ᠮᠣᠷᠢᠨ ᠤ ᠴᠣᠯᠠ < ᠳᠣᠯᠣᠭ᠎ᠠ > МОРИНЫ ЦОЛ – VII
ᠮᠣᠷᠢᠨ ᠤ ᠴᠣᠯᠠ < ᠳᠣᠯᠣᠭ᠎ᠠ >
ᠪᠠᠳᠠᠷᠠᠩᠭᠤᠢ ᠵᠢᠪᠬᠤᠯᠠᠩᠲᠤ
ᠪᠠᠶᠠᠷ ᠤ᠋ᠨ ᠮᠠᠩᠨᠠᠢ
ᠪᠠᠲᠤ ᠲᠥᠷᠥ ᠶ᠋ᠢᠨ
ᠪᠠᠶᠠᠰᠬᠤᠯᠠᠩᠲᠤ ᠶᠡᠬᠡ ᠨᠠᠭᠠᠳᠤᠮ ᠳ᠋ᠤ᠌
ᠪᠠᠭᠠᠲᠤᠷ ᠬᠥᠳᠡᠯᠮᠦᠷᠢ ᠪᠡᠷ ᠢ᠋ᠶ᠋ᠡᠨ
ᠪᠦᠲᠦᠭᠡᠯ ᠦ᠋ᠨ ᠶᠡᠬᠡ ᠳ᠋ᠦ᠍ ᠬᠥᠷᠥᠭᠡᠳ
ᠪᠠᠶᠠᠰᠬᠤᠯᠠᠩᠲᠤ ᠬᠥᠭᠵᠢᠯ
ᠪᠠᠲᠤ ᠴᠡᠩᠭᠡᠯ ᠢ᠋ᠶ᠋ᠡᠷ ᠢ᠋ᠶ᠋ᠡᠨ
ᠪᠠᠶᠠᠰᠬᠠᠵᠤ ᠪᠠᠢᠭ᠎ᠠ
ᠥᠷᠭᠡᠨ ᠣᠯᠠᠨ ᠤ᠋ ᠡᠮᠦᠨᠡᠭᠦᠷ ᠢᠷᠡᠬᠦ ᠳ᠋ᠦ᠍ ᠪᠡᠨ
ᠬᠤᠢ ᠠᠳᠠᠯᠢ ᠬᠤᠷᠳᠤᠨ ᠬᠥᠯᠥᠭ ᠦ᠋ᠨ
ᠡᠬᠢᠨ ᠦ᠌ ᠬᠡᠰᠡᠭ ᠲᠦ᠍
ᠡᠷᠡᠮᠡᠬᠡᠢ ᠬᠦᠴᠦ ᠪᠡᠨ ᠲᠡᠷᠡᠴᠢᠯᠡᠨ ᠭᠠᠷᠭᠠᠵᠤ
ᠨᠢᠭᠡ ᠶ᠋ᠢᠨ ᠤᠳᠠᠭ᠎ᠠ
ᠨᠡᠮᠡᠨ ᠳᠡᠭᠦᠯᠢᠵᠦ
ᠨᠡᠬᠡᠨ ᠰᠢᠮᠳᠠᠵᠤ
ᠨᠢᠭᠡ ᠣᠢᠷᠠᠳᠴᠤ
ᠠᠴᠢ ᠲᠠᠴᠢ ᠠᠬᠢᠨ ᠨᠡᠮᠡᠵᠦ
ᠠᠪᠤᠨ ᠭᠦᠢᠴᠡᠵᠦ ᠠᠷᠠᠢ ᠳᠤᠲᠠᠵᠤ
ᠠᠮᠠᠨ ᠬᠦᠵᠦᠭᠦᠳᠡᠵᠦ ᠢᠷᠡᠭᠰᠡᠨ
ᠡᠨᠡ ᠮᠣᠷᠢ ᠪᠣᠯ
... ᠠᠢᠮᠠᠭ ... ᠰᠤᠮᠤ ᠶ᠋ᠢᠨ
...ᠨᠢᠭᠡᠳᠦᠯ ᠦ᠋ᠨ ... ᠪᠠᠷᠢᠭᠠᠳᠠ ᠶ᠋ᠢᠨ ᠠᠷᠠᠳ ... ᠦ᠌
ᠠᠳᠤᠭᠤᠨ ᠠ᠋ᠴᠠ ᠪᠠᠨ ᠪᠠᠷᠢᠭᠰᠠᠨ
ᠠᠭᠠᠨ ᠠ᠋ᠴᠠ ᠪᠠᠨ ᠰᠢᠯᠢᠭᠰᠡᠨ
ᠠᠷᠰᠯᠠᠨ ᠵᠣᠷᠢᠭᠲᠤ ᠠᠭᠤᠤ ᠬᠦᠴᠦᠲᠡᠢ
ᠤᠳᠤᠮ ᠢ᠋ᠶ᠋ᠠᠷ ᠢ᠋ᠶ᠋ᠠᠨ ᠬᠤᠷᠳᠤᠨ
ᠤᠨᠠᠭᠠᠨ ᠬᠦᠯᠥᠭ ᠦ᠋ᠨ
ᠴᠣᠬᠣᠯᠠᠵᠤ ᠳᠠᠭᠤᠳᠠᠬᠤ ᠴᠣᠯᠠ ᠨᠢ ᠭᠡᠪᠡᠯ
ᠪᠥᠭᠡᠮ ᠴᠢᠯᠠᠭᠤᠨ ᠳ᠋ᠤ᠌ ᠪᠦᠳᠦᠷᠢᠳᠡᠭ ᠦᠭᠡᠢ
ᠪᠦᠭᠴᠢᠮ ᠬᠠᠯᠠᠭᠤᠨ ᠳ᠋ᠤ᠌ ᠬᠥᠯᠥᠷᠡᠳᠡᠭ ᠦᠭᠡᠢ
ᠬᠠᠪᠲᠠᠭᠠᠢ ᠴᠢᠯᠠᠭᠤᠨ ᠳ᠋ᠤ᠌ ᠬᠠᠯᠲᠤᠷᠢᠳᠠᠭ ᠦᠭᠡᠢ
ᠬᠠᠯᠠᠭᠤᠨ ᠭᠠᠩ ᠳ᠋ᠦ᠍ ᠴᠦ᠍ ᠭᠠᠩᠳᠠᠳᠠᠭ ᠦᠭᠡᠢ
ᠬᠠᠬᠢᠷ ᠡᠪᠦᠯ ᠳ᠋ᠦ᠍ ᠴᠦ᠍ ᠲᠤᠷᠠᠳᠠᠭ ᠦᠭᠡᠢ
ᠬᠠᠲᠠᠭᠤ ᠡᠳ᠋ᠯᠡᠭᠡᠨ ᠳ᠋ᠦ᠍ ᠴᠦ᠍ ᠶᠠᠳᠠᠷᠠᠳᠠᠭ ᠦᠭᠡᠢ
ᠳᠠᠭᠠᠷᠢᠵᠤ ᠢᠷᠡᠳᠡᠭ ᠳᠠᠢᠨ ᠬᠦᠯᠦᠭ
ᠳᠠᠪᠬᠢᠵᠤ ᠰᠤᠷᠤᠭᠰᠠᠨ ᠬᠠᠩᠭᠠᠢ ᠶ᠋ᠢᠨ ᠪᠤᠭᠤ
ᠲᠦᠮᠡᠨ ᠦ᠌ ᠳᠤᠷᠠᠳᠬᠠᠯ
ᠳᠠᠶᠠᠭᠠᠷ ᠭᠠᠢᠬᠠᠮᠰᠢᠭᠲᠤ
ᠭᠠᠩ ᠵᠤᠤᠵᠠᠢ
ᠭᠠᠯ ᠳ᠋ᠤ᠌ ᠢᠳᠡᠷ ᠬᠦᠯᠦᠭ
ᠡᠨᠡ ᠶᠡᠬᠡ ᠨᠠᠭᠠᠳᠤᠮ ᠳ᠋ᠤ᠌
ᠨᠢᠭᠡ ᠶ᠋ᠢᠨ ᠤᠳᠠᠭ᠎ᠠ ᠴᠣᠯᠠᠯᠠᠭᠳᠠᠪᠠᠴᠤ
ᠢᠷᠡᠬᠦ ᠵᠢᠯ ᠦ᠋ᠨ ᠨᠠᠭᠠᠳᠤᠮ ᠳ᠋ᠤ᠌
ᠡᠬᠢᠨ ᠦ᠌ ᠮᠣᠷᠢᠨ ᠳ᠋ᠤ᠌ ᠴᠣᠯᠠᠯᠠᠭᠳᠠᠬᠤ
ᠲᠡᠭᠦᠰ ᠰᠢᠨᠵᠢ ᠨᠢ ᠪᠦᠷᠢᠳᠦᠭᠰᠡᠨ
ᠲᠦᠮᠡᠨ ᠣᠯᠠᠨ ᠳ᠋ᠤ᠌ ᠪᠠᠨ ᠭᠠᠢᠬᠠᠭᠳᠠᠭᠰᠠᠨ᠃
ᠡᠩᠬᠡ ᠪᠠᠲᠤ ᠲᠥᠷᠥ ᠳ᠋ᠦ᠍ ᠪᠡᠨ
ᠡᠷᠬᠢᠮ ᠰᠠᠢᠬᠠᠨ ᠴᠢᠮᠡᠭ ᠪᠣᠯᠵᠤ
ᠡᠵᠡᠨ ᠢ᠋ᠶ᠋ᠡᠨ ᠪᠠᠶᠠᠷᠯᠠᠭᠤᠯᠵᠤ
ᠢᠵᠢᠯᠢ ᠪᠡᠨ ᠠᠷᠪᠢᠵᠢᠭᠤᠯᠤᠭᠰᠠᠨ
ᠮᠠᠭᠲᠠᠵᠤ ᠪᠠᠷᠠᠰᠢ ᠦᠭᠡᠢ ᠴᠢᠳᠠᠯ ᠲᠠᠢ
ᠮᠠᠨᠳᠤᠭᠤᠯᠵᠤ ᠪᠠᠷᠠᠰᠢ ᠦᠭᠡᠢ ᠦᠵᠡᠰᠬᠦᠯᠡᠩ ᠲᠡᠢ
ᠡᠩᠬᠡ ᠠᠮᠤᠭᠤᠯᠠᠩ ᠡᠷᠬᠡ ᠵᠢᠷᠭᠠᠯᠠᠩ ᠤ᠋ᠨ
ᠲᠦᠮᠡᠨ ᠦ᠌ ᠡᠬᠢ ᠲᠣᠷᠭᠠᠨ ᠵᠢᠯᠣᠭᠣ
ᠲᠣᠳᠣ ᠮᠠᠩᠨᠠᠢ ᠬᠤᠷᠳᠤᠨ ᠬᠦᠯᠦᠭ ᠠ᠋ !
МОРИНЫ ЦОЛ – VII
VII
Бадрангуй жавхлант
Баярын магнайБат төрийн
Баясгалант их наадамд
Баатар хөдөлмөрөөрөө
Бүтээлийн ихэд хүрээд
Баясгалант хөгжил
Бат цэнгэлээрээ
Баясгаж байгаа
Өргөн олны
Өмнүүр ирэхдээ
Хуй адил
Хурдан хүлгийн
Эхний хэсэгт
Эрэмгий хүчээ
Эрчлэн гаргаж
Нэгийн удаа
Нэмэн дүүлж
Нэхэн шамдаж
Нэг ойртож
Ач тач ахин нэмж
Аван гүйцэж
Арай дутаж
Аман хүзүүдэж ирсэн
Энэ морь бол
... аймаг
... сумын
...нэгдпийн
... бригадын ард ... ны
Адуунаасаа барьсан
Аггнаасаа шилсэн
Арслан зоригт
Агуу хүчтэй
Удмаараа хурдан
Унаган хүлгийн
Цохолж дуудах
Цол нь гэвэл
Бөөн чулуунд бүдэрдэггүй
Бүгчим халуунд хөлөрдөггүй
Хавтгай чулуунд хальтардаггүй
Халуун ганд ч ганддаггүй
Хахир өвөлд ч турдаггүй
Хатуу эдэлгээнд ч ядардаггүй
Дайрч ирдэг даян хүлэг
Давхиж сурсан хангайн буга
Түмний дуртгал
Даяар гайхамшигт
Ган зуузай
Галт идэр хүлэг
Энэ их наадамд
Нэгийн удаа цоллогдовч
Ирэх жилийн наадамд
Эхний моринд цоллогдох
Төгс шинж нь бүрдсэн
Түмэн олондоо гайхагдсан.
Энх бат төрдөө
Эрхэм сайхан чимэг болж
Эзнээ баярлуулж
Ижлээ арвижуулсан
Магтаж баршгүй чадалтай
Мандуулж баршгүй үзэсгэлэнтэй
Энх амгалан
Эрх жаргалангийн
Түмний эх торгон жолоо
Тод магнай хурдан хүлэг ээ
