ ᠰᠠᠷᠮᠠᠢ᠂ ᠢᠯᠭᠢᠨ ᠰᠠᠷᠮᠠᠢ᠂ ᠲᠠᠷᠠᠭ ᠤ᠋ᠨ ᠬᠣᠶᠠᠷ ᠦᠨᠢᠶ᠎ᠡ ᠲᠡᠢ᠂ ᠲᠠᠷᠪᠠᠭᠠᠨ ᠤ᠋ ᠭᠠᠭᠴᠠᠬᠠᠨ ᠮᠣᠷᠢ ᠲᠠᠢ᠂ ᠠ᠋ ᠬᠡᠩᠬᠡᠭ! ᠬᠡᠩᠬᠡᠭ》 ᠭᠡᠮᠡᠨ ᠬᠤᠷᠠᠭ᠎ᠠ ᠬᠠᠷᠢᠭᠤᠯᠵᠤ ᠳ᠋ᠠᠭᠠᠨ ᠬᠠᠰᠬᠢᠷᠴᠤ ᠶᠠᠪᠤᠵᠠᠢ᠃ ᠲᠡᠩᠰᠡᠮ᠎ᠡ ᠳ᠋ᠦ᠍ ᠰᠠᠨᠠᠭᠠᠷᠬᠠᠨ ᠦᠭᠡ ᠬᠠᠶᠠᠭᠠᠳ ᠦᠵᠡᠭᠰᠡᠨ ᠨᠢ ᠪᠣᠯᠤᠭᠠᠳ ᠪᠢ ᠲᠡᠢᠨ ᠬᠦ᠌ ᠬᠣᠷᠣᠰᠤᠭᠰᠠᠨ ᠪᠠᠢᠵᠠᠢ᠂ ᠡᠷ᠎ᠡ ᠬᠥᠮᠦᠨ ᠦ᠌ ᠰᠠᠨᠠᠭᠠᠨ ᠳ᠋ᠤ᠌ ᠡᠭᠡᠮᠡᠯ ᠬᠠᠵᠠᠭᠠᠷ ᠲᠠᠢ ᠮᠣᠷᠢ ᠪᠠᠭᠲᠠᠨ᠎ᠠ ᠭᠡᠭᠴᠢ ᠪᠡᠷ ᠵᠠᠯᠠᠭᠤ ᠥᠬᠢᠨ ᠳ᠋ᠦ᠍ ᠦᠭᠡ ᠬᠠᠶᠠᠬᠤ ᠨᠢ ᠲᠡᠭᠦᠨ ᠳ᠋ᠦ᠍ ᠬᠡᠴᠢᠨᠡᠭᠡᠨ ᠵᠤᠭ᠎ᠠ ᠲᠠᠢ ᠪᠠᠢᠳᠠᠭ ᠢ᠋ ᠨᠢ ᠪᠢᠴᠢᠬᠠᠨ ᠬᠦᠦ ᠪᠢ ᠶᠠᠭᠠᠬᠢᠨ ᠮᠡᠳᠡᠬᠦ ᠪᠢᠯᠡ᠃  
       ᠮᠠᠷᠭᠠᠰᠢ ᠨᠢ ᠮᠠᠨ ᠤ᠋ ᠬᠣᠲᠠ ᠳ᠋ᠤ᠌ ᠪᠠᠭ ᠤ᠋ᠨ ᠬᠤᠷᠠᠯ ᠪᠣᠯᠪᠠ᠃ ᠬᠥᠮᠦᠰ ᠶᠡᠬᠡ ᠴᠤᠭᠯᠠᠭᠰᠠᠨ ᠲᠤᠯᠠ ᠠᠢᠯ ᠤ᠋ᠳ ᠭᠠᠳᠠᠨ᠎ᠠ ᠪᠠᠨ ᠭᠠᠯ ᠲᠦᠯᠡᠵᠦ ᠴᠠᠢ ᠴᠢᠨᠠᠨ᠎ᠠ᠃ ᠳ᠋ᠠᠭᠳᠠᠨ ᠭᠤᠸᠠᠢ( ᠲᠡᠩᠰᠡᠮ᠎ᠡ ᠶ᠋ᠢᠨ ᠠᠪᠤ) ᠶ᠋ᠢᠨ ᠬᠢ ᠣᠷᠣᠭᠰᠠᠨ ᠤᠯᠤᠰ ᠲᠤ ᠠᠢᠷᠠᠭ ᠰᠥᠩᠨᠡᠨ᠎ᠡ᠂ ᠪᠠᠭ ᠬᠤᠷᠠᠯᠳᠤᠭᠤᠯᠬᠤ ᠭᠡᠵᠦ ᠰᠤᠮᠤᠨ ᠠ᠋ᠴᠠ ᠶᠠᠮᠠᠷ ᠳᠠᠷᠤᠭ᠎ᠠ ᠨᠢ ᠢᠷᠡᠬᠦ ᠪᠣᠯ᠂ ᠵᠡᠭᠦᠳᠡᠭ ᠴᠦᠩᠬᠦ( ᠪᠣᠭᠴᠣ)᠂ ᠡᠩᠭᠡᠷ ᠦ᠋ᠨ ᠦᠵᠦᠭ ᠲᠠᠢ ᠯᠠ ᠬᠥᠮᠦᠨ ᠪᠠᠢᠨ᠎ᠠ ᠪᠠᠢᠬ᠎ᠠ ᠭᠡᠵᠦ ᠶᠡᠬᠡᠳᠡ ᠰᠣᠨᠢᠷᠬᠠᠵᠤ ᠪᠠᠢᠭᠰᠠᠨ ᠬᠢᠭᠡᠳ ᠦᠬᠡᠷ ᠦ᠋ᠨ ᠬᠣᠰᠢᠭᠤ ᠡᠷᠭᠢᠭᠦᠯᠦᠭᠡᠳ ᠢᠷᠡᠲᠡᠯ᠎ᠡ ᠮᠠᠨ ᠤ᠋ ᠬᠣᠲᠠ ᠶ᠋ᠢᠨ ᠬᠡᠦᠬᠡᠳ ᠦ᠋ᠳ᠄ 
       — ᠰᠤᠮᠤ ᠶ᠋ᠢᠨ ᠲᠥᠯᠥᠭᠡᠯᠡᠭᠴᠢ ᠢᠷᠡᠭᠰᠡᠨ᠂ ᠳ᠋ᠠᠭᠳᠠᠨ ᠭᠤᠸᠠᠢ ᠶ᠋ᠢᠨ ᠢᠯᠡᠭᠦᠦ ᠭᠡᠷ ᠲᠤ ᠤᠨᠲᠠᠵᠤ ᠪᠠᠢᠭ᠎ᠠ ᠭᠡᠵᠦ ᠬᠡᠯᠡᠪᠡ᠃ ᠪᠢ ᠣᠴᠢᠭᠠᠳ ᠬᠠᠲᠠᠪᠴᠢ ᠪᠠᠷ ᠰᠡᠮᠡᠷᠬᠡᠨ ᠱᠠᠭᠠᠢᠪᠠᠯ ᠰᠢᠷ᠎ᠠ ᠲᠣᠷᠭᠠᠨ ᠥᠮᠥᠳᠥ᠂ ᠰᠡᠪᠬᠢᠨ ᠭᠤᠲᠤᠯ ᠲᠠᠢ ᠳᠡᠭᠵᠢᠨ ᠡᠷ᠎ᠡ ᠭᠢᠯᠠᠭᠠᠷ ᠬᠦᠷᠡᠩ ᠴᠦᠩᠬᠦ ᠳᠡᠷᠡᠯᠡᠭᠡᠳ ᠮᠥᠳᠳᠥ ᠰᠡᠷᠡᠬᠦ ᠶᠠᠩᠵᠤ ᠦᠭᠡᠢ ᠨᠣᠢᠷᠰᠤᠵᠤ ᠪᠠᠢᠨ᠎ᠠ᠃ ᠠᠷᠠᠳ ᠤ᠋ᠳ ᠪᠠᠷᠤᠭ ᠪᠦᠭᠦᠳᠡ ᠴᠤᠭᠯᠠᠷᠠᠵᠤ ᠭᠦᠢᠴᠡᠭᠰᠡᠨ ᠪᠣᠯᠤᠯᠲᠠᠢ᠂ ᠶᠡᠷᠦ ᠨᠢ ᠴᠦ᠍ ᠤᠷᠢᠳᠤ ᠤᠷᠢᠳᠤ ᠠ᠋ᠴᠠ ᠪᠠᠨ ᠣᠯᠠᠨ ᠬᠥᠮᠦᠨ ᠢᠷᠡᠭᠰᠡᠨ ᠪᠠᠢᠯ᠎ᠠ᠃ ᠦᠳᠡ ᠬᠡᠪᠡᠢᠵᠦ ᠠᠭᠤᠯᠠ ᠶ᠋ᠢᠨ ᠰᠡᠭᠦᠳᠡᠷ ᠲᠣᠩᠭᠣᠢᠭᠰᠠᠨ ᠭᠡᠪᠡᠴᠦ ᠬᠤᠷᠠᠯ ᠡᠬᠢᠯᠡᠭᠡ ᠦᠭᠡᠢ ᠯᠡ ᠪᠠᠢᠯ᠎ᠠ᠃ ᠬᠥᠮᠦᠰ ᠴᠠᠭ ᠨᠥᠭᠴᠢᠭᠡᠵᠦ ᠶᠠᠳᠠᠨ ᠪᠤᠰᠢᠭᠤᠬᠠᠨ ᠬᠤᠷᠠᠯᠳᠤᠭᠠᠳ ᠡᠷᠲᠡᠬᠡᠨ ᠲᠠᠷᠬᠠᠬᠤ ᠶᠤᠮᠰᠠᠨ ᠭᠡᠵᠦ ᠰᠢᠪᠢᠷ ᠠᠪᠢᠷ ᠭᠢᠯᠳᠦᠨ᠎ᠡ᠃ 
       — ᠰᠤᠮᠤ ᠠ᠋ᠴᠠ ᠬᠡᠨ ᠢᠷᠡᠭᠡ ᠪᠣᠢ? 
       — ᠰᠤᠮᠤ ᠶ᠋ᠢᠨ ᠨᠠᠷᠢᠨ ᠪᠢᠴᠢᠭ᠂ ᠨᠥᠭᠦᠭᠡ ᠤᠰᠤᠲᠤ ᠶ᠋ᠢᠨ ᠡᠬᠢ ᠶ᠋ᠢᠨ ᠬᠣᠮᠣᠣᠯ ᠲᠦᠳᠦᠪ ᠦ᠋ᠨ ᠬᠦᠦ ᠨᠣᠭᠣᠭᠠᠨ ᠷᠠᠳᠨ᠎ᠠ᠃ 
       — ᠦᠭᠡᠢ ᠶᠡᠷᠦ᠂ ᠢᠩᠭᠢᠭᠰᠡᠭᠡᠷ ᠰᠥᠨᠢ ᠪᠣᠯᠭᠠᠬᠤ ᠨᠢ! ᠭᠡᠬᠦᠴᠢᠯᠡᠨ ᠭᠡᠷ ᠦ᠋ᠨ ᠰᠡᠭᠦᠳᠡᠷ ᠲᠤ ᠰᠠᠭᠤᠭ᠎ᠠ ᠬᠡᠳᠦᠨ ᠬᠥᠮᠦᠨ ᠬᠦᠦᠷᠨᠢᠯᠳᠦᠨ᠎ᠡ᠃ ᠭᠡᠲᠡᠯ᠎ᠡ ᠪᠠᠭ ᠤ᠋ᠨ ᠳᠠᠷᠤᠭ᠎ᠠ ᠶᠠᠷᠢᠵᠤ ᠬᠡᠯᠡᠯᠴᠡᠬᠦ ᠶᠠᠭᠤᠮ᠎ᠠ ᠪᠠᠨ ᠡᠷᠲᠡᠬᠡᠨ ᠡᠬᠢᠯᠡᠶ᠎ᠡ᠂ ᠲᠥᠯᠥᠭᠡᠯᠡᠭᠴᠢ ᠶ᠋ᠢᠨ ᠰᠡᠷᠡᠬᠦ ᠶ᠋ᠢ ᠠᠯᠢ ᠶ᠋ᠢ ᠨᠢ ᠪᠣᠯᠭᠠᠨ ᠬᠦᠯᠢᠶᠡᠬᠦ ᠪᠣᠢ ᠭᠡᠰᠡᠨ ᠪᠣᠯᠤᠯᠲᠠᠢ᠂ 
       — ᠬᠤᠷᠠᠯ ᠤ᠋ᠨ ᠬᠢᠨ ᠨᠠᠭᠠᠰᠢ ᠪᠠᠨ ᠪᠣᠯᠤᠭᠠᠷᠠᠢ ᠭᠡᠵᠦ ᠮᠠᠨ ᠤ᠋ ᠭᠡᠷ ᠦ᠋ᠨ ᠤᠷᠲᠤ ᠲᠠᠯ᠎ᠠ ᠶ᠋ᠢᠨ ᠵᠦᠯᠭᠡᠨ ᠳᠡᠭᠡᠷ᠎ᠡ ᠣᠴᠢᠭᠠᠳ ᠬᠠᠰᠬᠢᠷᠤᠨ᠎ᠠ᠃ ᠬᠥᠮᠦᠰ ᠳᠤᠤᠷᠠᠬᠠᠨ᠎ᠡ ᠢᠷᠡᠵᠦ ᠱᠠᠭᠠᠢ ᠰᠢᠭ᠋ ᠪᠥᠭᠡᠮᠨᠡᠷᠡᠪᠡ᠃ ᠪᠠᠭ ᠤ᠋ᠨ ᠳᠠᠷᠤᠭ᠎ᠠ ᠳ᠋ᠠᠭᠳᠠᠨ ᠭᠤᠸᠠᠢ ᠶ᠋ᠢᠨ ᠢᠯᠡᠭᠦᠦ ᠭᠡᠷ ᠤᠷᠤᠭᠤ ᠭᠢᠯᠠᠯᠵᠠᠨ ᠬᠠᠷᠠᠨ᠎ᠠ᠂ ᠲᠡᠷᠡ ᠪᠡᠷ ᠬᠡᠨ ᠨᠢᠭᠡ ᠬᠥᠮᠦᠨ ᠢ᠋ ᠦᠭᠡᠢᠯᠡᠵᠦ ᠪᠠᠢᠭ᠎ᠠ ᠪᠣᠯᠤᠯᠲᠠᠢ᠂ ᠭᠡᠪᠡᠴᠦ ᠮᠠᠯᠠᠭᠠᠢ ᠪᠠᠨ ᠠᠪᠴᠤ ᠭᠠᠵᠠᠷ ᠲᠠᠯᠪᠢᠭᠰᠠᠨ ᠢ᠋ᠶ᠋ᠠᠨ᠄ 
        — ᠨᠥᠬᠥᠳ ᠠ᠋᠂ ᠥᠨᠥᠳᠥᠷ ᠪᠢᠳᠡ ᠪᠠᠭ ᠤ᠋ᠨ ᠬᠤᠷᠠᠯ ᠢ᠋ᠶ᠋ᠠᠷ ᠹᠷᠳᠲ ᠲᠤ ᠶᠠᠪᠤᠭᠤᠯᠬᠤ ᠪᠡᠯᠡᠭ ᠦ᠋ᠨ ᠲᠤᠬᠠᠢ ᠨᠢᠭᠡᠨ ᠲᠣᠮᠣ ᠠᠵᠢᠯ ᠶᠠᠷᠢᠯᠴᠠᠬᠤ ᠪᠠᠢᠭ᠎ᠠ᠂ ᠤᠯᠠᠭᠠᠨ ᠠᠷᠮᠠᠢ ᠶ᠋ᠢᠨ ᠢᠯᠠᠯᠲᠠ ᠶ᠋ᠢ ᠲᠦᠷᠭᠡᠳᠬᠦ᠂ ᠤᠯᠠᠢᠷᠠᠭᠰᠠᠨ ᠶᠠᠷᠭᠠᠴᠢᠳ ᠢ᠋ ᠰᠥᠨᠥᠭᠡᠬᠦ ᠶ᠋ᠢᠨ ᠲᠤᠯᠠᠳᠠ ᠡᠳ᠋ ᠠᠭᠤᠷᠠᠰᠤ ᠪᠣᠯᠤᠨ ᠠᠭᠲᠠ ᠮᠣᠷᠢᠳ ᠢ᠋ᠶ᠋ᠠᠨ ᠲᠤᠰᠠᠯᠠᠬᠤ ᠶᠡᠬᠡ ᠠᠵᠢᠯ ᠮᠠᠨ ᠤ᠋ ᠣᠷᠣᠨ ᠳᠠᠶᠠᠭᠠᠷ ᠥᠷᠨᠢᠵᠦ ᠪᠠᠢᠨ᠎ᠠ ᠭᠡᠳ ᠬᠥᠮᠦᠰ ᠢ᠋ ᠲᠣᠭᠣᠷᠢᠭᠤᠯᠤᠨ ᠬᠠᠷᠠᠭᠰᠠᠨ ᠢ᠋ᠶ᠋ᠠᠨ ᠤᠷᠢᠳ ᠢ᠋ᠶ᠋ᠠᠷ ᠡᠳᠡᠨ ᠳ᠋ᠦ᠍ ᠰᠤᠮᠤ ᠶ᠋ᠢᠨ ᠲᠥᠯᠥᠭᠡᠯᠡᠭᠴᠢ ᠶ᠋ᠢᠨ ᠲᠠᠨᠢᠭᠤᠯᠭ᠎ᠠ ④ ᠶ᠋ᠢ ᠳᠣᠭᠣᠯᠭᠠᠬᠤ ᠶᠤᠮᠰᠠᠨ ᠭᠡᠵᠦ ᠪᠣᠳᠣᠭᠰᠠᠨ ᠶᠠᠩᠵᠤ ᠲᠠᠢ ᠨᠥᠭᠦᠭᠡ ᠢᠯᠡᠭᠦᠦ ᠭᠡᠷ ᠤᠷᠤᠭᠤ ᠬᠠᠷᠠᠭ᠎ᠠ ᠴᠢᠭᠯᠡᠭᠦᠯᠪᠡ᠃ ᠭᠡᠪᠡᠴᠦ ᠬᠡᠨ ᠨᠢᠭᠡ ᠬᠥᠮᠦᠨ ᠳ᠋ᠦ᠍ ᠬᠠᠨᠳᠤᠨ ᠣᠴᠢᠭᠠᠳ ᠢᠷ᠎ᠡ ᠭᠡᠵᠦ ᠬᠡᠯᠡᠭᠰᠡᠨ ᠦᠭᠡᠢ᠂ ᠭᠡᠲᠡᠯ᠎ᠡ ᠪᠢ ᠪᠠᠭ ᠤ᠋ᠨ ᠳᠠᠷᠤᠭ᠎ᠠ ᠶ᠋ᠢᠨ ᠲᠥᠯᠥᠭᠡᠨ᠎ᠡ ᠰᠠᠨᠠᠭ᠎ᠠ ᠵᠣᠪᠠᠭᠰᠠᠨ ᠴᠤ᠌ ᠭᠡᠬᠦ ᠳ᠋ᠦ᠍ ᠬᠠᠮᠢᠭᠠᠰᠢ ᠶᠤᠮ ᠪᠣᠢ᠂ ᠶᠠᠭᠤ ᠴᠦ᠍ ᠭᠡᠰᠡᠨ ᠳ᠋ᠠᠭᠳᠠᠨ ᠭᠤᠸᠠᠢ ᠶ᠋ᠢᠨ ᠢᠯᠡᠭᠦᠦ ᠭᠡᠷ ᠤᠷᠤᠭᠤ ᠭᠦᠶᠦᠭᠰᠡᠨ ᠢ᠋ᠶ᠋ᠡᠨ ᠥᠪᠡᠷ ᠢ᠋ᠶ᠋ᠡᠨ ᠮᠡᠳᠡᠭᠰᠡᠨ ᠦᠭᠡᠢ᠃ ᠡᠰᠡᠪᠡᠯ ᠪᠢ ᠲᠡᠷᠡ ᠭᠡᠷ ᠡᠴᠡ ᠲᠡᠩᠰᠡᠮ᠎ᠡ ᠡᠭᠡᠴᠢ ᠶ᠋ᠢ ᠢᠷᠡᠬᠦ ᠪᠡᠷ ᠨᠢ ᠭᠦᠶᠦᠴᠢᠬᠡᠭᠰᠡᠨ ᠴᠦ᠍ ᠶᠦᠮ ᠤᠤ ᠪᠤᠤ ᠮᠡᠳᠡ ᠠ᠋᠂ ᠪᠢ ᠲᠡᠩᠰᠡᠮ᠎ᠡ ᠡᠭᠡᠴᠢ ᠡᠴᠡ ᠡᠮᠢᠶᠡᠳᠡᠭ ᠬᠢᠷᠢᠨ᠎ᠡ ᠲᠣᠮᠣ ᠡᠷ᠎ᠡ ᠪᠣᠯᠵᠤ ᠬᠠᠷᠠᠭᠳᠠᠬᠤ ᠶ᠋ᠢ ᠪᠠᠰᠠ ᠬᠦ᠌ ᠬᠦᠰᠡᠳᠡᠭ ᠪᠠᠢᠭᠰᠠᠨ ᠶᠤᠮ᠃ ᠡᠢᠨ ᠬᠦ᠌ ᠭᠦᠶᠦᠭᠰᠡᠨ ᠳ᠋ᠡᠭᠡᠨ ᠵᠣᠪᠠᠬᠤ ᠰᠢᠭ᠋ ᠪᠣᠯᠪᠠ᠃ ᠭᠡᠬᠦ ᠳ᠋ᠡᠭᠡᠨ ᠡᠷᠭᠢᠯ ᠲᠡᠢ ᠨᠢ ᠪᠢᠰᠢ᠂ ᠭᠡᠷ ᠦ᠋ᠨ ᠰᠡᠭᠦᠳᠡᠷ ᠲᠤ ᠰᠠᠭᠤᠭ᠎ᠠ ᠲᠡᠩᠰᠡᠮ᠎ᠡ ᠡᠭᠡᠴᠢ ᠳᠡᠭᠡᠷ᠎ᠡ ᠣᠴᠢᠭᠠᠳ᠄ 
        — ᠰᠤᠮᠤ ᠶ᠋ᠢᠨ ᠲᠥᠯᠥᠭᠡᠯᠡᠭᠴᠢ ᠰᠡᠷᠡᠭᠰᠡᠨ ᠤᠤ? ᠭᠡᠵᠦ ᠠᠵᠢᠯ ᠢ᠋ᠶ᠋ᠠᠷ ᠶᠠᠪᠤᠭ᠎ᠠ ᠬᠥᠮᠦᠨ ᠦ᠌ ᠳᠦᠷᠢ ᠭᠠᠷᠭᠠᠨ ᠰᠠᠭᠤᠵᠤ ᠣᠷᠬᠢᠪᠠ᠃  
        — ᠰᠡᠷᠡᠭᠰᠡᠨ᠂ ᠰᠡᠷᠡᠭᠰᠡᠨ! ᠰᠠᠶᠢ ᠳᠠᠭᠤᠳᠠᠬᠤ ᠪᠠᠷ ᠨᠢ ᠬᠤᠯᠤᠨ ᠳ᠋ᠤ᠌ ᠠᠢᠷᠠᠭ ᠬᠢᠭᠡᠳ ᠣᠷᠣᠭᠤᠯᠵᠤ ᠥᠭᠭᠦᠯ᠎ᠡ᠂ ᠵᠠᠩᠴᠠᠨ ᠴᠢ ᠨᠠᠭᠠᠰᠢ ᠪᠠᠨ ᠰᠠᠭᠤ ᠭᠡᠳ ᠮᠢᠨᠦ ᠭᠠᠷ ᠠ᠋ᠴᠠ ᠲᠠᠲᠠᠪᠠ᠃ ᠪᠢ ᠨᠡᠷᠡᠯᠬᠡᠵᠦ᠄ 
       — ᠨᠠᠮ᠎ᠠ ᠶ᠋ᠢ ᠬᠠᠷᠠᠭᠠᠳ ᠢᠷ᠎ᠡ ᠭᠡᠰᠡᠨ᠂ ᠪᠢ ᠬᠠᠲᠠᠪᠴᠢ ᠪᠠᠷ ᠨᠢ ᠱᠠᠭᠠᠢᠶ᠎ᠠ ᠭᠡᠳ ᠲᠡᠭᠦᠨ ᠦ᠌ ᠭᠠᠷ ᠢ᠋ ᠲᠠᠯᠪᠢᠭᠤᠯᠪᠠ᠃ ᠰᠤᠮᠤ ᠶ᠋ᠢᠨ ᠲᠥᠯᠥᠭᠡᠯᠡᠭᠴᠢ —① ᠣᠢᠯᠠᠭᠤᠯᠲᠠ ᠮᠡᠳᠡᠭᠡᠯᠡᠬᠦ ᠶᠠᠷᠢᠶ᠎ᠠ ᠲᠠᠨᠢᠯᠴᠠᠭᠤᠯᠭ᠎ᠠ     ᠦᠰᠦᠭ ᠠᠮᠢᠯᠠᠭᠤᠯᠤᠭᠰᠠᠨ ᠨᠢ᠄ ᠪᠣᠷᠵᠢᠭᠢᠨ ᠪᠠᠭᠠᠲᠤᠷ

ᠬᠤᠯᠤ ᠲᠠᠢ ᠠᠢᠷᠠᠭ ᠠ᠋ᠴᠠ ᠭᠦᠳ ᠭᠦᠳ ᠬᠢᠯᠭᠡᠨ ᠬᠡᠳᠦ ᠪᠠᠯᠭᠤᠭᠰᠠᠨ ᠢ᠋ᠶ᠋ᠠᠨ ᠬᠣᠣᠷᠲᠠᠢ ᠬᠠᠷᠠᠨᠳᠠ ᠪᠠᠷ ᠶᠠᠭᠤᠮ᠎ᠠ ᠪᠢᠴᠢᠵᠦ ᠬᠠᠷᠠᠭᠳᠠᠪᠠ᠃ ᠬᠡᠯᠡᠬᠦ ᠦᠭᠡ ᠪᠡᠨ ᠪᠢᠴᠢᠵᠦ ᠰᠠᠭᠤᠭ᠎ᠠ ᠶᠤᠮ ᠪᠣᠯᠪᠠ ᠤᠤ? ᠪᠠᠭ ᠤ᠋ᠨ ᠬᠤᠷᠠᠯ ᠳᠡᠭᠡᠷ᠎ᠡ ᠣᠴᠢᠭᠠᠳ ᠶᠠᠭ ᠯᠠ ᠲᠡᠷᠡ ᠳᠡᠪᠲᠡᠷ ᠢ᠋ᠶ᠋ᠡᠨ ᠬᠠᠷᠠᠵᠤ ᠬᠠᠭᠤᠳᠠᠰᠤ ᠶ᠋ᠢ ᠡᠷᠭᠢᠭᠦᠯᠦᠨ ᠥᠨᠳᠥᠷ ᠳᠠᠭᠤ ᠪᠠᠷ ᠬᠡᠳᠦᠨ ᠴᠥᠭᠡᠨ ᠶᠠᠭᠤᠮ᠎ᠠ ᠶᠠᠷᠢᠪᠠ᠃ ᠰᠤᠮᠤ ᠶ᠋ᠢᠨ ᠲᠥᠯᠥᠭᠡᠯᠡᠭᠴᠢ ᠶ᠋ᠢᠨ ᠬᠡᠯᠡᠭᠰᠡᠨ ᠶᠡᠬᠡ ᠪᠣᠭᠣᠨᠢ ᠶᠡᠷᠦᠩᠬᠡᠢ ᠪᠠᠢᠭᠰᠠᠨ ᠪᠣᠯᠤᠭᠠᠳ ᠴᠦ᠍ ᠲᠡᠷᠡ ᠤᠤ? ᠳᠠᠷᠠᠭ᠎ᠠ ᠨᠢ ᠪᠣᠰᠴᠤ ᠶᠠᠷᠢᠬᠤ ᠬᠥᠮᠦᠨ ᠣᠯᠳᠠᠬᠤ ᠦᠭᠡᠢ ᠪᠡᠶ᠎ᠡ ᠪᠡᠶ᠎ᠡ ᠶ᠋ᠢᠨ ᠢ᠋ᠶ᠋ᠡᠨ ᠠᠮᠠ ᠶ᠋ᠢ ᠬᠠᠷᠠᠨ ᠬᠥᠭᠵᠢᠶᠡᠨ ᠠᠨᠢᠷ ᠦᠭᠡᠢ ᠪᠣᠯᠪᠠ᠃ 
       — ᠪᠡᠯᠡᠭᠯᠡᠬᠦ ᠵᠦᠢᠯ ᠢ᠋ᠶ᠋ᠡᠨ ᠣᠳᠣ ᠬᠥᠮᠦᠨ ᠪᠦᠷᠢ ᠢᠩᠭᠢᠭᠡᠳ ᠪᠢᠴᠢᠭᠦᠯᠦᠨ᠎ᠡ ᠰᠢᠦ ᠭᠡᠵᠦ ᠪᠠᠭ ᠤ᠋ᠨ ᠳᠠᠷᠤᠭ᠎ᠠ ᠬᠡᠯᠡᠪᠡ᠃   
       — ᠬᠥᠷᠥᠩᠭᠡ ᠴᠢᠨᠡᠭᠡ( ᠬᠢᠷᠢ ᠴᠢᠳᠠᠯ) ᠬᠠᠷᠠᠬᠤ ᠶᠤᠮ ᠤᠤ? ᠭᠡᠵᠦ ᠨᠢᠭᠡ ᠨᠢ ᠠᠰᠠᠭᠤᠪᠠ᠃  
       — ᠡᠨᠡ ᠳᠡᠭᠡᠷ᠎ᠡ ᠬᠥᠷᠥᠩᠭᠡ ᠴᠢᠨᠡᠭᠡᠨ ᠦ᠌ ᠪᠠᠢᠳᠠᠯ ᠡᠷᠬᠡᠪᠰᠢ ᠬᠠᠷᠠᠭᠠᠯᠵᠠᠨ᠎ᠠ᠃ ᠲᠡᠭᠡᠬᠦ ᠳ᠋ᠡᠭᠡᠨ ᠶᠠᠭᠤ ᠪᠠᠨ ᠪᠡᠯᠡᠭᠯᠡᠬᠦ ᠨᠢ ᠮᠠᠯᠴᠢᠨ ᠠᠷᠠᠳ ᠤ᠋ᠨ ᠥᠪᠡᠷ ᠦ᠋ᠨ ᠰᠠᠢᠨ ᠳᠤᠷ᠎ᠠ ᠶ᠋ᠢᠨ ᠬᠡᠷᠡᠭ! ᠭᠡᠵᠦ ᠬᠠᠷᠢᠭᠤᠯᠪᠠ᠃ 
       — ᠶᠠᠳᠠᠭᠤ ᠨᠢ ᠪᠠᠶᠠᠨ ᠠ᠋ᠴᠠ ᠪᠠᠨ ᠶᠡᠬᠡ ᠶ᠋ᠢ ᠪᠡᠯᠡᠭᠯᠡᠵᠦ ᠪᠣᠯᠬᠤ ᠤᠤ? ᠭᠡᠰᠡᠨ ᠠᠰᠠᠭᠤᠯᠲᠠ ᠭᠠᠷᠪᠠ᠃ ᠰᠤᠮᠤ ᠶ᠋ᠢᠨ ᠲᠥᠯᠥᠭᠡᠯᠡᠭᠴᠢ ᠮᠠᠭᠤᠬᠠᠢ ᠬᠠᠷᠠᠭᠰᠠᠨ ᠢ᠋ᠶ᠋ᠠᠨ᠄  
       — ᠡᠭᠦᠨ ᠢ᠋ ᠶᠠᠮᠠᠷ ᠤᠬᠠᠮᠰᠠᠷ ᠦᠭᠡᠢ ᠡᠲᠡᠭᠡᠳ ᠨᠢ ᠠᠰᠠᠭᠤᠵᠤ ᠪᠠᠢᠨ᠎ᠠ᠂ ᠰᠠᠢᠨ ᠳᠤᠷ᠎ᠠ ᠶ᠋ᠢᠨ ᠬᠡᠷᠡᠭ ᠭᠡᠭᠰᠡᠭᠡᠷ ᠪᠠᠢᠲᠠᠯ᠎ᠠ᠃ ᠪᠢᠲᠡᠭᠡᠢ ᠬᠤᠷᠠᠯ ᠤᠶᠠᠭᠠᠳ ᠪᠠᠢ! ᠥᠭᠭᠦ ᠵᠦᠢᠯ ᠢ᠋ᠶ᠋ᠡᠨ ᠪᠢᠴᠢᠭᠦᠯ ᠭᠡᠵᠦ ᠵᠠᠩᠳᠤᠷᠪᠠ᠃ ᠭᠡᠲᠡᠯ᠎ᠡ ᠬᠡᠨ ᠨᠢᠭᠡ ᠨᠢ᠄  
       — ᠤᠴᠢᠷ ᠲᠠᠨᠢᠭᠤᠯᠭ᠎ᠠ ᠪᠠᠨ ᠣᠯᠢᠭᠲᠠᠢᠬᠠᠨ ᠬᠢᠴᠢᠬᠡᠳᠡᠭ ᠪᠣᠯᠤᠭᠠᠰᠠᠢ᠂ ᠬᠠᠷᠢᠨ ᠬᠡᠨ ᠨᠢ ᠬᠡᠨ ᠢ᠋ ᠪᠡᠨ ᠵᠢᠮᠡᠯᠡᠬᠦ ᠪᠣᠯᠵᠤ ᠪᠠᠢᠨ᠎ᠠ ᠪᠣᠢ᠂ ᠪᠢᠳᠡ ᠹᠷᠣᠨᠲ ᠲᠤ ᠲᠤᠰᠠᠯᠠᠬᠤ ᠠᠭᠲᠠ ᠪᠠᠨ ᠬᠥᠲᠥᠯᠦᠭᠡᠳ ᠢᠷᠡᠭᠰᠡᠨ ᠤᠯᠤᠰ ᠰᠢᠦ ᠭᠡᠵᠦ ᠰᠠᠭᠤᠳᠠᠯ ᠠ᠋ᠴᠠ ᠪᠠᠨ ᠬᠠᠰᠬᠢᠷᠪᠠᠰᠤ ᠲᠥᠯᠥᠭᠡᠯᠡᠭᠴᠢ ᠶ᠋ᠢᠨ ᠨᠢᠳᠦ ᠣᠷᠣᠢ ᠳᠡᠭᠡᠷ᠎ᠡ ᠪᠡᠨ ᠭᠠᠷᠴᠤ᠄
       — ᠶᠠᠷᠢᠭᠠᠳ ᠪᠠᠢᠬᠤ ᠳ᠋ᠤ᠌ ᠣᠢᠯᠠᠭᠠᠳᠠᠭ ᠦᠭᠡᠢ ᠶᠠᠭᠠᠬᠢᠭᠰᠠᠨ ᠤᠯᠤᠰ ᠤ᠋ᠳ ᠪᠣᠢ᠂ ᠲᠡᠷᠡ ᠬᠡᠨ ᠭᠡᠭᠴᠢ ᠶᠠᠮᠠᠷ ᠹᠧᠣᠳᠠᠯ ᠨᠢ ᠲᠡᠷᠰᠯᠡᠭᠡᠳ ᠪᠠᠢᠨ᠎ᠠ᠂ ᠪᠣᠰᠤᠭᠠᠳ ᠢᠷ᠎ᠡ ᠭᠡᠵᠦ ᠲᠡᠰᠬᠡᠯ ᠦᠭᠡᠢ ᠤᠨᠲᠤᠭᠤᠴᠠᠪᠠ᠃ ᠬᠡᠨ ᠴᠦ᠍ ᠪᠣᠰᠤᠭᠰᠠᠨ ᠦᠭᠡᠢ ᠬᠡᠰᠡᠭ ᠵᠠᠭᠤᠷ᠎ᠠ ᠨᠠᠮ ᠭᠦᠮ ᠪᠣᠯᠪᠠ᠃ ᠲᠡᠳᠡ ᠰᠤᠮᠤ ᠶ᠋ᠢᠨ ᠨᠠᠷᠢᠨ ᠪᠢᠴᠢᠭ ᠦ᠋ᠨ ᠳᠠᠷᠤᠭ᠎ᠠ ᠠ᠋ᠴᠠ ᠠᠶᠤᠵᠠᠢ᠂ ᠭᠡᠲᠡᠯ᠎ᠡ ᠰᠠᠷᠮᠠᠢ ᡀᠦᠨᠳᠦᠪ ᠪᠣᠰᠴᠤ ᠢᠷᠡᠯ᠎ᠡ᠃ ᠪᠢᠳᠡ ᠬᠥᠮᠦᠰ ᠦ᠋ᠨ ᠠᠷᠤ ᠳ᠋ᠤ᠌ ᠨᠣᠭᠣᠭ᠎ᠠ ᠪᠠᠷ ᠤᠷᠤᠯᠳᠤᠨ ᠶᠠᠷᠢᠶ᠎ᠠ ᠴᠢᠩᠨᠠᠵᠤ ᠰᠠᠭᠤᠪᠠ᠃ ᠲᠡᠷᠡ ᠪᠡᠷ ᠬᠥᠮᠥᠰᠬᠡ ᠵᠠᠩᠭᠢᠳᠤᠨ ᠬᠥᠬᠡ ᠳᠠᠯᠢᠩᠪᠤᠨ ᠲᠡᠷᠯᠢᠭ ᠦ᠋ᠨ ᠢ᠋ᠶ᠋ᠡᠨ ᠬᠣᠷᠮᠣᠢ ᠶ᠋ᠢ ᠵᠠᠰᠠᠵᠤ᠂ ᠪᠠᠷᠠᠭᠤᠨ ᠭᠠᠷ ᠢ᠋ᠶ᠋ᠠᠨ ᠬᠥᠳᠡᠯᠭᠡᠭᠰᠡᠨ ᠢ᠋ᠶ᠋ᠡᠨ᠄
       — ᠪᠢᠳᠡᠨ ᠦ᠌ ᠳᠣᠲᠣᠷ᠎ᠠ ᠹᠧᠣᠳᠠᠯ ᠢ᠋ᠶ᠋ᠠᠷ ᠳᠠᠭᠤᠳᠠᠭᠯᠠᠬᠤ( ᠤᠷᠢᠶᠠᠯᠠᠬᠤ) ᠬᠥᠮᠦᠨ ᠠᠯᠠᠭ᠎ᠠ᠂ ᠮᠠᠯᠴᠢᠨ ᠠᠷᠠᠳ ᠤ᠋ᠳ ᠪᠠᠭ ᠤ᠋ᠨ ᠢ᠋ᠶ᠋ᠠᠨ ᠬᠤᠷᠠᠯ ᠬᠢᠵᠦ ᠪᠠᠢᠨ᠎ᠠ᠃ ᠠᠷᠠᠳ ᠤ᠋ᠨ ᠬᠤᠪᠢ ᠳ᠋ᠤ᠌ ᠴᠦ᠍᠂ ᠠᠬᠠᠯᠠᠬᠤ ᠤᠬᠠᠭᠤᠯᠤᠭᠴᠢ ᠶ᠋ᠢᠨ ᠬᠤᠪᠢ ᠳ᠋ᠤ᠌ ᠴᠦ᠍ ᠬᠡᠯᠡᠬᠦ ᠦᠭᠡ ᠪᠠᠢᠨ᠎ᠠ ᠭᠡᠬᠦ ᠳ᠋ᠦ᠍ ᠰᠤᠮᠤ ᠶ᠋ᠢᠨ ᠲᠥᠯᠥᠭᠡᠯᠡᠭᠴᠢ ᠦᠭᠡ ᠶ᠋ᠢ ᠨᠢ ᠲᠠᠰᠤᠯᠤᠨ᠄ 
       — ᠵᠥᠪ ᠣᠢᠯᠠᠭᠠᠬᠤ ᠬᠡᠷᠡᠭᠲᠡᠢ᠂ ᠨᠥᠬᠥᠷ ᠲᠠ ᠰᠠᠭᠤ᠂ ᠬᠤᠷᠠᠯ ᠪᠢᠲᠡᠭᠡᠢ ᠤᠳᠠᠭᠠᠰᠢᠷᠠᠭᠤᠯᠤᠭᠠᠳ ᠪᠠᠢ ᠭᠡᠵᠦ ᠵᠠᠩᠳᠤᠷᠤᠭᠰᠠᠨ ᠪᠣᠯᠪᠠᠴᠤ《 ᠬᠤᠷᠠᠯ ᠴᠤᠭᠯᠠᠭᠠᠨ ᠳᠡᠭᠡᠷ᠎ᠡ ᠴᠢᠯᠥᠭᠡ ᠲᠡᠢ ᠦᠭᠡ ᠬᠡᠯᠡᠬᠦ ᠦᠨᠳᠦᠰᠦᠨ ᠬᠠᠤᠯᠢ ᠪᠠᠷ ᠣᠯᠭᠣᠭᠳᠠᠭᠰᠠᠨ ᠡᠷᠬᠡ ᠶ᠋ᠢ ᠬᠡᠨ ᠴᠦ᠍ ᠬᠣᠷᠢᠭᠯᠠᠬᠤ ᠶᠣᠰᠣ ᠦᠭᠡᠢ》 ᠭᠡᠬᠦ ᠳ᠋ᠦ᠍ ᠲᠥᠯᠥᠭᠡᠯᠡᠭᠴᠢ ᠶᠠᠭᠤ ᠴᠦ᠍ ᠬᠡᠯᠡᠵᠦ ᠴᠢᠳᠠᠭᠰᠠᠨ ᠦᠭᠡᠢ ᠠᠮᠠ ᠲᠠᠭᠯᠠᠭᠤᠯᠪᠠ᠃ ᡀᠦᠨᠳᠦᠪ ᠪᠠᠬ᠎ᠠ ᠨᠢ ᠬᠠᠨᠤᠭᠰᠠᠨ ᠪᠠᠢᠷᠢᠲᠠᠢ᠄  
       — ᠴᠢ ᠬᠡᠨ ᠪᠣᠯᠤᠭᠠᠳ ᠠᠷᠠᠳ ᠤ᠋ᠳ ᠤᠷᠤᠭᠤ ᠠᠭᠰᠤᠷᠴᠤ ᠪᠠᠢᠨ᠎ᠠ᠂ ᠰᠥᠨᠢᠵᠢᠨ ᠢ᠋ᠶ᠋ᠡᠨ ᠠᠷᠢᠬᠢᠳᠠᠵᠤ᠂ ᠥᠨᠵᠢᠨ ᠢ᠋ᠶ᠋ᠡᠨ ᠤᠨᠲᠠᠵᠤ ᠠᠷᠠᠳ ᠤ᠋ᠨ ᠬᠤᠷᠠᠯ ᠰᠠᠭᠠᠲᠤᠭᠤᠯᠴᠢᠬᠠᠭᠠᠳ ᠠᠳᠠᠭ ᠰᠡᠭᠦᠯ ᠳ᠋ᠦ᠍ᠨᠢ ᠠᠮᠠ ᠬᠡᠯᠡ ᠪᠡᠷ ᠲᠣᠷᠣᠮᠵᠢᠯᠠᠨ᠎ᠠ ᠪᠠᠰᠠ᠂ ᠴᠢᠮ᠎ᠠ ᠶ᠋ᠢ ᠭᠡᠰᠬᠡᠳᠡᠭ( ᠴᠡᠭᠡᠷᠯᠡᠭᠦᠯᠳᠡᠭ) ᠭᠠᠵᠠᠷ ᠬᠠᠤᠯᠢ ᠴᠠᠭᠠᠵᠠ ᠪᠠᠢᠳᠠᠭ ᠶᠤᠮ ᠰᠢᠦ᠃ ᠴᠢᠨᠦ ᠲᠠᠨᠢᠭᠤᠯᠭ᠎ᠠ ᠴᠢᠨᠢ ᠬᠠᠮᠢᠭ᠎ᠠ ᠨᠢ ᠪᠠᠢᠨ᠎ᠠ ᠡᠨᠡ ᠤᠤ? ᠭᠡᠳ ᠤᠷᠤᠰᠬᠠᠵᠤ ᠭᠠᠷᠪᠠ᠃ ᡀᠦᠨᠳᠦᠪ ᠭᠤᠸᠠᠢ ᠡᠢᠮᠦ ᠵᠣᠷᠢᠭᠲᠠᠢ ᠬᠡᠯᠡᠮᠡᠭᠡᠢ ᠤᠷᠠᠨ ᠴᠡᠴᠡᠨ ᠭᠡᠵᠦ ᠪᠢ ᠣᠭᠲᠣ ᠰᠠᠨᠠᠭᠰᠠᠨ ᠦᠭᠡᠢ ᠪᠢᠯᠡ᠂ ᠬᠥᠮᠦᠰ ᠨᠠᠮ ᠭᠦᠮ ᠪᠣᠯᠵᠠᠢ᠃ ᠪᠠᠭ ᠤ᠋ᠨ ᠳᠠᠷᠤᠭ᠎ᠠ᠂ ᠪᠠᠰᠠ ᠰᠤᠮᠤ ᠶ᠋ᠢᠨ ᠲᠥᠯᠥᠭᠡᠯᠡᠭᠴᠢ ᠬᠣᠶᠠᠷ ᠴᠦ᠍ ᠠᠮᠠ ᠤᠷᠤᠭᠤ ᠨᠢ ᠬᠠᠷᠠᠭᠠᠳ ᠬᠥᠯᠥᠷᠡᠵᠡᠢ᠃ ᠰᠠᠷᠮᠠᠢ ᡀᠦᠨᠳᠦᠪ ᠭᠤᠸᠠᠢ ᠶ᠋ᠢᠨ ᠪᠢᠯᠠᠭᠤ ᠬᠠᠯᠠᠭᠤᠨ ᠴᠦ᠍ ᠲᠡᠷᠡ ᠤᠤ᠂ ᠳᠠᠭᠤ ᠨᠢ ᠴᠢᠩᠭᠠᠷᠠᠵᠤ᠂ ᠤᠯᠠᠭᠠᠨ ᠠᠷᠮᠠᠢ ᠶ᠋ᠢᠨ ᠢᠯᠠᠯᠲᠠ᠂ ᠭᠢᠲ᠋ᠯᠧᠷ ᠦ᠋ᠨ ᠢᠯᠠᠭᠳᠠᠯ ᠤ᠋ᠨ ᠲᠤᠬᠠᠢ ᠶᠠᠷᠢᠬᠤ ᠳ᠋ᠠᠭᠠᠨ《 ᠦᠨᠡᠨ》 ᠰᠣᠨᠢᠨ ᠤ᠋ ᠲᠡᠳᠦᠢ ᠰᠠᠷ᠎ᠠ ᠶ᠋ᠢᠨ ᠲᠡᠳᠦᠢ ᠶ᠋ᠢᠨ ᠡᠳᠦᠷ ᠦ᠋ᠨ ᠳᠥᠲᠥᠭᠡᠷ ᠲᠤ ᠢᠩᠭᠢᠵᠦ ᠮᠡᠳᠡᠭᠡᠯᠡᠭᠰᠡᠨ ᠪᠠᠢᠨ᠎ᠠ ᠭᠡᠬᠦᠴᠢᠯᠡᠨ ᠤᠷᠤᠰᠬᠠᠵᠤ ᠭᠠᠷᠤᠯ᠎ᠠ᠃ ᠪᠢ ᠥᠴᠥᠭᠡᠳᠦᠷᠬᠡᠨ ᠡᠨᠡ ᠬᠥᠮᠦᠨ ᠳ᠋ᠦ᠍ ᠵᠢᠪᠡᠭᠦᠴᠡᠵᠦ《 ᠢᠯᠭᠢᠨ ᠰᠠᠷᠮᠠᠢ》 ᠭᠡᠵᠦ ᠬᠠᠷᠢᠶᠠᠵᠤ ᠶᠠᠪᠤᠭᠰᠠᠨ ᠪᠣᠯ ᠣᠳᠣ ᠪᠢᠰᠢᠷᠡᠬᠦ ᠰᠡᠳᠬᠢᠯ ᠤᠯᠠᠮ ᠤᠯᠠᠮ ᠲᠥᠷᠥᠬᠦ ᠪᠣᠯᠪᠠ᠂ ᠡᠭᠦᠨ ᠦ᠌ ᠪᠡᠨ ᠡᠴᠦᠰ ᠲᠤ ᡀᠦᠨᠳᠦᠪ ᠭᠤᠸᠠᠢ᠄  
       — ᠡᠨᠡ ᠶᠡᠬᠡ ᠢᠯᠠᠯᠲᠠ ᠶ᠋ᠢ ᠶᠡᠬᠡ ᠯᠧᠨᠢᠨ ᠦ᠌ ᠲᠤᠭ ᠵᠣᠷᠢᠭᠵᠢᠭᠤᠯᠵᠤ ᠶᠡᠬᠡ ᠯᠧᠨᠢᠨ ᠺᠷᠧᠮᠯᠢ ᠰᠢᠷᠳᠡᠨ ᠬᠠᠷᠠᠵᠤ ᠪᠠᠢᠨ᠎ᠠ ᠭᠡᠰᠡᠨ ᠢ᠋ᠶ᠋ᠡᠨ ᠤᠯᠤᠰ ᠤ᠋ᠨ ᠬᠡᠮᠵᠢᠶᠡᠨ ᠳᠡᠭᠡᠷ᠎ᠡ ᠬᠡᠨ ᠬᠡᠨ ᠬᠡᠷᠬᠢᠨ ᠶᠠᠭᠤ ᠪᠡᠯᠡᠭᠯᠡᠵᠦ ᠪᠠᠢᠭ᠎ᠠ ᠲᠤᠬᠠᠢ ᠰᠣᠨᠢᠨ ᠠ᠋ᠴᠠ ᠤᠩᠰᠢᠭᠰᠠᠨ ᠢ᠋ᠶ᠋ᠠᠨ ᠶᠠᠷᠢᠭᠠᠳ ᠪᠢ ᠠᠬ᠎ᠠ ᠵᠥᠪᠯᠡᠯᠲᠦ ᠶ᠋ᠢᠨ ᠠᠷᠠᠳ ᠲᠦᠮᠡᠨ ᠳ᠋ᠦ᠍ ᠵᠣᠷᠢᠭᠤᠯᠤᠨ ᠵᠠᠭᠤᠨ ᠲᠠᠷᠪᠠᠭᠠᠨ ᠤ᠋ ᠠᠷᠠᠰᠤ᠂ ᠠᠭᠲᠠ ᠮᠣᠷᠢ ᠨᠢᠭᠡ ᠶ᠋ᠢ ᠬᠠᠮᠲᠤ ᠪᠡᠯᠡᠭᠯᠡᠬᠦ ᠪᠡᠨ ᠠᠷᠠᠳ ᠤ᠋ᠨ ᠬᠤᠷᠠᠯ ᠤ᠋ᠨ ᠡᠮᠦᠨ᠎ᠡ ᠢᠯᠡᠷᠬᠡᠢᠯᠡᠵᠦ ᠪᠠᠢᠨ᠎ᠠ ᠭᠡᠵᠦ ᠬᠡᠯᠡᠬᠦ ᠳ᠋ᠦ᠍ ᠨᠢᠭᠡ ᠬᠥᠮᠦᠨ ᠤᠷᠢᠶ᠎ᠠ ᠬᠠᠰᠬᠢᠷᠴᠤ ᠪᠤᠰᠤᠳ ᠨᠢ ᠠᠯᠠᠭ᠎ᠠ ᠲᠠᠰᠢᠵᠤ ᠪᠢᠯᠡ᠃ ᠲᠡᠷᠡ ᠬᠤᠷᠠᠯ ᠳᠡᠭᠡᠷ᠎ᠡ ᠬᠡᠨ ᠬᠡᠴᠢᠨᠡᠭᠡᠨ ᠶᠠᠭᠤ ᠪᠡᠯᠡᠭᠯᠡᠭᠰᠡᠨ᠂ ᠳ᠋ᠠᠭᠳᠠᠨ ᠭᠤᠸᠠᠢ ᠠᠷᠪᠠᠨ ᠮᠣᠷᠢ᠂ ᠴᠡᠪᠡᠯᠮ᠎ᠠ ᠭᠤᠸᠠᠢ ᠬᠣᠶᠠᠷ ᠠᠯᠲᠠᠨ ᠪᠥᠭᠡᠵᠢ᠂ ᠳ᠋ᠠᠴᠢᠨ ᠭᠤᠸᠠᠢ ᠲᠣᠷᠭᠠᠨ ᠬᠠᠨᠲᠠᠭᠠᠰᠤ ᠭᠡᠬᠦᠴᠢᠯᠡᠨ ᠪᠡᠯᠡᠭᠯᠡᠵᠦ ᠪᠠᠰᠠ ᠣᠯᠠᠨ ᠬᠥᠮᠦᠨ ᠪᠣᠰᠴᠤ ᠦᠨᠡᠨ ᠰᠡᠳᠬᠢᠯ ᠡᠴᠡ ᠪᠡᠨ ᠦᠭᠡ ᠬᠡᠯᠡᠭᠰᠡᠨ ᠢ᠋ ᠡᠨᠳᠡ ᠥᠭᠦᠯᠡᠭᠰᠡᠨ ᠦᠭᠡᠢ᠃ ᠰᠠᠷᠮᠠᠢ ᡀᠦᠨᠳᠦᠪ ᠦ᠋ᠨ ᠲᠤᠬᠠᠢ ᠭᠡᠪᠡᠯ ᠪᠠᠷᠤᠭ ᠪᠦᠬᠦ ᠯᠡ ᠵᠢᠯ ᠦ᠋ᠨ ᠢ᠋ᠶ᠋ᠡᠨ ᠣᠯᠤᠭᠰᠠᠨ ᠡᠩ ᠦ᠋ᠨ ᠣᠯᠵᠠ ᠶ᠋ᠢ ᠤᠨᠤᠭᠠᠨ ᠤ᠋ ᠪᠠᠨ ᠮᠣᠷᠢ ᠲᠠᠢ ᠪᠡᠯᠡᠭᠯᠡᠭᠡᠳ ᠲᠡᠭᠦᠨ ᠢ᠋ ᠶᠠᠪᠠᠭᠠᠷᠠᠬᠤ ᠰᠢᠬᠠᠮ ᠦᠯᠡᠳᠡᠨ᠎ᠡ ᠭᠡᠵᠦ ᠬᠥᠮᠦᠰ ᠣᠭᠲᠣ ᠪᠣᠳᠣᠭ᠎ᠠ ᠦᠭᠡᠢ ᠪᠢᠵᠡ᠂ ᠮᠢᠨᠦ ᠤᠷᠢᠲᠠᠢ ᠰᠠᠭᠤᠬᠤ ᠬᠣᠶᠠᠷ ᠬᠥᠮᠦᠨ ᠦ᠌ ᠰᠢᠪᠡᠨᠡᠭᠰᠡᠨ ᠨᠢ᠄ 
       — ᠶᠠᠭᠤ ᠪᠡᠯᠡᠭᠯᠡᠶ᠎ᠡ ᠳᠡ᠂ ᠰᠠᠷᠮᠠᠢ ᠶᠣᠰᠣᠲᠠᠢ ᠨᠢᠭᠡ ᠣᠷᠣᠢ ᠤᠷᠤᠭᠤ ᠣᠷᠣᠲᠠᠯ᠎ᠠ ᠤᠬᠠᠭᠤᠯᠪᠠ ᠪᠠᠢᠨ᠎ᠠ᠃ ᠨᠣᠭᠣᠭᠠᠨ ᠷᠠᠳᠨ᠎ᠠ ᠠ᠋ᠴᠠ ᠢᠯᠡᠭᠦᠦ ᠨᠠᠷᠢᠨ ᠪᠢᠴᠢᠭ ᠶᠦᠮ ᠪᠠᠢᠨ᠎ᠠ᠂ ᠤᠯᠴᠠᠩ( ᠨᠢᠯᠪᠤᠰᠤ ᠭᠣᠭᠣᠵᠢᠮᠠᠲᠠᠭᠠᠢ) ᠴᠠᠭᠠᠨ ᠮᠣᠷᠢ ᠪᠠᠨ ᠥᠭᠬᠦ ᠨᠢ ᠶᠦᠮ ᠤᠤ ᠥᠭᠡᠷ᠎ᠡ ᠮᠣᠷᠢ ᠦᠭᠡᠢ ᠪᠠᠢᠬ᠎ᠠ ᠠ᠋᠃ 
       — ᠰᠢᠳᠦᠯᠡᠩ ᠦᠷᠢᠶ᠎ᠡ ᠪᠣᠢ᠃ ᠠᠮᠢᠲᠠᠨ ᠠᠬ᠎ᠠ ᠳᠡᠭᠦᠦ ᠨᠠᠷ ᠪᠠᠢᠬᠤ ᠳ᠋ᠤ᠌ ᠬᠥᠯ ᠳᠡᠭᠦᠵᠢᠯᠡᠬᠦ ᠶᠠᠭᠤᠮ᠎ᠠ ᠶᠠᠭᠤᠨ ᠳ᠋ᠤ᠌ ᠲᠠᠰᠤᠷᠠᠬᠤ ᠪᠣᠢ᠂ ᠲᠡᠭᠡᠭᠡᠳ ᠰᠠᠷᠮᠠᠢ ᠰᠢᠭ᠋ ᠤᠬᠠᠭᠤᠯᠤᠭᠴᠢ ᠬᠥᠮᠦᠨ ᠳ᠋ᠦ᠍! ᠭᠡᠪᠡ᠃ ᡀᠦᠨᠳᠦᠪ ᠭᠤᠸᠠᠢ ᠶ᠋ᠢ ᠡᠢᠨ ᠮᠠᠭᠲᠠᠵᠤ ᠪᠠᠢᠬᠤ ᠶ᠋ᠢ ᠪᠢ ᠠᠩᠬ᠎ᠠ ᠰᠣᠨᠣᠰᠴᠤ《 ᠤᠬᠠᠭᠤᠯᠤᠭᠴᠢ》 ᠭᠡᠳᠡᠭ ᠴᠢᠨᠢ ᠲᠣᠮᠣ ᠬᠥᠮᠦᠨ ᠶᠦᠮ ᠪᠠᠢᠨ᠎ᠠ ᠭᠡᠵᠦ ᠪᠣᠳᠣᠪᠠ᠃ ᠤᠴᠢᠷ ᠨᠢ ᠤᠬᠠᠭᠤᠯᠤᠭᠴᠢ ᠬᠥᠮᠦᠨ ᠳ᠋ᠦ᠍ ᠤᠨᠤᠭ᠎ᠠ ᠣᠯᠳᠠᠨ᠎ᠠ ᠭᠡᠵᠦ ᠲᠡᠳᠡ ᠶᠠᠷᠢᠪᠠ᠃ ᡀᠦᠨᠳᠦᠪ ᠭᠤᠸᠠᠢ ᠳᠠᠷᠠᠭᠠᠬᠠᠨ ᠠᠩᠭᠢ ᠶ᠋ᠢᠨ ᠢ᠋ᠶ᠋ᠡᠨ ᠤᠯᠴᠠᠩ ᠴᠠᠭᠠᠨ ᠢ᠋ ᠮᠠᠯᠢᠩᠳᠠᠭᠤᠯᠬᠤ( ᠬᠢᠵᠢᠭ ᠦ᠋ᠨ ᠪᠠᠢᠴᠠᠭᠠᠯᠲᠠ) ᠪᠠᠷ ᠰᠢᠷᠠᠭᠴᠢ ᠭᠡᠭᠦᠦ ᠪᠡᠨ ᠣᠨᠣᠴᠢᠬᠠᠭᠰᠠᠨ ᠬᠥᠲᠥᠯᠵᠦ ᠶᠠᠪᠤᠵᠤ ᠪᠢᠯᠡ᠃ ᠲᠡᠷᠡ ᠮᠣᠷᠢ ᠨᠢᠯᠪᠤᠰᠤ ᠨᠢ ᠭᠣᠭᠣᠵᠢᠳᠠᠭ ᠠ᠋ᠴᠠ ᠤᠯᠴᠠᠩ ᠨᠡᠷ᠎ᠡ ᠠᠪᠤᠭᠰᠠᠨ ᠮᠥᠷᠲᠡᠭᠡᠨ ᠮᠠᠯᠢᠨ ᠢ᠋ᠶ᠋ᠠᠨ ᠲᠠᠵᠢ ᠦᠭᠡᠢ ᠲᠣᠭᠲᠠᠭᠠᠭᠰᠠᠨ ᠶᠤᠮ ᠭᠡᠳᠡᠭ᠃ ᠮᠢᠨᠦ ᠤᠯᠴᠠᠩ ᠴᠠᠭᠠᠨ ᠪᠧᠷᠯᠢᠨ ᠣᠷᠣᠭᠰᠠᠨ ᠴᠦ᠍ ᠶᠤᠮ ᠤᠤ ᠬᠡᠨ ᠮᠡᠳᠡᠬᠦ ᠪᠣᠢ᠃ ᠶᠠᠭᠤ ᠴᠦ᠍ ᠭᠡᠰᠡᠨ ᠡᠵᠡᠨ ᠦ᠌ ᠪᠡᠨ ᠠᠮᠢ ᠶ᠋ᠢ ᠬᠡᠳᠦᠨ ᠤᠳᠠᠭ᠎ᠠ ᠠᠪᠤᠷᠠᠭᠰᠠᠨ ᠪᠠᠢᠬᠤ ᠶᠣᠰᠣᠲᠠᠢ᠃ ᠳᠠᠯᠤ ᠤᠷᠤᠭᠤ ᠨᠢ ᠠᠯᠠᠭᠠᠳᠠᠬᠤ ᠪᠠᠷ ᠬᠡᠪᠲᠡᠴᠢᠬᠡᠳᠡᠭ ᠰᠤᠷᠭᠠᠭᠤᠯᠢ ᠲᠠᠢ ᠪᠠᠢᠭᠰᠠᠨ ᠶᠤᠮ ᠰᠢᠦ ᠭᠡᠵᠦ ᠶᠠᠷᠢᠬᠤ ᠶᠡᠬᠡ ᠯᠡ ᠳᠤᠷᠠᠲᠠᠢ ᠭᠡᠳᠡᠭ᠃      
       ᠳᠡᠭᠡᠷ᠎ᠡ ᠥᠭᠦᠯᠡᠭᠰᠡᠨ ᠵᠦᠢᠯ ᠪᠣᠯ ᠲᠡᠢᠨ ᠡᠬᠢᠯᠡᠭᠰᠡᠨ ᠡᠬᠢᠨ ᠦ᠌ ᠵᠢᠯ ᠦ᠋ᠨ ᠨᠢᠭᠡᠨ ᠳᠤᠷᠠᠳᠬᠠᠯ ᠪᠢᠯᠡ᠃ ᠰᠠᠨᠠᠭᠠᠨ ᠠ᠋ᠴᠠ ᠵᠣᠬᠢᠶᠠᠭᠰᠠᠨ ᠦᠭᠡᠢ ᠭᠡᠳᠡᠭ ᠢ᠋ ᠡᠴᠦᠰ ᠲᠤ ᠬᠡᠯᠡᠶ᠎ᠡ᠃1949  ᠣᠨ ᠤ᠋ ᠨᠠᠮᠤᠷ ᠠᠮᠠᠷᠠᠯᠲᠠ ᠶ᠋ᠢᠨ ᠴᠢᠯᠥᠭᠡ ᠪᠡᠷ ᠬᠠᠷᠢᠭᠠᠳ ᠪᠤᠴᠠᠵᠤ ᠶᠠᠪᠤᠲᠠᠯ᠎ᠠ ᠤᠷᠢᠳᠤ ᠠ᠋ᠴᠠ ᠰᠠᠭᠠᠷᠠᠯ ᠮᠣᠷᠢᠲᠠᠢ ᠫᠤᠤ ᠡᠭᠦᠷᠦᠭᠰᠡᠨ ᠬᠥᠮᠦᠨ ᠭᠠᠷᠴᠤ ᠢᠷᠡᠭᠰᠡᠨ ᠨᠢ ᡀᠦᠨᠳᠦᠪ ᠪᠠᠢᠵᠤ ᠪᠢᠯᠡ᠃ ᠡᠨᠡ ᠡᠷ᠎ᠡ ᠶᠠᠭᠠᠬᠢᠭᠠᠳ ᠴᠦ᠍ ᠶᠤᠮ ᠪᠣᠢ ᠲᠣᠷᠭᠠᠨ ᠲᠡᠷᠯᠢᠭ ᠡᠮᠦᠰᠴᠦ ᠴᠣ ᠰᠢᠨ᠎ᠡ ᠺᠠᠷᠪᠢᠨ ᠫᠤᠤ ᠡᠭᠦᠷᠦᠭᠡᠳ ᠰᠤᠮᠤᠨ ᠠ᠋ᠴᠠ ᠨᠠᠳᠠ ᠳ᠋ᠤ᠌ ᠨᠡᠷ᠎ᠡ ᠴᠣᠬᠣᠵᠤ ᠥᠭᠭᠦᠭᠰᠡᠨ ᠶᠦᠮ ᠭᠡᠵᠦ ᠲᠡᠷᠡ ᠪᠡᠷ ᠪᠠᠬᠠᠷᠬᠠᠨ ᠥᠭᠦᠯᠡᠭᠡᠳ ᠮᠢᠨᠦ ᠲᠣᠮᠣ ᠪᠣᠯᠤᠭᠰᠠᠨ ᠢ᠋ ᠭᠠᠢᠬᠠᠵᠤ ᠡᠷᠳᠡᠮᠲᠡᠨ  ᠪᠣᠯᠤᠶ᠎ᠠ ᠭᠡᠪᠡᠯ ᠯᠧᠨᠢᠨ ᠦ᠌ ᠰᠤᠷᠭᠠᠭᠤᠯᠢ ᠶ᠋ᠢ ᠰᠠᠢᠨ ᠰᠤᠳᠤᠯᠬᠤ ᠬᠡᠷᠡᠭᠲᠡᠢ ᠭᠡᠬᠦᠴᠢᠯᠡᠨ ᠮᠣᠷᠢᠨ ᠤ᠋ ᠨᠢᠷᠤᠭᠤᠨ ᠳᠡᠭᠡᠷ᠎ᠡ ᠵᠥᠷᠢᠭᠡᠳ ᠥᠩᠭᠡᠷᠡᠬᠦ ᠶ᠋ᠢᠨ ᠬᠣᠭᠣᠷᠣᠨᠳᠣ ᠵᠥᠩᠳᠡᠭᠡᠨ ᠨᠣᠮ ᠵᠥᠪᠯᠡᠭᠰᠡᠨ ᠶᠦᠮ᠃ ᠡᠭᠦᠨ ᠡᠴᠡ ᠬᠣᠢᠰᠢ ᠠᠭᠤᠯᠵᠠᠯ ᠦᠭᠡᠢ ᠶᠠᠪᠤᠭᠰᠠᠭᠠᠷ ᠬᠣᠷᠢᠨ ᠵᠢᠯ ᠦ᠋ᠨ ᠳᠠᠷᠠᠭ᠎ᠠ ᠪᠤᠶᠤ ᠨᠢᠳᠤᠨᠤᠨ ᠲᠠᠭᠠᠷᠠᠯᠳᠤᠪᠠ᠃ ᠨᠢᠭᠤᠷ ᠲᠤᠨᠢ ᠦᠷᠴᠢᠯᠡᠭᠡ᠂ ᠦᠰᠦᠨ ᠳ᠋ᠦ᠍ᠨᠢ ᠴᠠᠭᠠᠨ ᠰᠠᠭᠤᠭᠰᠠᠨ ᠠᠳᠢᠭᠠᠷ ᠡᠪᠦᠭᠡᠨ ᠪᠣᠯᠤᠭᠰᠠᠨ ᠪᠠᠢᠪᠠ᠃ ᠨᠠᠳᠠ ᠲᠠᠢ ᠠᠭᠤᠯᠵᠠᠩᠭᠤᠲᠠ᠄  
       — ᠬᠦᠦ ᠮᠢᠨᠢ ᠬᠣᠢᠨ᠎ᠠ ᠲᠡᠭᠦᠰᠦᠭᠡᠳ ᠢᠷᠡᠭᠰᠡᠨ ᠭᠡᠯ᠎ᠡ ᠤᠤ? ᠭᠡᠵᠦ ᠠᠰᠠᠭᠤᠭᠠᠳ᠂ ᠵᠠ ᠡᠷᠳᠡᠮ ᠯᠧᠨᠢᠨᠢᠰᠮ ᠪᠣᠯᠤᠯ᠎ᠠ ᠪᠢᠵᠡ ᠳᠡ! ᠶᠠᠷᠢᠬᠤ ᠶᠠᠭᠤ ᠪᠠᠢᠬᠤ ᠪᠣᠢ ᠭᠡᠵᠦ ᠬᠡᠯᠡᠭᠰᠡᠨ ᠪᠢᠯᠡ᠃ 
       ᠮᠠᠨ ᠤ᠋ ᠨᠤᠲᠤᠭ ᠤ᠋ᠨ ᠰᠠᠷᠮᠠᠢ ᡀᠦᠨᠳᠦᠪ ᠡᠢᠮᠦ ᠯᠡ ᠬᠥᠮᠦᠨ ᠳᠡ᠂ ᠶᠡᠷᠦ ᠨᠢ ᠰᠡᠳᠬᠢᠯ ᠢ᠋ᠶ᠋ᠡᠷ ᠵᠠᠯᠠᠭᠤ᠂ ᠪᠠᠶᠠᠨ ᠶᠠᠪᠤᠳᠠᠭ ᠬᠥᠮᠦᠨ ᠰᠢᠦ᠃ 

– – – – 
① ᠰᠣᠪᠢᠶᠠᠳ ᠰᠤᠪᠢᠶᠠᠲ᠋ᠰᠺᠢ ᠰᠤᠼᠢᠶᠠᠯᠢᠰᠲ᠋ᠢᠴᠸᠰᠺᠢ ᠪᠦᠭᠦᠳᠡ ᠨᠠᠢᠷᠠᠮᠳᠠᠬᠤ ᠬᠣᠯᠪᠣᠭᠠᠨ ᠤ᠋ ᠤᠯᠤᠰ ( ᠵᠥᠪᠯᠡᠯᠲᠦ ᠬᠣᠯᠪᠣᠭᠠᠲᠤ ᠤᠯᠤᠰ ) 
② ᠥᠪᠡᠷ ᠢ᠋ ᠪᠡᠨ ᠬᠠᠮᠠᠭᠠᠯᠠᠬᠤ ᠰᠠᠢᠨ ᠳᠤᠷ᠎ᠠ ᠶ᠋ᠢᠨ ᠮᠣᠷᠢᠲᠤ ᠣᠲ᠋ᠷᠢᠶᠠᠳ᠋  
③  ᠪᠤᠰᠤᠳ ᠲᠤ ᠲᠠᠭᠠᠲᠠᠢ ᠡᠰᠡᠬᠦ ᠢ ᠬᠠᠢᠬᠤᠷᠬᠤ ᠦᠭᠡᠢ ᠢᠨᠢᠶᠡᠮᠰᠦᠭ᠍ᠯᠡᠬᠦ 
④  ᠣᠢᠯᠠᠭᠤᠯᠤᠨ ᠮᠡᠳᠡᠭᠦᠯᠬᠦ ᠶᠠᠷᠢᠶ᠎ᠠ ᠲᠠᠨᠢᠯᠴᠠᠭᠤᠯᠭ᠎ᠠ 


《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

      ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂ ᠪᠣᠷᠵᠢᠭᠢᠨ ᠪᠠᠭᠠᠲᠤᠷ᠂  ᠠᠯᠲᠠᠨᠴᠢᠮᠡᠭ᠂  ᠳᠠᠪᠰᠢᠯᠲᠦ᠂ ᠴᠣᠯᠮᠣᠨᠲᠤᠶᠠᠭ᠎ᠠ  
        ᠬᠢᠨᠠᠭ᠍ᠴᠢ :   ᠣᠳᠣᠨᠬᠤᠸᠠᠷ ᠂ ᠲᠤᠭᠴᠢ ᠰᠠᠷᠠᠨ᠎ᠠ 
               2024᠂ 3᠂  10  ᠤ ᠡᠳᠦᠷ