ᠮᠣᠷᠢᠨ ᠤ ᠴᠣᠯᠠ < ᠵᠢᠷᠭᠤᠭ᠎ᠠ > МОРИНЫ ЦОЛ – VI
ᠮᠣᠷᠢᠨ ᠤ ᠴᠣᠯᠠ < ᠵᠢᠷᠭᠤᠭ᠎ᠠ >
VI
ᠪᠦᠷᠢᠨ ᠡᠷᠬᠡᠲᠦ
ᠪᠦᠭᠦᠳᠡ ᠨᠠᠢᠢᠷᠠᠮᠳᠠᠬᠤ
ᠮᠣᠩᠭᠣᠯ ᠠᠷᠠᠳ ᠤᠯᠤᠰ ᠤᠨ
᠁ ᠠᠢᠮᠠᠭ ᠰᠤᠮᠤ ᠁ ᠨᠢᠭᠡᠳᠦᠯ ᠦ᠋ᠨ
᠁ ᠪᠠᠷᠢᠭᠠᠳᠠ ᠶ᠋ᠢᠨ ᠠᠷᠠᠳ ᠁ ᠤᠨ
ᠥᠳᠬᠡᠨ ᠰᠦᠷᠦᠭ ᠦ᠋ᠨ ᠤᠳᠤᠮ
ᠦᠨᠡᠬᠡᠷ ᠬᠤᠷᠳᠤᠨ
ᠰᠠᠢᠨ ᠭᠡᠭᠦᠳ ᠦ᠋ᠨ ᠤᠨᠠᠭ᠎ᠠ ᠡ
ᠲᠦᠭ ᠲᠦᠮᠡᠨ ᠠᠭᠲᠠᠨ ᠤ᠋ ᠳᠤᠮᠳᠠ ᠠ᠋ᠴᠠ
ᠲᠡᠭᠦᠰ ᠬᠤᠷᠳᠤᠨ ᠰᠢᠨᠳᠠᠰᠤ ᠪᠠᠨ ᠦᠵᠡᠭᠦᠯᠵᠦ
ᠬᠠᠷᠴᠠᠭᠠᠢ ᠰᠢᠪᠠᠭᠤ ᠰᠢᠭ᠋ ᠨᠢᠰᠴᠦ
ᠬᠠᠮᠤᠭ ᠤ᠋ᠨ ᠲᠦᠷᠦᠭᠦᠨ ᠳ᠋ᠦ᠍ ᠢᠷᠡᠭᠴᠢ
ᠡᠨᠡ ᠰᠠᠢᠬᠠᠨ ᠬᠥᠯᠥᠭ ᠦᠨ
ᠡᠷᠡᠮᠡᠬᠡᠢ ᠰᠢᠨᠵᠢ ᠶ᠋ᠢ ᠳᠤᠷᠠᠳᠪᠠᠯ
ᠽᠠᠨᠳᠠᠨ ᠳᠥᠷᠪᠡᠨ ᠰᠣᠶᠣᠭ᠎ᠠ ᠲᠠᠢ
ᠵᠠᠭᠠᠮᠠᠯ ᠵᠢᠷᠭᠤᠭᠠᠨ ᠬᠦᠵᠦᠭᠦᠦ ᠲᠡᠢ
ᠵᠠᠰᠠᠮᠠᠯ ᠳᠥᠷᠪᠡᠨ ᠲᠤᠭᠤᠷᠠᠢ ᠲᠠᠢ
ᠵᠠᠮᠪᠠᠭ᠎ᠠ ᠬᠣᠶᠠᠷ ᠴᠢᠬᠢ ᠲᠡᠢ
ᠰᠤᠪᠤᠳ ᠰᠠᠢᠬᠠᠨ ᠰᠢᠳᠦ ᠲᠡᠢ
ᠰᠤᠨᠠᠭᠠᠷ ᠥᠷᠭᠡᠨ ᠲᠠᠰᠢᠶ᠎ᠠ ᠲᠠᠢ
ᠰᠣᠢᠯᠭ᠎ᠠ ᠦᠶ᠎ᠡ ᠶ᠋ᠢ ᠨᠢ ᠲᠣᠬᠢᠷᠠᠭᠤᠯᠤᠭᠰᠠᠨ
ᠰᠣᠨᠢᠨ ᠰᠢᠨᠵᠢ ᠶᠢ ᠨᠢ ᠪᠦᠷᠢᠳᠦᠭᠦᠯᠦᠭᠰᠡᠨ
ᠲᠠᠤᠯᠠᠢ ᠰᠠᠢᠬᠠᠨ ᠵᠣ ᠲᠠᠢ
ᠲᠤᠨᠤᠮᠠᠯ ᠰᠠᠢᠬᠠᠨ ᠳᠡᠯ ᠲᠡᠢ
ᠲᠤᠨᠰᠠᠭ ᠰᠠᠢᠬᠠᠨ ᠰᠡᠭᠦᠯ ᠲᠡᠢ
ᠲᠣᠬᠢᠯᠢᠭ ᠪᠢᠳᠠᠷᠠᠭᠤᠨ ᠪᠡᠶ᠎ᠡ ᠲᠡᠢ
ᠮᠣᠷᠢᠨ ᠤ᠋ ᠰᠠᠢᠨ ᠰᠢᠨᠵᠢ
ᠮᠥᠨ ᠪᠡᠶ᠎ᠡ ᠳ᠋ᠦ᠍ ᠨᠢ ᠪᠦᠷᠢᠳᠦᠭᠰᠡᠨ
ᠮᠣᠢᠯ ᠬᠠᠷ᠎ᠠ ᠨᠢᠳᠦ ᠲᠡᠢ
ᠮᠣᠯᠣᠷ ᠡᠷᠳᠡᠨᠢ ᠲᠣᠯᠣᠭᠠᠢ ᠲᠠᠢ
ᠮᠣᠬᠣᠰᠢ ᠦᠭᠡᠢ ᠡᠷᠡᠮᠡᠬᠡᠢ ᠴᠢᠳᠠᠯᠲᠠᠢ
ᠬᠠᠵᠠᠭᠠᠷ ᠬᠠᠶᠠᠯᠠᠨ ᠳᠠᠪᠬᠢᠳᠠᠭ
ᠬᠠᠪ ᠤ᠋ᠨ ᠭᠠᠵᠠᠷ ᠢ᠋ ᠲᠣᠪᠴᠢᠯᠠᠨ ᠭᠦᠶᠦᠳᠡᠭ
ᠵᠤᠤᠵᠠᠢ ᠪᠠᠷ ᠢ᠋ᠶ᠋ᠠᠨ ᠵᠢᠭᠤᠲᠠᠨ ᠭᠦᠶᠦᠳᠡᠭ
ᠵᠠᠭᠤᠷ᠎ᠠ ᠶ᠋ᠢᠨ ᠭᠠᠵᠠᠷ ᠢ᠋ ᠲᠣᠪᠴᠢᠯᠠᠨ ᠭᠦᠶᠦᠳᠡᠭ
ᠲᠣᠯᠣᠭᠠᠢ ᠪᠠᠷ ᠢ᠋ᠶ᠋ᠠᠨ ᠲᠣᠭᠯᠠᠨ ᠳᠠᠪᠬᠢᠳᠠᠭ
ᠲᠣᠭᠣᠰᠣᠨ ᠠ᠋ᠴᠠ ᠪᠠᠨ ᠪᠣᠰᠬᠠᠨ ᠳᠠᠪᠬᠢᠳᠠᠭ
ᠰᠡᠭᠦᠯ ᠢ᠋ᠶ᠋ᠡᠷ ᠢ᠋ᠶ᠋ᠡᠨ ᠲᠣᠭᠯᠠᠨ ᠳᠠᠪᠬᠢᠳᠠᠭ
ᠰᠡᠭᠦᠳᠡᠷ ᠡᠴᠡ ᠪᠡᠨ ᠪᠤᠰᠬᠠᠨ ᠳᠠᠪᠬᠢᠳᠠᠭ
ᠠᠭᠤᠯᠠ ᠶ᠋ᠢᠨ ᠴᠠᠭᠠᠨ᠎ᠠ ᠠ᠋ᠴᠠ ᠤᠨᠳᠤᠷᠤᠨ ᠳᠠᠪᠬᠢᠳᠠᠭ
ᠤᠯᠠᠮ ᠬᠣᠢᠨ᠎ᠠ ᠪᠠᠨ ᠳᠡᠭᠳᠡᠨ ᠳᠠᠪᠬᠢᠳᠠᠭ
ᠠᠭᠤᠤ ᠰᠢᠨᠵᠢ ᠶ᠋ᠢ ᠪᠦᠷᠢᠳᠦᠭᠦᠯᠦᠭᠰᠡᠨ
ᠠᠯᠳᠠᠷᠲᠤ ᠡᠨᠡ ᠬᠤᠷᠳᠤᠨ ᠮᠣᠷᠢ ᠶ᠋ᠢ
ᠠᠷᠠᠳ ᠤ᠋ᠨ ᠶᠡᠬᠡ ᠪᠠᠶᠠᠷ ᠨᠠᠭᠠᠳᠤᠮ ᠤ᠋ᠨ
ᠠᠰᠠᠷ ᠤ᠋ᠨ ᠡᠮᠦᠨ᠎ᠡ ᠵᠣᠭᠰᠣᠭᠠᠵᠤ
ᠲᠣᠷᠭᠠᠨ ᠵᠢᠯᠣᠭᠣ ᠶ᠋ᠢ ᠰᠤᠩᠭᠠᠨ ᠡᠷᠭᠦᠵᠦ
ᠳᠣᠢᠮᠤ ᠦᠭᠡᠢ ᠴᠢᠳᠠᠯ ᠤ᠋ᠨ ᠨᠢ ᠮᠠᠭᠲᠠᠨ ᠢᠷᠦᠭᠡᠵᠦ
ᠠᠯᠲᠠᠨ ᠠᠮᠠᠰᠠᠷ ᠲᠤ᠌᠂ ᠮᠥᠩᠭᠥᠨ ᠳᠣᠲᠣᠷ ᠲᠠᠢ
ᠠᠭᠠᠷᠤ ᠽᠠᠨᠳᠠᠨ ᠬᠤᠯᠤ ᠲᠠᠢ ᠠᠢᠷᠠᠭ ᠢ᠋ᠶ᠋ᠠᠷ
ᠠᠮᠠᠰᠠᠷ ᠳᠦᠭᠦᠷᠡᠩ ᠮᠡᠯᠲᠡᠯᠵᠡᠭᠦᠯᠦᠭᠡᠳ
ᠠᠵᠠ ᠵᠢᠷᠭᠠᠯ ᠲᠣᠬᠢᠶᠠᠯᠳᠤᠭᠰᠠᠨ
ᠠᠷᠠᠳ ᠣᠯᠠᠨ ᠳ᠋ᠤ᠌ ᠪᠠᠨ ᠭᠠᠢᠬᠠᠭᠳᠠᠭᠰᠠᠨ
ᠠᠴᠢᠲᠤ ᠡᠵᠡᠨ ᠢ᠋ᠶ᠋ᠡᠨ ᠪᠠᠶᠠᠷᠯᠠᠭᠤᠯᠤᠭᠰᠠᠨ
ᠤᠯᠠᠮ ᠨᠡᠮᠡᠨ ᠬᠤᠷᠳᠤᠯᠠᠬᠤ
ᠤᠷᠤᠭᠰᠢ ᠳᠠᠪᠬᠢᠨ ᠲᠦᠷᠦᠭᠦᠯᠡᠭᠴᠢ
ᠡᠷᠬᠢᠮ ᠰᠠᠢᠬᠠᠨ ᠮᠣᠷᠢ
ᠡᠷᠬᠡ ᠵᠢᠷᠭᠠᠯᠠᠩᠲᠤ ᠲᠦᠮᠡᠨ ᠦ᠌
ᠡᠬᠡ ᠪᠠᠶᠠᠷ ᠤ᠋ᠨ ᠮᠠᠩᠨᠠᠢ
ᠪᠠᠲᠤ ᠢᠳᠡᠷ ᠪᠠᠬᠠᠳᠤᠵᠤ
ᠪᠠᠷᠠᠰᠢ ᠦᠭᠡᠢ ᠬᠤᠷᠳᠤᠨ ᠬᠦᠯᠦᠭ ᠠ᠋᠃
МОРИНЫ ЦОЛ – VI
Бүрэн эрхт БНМАУ-ын
... аймаг сум
... нэгдлийн ... бригадын
Ард ... -ын өтгөн сүргийн удам
Үнэхээр хурдан сайн гүүний унага аа
Түг түмэн агтны дундаас
Төгс хурдан шандсаа үзүүлж
Харцага шувуу шиг нисэж
Хамгийн түрүүнд ирэгч
Энэ сайхан хөлгийн
Эрэмгий шинжийг дурдвал
Зандан дөрвөн соёотой
Заамал зургаан хүзүүтэй
Засмал дөрван туурайтай
Замбага хоёр чихтэй
Сувд сайхан шүдтэй
Сунагар өргөн ташаатай
Сойлго уяагий нь тохируулсан
Сонин шинжий нь бүрдүүлсэн
Туулай сайхан зоотой
Тунамал сайхан дэлтэй
Тунсаг сайхан сүүлтэй
Тухлаг бадриун биетэй
Морины сайн шинж
Мөн биед нь бүрдсэн
Мойл хар нүдтэй
Молор эрдэнэ толгойтой
Мохошгүй эрэмгий чадалтай
Хазаар хаялан давхидаг
Хавийн газрыг товчлон гүйдэг
Зуузайгаараа зугтан гүйдэг
Зуурын газрыг товчлон гүйдэг
Толгойгоороо тоглон давхидаг
Тоосноосоо бусган давхидаг
Сүүлээрээ тоглон давхидаг
Сүүдэрнээсээ бусган давхидаг
Уулын цаанаас ундран давхидаг
Улам хойноо дэгдэн давхидаг
Агуу шинжийг бүрдүүлсэн
Алдарт энэ хурдан морийг
Ардын их баяр наадмын
Асрын өмнө зогсоож
Торгон жолоог сунган өргөж
Тоймгүй чадлы нь магтан ерөөж
Алтан амсарт, мөнгөн дотортой
Агар зандан хултай айргаар
Амсар дүүрэн мэлтэлзүүлээд
Аз жаргал тохиолдсон
Ард олондоо гайхагдсан
Ачит эзнээ баярлуулсан
Улам нэмэн хурдлах
Урагш давхин түрүүлэгч
Эрхэм сайхан морь
Эрх жаргалант түмний эх
Баярын магнай
Бат идэр
Бахдаж баршгүй
Хурдан хүлэг ээ.
